ᠲᠠᠪᠤᠰᠤ ᠲᠠᠢ ᠤᠰᠤ ᠪᠠᠷ ᠠᠮᠠ ᠪᠠᠨ ᠲᠤᠭᠳᠠᠮᠠᠯ ᠵᠠᠶᠢᠯᠠᠬᠤ ᠨᠢ ᠶᠠᠮᠠᠷ ᠠᠰᠢᠭ ᠲᠤᠰᠠᠳᠠᠢ ᠪᠤᠯᠬᠤ ᠶᠢ ᠪᠠᠳᠤᠯᠠᠬᠤ ᠨᠠᠢᠮᠠᠨ ᠰᠢᠯᠳᠠᠭᠠᠨ | ᠲᠠᠪᠤᠰᠤ᠂ ᠡᠨᠡ ᠪᠤᠯ ᠪᠠᠶᠢᠭᠠᠯᠢ ᠶᠢᠨ ᠭᠠᠷᠤᠯᠳᠠᠢ ᠨᠢᠭᠡᠨ ᠭᠠᠶᠢᠬᠠᠮᠰᠢᠭᠳᠤ ᠪᠤᠳᠠᠰ ᠪᠦᠭᠡᠳ ᠤᠯᠠᠨ ᠲᠦᠷᠦᠯ ᠤᠨ ᠠᠰᠢᠭᠳᠠᠢ ᠰᠢᠨᠵᠢ ᠴᠢᠨᠠᠷ ᠢ ᠠᠭᠤᠯᠤᠨ᠎ᠠ᠃ | ᠢᠯᠠᠩᠭᠤᠶ᠎ᠠ ᠴᠡᠪᠡᠷ ᠪᠠᠶᠢᠭᠠᠯᠢ ᠶᠢᠨ ᠭᠠᠷᠤᠯᠳᠠᠢ ᠲᠠᠪᠤᠰᠤ ᠨᠢ ᠪᠦᠷ ᠤᠨᠴᠠᠭᠠᠢ ᠭᠡᠵᠦ ᠦᠵᠡᠵᠦ ᠪᠠᠶᠢᠨ᠎ᠠ᠃ ᠲᠠᠪᠤᠰᠤ ᠨᠢ ᠡᠷᠦᠳᠡᠰᠦ ᠶᠢᠨ ᠮᠠᠰᠢ ᠲᠡᠭᠦᠰ | ᠪᠦᠳᠦᠴᠡ ᠲᠠᠢ ᠪᠦᠭᠡᠳ ᠬᠦᠮᠦᠨ ᠤ ᠡᠷᠡᠬᠦᠯ ᠮᠡᠨᠳᠦ ᠶᠢᠨ ᠪᠠᠶᠢᠳᠠᠯ ᠢ ᠰᠠᠶᠢᠵᠢᠷᠠᠭᠤᠯᠬᠤ ᠴᠢᠳᠠᠯ ᠲᠠᠢ᠃ ᠲᠠᠪᠤᠰᠤ ᠨᠢ ᠨᠠᠳ᠋ᠷᠢ ᠠᠭᠤᠯᠬᠤ ᠪᠠ ᠡᠨᠡ ᠪᠤᠳᠠᠰ | ᠪᠠᠺᠲ᠋ᠧᠷᠢ ᠶᠢᠨ ᠡᠰᠡᠷᠬᠦ ᠬᠦᠴᠦᠳᠡᠢ ᠦᠢᠯᠡᠴᠢᠯᠡᠭᠡ ᠲᠠᠢ ᠤᠴᠢᠷ ᠪᠠᠺᠲ᠋ᠧᠷᠢ ᠶᠢᠨ ᠡᠰᠡᠷᠬᠦ ᠬᠦᠴᠦᠲᠡᠢ ᠲᠡᠮᠡᠴᠡᠭᠴᠢ ᠶᠤᠮ᠃ ᠲᠠᠪᠤᠰᠤ ᠲᠠᠢ ᠤᠰᠤᠨ ᠤ ᠭᠤᠤᠯ | ᠠᠰᠢᠭᠳᠠᠢ ᠲᠠᠯ᠎ᠠ ᠤᠳ᠄ | 1. ᠬᠤᠭᠤᠯᠠᠢ ᠡᠪᠡᠳᠬᠦ ᠲᠠᠪᠤᠰᠤᠨ ᠤ ᠠᠭᠤᠰᠤᠮᠠᠯ ᠨᠢ ᠬᠤᠭᠤᠯᠠᠢ ᠶᠢ ᠬᠦᠴᠢᠯᠯᠢᠭ ᠰᠠᠭᠠᠷᠮᠠᠭᠵᠢᠭᠤᠯᠤᠨ᠂ ᠵᠠᠭᠠᠨᠠᠳᠤᠬᠤ ᠵᠡᠷᠭᠡ ᠪᠠᠭᠤᠷᠢ ᠶᠢ ᠠᠯᠠᠭ᠎ᠠ ᠪᠤᠯᠭᠠᠵᠤ | ᠠᠮᠠᠨ ᠤ ᠬᠦᠨᠳᠡᠢ ᠶᠢᠨ ᠡᠯᠳᠡᠪ ᠰᠢᠷᠬ᠎ᠠ ᠬᠤᠷᠳᠤᠨ ᠡᠳᠡᠭᠡᠵᠦ ᠠᠨᠠᠬᠤ ᠳᠤ ᠲᠤᠰᠠᠳᠠᠢ᠃ ᠠᠮᠠ ᠵᠠᠶᠢᠯᠠᠬᠤ ᠪᠤᠯᠭᠠᠨ ᠳᠠᠭᠠᠨ ᠰᠢᠨ᠎ᠡ ᠠᠭᠤᠰᠤᠮᠠᠯ ᠪᠡᠯᠡᠳᠭᠡᠵᠦ ᠪᠠᠶᠢᠬᠤ | ᠪᠠ ᠡᠨᠡ ᠨᠢ ᠠᠶᠠᠭᠠᠨ ᠳᠠᠭᠠᠨ ᠬᠢᠭᠡᠳ ᠬᠠᠳᠠᠭᠠᠯᠠᠵᠤ᠂ ᠦᠴᠢᠨᠡᠨ ᠪᠠᠺᠲ᠋ᠧᠷᠢ ᠪᠠᠷ ᠪᠤᠬᠢᠷᠳᠤᠭᠰᠠᠨ ᠠᠭᠤᠰᠤᠮᠠᠯ ᠠᠴᠠ ᠬᠤᠯᠠ ᠲᠡᠭᠡᠷ᠎ᠡ ᠭᠡᠳᠡᠭ ᠢ ᠰᠠᠨᠠᠭᠠᠷᠠᠢ᠃ | 2. PH ᠲᠦᠪᠰᠢᠨ ᠠᠮᠠᠨ ᠤ ᠬᠦᠨᠳᠡᠢ ᠲᠠᠬᠢ ᠦᠨᠳᠦᠷ ᠬᠡᠮᠵᠢᠶᠡᠨ ᠤ ᠬᠦᠴᠢᠯᠯᠢᠭ ᠪᠠᠶᠢᠳᠠᠯ ᠨᠢ ᠠᠮᠠᠨ ᠤ ᠮᠠᠭᠤᠬᠠᠢ ᠦᠨᠦᠷ ᠤᠨ ᠰᠢᠯᠳᠠᠭᠠᠨ ᠪᠠᠶᠢᠵᠤ ᠪᠤᠯᠬᠤ | ᠶᠤᠮ᠃ ᠡᠨᠡ ᠬᠦᠴᠢᠯᠯᠢᠭ ᠪᠠᠶᠢᠳᠠᠯ ᠢ ᠲᠡᠩᠴᠡᠪᠤᠷᠢ ᠲᠠᠢ ᠪᠠᠶᠢᠯᠭᠠᠬᠤ ᠴᠤᠷᠢ ᠶᠢᠨ ᠭᠠᠭᠴᠠ ᠵᠠᠮ ᠨᠢ PH ᠶᠢᠨ ᠵᠦᠪ ᠲᠡᠩᠴᠡᠪᠤᠷᠢ ᠬᠡᠮᠵᠢᠶ᠎ᠡ ᠶᠤᠮ᠃ ᠡᠬᠦᠨ ᠳᠤ | ᠲᠠᠪᠤᠰᠤᠨ ᠤ ᠠᠭᠤᠰᠤᠮᠠᠯ ᠲᠤᠰᠠ ᠪᠤᠯᠤᠨ᠎ᠠ᠃ ᠠᠮᠠ ᠪᠠᠨ ᠲᠠᠪᠤᠰᠤ ᠲᠠᠢ ᠤᠰᠤ ᠪᠠᠷ ᠵᠠᠶᠢᠯᠠᠭᠰᠠᠨ ᠢᠶᠠᠷ ᠠᠮᠠᠨ ᠠᠴᠠ ᠦᠨᠦᠷᠲᠦᠬᠦ ᠮᠠᠭᠤᠬᠠᠢ ᠦᠨᠦᠷ ᠤᠨ ᠡᠬᠢ | ᠡᠬᠦᠰᠪᠤᠷᠢ ᠪᠤᠯᠤᠭᠰᠠᠨ ᠤᠯᠠᠨ ᠪᠠᠺᠲ᠋ᠧᠷᠢ ᠶᠢᠨ ᠦᠰᠦᠯᠳᠡ ᠶᠢ ᠵᠤᠭᠰᠤᠭᠠᠳᠠᠭ ᠪᠠᠶᠢᠨ᠎ᠠ᠃ | 3. ᠮᠦᠬᠦᠨᠴᠡᠷ ᠲᠠᠢ ᠲᠡᠮᠡᠴᠡᠬᠦ ᠲᠡᠮᠡᠴᠡᠯ ᠰᠠᠨᠳᠢᠳᠠ ᠲᠦᠷᠦᠯ ᠤᠨ ᠵᠢᠵᠢᠭ ᠮᠦᠬᠦᠨᠴᠡᠷ ᠠᠮᠠᠨ ᠤ ᠬᠦᠨᠳᠡᠢ ᠪᠤᠯᠤᠨ ᠬᠤᠭᠤᠯᠠᠢ᠂ ᠬᠤᠭᠤᠯᠠ ᠪᠤᠯᠪᠠᠰᠤᠷᠠᠭᠤᠯᠬᠤ | ᠰᠢᠰᠲ᠋ᠧᠮ ᠤᠨ ᠡᠷᠬᠡᠳᠡᠨ ᠨᠦᠭᠦᠳ ᠲᠤ ᠪᠤᠢ ᠪᠤᠯᠳᠠᠭ᠃ ᠡᠨᠡ ᠦᠶ᠎ᠡ ᠳᠤ ᠠᠮᠠᠨ ᠤ ᠡᠷᠬᠢᠨ ᠲᠤᠭᠤᠷᠢᠨ ᠴᠠᠭᠠᠨ ᠵᠢᠵᠢᠭ ᠵᠦᠢᠯ ᠲᠤᠭᠤᠷᠠᠨᠠ᠃ ᠡᠨᠡ ᠨᠢ ᠠᠮᠠᠨ ᠤ | ᠮᠠᠭᠤᠬᠠᠢ ᠦᠨᠦᠷᠲᠡᠢ ᠬᠤᠯᠪᠤᠭᠠᠳᠠᠢ ᠶᠤᠮ ᠪᠢᠰᠢ ᠪᠢᠵᠡ︖ ᠮᠦᠬᠦᠨᠴᠡᠷ ᠨᠢ ᠡᠨᠡ ᠪᠡᠷᠬᠡᠰᠢᠶᠡᠯ ᠤᠨ ᠨᠢᠭᠡ ᠡᠬᠦᠰᠪᠤᠷᠢ ᠶᠠᠭᠠᠬᠢᠬᠤ ᠠᠷᠭ᠎ᠠ ᠦᠭᠡᠢ ᠮᠦᠨ᠃ | ᠠᠮᠠ ᠪᠠᠨ ᠲᠠᠪᠤᠰᠤ ᠲᠠᠢ ᠤᠰᠤ ᠪᠠᠷ ᠵᠠᠶᠢᠯᠠᠬᠤ ᠪᠠᠷ ᠮᠦᠬᠦᠨᠴᠡᠷ ᠠᠴᠠ ᠰᠠᠯᠵᠤ ᠮᠠᠭᠤᠬᠠᠢ ᠦᠨᠦᠷ ᠦᠭᠡᠢ ᠪᠤᠯᠤᠨ᠎ᠠ᠃ | 4. ᠴᠡᠷ ᠲᠠᠢ ᠲᠡᠮᠡᠴᠡᠬᠦ ᠲᠡᠮᠡᠴᠡᠯ ᠴᠡᠷ ᠨᠢ ᠶᠡᠬᠡᠪᠴᠢᠯᠡᠨ ᠬᠠᠨᠢᠶᠠᠳᠤ ᠲᠤᠮᠤᠭᠠᠨ ᠤ ᠦᠶ᠎ᠡ ᠪᠠᠷ ᠪᠤᠢ ᠪᠤᠯᠤᠨ᠎ᠠ᠃ ᠮᠦᠨ ᠠᠮᠠᠨ ᠤ ᠬᠦᠨᠳᠡᠢ ᠶᠢᠨ ᠵᠠᠷᠢᠮ | ᠬᠠᠯᠳᠠᠪᠤᠷᠢ ᠡᠪᠡᠳᠴᠢᠨ ᠤ ᠨᠢᠭᠡ ᠰᠢᠯᠳᠠᠭᠠᠨ ᠨᠢ ᠪᠤᠯᠬᠤ ᠮᠠᠭᠠᠳᠯᠠᠯ ᠲᠠᠢ᠃ ᠡᠨᠡ ᠨᠢ ᠬᠤᠷᠭᠤᠢ ᠪᠠᠺᠲ᠋ᠧᠷᠢ ᠶᠢᠨ ᠦᠰᠦᠯᠳᠡ ᠶᠢ ᠲᠡᠮᠵᠢᠵᠦ ᠠᠮᠠᠨ ᠤ ᠮᠠᠭᠤᠬᠠᠢ | ᠦᠨᠦᠷ ᠢ ᠪᠤᠢ ᠪᠤᠯᠭᠠᠳᠠᠭ᠃ ᠲᠠᠪᠤᠰᠤᠨ ᠤ ᠠᠭᠤᠰᠤᠮᠠᠯ ᠤᠨ ᠨᠢᠭᠡ ᠠᠰᠢᠭᠳᠠᠢ ᠲᠠᠯ᠎ᠠ ᠨᠢ ᠴᠡᠷ ᠢ ᠭᠠᠳᠠᠭᠰᠢᠯᠠᠭᠤᠯᠬᠤ ᠶᠤᠮ᠃ ᠢᠩᠬᠢᠭᠰᠡᠨ ᠢᠶᠠᠷ ᠠᠮᠠᠨ ᠠᠴᠠ ᠭᠠᠷᠬᠤ | ᠮᠠᠭᠤᠬᠠᠢ ᠦᠨᠦᠷ ᠤᠨ ᠠᠰᠠᠭᠤᠳᠠᠯ ᠢ ᠴᠤ ᠪᠠᠰᠠ ᠰᠡᠢᠳᠦᠨᠡ᠃ ᠮᠦᠨ ᠬᠠᠨᠢᠶᠠᠳᠤ ᠲᠤᠮᠤᠭᠠᠨ ᠤ ᠦᠶ᠎ᠡ ᠳᠤ ᠰᠤᠩᠬᠢᠨ᠎ᠠ ᠮᠠᠰᠢ ᠬᠡᠷᠡᠭᠲᠡᠢ ᠭᠡᠳᠡᠭ ᠢ ᠮᠡᠳᠡᠵᠦ | ᠠᠪᠤᠭᠠᠷᠠᠢ᠃ | 5. ᠬᠦᠢᠯᠡᠰᠦᠨ ᠪᠤᠯᠴᠢᠷᠬᠠᠢ ᠶᠢᠨ ᠦᠷᠪᠢᠰᠦᠯ ᠠᠴᠠ ᠵᠠᠶᠢᠯᠠᠰᠬᠢᠬᠤ ᠬᠦᠢᠯᠡᠰᠦᠨ ᠪᠤᠯᠴᠢᠷᠬᠠᠢ ᠶᠢᠨ ᠦᠷᠪᠢᠰᠦᠯ ᠶᠡᠬᠡᠩᠬᠢ ᠳᠡᠭᠡᠨ ᠬᠡᠤᠬᠡᠳ ᠲᠤ ᠯᠡ | ᠲᠤᠬᠢᠶᠠᠯᠳᠤᠨ᠎ᠠ᠃ ᠡᠶᠢᠮᠦ ᠦᠶ᠎ᠡ ᠳᠤ ᠬᠡᠤᠬᠡᠳ ᠤᠨ ᠬᠤᠭᠤᠯᠠᠢ ᠬᠠᠪᠢ ᠪᠠᠷ ᠡᠪᠡᠳᠬᠦ ᠠᠴᠠ ᠭᠠᠳᠠᠨ᠎ᠠ ᠠᠮᠠᠨ ᠠᠴᠠ ᠮᠠᠭᠤᠬᠠᠢ ᠦᠨᠦᠷ ᠭᠠᠷᠤᠨ᠎ᠠ᠃ ᠲᠠ | ᠲᠠᠪᠤᠰᠤᠨ ᠤ ᠠᠭᠤᠰᠤᠮᠠᠯ ᠢᠶᠠᠷ ᠠᠮᠠ ᠪᠠᠨ ᠵᠠᠶᠢᠯᠠᠵᠤ ᠬᠦᠢᠯᠡᠰᠦᠨ ᠪᠤᠯᠴᠢᠷᠬᠠᠢ ᠶᠢᠨ ᠬᠠᠪᠤᠳᠠᠷ᠂ ᠬᠠᠪᠤᠩ ᠪᠠᠭᠤᠯᠭᠠᠬᠤ ᠲᠡᠳᠦᠢ ᠦᠭᠡᠢ ᠠᠮᠠᠨ ᠤ ᠮᠠᠭᠤᠬᠠᠢ | ᠦᠨᠦᠷ ᠠᠴᠠ ᠰᠠᠯᠤᠨ᠎ᠠ᠃ | 6. ᠬᠤᠳᠤᠭᠤᠳᠤᠨ ᠤ ᠰᠢᠷᠬ᠎ᠠ ᠡᠳᠡᠭᠡᠬᠦ ᠳᠤ ᠲᠤᠰᠠᠳᠠᠢ C ᠠᠮᠢᠨ ᠲᠡᠮ ᠤᠨ ᠲᠤᠳᠠᠭᠳᠠᠯ ᠨᠢ ᠬᠤᠳᠤᠭᠤᠳᠤᠨ ᠤ ᠶᠠᠩᠵᠤ ᠪᠦᠷᠢ ᠶᠢᠨ ᠰᠢᠷᠬ᠎ᠠ ᠪᠤᠢ ᠪᠤᠯᠬᠤ | ᠵᠡᠷᠭᠡ ᠰᠦᠭᠡᠷᠬᠦ ᠲᠠᠯ᠎ᠠ ᠲᠠᠢ᠃ ᠡᠶᠢᠮᠦ ᠦᠶ᠎ᠡ ᠳᠤ C ᠠᠮᠢᠨ ᠲᠡᠮ ᠤᠨ ᠲᠤᠳᠠᠭᠳᠠᠯ ᠢ ᠶᠠᠭᠠᠷᠠᠯᠳᠠᠢ ᠨᠦᠬᠦᠬᠦ ᠨᠢ ᠴᠢᠬᠤᠯᠠ ᠶᠤᠮ᠃ ᠪᠠᠰᠠ ᠰᠢᠷᠬ᠎ᠠ ᠠᠨᠠᠬᠤ | ᠶᠠᠪᠤᠴᠠ ᠶᠢ ᠬᠤᠷᠳᠤᠰᠬᠠᠬᠤ ᠶᠢᠨ ᠲᠤᠯᠠᠳᠠ ᠲᠠᠪᠤᠰᠤ ᠲᠠᠢ ᠤᠰᠤ ᠪᠠᠷ ᠬᠤᠭᠤᠯᠠᠢ ᠪᠠᠨ ᠵᠠᠶᠢᠯᠠᠵᠤ ᠪᠠᠶᠢᠭᠠᠷᠠᠢ᠃ | 7. ᠪᠤᠶᠢᠯᠠ ᠦᠷᠪᠢᠰᠬᠦ ᠲᠠᠪᠤᠰᠤ ᠲᠠᠢ ᠤᠰᠤ ᠨᠢ ᠡᠳ᠋ ᠡᠰ ᠶᠢᠨ ᠦᠷᠪᠢᠰᠦᠯ ᠢ ᠪᠠᠭᠠᠰᠬᠠᠵᠤ ᠲᠤᠬᠠᠢ ᠶᠢᠨ ᠬᠡᠰᠡᠭ ᠤᠨ ᠰᠢᠩᠭᠡᠨ ᠢ ︿ᠰᠤᠷᠤᠵᠤ﹀ ᠠᠪᠳᠠᠭ᠃ | ᠲᠠᠪᠤᠰᠤ ᠠᠮᠠᠨ ᠳᠤ ᠤᠷᠤᠭᠠᠳ ᠪᠤᠶᠢᠯᠠ ᠪᠤᠯᠤᠨ ᠪᠤᠰᠤᠳ ᠬᠦᠷᠬᠦ ᠳᠤ ᠬᠡᠴᠡᠬᠦᠦ ᠬᠠᠮᠤᠭ ᠤᠨ ᠨᠠᠷᠢᠨ ᠵᠢᠵᠢᠭ ᠵᠠᠪᠰᠠᠷ ᠲᠤ ᠤᠷᠤᠵᠤ ᠪᠦᠬᠦ᠋ᠢᠯᠡ ᠮᠠᠭᠤ ᠪᠠᠺᠲ᠋ᠧᠷᠢ ᠶᠢ | ᠬᠠᠮᠤᠨ ᠠᠪᠤᠨ᠎ᠠ᠃ ᠮᠦᠨ ᠲᠠᠪᠤᠰᠤᠨ ᠤ ᠠᠭᠤᠰᠤᠮᠠᠯ ᠨᠢ ᠬᠤᠭᠤᠯᠠᠨ ᠤ ᠦᠯᠡᠳᠡᠭᠳᠡᠯ ᠢ ᠰᠠᠶᠢᠨ ᠴᠡᠪᠡᠷᠯᠡᠬᠦ ᠪᠠ ᠡᠶᠢᠮᠦᠷᠬᠦᠦ ᠦᠯᠡᠳᠡᠭᠳᠡᠯ ᠨᠢ ᠡᠯᠳᠡᠪ ᠦᠷᠪᠢᠰᠦᠯ | ᠡᠬᠦᠰᠭᠡᠳᠡᠭ ᠪᠢᠯᠡ᠃ | 8. ᠰᠢᠳᠦ ᠡᠪᠡᠳᠬᠦ ᠰᠢᠳᠦ ᠡᠪᠡᠳᠬᠦ ᠦᠶ᠎ᠡ ᠳᠤ ᠰᠢᠳᠦᠨ ᠤ ᠡᠮᠴᠢ ᠳᠤ ᠨᠡᠩ ᠲᠦᠷᠦᠬᠦᠨ ᠳᠤ ᠬᠠᠨᠳᠤᠬᠤ ᠪᠤᠯᠪᠠᠴᠤ ᠡᠪᠡᠳᠴᠢᠨ ᠢ ᠲᠦᠷ ᠴᠤ ᠪᠤᠯᠪᠠ | ᠨᠠᠮᠳᠠᠭᠠᠬᠤ ᠶᠢᠨ ᠲᠤᠯᠠᠳᠠ ᠲᠠᠪᠤᠰᠤᠨ ᠤ ᠠᠭᠤᠰᠤᠮᠠᠯ ᠢᠶᠠᠷ ᠠᠮᠠ ᠪᠠᠨ ᠵᠠᠶᠢᠯᠠᠵᠤ ᠪᠤᠯᠤᠨ᠎ᠠ᠃ ᠬᠡᠷᠪᠡ ᠰᠢᠳᠦᠨ ᠤ ᠡᠪᠡᠳᠴᠢᠨ ᠨᠢ ᠬᠠᠯᠳᠠᠪᠤᠷᠢ ᠶᠢᠨ ᠤᠯᠠᠮ ᠠᠴᠠ ᠪᠤᠢ | ᠪᠤᠯᠤᠭᠰᠠᠨ ᠪᠤᠯ ᠡᠨᠡ ᠠᠷᠭ᠎ᠠ ᠠᠴᠢ ᠲᠤᠰᠠ ᠪᠠᠨ ᠦᠭᠬᠦᠨ᠎ᠡ᠃ ᠲᠠᠪᠤᠰᠤ ᠨᠢ ᠶᠠᠩᠵᠤ ᠪᠦᠷᠢ ᠶᠢᠨ ᠡᠬᠦᠰᠭᠡᠭᠴᠢ ᠮᠢᠺᠷᠤ᠋ ᠤᠷᠭᠠᠨᠢᠰᠢᠮ ᠢ ᠤᠰᠠᠳᠬᠠᠳᠠᠭ ᠪᠠᠶᠢᠨ᠎ᠠ᠃ | ᠰᠢᠳᠦ ᠪᠠᠨ ᠤᠳᠠᠭᠠᠨ ᠬᠤᠭᠤᠴᠠᠭ᠎ᠠ ᠪᠠᠷ ᠡᠷᠡᠬᠦᠯ ᠪᠠᠶᠢᠯᠭᠠᠬᠤ ᠶᠢᠨ ᠲᠤᠯᠠᠳᠠ ᠬᠤᠭᠤᠯᠠ ᠢᠳᠡᠬᠦ ᠪᠤᠯᠭᠠᠨ ᠤ ᠲᠠᠷᠠᠭ᠎ᠠ ᠠᠮᠠ ᠪᠠᠨ ᠲᠠᠪᠤᠰᠤ ᠲᠠᠢ ᠤᠰᠤ ᠪᠠᠷ ᠵᠠᠶᠢᠯᠠᠵᠤ | ᠪᠠᠶᠢᠭᠠᠷᠠᠢ᠃ ᠠᠭᠤᠰᠤᠮᠠᠯ ᠪᠡᠯᠡᠳᠭᠡᠬᠦ ᠲᠠᠪᠤᠰᠤᠨ ᠤ ᠠᠭᠤᠰᠤᠮᠠᠯ ᠪᠡᠯᠡᠳᠭᠡᠬᠦ ᠶᠢᠨ ᠲᠤᠯᠠᠳᠠ ᠲᠠᠯᠠᠢ ᠶᠢᠨ ᠪᠤᠯᠤᠨ ᠡᠩ ᠤᠨ ᠲᠠᠪᠤᠰᠤ ᠬᠡᠷᠡᠭᠯᠡᠬᠦ ᠪᠠᠨ ᠶᠠᠮᠠᠷ ᠨᠢᠭᠡ | ᠺᠤᠨᠰᠧᠷᠸᠠᠨᠲ᠂ ᠶᠤᠳ᠋ ᠪᠤᠯᠤᠨ ᠪᠤᠰᠤᠳ ᠬᠤᠯᠢᠴᠠ ᠦᠭᠡᠢ ᠪᠠᠶᠢᠬᠤ ᠬᠡᠷᠡᠭᠲᠡᠢ᠃ ᠡᠶᠢᠮᠦᠷᠬᠦᠦ ᠬᠤᠯᠢᠴᠠ ᠨᠢ ᠶᠠᠩᠵᠤ ᠪᠦᠷᠢ ᠶᠢᠨ ᠬᠢᠮᠤᠷᠠᠯ ᠡᠬᠦᠰᠭᠡᠵᠦ ᠪᠤᠯᠵᠤᠰᠢ | ᠦᠭᠡᠢ᠃ ᠤᠰᠤ ᠨᠢ ᠮᠦᠨ ᠠᠳᠠᠯᠢ ᠡᠯᠳᠡᠪ ᠬᠤᠯᠢᠴᠠ ᠦᠭᠡᠢ ᠴᠡᠪᠡᠷ ᠪᠠᠶᠢᠬᠤ ᠶᠤᠰᠤᠳᠠᠢ ᠪᠠ ᠨᠡᠷᠡᠭᠰᠡᠨ᠂ ᠱᠦᠬᠦᠭᠰᠡᠨ᠂ ᠪᠤᠴᠠᠯᠭᠠᠭᠰᠠᠨ᠂ ᠪᠤᠷᠤᠭᠠᠨ ᠤ ᠤᠰᠤ | ᠲᠠᠭᠠᠷᠠᠨ᠎ᠠ᠃ |