ᠬᠤᠰᠢᠭᠤ ᠨᠠᠮ ᠤᠨ ᠬᠤᠷᠢᠶᠠᠨ ᠤ ᠠᠷᠪᠠᠳᠣᠭᠠᠷ ᠬᠤᠭᠤᠴᠠᠭᠠᠨ ᠤ 100 ᠣᠳᠠᠭᠠᠨ ᠤ ᠪᠠᠶᠢᠩᠭᠤ ᠶᠢᠨ ᠬᠤᠷᠢᠶᠠᠨ ᠤ ᠬᠤᠷᠠᠯ ᠵᠢᠴᠢ ᠬᠤᠰᠢᠭᠤ ᠨᠠᠮ ᠤᠨ ᠬᠤᠷᠢᠶᠠᠨ ᠤ ᠨᠠᠮ ᠤᠨ ᠪᠠᠶᠢᠭᠤᠯᠤᠯᠲᠠ ᠶᠢᠨ ᠠᠵᠢᠯ ᠤᠨ ᠣᠳᠣᠷᠢᠳᠬᠤ ᠳᠣᠭᠤᠶᠢᠯᠠᠩ ᠤᠨ ᠬᠤᠷᠠᠯ᠂ ᠬᠤᠰᠢᠭᠤ ᠨᠠᠮ ᠤᠨ ᠬᠤᠷᠢᠶᠠᠨ ᠤ ᠬᠢᠨᠠᠨ ᠪᠤᠳᠣᠬᠤ ᠵᠦᠪᠯᠡᠯ ᠤᠨ ᠵᠢᠷᠭᠤᠳᠤᠭᠠᠷ ᠣᠳᠠᠭᠠᠨ ᠤ ᠬᠤᠷᠠᠯ ᠬᠤᠷᠠᠯᠳᠣᠪᠠ
ᠨᠡᠶᠢᠲᠡᠯᠡᠭᠰᠡᠨ ᠴᠠᠭ᠄
2025/4/14
     4 ᠰᠠᠷ᠎ᠠ ᠶᠢᠨ 11 ᠤ ᠡᠳᠦᠷ ᠬᠤᠰᠢᠭᠤ ᠨᠠᠮ ᠤᠨ ᠬᠤᠷᠢᠶᠠᠨ ᠤ ᠱᠦᠵᠢ ᠸᠠᠩ ᠢᠦᠢ ᠴᠢᠶᠠᠩ ᠬᠤᠰᠢᠭᠤ ᠨᠠᠮ ᠤᠨ ᠬᠤᠷᠢᠶᠠᠨ ᠤ ᠠᠷᠪᠠᠳᠣᠭᠠᠷ ᠬᠤᠭᠤᠴᠠᠭᠠᠨ ᠤ 100 ᠣᠳᠠᠭᠠᠨ ᠤ ᠪᠠᠶᠢᠩᠭᠤ ᠶᠢᠨ ᠬᠤᠷᠢᠶᠠᠨ ᠤ ᠬᠤᠷᠠᠯ ᠵᠢᠴᠢ ᠬᠤᠰᠢᠭᠤ ᠨᠠᠮ ᠤᠨ ᠬᠤᠷᠢᠶᠠᠨ ᠤ ᠨᠠᠮ ᠤᠨ ᠪᠠᠶᠢᠭᠤᠯᠤᠯᠲᠠ ᠶᠢᠨ ᠠᠵᠢᠯ ᠤᠨ ᠣᠳᠣᠷᠢᠳᠬᠤ ᠳᠣᠭᠤᠶᠢᠯᠠᠩ ᠤᠨ ᠬᠤᠷᠠᠯ᠂ ᠬᠤᠰᠢᠭᠤ ᠨᠠᠮ ᠤᠨ ᠬᠤᠷᠢᠶᠠᠨ ᠤ ᠬᠢᠨᠠᠨ ᠪᠤᠳᠣᠬᠤ ᠵᠦᠪᠯᠡᠯ ᠤᠨ ᠵᠢᠷᠭᠤᠳᠤᠭᠠᠷ ᠣᠳᠠᠭᠠᠨ ᠤ ᠬᠤᠷᠠᠯ ᠢ ᠡᠷᠬᠢᠯᠡᠨ ᠬᠤᠷᠠᠯᠳᠣᠭᠤᠯᠪᠠ᠃     ᠬᠤᠷᠠᠯ ᠠᠴᠠ ᠶᠡᠷᠦᠩᠬᠡᠢ ᠱᠦᠵᠢ ᠰᠢ ᠶᠢᠨ ᠫᠢᠩ ᠣᠯᠠᠨ ᠣᠯᠣᠰ ᠤᠨ ᠦᠢᠯᠡᠳᠪᠦᠷᠢ ᠬᠤᠳᠠᠯᠳᠣᠭᠠᠨ ᠤ ᠡᠲᠡᠭᠡᠳ ᠤᠨ ᠲᠦᠯᠦᠬᠡᠯᠡᠭᠴᠢᠳ ᠲᠠᠢ ᠠᠭᠤᠯᠵᠠᠭᠰᠠᠨ᠂ ᠨᠠᠶᠢᠰᠯᠠᠯ ᠤᠨ ᠠᠯᠪᠠᠨ ᠵᠢᠷᠤᠮ ᠤᠨ ᠮᠣᠳᠣ ᠲᠠᠷᠢᠬᠤ ᠠᠵᠢᠯᠯᠠᠭ᠎ᠠ ᠳᠤ ᠣᠷᠣᠯᠴᠠᠭᠰᠠᠨ᠂ ᠲᠦᠪ ᠤᠨ ᠬᠦᠷᠰᠢ ᠵᠡᠷᠭᠡᠯᠡᠳᠡᠭᠡ ᠶᠢᠨ ᠠᠵᠢᠯ ᠤᠨ ᠬᠤᠷᠠᠯ ᠳᠡᠭᠡᠷᠡᠬᠢ ᠴᠢᠬᠤᠯᠠ ᠶᠠᠷᠢᠶᠠᠨ ᠤ ᠵᠣᠷᠢᠭ ᠰᠠᠨᠠᠭ᠎ᠠ᠂  ︽ ᠰᠢᠨᠵᠢᠯᠡᠭᠡ ᠮᠡᠷᠬᠡᠵᠢᠯ ᠤᠨ ᠬᠦᠴᠦᠷᠬᠡᠭ ᠣᠯᠣᠰ ᠢ ᠪᠦᠲᠦᠬᠡᠨ ᠪᠠᠶᠢᠭᠤᠯᠬᠤ ᠠᠤᠭ᠎ᠠ ᠬᠠᠷᠠᠯᠲᠠ ᠲᠠᠶᠢᠰᠢ ᠡᠷᠡᠯᠬᠡᠭᠯᠡᠨ ᠣᠷᠣᠭᠰᠢᠯᠠᠶ᠎ᠠ︾ ᠬᠡᠬᠦ ᠴᠢᠬᠤᠯᠠ ᠦᠬᠦᠯᠡᠯ ᠤᠨ ᠵᠤᠷᠢᠭ ᠰᠠᠨᠠᠭ᠎ᠠ᠂ 3 ᠰᠠᠷ᠎ᠠ ᠶᠢᠨ 31 ᠤ ᠡᠳᠦᠷ ᠤᠨ ᠳᠣᠮᠳᠠᠳᠣ ᠣᠯᠣᠰ ᠤᠨ ᠡᠪ ᠬᠠᠮᠲᠤ ᠨᠠᠮ ᠤᠨ ᠲᠦᠪ ᠬᠤᠷᠢᠶ᠎ᠠ ᠶᠢᠨ ᠣᠯᠣᠰ ᠲᠦᠷᠦ ᠶᠢᠨ ᠳᠣᠪᠴᠢᠶᠠᠨ ᠤ ᠬᠤᠷᠠᠯ ᠤᠨ ᠵᠤᠷᠢᠭ ᠰᠠᠨᠠᠭ᠎ᠠ᠂ ᠰᠦᠨ ᠱᠣᠣ ᠴᠧᠩ ᠨᠦᠬᠦᠷ ᠤᠨ ᠦᠪᠡᠷᠲᠡᠭᠡᠨ ᠵᠠᠰᠠᠬᠤ ᠣᠷᠣᠨ ᠤ ᠪᠠᠶᠢᠭᠠᠯᠢ ᠶᠢᠨ ᠡᠬᠢ ᠪᠠᠶᠠᠯᠢᠭ ᠤᠨ ᠲᠢᠩᠬᠢᠮ ᠳᠤ ᠪᠠᠶᠢᠴᠠᠭᠠᠨ ᠰᠣᠳᠣᠯᠣᠯᠲᠠ ᠬᠢᠭᠰᠡᠨ᠂ ᠲᠦᠪ ᠤᠨ ᠨᠠᠢᠮᠠᠨ ᠲᠤᠭᠲᠠᠭᠠᠯ ᠤᠨ ᠵᠣᠷᠢᠭ ᠰᠠᠨᠠᠭ᠎ᠠ ᠶᠢ ᠬᠦᠨᠵᠡᠬᠡᠢ ᠲᠤᠤᠱᠯᠠᠭᠤᠯᠬᠤ ᠰᠣᠷᠣᠯᠴᠠᠯᠭ᠎ᠠ ᠬᠦᠮᠦᠵᠢᠯ ᠤᠨ ᠨᠣᠮ ᠣᠩᠰᠢᠬᠤ ᠠᠩᠬᠢ ᠶᠢᠨ ᠶᠠᠷᠢᠶᠠᠨ ᠤ ᠵᠣᠷᠢᠭ ᠰᠠᠨᠠᠭ᠎ᠠ᠂ ᠯᠢ ᠯᠢ ᠨᠦᠬᠦᠷ ᠤᠨ ᠣᠶᠢᠷ᠎ᠠ ᠬᠤᠭᠤᠴᠠᠭᠠᠨ ᠤ ᠪᠠᠶᠢᠴᠠᠭᠠᠨ ᠰᠣᠳᠣᠯᠣᠯᠲᠠ ᠶᠢᠨ ᠵᠢᠭᠠᠪᠤᠷᠢ ᠶᠢᠨ ᠵᠤᠷᠢᠭ ᠰᠠᠨᠠᠭ᠎ᠠ ᠶᠢ ᠣᠯᠠᠮᠵᠢᠯᠠᠨ ᠰᠣᠷᠣᠯᠴᠠᠪᠠ᠃ ᠬᠤᠷᠠᠯ ᠠᠴᠠ ᠣᠭ ᠠᠭᠤᠯᠭ᠎ᠠ ᠶᠢ ᠲᠡᠷᠡ ᠬᠡᠪ ᠢᠶᠠᠷ ᠨᠢ ᠰᠣᠷᠣᠯᠴᠠᠨ ᠣᠶᠢᠯᠠᠭᠠᠵᠤ᠂ ᠠᠭᠤᠯᠤᠭᠳᠠᠬᠤᠨ ᠢ ᠡᠵᠡᠮᠰᠢᠨ᠂ ᠲᠤᠤᠱᠯᠠᠭᠤᠯᠤᠨ ᠨᠠᠶᠢᠲᠠᠪᠤᠷᠢᠵᠢᠭᠤᠯᠬᠤ ᠬᠦᠴᠦᠯᠡᠴᠡ ᠭᠠᠷᠳᠠᠴᠠ ᠪᠠᠨ ᠣᠨᠣᠪᠴᠢᠲᠠᠢ ᠡᠷᠢᠵᠦ᠂ ᠡᠯ᠎ᠡ ᠲᠦᠷᠦᠯ ᠤᠨ ᠠᠵᠢᠯ ᠢ ᠨᠠᠶᠢᠲᠠᠪᠤᠷᠢᠵᠢᠭᠤᠯᠤᠨ ᠪᠦᠲᠦᠮᠵᠢ ᠭᠠᠷᠭᠠᠬᠤ ᠶᠢ ᠪᠦᠬᠦ ᠬᠦᠴᠦᠨ ᠢᠶᠠᠷ ᠠᠬᠢᠭᠤᠯᠤᠨ᠂ ︽ᠭᠠᠷᠮᠠᠭᠠᠶᠢᠯᠠᠨ ᠳᠠᠪᠰᠢᠬᠤ ᠣᠲᠤᠭ ᠤᠨ ᠡᠮᠦᠨᠡᠲᠦ ᠬᠤᠰᠢᠭᠤᠨ︾ ᠤ ︽ᠳᠦᠷᠪᠡᠨ ᠣᠷᠣᠨ ᠤ ᠪᠠᠶᠢᠭᠤᠯᠤᠯᠲᠠ︾ ᠶᠢᠨ ᠲᠡᠰ ᠳᠡᠪᠰᠢᠯᠲᠡ ᠳᠤ ᠨᠡᠩ ᠶᠡᠭᠡ ᠬᠦᠴᠦᠨ ᠴᠢᠳᠠᠯ ᠢᠶᠠᠨ ᠨᠡᠮᠡᠷᠢᠯᠡᠬᠦ ᠬᠡᠷᠡᠭᠲᠡᠢ ᠬᠡᠵᠦ ᠴᠢᠬᠤᠯᠠᠴᠢᠯᠠᠪᠠ᠃     ᠬᠤᠷᠠᠯ ᠠᠴᠠ ᠦᠪᠡᠷᠲᠡᠭᠡᠨ ᠵᠠᠰᠠᠬᠤ ᠣᠷᠣᠨ ᠤ ᠠᠷᠪᠠᠨ ᠨᠢᠬᠡᠳᠦᠬᠡᠷ ᠬᠤᠭᠤᠴᠠᠭᠠᠨ ᠤ ᠨᠠᠮ ᠤᠨ ᠬᠤᠷᠢᠶ᠎ᠠ ᠶᠢᠨ ᠬᠢᠨᠠᠨ ᠪᠣᠳᠣᠬᠤ ᠵᠦᠪᠯᠡᠯ ᠤᠨ ᠳᠦᠷᠪᠡᠳᠦᠬᠡᠷ ᠬᠤᠷᠠᠯ᠂ ᠣᠷᠳᠣᠰ ᠬᠤᠲᠠ ᠶᠢᠨ ᠲᠠᠪᠤᠳᠣᠭᠠᠷ ᠬᠤᠭᠤᠴᠠᠭᠠᠨ ᠤ ᠬᠢᠨᠠᠨ ᠪᠣᠳᠣᠬᠤ ᠵᠦᠪᠯᠡᠯ ᠤᠨ ᠨᠡᠢᠮᠠᠳᠣᠭᠠᠷ ᠬᠤᠷᠠᠯ ᠤᠨ ᠵᠤᠷᠢᠭ ᠰᠠᠨᠠᠭ᠎ᠠ ᠶᠢ ᠣᠯᠠᠮᠵᠢᠯᠠᠨ ᠰᠣᠷᠣᠯᠴᠠᠪᠠ︔ 2024 ᠣᠨ ᠤ ᠬᠢᠨᠠᠨ ᠪᠣᠳᠣᠯᠲᠠ ᠪᠠᠷ ᠪᠠᠶᠢᠴᠠᠭᠠᠨ ᠭᠠᠷᠭᠠᠭᠰᠠᠨ ᠠᠰᠠᠭᠤᠳᠠᠯ ᠤᠨ ᠴᠡᠭᠴᠡᠯᠡᠯᠲᠡ ᠶᠢᠨ ᠪᠠᠶᠢᠳᠠᠯ ᠤᠨ ᠲᠤᠬᠠᠢ ᠬᠠᠷᠢᠭᠤ ᠮᠡᠳᠡᠬᠦᠯᠦᠯᠲᠡ ᠶᠢ ᠰᠣᠨᠣᠰᠪᠠ︔ ︽ᠣᠲᠤᠭ ᠤᠨ ᠡᠮᠦᠨᠡᠲᠦ ᠬᠤᠰᠢᠭᠤᠨ ᠤ ᠬᠢᠨᠠᠨ ᠪᠣᠳᠣᠬᠤ ᠵᠦᠪᠯᠡᠯ ᠤᠨ 2024 ᠣᠨ ᠤ ᠠᠵᠢᠯ ᠤᠨ ᠳ᠋ᠦᠩᠨᠡᠯᠲᠡ ᠶᠢᠨ ᠮᠡᠳᠡᠬᠦᠯᠦᠯᠲᠡ ︵ᠬᠢᠨᠠᠨ ᠵᠦᠪᠯᠡᠬᠦ ᠨᠣᠣᠷᠠᠭ︶︾᠂ ︽2025 ᠣᠨ ᠤ ᠪᠦᠬᠦ ᠬᠤᠰᠢᠭᠤᠨ ᠤ ᠬᠢᠨᠠᠨ ᠪᠣᠳᠣᠬᠤ ᠲᠦᠷᠦᠯ ᠵᠦᠢᠯ ᠤᠨ ᠲᠦᠯᠦᠪᠵᠢᠬᠦᠯᠬᠡ  ︵ᠲᠦᠰᠦᠯ︶︾ ᠶᠢ ᠬᠢᠨᠠᠨ ᠵᠦᠪᠯᠡᠪᠡ᠃ ᠬᠤᠷᠠᠯ ᠠᠴᠠ ᠨᠠᠮ ᠤᠨ ᠲᠦᠪ ᠬᠤᠷᠢᠶᠠᠨ ᠤ ᠰᠢᠢᠳᠪᠦᠷᠢ ᠪᠠᠶᠢᠷᠢᠯᠠᠭᠤᠯᠤᠯᠲᠠ ᠪᠠ ᠦᠪᠡᠷᠲᠡᠭᠡᠨ ᠵᠠᠰᠠᠬᠤ ᠣᠷᠣᠨ ᠤ ᠨᠠᠮ  ᠤᠨ ᠬᠤᠷᠢᠶ᠎ᠠ᠂ ᠬᠤᠲᠠ ᠶᠢᠨ ᠨᠠᠮ ᠤᠨ ᠬᠤᠷᠢᠶᠠᠨ ᠤ ᠠᠵᠢᠯ ᠤᠨ ᠲᠤᠬᠢᠷᠠᠭᠤᠯᠤᠯᠲᠠ ᠶᠢ ᠴᠢᠩᠭ᠎ᠠ ᠡᠵᠡᠮᠳᠡᠵᠦ᠂ ︽2025 ᠣᠨ ᠤ ᠪᠦᠬᠦ ᠬᠤᠰᠢᠭᠤᠨ ᠤ ᠬᠢᠨᠠᠨ ᠪᠣᠳᠣᠬᠤ ᠲᠦᠷᠦᠯ ᠵᠦᠢᠯ ᠤᠨ  ᠲᠦᠯᠦᠪᠵᠢᠬᠦᠯᠬᠡ︾ ᠳᠤ ᠠᠩᠬᠠᠷᠤᠯ ᠢᠶᠠᠨ ᠲᠦᠪᠯᠡᠷᠡᠬᠦᠯᠦᠨ᠂ ᠬᠢᠨᠠᠯᠲᠠ ᠲᠤᠤᠱᠯᠠᠭᠤᠯᠤᠯᠲᠠ ᠵᠤᠬᠢᠴᠠᠭᠤᠯᠤᠯᠲᠠ ᠪᠠ ︽ᠨᠢᠬᠡ ᠱᠣᠭᠤᠮ︾ ᠤᠨ ᠴᠡᠭᠴᠡᠯᠡᠯᠲᠡ ᠵᠡᠷᠭᠡ ᠠᠵᠢᠯ ᠤᠨ ᠲᠤᠭᠲᠠᠴᠠ ᠶᠢ ᠰᠠᠶᠢᠲᠤᠷ ᠬᠡᠷᠡᠭᠯᠡᠵᠦ᠂ ᠴᠢᠬᠤᠯᠠ ᠶᠡᠭᠡ ᠲᠦᠷᠦ ᠶᠢᠨ ᠪᠣᠳᠣᠯᠭ᠎ᠠ᠂ ᠴᠢᠬᠤᠯᠠ ᠶᠡᠭᠡ ᠲᠦᠷᠦᠯ ᠵᠦᠢᠯ᠂ ᠠᠷᠠᠳ ᠤᠨ ᠠᠮᠢᠳᠣᠷᠠᠯ ᠤᠨ ᠪᠡᠯᠡ ᠮᠦᠩᠭᠦ᠂ ᠣᠯᠣᠰ ᠤᠨ ᠦᠮᠴᠢᠯᠡᠯᠲᠦ ᠡᠳ᠋ ᠬᠦᠷᠦᠩᠭᠡ᠂ ᠡᠷᠬᠡ ᠶᠢᠨ ᠠᠵᠢᠯᠯᠠᠭᠠᠨ ᠵᠡᠷᠭᠡ ᠡᠯ᠎ᠡ ᠲᠠᠯ᠎ᠠ ᠳᠤ ᠬᠢᠨᠠᠨ ᠪᠣᠳᠣᠬᠤ ᠬᠢᠨᠠᠯᠲᠠ ᠲᠠᠯᠪᠢᠬᠤ ᠡᠷᠴᠢᠮ ᠢᠶᠠᠨ ᠴᠢᠩᠭᠠᠳᠬᠠᠬᠤ ᠶᠢᠨ ᠬᠠᠮᠲᠤ ᠠᠰᠠᠭᠤᠳᠠᠯ ᠤᠨ ᠴᠡᠭᠴᠡᠯᠡᠯᠲᠡ ᠶᠢ ᠪᠤᠲᠠᠲᠠᠢ ᠱᠠᠯᠠᠪᠳᠠᠨ ᠰᠠᠶᠢᠲᠤᠷ ᠠᠳᠬᠤᠵᠤ᠂ ᠦᠬᠡᠷᠡᠴᠢᠯᠡᠯᠲᠡ ᠶᠢ ᠠᠬᠢᠭᠤᠯᠤᠨ᠂ ᠦᠬᠡᠷᠡᠴᠢᠯᠡᠯᠲᠡ ᠪᠠᠷ ᠪᠠᠷᠢᠮᠵᠢᠶ᠎ᠠ ᠪᠠᠨ ᠳᠡᠭᠡᠭᠰᠢᠯᠡᠬᠦᠯᠵᠦ᠂ ᠦᠬᠡᠷᠡᠴᠢᠯᠡᠯᠲᠡ ᠪᠠᠷ ᠦᠷ᠎ᠡ ᠠᠰᠢᠭ ᠢᠶᠠᠨ ᠨᠡᠮᠡᠭᠳᠡᠬᠦᠯᠦᠨ᠂ ᠬᠢᠨᠠᠨ ᠪᠤᠳᠣᠯᠲᠠ ᠪᠠᠷ ᠢᠯᠡᠷᠡᠬᠦᠯᠦᠭᠰᠡᠨ ᠠᠰᠠᠭᠤᠳᠠᠯ ᠢ ᠦᠨᠡᠨ ᠬᠦ ᠴᠡᠭᠴᠡᠯᠡᠨ ᠨᠠᠶᠢᠲᠠᠪᠤᠷᠢᠵᠢᠭᠤᠯᠵᠤ᠂ ︽ᠭᠠᠷᠮᠠᠭᠠᠶᠢᠯᠠᠨ ᠳᠠᠪᠰᠢᠬᠤ ᠣᠲᠤᠭ ᠤᠨ ᠡᠮᠦᠨᠡᠲᠦ ᠬᠤᠰᠢᠭᠤᠨ︾  ᠤ ᠠᠵᠤ ᠠᠬᠤᠢ ᠨᠡᠶᠢᠬᠡᠮ ᠤᠨ ᠴᠢᠨᠠᠷᠯᠢᠭ ᠬᠦᠭᠵᠢᠯᠲᠡ ᠳᠤ ᠦᠷᠬᠦᠯᠵᠢᠯᠡᠨ ᠪᠠᠲᠤᠯᠠᠭ᠎ᠠ ᠬᠠᠩᠭᠠᠬᠤ ᠬᠡᠷᠡᠭᠲᠡᠢ ᠬᠡᠵᠦ ᠴᠢᠬᠤᠯᠠᠴᠢᠯᠠᠪᠠ᠃     ᠬᠤᠷᠠᠯ ᠠᠴᠠ ︽ᠣᠲᠤᠭ ᠤᠨ ᠡᠮᠦᠨᠡᠲᠦ ᠬᠤᠰᠢᠭᠤ ᠨᠠᠮ ᠤᠨ ᠬᠤᠷᠢᠶᠠᠨ ᠤ ᠨᠢᠬᠡᠳᠦᠮᠡᠯ ᠹᠷᠣᠨᠲ ᠤᠨ ᠠᠵᠢᠯ ᠤᠨ ᠣᠳᠣᠷᠢᠳᠬᠤ ᠳᠣᠭᠤᠶᠢᠯᠠᠩ ᠤᠨ 2025 ᠣᠨ ᠤ ᠠᠵᠢᠯ ᠤᠨ ᠭᠤᠤᠯᠳᠠᠯᠭ᠎ᠠ︾ ᠶᠢ ᠬᠢᠨᠠᠨ ᠵᠦᠪᠯᠡᠪᠡ᠃ ᠬᠤᠷᠠᠯ ᠠᠴᠠ ᠶᠡᠷᠦᠩᠬᠡᠢ ᠱᠦᠵᠢ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠨᠠᠮ ᠤᠨ ᠨᠢᠬᠡᠳᠦᠮᠡᠯ ᠹᠷᠣᠨᠲ ᠤᠨ ᠠᠵᠢᠯ ᠢ ᠰᠠᠶᠢᠲᠤᠷ ᠬᠢᠬᠦ ᠲᠤᠬᠠᠢ ᠴᠢᠬᠤᠯᠠ ᠦᠵᠡᠯ ᠰᠠᠨᠠᠭ᠎ᠠ ᠶᠢ ᠬᠦᠨᠵᠡᠬᠡᠢ ᠰᠣᠷᠣᠯᠴᠠᠨ ᠲᠤᠤᠱᠯᠠᠭᠤᠯᠵᠤ᠂ ︽ᠬᠤᠶᠠᠷ ᠢ ᠲᠤᠭᠲᠠᠭᠠᠭᠰᠠᠨ︾᠂ ︽ᠬᠤᠶᠠᠷ  ᠢ ᠬᠠᠮᠠᠭᠠᠯᠠᠬᠤ︾ ᠶᠢᠨ ᠰᠢᠢᠳᠪᠦᠷᠢᠲᠦ ᠴᠢᠨᠠᠷᠲᠠᠢ ᠠᠴᠢ ᠬᠤᠯᠪᠤᠭᠳᠠᠯ ᠢ ᠬᠦᠨᠵᠡᠬᠡᠢ ᠣᠶᠢᠯᠠᠭᠠᠨ᠂ ᠳᠣᠮᠳᠠᠳᠣ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠣᠳᠬᠠᠬᠤ ᠠᠵᠢᠯ ᠤᠨ ᠭᠤᠣᠯ ᠱᠣᠭᠤᠮ ᠢ ᠴᠢᠩᠭ᠎ᠠ ᠡᠵᠡᠮᠳᠡᠵᠦ᠂ ᠡᠯ᠎ᠡ ᠲᠦᠷᠦᠯ ᠤᠨ ᠡᠬᠦᠷᠭᠡ ᠶᠢᠨ ᠨᠠᠶᠢᠲᠠᠪᠤᠷᠢᠵᠢᠭᠤᠯᠤᠯᠲᠠ ᠶᠢ ᠰᠠᠶᠢᠲᠤᠷ ᠠᠳᠬᠤᠬᠤ ᠬᠡᠷᠡᠭᠲᠡᠢ᠃ ᠡᠬᠦᠨ ᠤ ᠬᠠᠮᠲᠤ᠂ ᠨᠢᠬᠡᠳᠦᠮᠡᠯ ᠹᠷᠣᠨᠲ ᠤᠨ ︽ᠴᠢᠳᠠᠪᠤᠷᠢᠲᠠᠨ ᠤ ᠬᠦᠮᠦᠷᠭᠡ︾᠂ ︽ᠣᠶᠣᠨ ᠤ ᠪᠦᠯᠬᠦᠮ︾᠂ ︽ᠬᠠᠷᠢᠯᠴᠠᠭᠠᠨ ᠤ ᠬᠦᠬᠦᠷᠭᠡ︾ ᠶᠢᠨ ᠦᠢᠯᠡᠳᠦᠯ ᠢ ᠬᠦᠢᠴᠡᠳ ᠪᠠᠳᠠᠷᠠᠭᠤᠯᠤᠨ᠂ ᠪᠦᠯᠬᠦᠮᠳᠡᠵᠦ ᠪᠤᠯᠬᠤ ᠬᠦᠴᠦᠨ ᠪᠦᠬᠦᠨ ᠢ ᠲᠦᠪᠯᠡᠷᠡᠬᠦᠯᠵᠦ᠂ ᠳᠠᠶᠢᠴᠢᠯᠠᠵᠤ ᠪᠤᠯᠬᠤ ᠢᠳᠡᠪᠬᠢ ᠬᠦᠴᠦᠨ ᠵᠦᠢᠯ ᠪᠦᠬᠦᠨ ᠢ ᠳᠠᠶᠢᠴᠢᠯᠠᠨ᠂ ᠬᠠᠮᠲᠤᠪᠡᠷ ᠴᠢᠷᠮᠠᠶᠢᠨ ᠲᠡᠮᠡᠴᠡᠬᠦ ᠬᠦᠴᠦᠷᠬᠡᠭ ᠶᠡᠭᠡ ᠬᠦᠴᠦᠨ ᠴᠢᠳᠠᠯ ᠢ ᠬᠠᠮᠤᠭ ᠶᠡᠭᠡ ᠬᠡᠮᠵᠢᠶ᠎ᠡ ᠪᠠᠷ ᠨᠢᠭᠲᠠᠷᠠᠭᠤᠯᠵᠤ᠂ ᠰᠢᠨ᠎ᠡ ᠡᠬᠦᠷᠭᠡᠯᠡᠯ ᠰᠢᠨ᠎ᠡ ᠵᠢᠳᠬᠦᠯ ᠴᠢᠷᠮᠠᠶᠢᠯᠭ᠎ᠠ ᠪᠠᠷ ᠨᠢᠬᠡᠳᠦᠮᠡᠯ ᠹᠷᠣᠨᠲ ᠤᠨ ᠠᠵᠢᠯ ᠢ ᠰᠢᠨ᠎ᠡ ᠳᠡᠭᠲᠡᠷ ᠲᠤ ᠭᠠᠷᠭᠠᠬᠤ ᠶᠢ ᠠᠬᠢᠭᠤᠯᠬᠤ ᠬᠡᠷᠡᠭᠲᠡᠢ ᠬᠡᠵᠦ ᠴᠢᠬᠤᠯᠠᠴᠢᠯᠠᠪᠠ᠃     ᠬᠤᠷᠠᠯ ᠠᠴᠠ 2024 ᠣᠨ ᠤ ᠬᠤᠰᠢᠭᠤ ᠨᠠᠮ ᠤᠨ ᠬᠤᠷᠢᠶᠠᠨ ᠤ ᠱᠦᠵᠢ ᠶᠢᠨ ᠨᠠᠮ ᠤᠨ ᠪᠠᠶᠢᠭᠤᠯᠤᠯᠲᠠ ᠶᠢᠨ ᠠᠵᠢᠯ ᠢ ᠠᠳᠬᠤᠭᠰᠠᠨ ᠶᠡᠷᠦᠩᠬᠡᠶᠢᠯᠡᠭᠰᠡᠨ ᠦᠨᠡᠯᠡᠯᠲᠡ ᠶᠢᠨ ᠰᠠᠨᠠᠯ ᠢ ᠨᠡᠶᠢᠲᠡᠯᠡᠵᠦ᠂ ︽ᠣᠲᠤᠭ ᠤᠨ ᠡᠮᠦᠨᠡᠲᠦ ᠬᠤᠰᠢᠭᠤᠨ ᠤ 2024 ᠣᠨ ᠤ ᠦᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠬᠤᠲᠠ ᠶᠢᠨ ᠨᠠᠮ ᠤᠨ ᠬᠤᠷᠢᠶᠠᠨ ᠤ ᠦᠨᠳᠦᠰᠦᠨ ᠱᠠᠲᠤᠨ ᠤ ᠨᠠᠮ ᠤᠨ ᠪᠠᠶᠢᠭᠤᠯᠤᠯᠲᠠ ᠶᠢᠨ ᠲᠣᠰᠢᠶᠠᠯ ᠤᠨ ᠮᠡᠳᠡᠬᠦᠯᠦᠯᠲᠡ ᠶᠢᠨ ᠦᠨᠡᠯᠡᠯᠲᠡ ᠶᠢᠨ ᠠᠰᠠᠭᠤᠳᠠᠯ  ᠤᠨ ᠴᠡᠭᠴᠡᠯᠡᠯᠲᠡ ᠨᠠᠶᠢᠲᠠᠪᠤᠷᠢᠵᠢᠭᠤᠯᠤᠯᠲᠠ ᠶᠢᠨ ᠠᠵᠢᠯ ᠤᠨ ᠲᠦᠰᠦᠯ︾᠂ ︽ᠳᠣᠮᠳᠠᠳᠣ ᠣᠯᠣᠰ ᠤᠨ ᠡᠪ ᠬᠠᠮᠲᠤ ᠨᠠᠮ ᠤᠨ ᠣᠲᠤᠭ ᠤᠨ ᠡᠮᠦᠨᠡᠲᠦ ᠬᠤᠰᠢᠭᠤ ᠨᠠᠮ ᠤᠨ ᠬᠤᠷᠢᠶᠠᠨ ᠤ ᠵᠤᠬᠢᠶᠠᠨ ᠪᠠᠶᠢᠭᠤᠯᠬᠤ ᠬᠡᠯᠲᠡᠰ ᠤᠨ 2024 ᠣᠨ ᠤ ᠨᠠᠮ ᠤᠨ ᠬᠤᠷᠢᠶᠠᠨ ︵ᠨᠠᠮ ᠤᠨ ᠣᠳᠣᠷᠢᠳᠬᠤ ᠳᠣᠭᠤᠶᠢᠯᠠᠩ︶ ᠤ ᠱᠦᠵᠢ ᠶᠢᠨ ᠦᠨᠳᠦᠰᠦᠨ ᠱᠠᠲᠤᠨ ᠤ ᠨᠠᠮ ᠤᠨ ᠪᠠᠶᠢᠭᠤᠯᠤᠯᠲᠠ ᠶᠢ ᠠᠳᠬᠤᠭᠰᠠᠨ ᠲᠤᠬᠠᠢ ᠲᠣᠰᠢᠶᠠᠯ ᠤᠨ ᠮᠡᠳᠡᠬᠦᠯᠦᠯᠲᠡ ᠶᠢᠨ ᠦᠷ᠎ᠡ ᠳ᠋ᠦᠩ︾᠂ ︽ᠣᠲᠤᠭ ᠤᠨ ᠡᠮᠦᠨᠡᠲᠦ ᠬᠤᠰᠢᠭᠤᠨ ᠤ ᠨᠠᠮ ᠤᠨ ᠪᠠᠶᠢᠭᠤᠯᠤᠯᠲᠠ ᠶᠢᠨ ᠠᠵᠢᠯ ᠤᠨ ᠣᠳᠣᠷᠢᠳᠬᠤ ᠳᠣᠭᠤᠶᠢᠯᠠᠩ ᠤᠨ 2025 ᠣᠨ ᠤ ᠠᠵᠢᠯ ᠤᠨ ᠭᠤᠤᠯᠳᠠᠯᠭ᠎ᠠ︾ ᠶᠢ ᠬᠢᠨᠠᠨ ᠵᠦᠪᠯᠡᠪᠡ᠃ ᠬᠤᠷᠠᠯ ᠠᠴᠠ ᠪᠦᠬᠦ ᠬᠤᠰᠢᠭᠤᠨ ᠤ ᠡᠯ᠎ᠡ ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ ᠠᠴᠠ ᠨᠠᠮ ᠢ ᠬᠠᠮᠢᠶᠠᠷᠤᠨ ᠨᠠᠮ ᠢ ᠵᠠᠰᠠᠬᠤ ᠣᠬᠠᠮᠰᠠᠷ ᠢᠶᠠᠨ ᠦᠨᠡᠨ ᠬᠦ ᠴᠢᠩᠭᠠᠳᠬᠠᠵᠤ᠂ ᠡᠬᠦᠷᠭᠡ ᠬᠠᠷᠢᠭᠤᠴᠠᠯᠭ᠎ᠠ ᠪᠠᠨ ᠣᠶᠢᠯᠠᠭᠠᠵᠤ ᠲᠤᠲᠤᠷᠬᠠᠶᠢᠯᠠᠨ᠂ ᠲᠤᠰᠢᠶᠠᠯ ᠬᠠᠷᠢᠭᠤᠴᠠᠯᠭ᠎ᠠ ᠪᠠᠨ ᠬᠦᠢᠴᠡᠳᠬᠡᠵᠦ᠂ ︽ᠲᠦᠰᠦᠯ︾ ︽ᠭᠤᠤᠯᠳᠠᠯᠭ᠎ᠠ︾ ᠶᠢᠨ ᠡᠯ᠎ᠡ ᠲᠦᠷᠦᠯ ᠤᠨ ᠠᠵᠢᠯ ᠤᠨ ᠱᠠᠭᠠᠷᠳᠠᠯᠭ᠎ᠠ ᠶᠢ ᠬᠢᠨᠠᠮᠠᠭᠠᠢ ᠨᠠᠶᠢᠲᠠᠪᠤᠷᠢᠵᠢᠭᠤᠯᠤᠨ᠂ ᠲᠣᠰ ᠬᠦᠷᠢᠶ᠎ᠡ ᠴᠠᠷᠠᠭ᠎ᠠ᠂ ᠲᠤᠰ ᠰᠠᠯᠠᠭ᠎ᠠ ᠮᠦᠴᠢᠷ ᠤᠨ ᠠᠵᠢᠯ ᠤᠨ ᠪᠤᠲᠠᠲᠣ ᠪᠠᠶᠢᠳᠠᠯ ᠲᠠᠢ ᠪᠠᠨ ᠣᠶᠠᠯᠳᠣᠭᠤᠯᠵᠣ᠂ ᠨᠠᠮ ᠤᠨ ᠪᠠᠶᠢᠭᠤᠯᠤᠯᠲᠠ ᠶᠢᠨ ᠡᠯ᠎ᠡ ᠲᠦᠷᠦᠯ ᠤᠨ ᠡᠬᠦᠷᠭᠡ ᠶᠢ ᠨᠠᠶᠢᠲᠠᠪᠤᠷᠢᠵᠢᠭᠤᠯᠤᠨ ᠪᠦᠲᠦᠮᠵᠢ ᠭᠠᠷᠭᠠᠬᠤ ᠶᠢ ᠲᠦᠯᠦᠪᠵᠢᠬᠦᠯᠵᠦ ᠠᠬᠢᠭᠤᠯᠤᠨ᠂ ︽ᠦᠨᠡᠯᠡᠯᠲᠡ ᠶᠢᠨ ᠦᠷ᠎ᠡ ᠳ᠋ᠦᠩ︾ ᠲᠠᠢ ᠵᠡᠷᠭᠡᠪᠡᠷ ᠬᠠᠷᠢᠴᠠᠭᠤᠯᠵᠤ᠂ ᠰᠢᠯᠲᠠᠭᠠᠨ ᠢᠶᠠᠨ ᠬᠦᠨᠵᠡᠬᠡᠢ ᠵᠠᠳᠠᠯᠣᠨ᠂ ᠲᠤᠰ ᠪᠡᠶ᠎ᠡ  ᠶᠢᠨ ᠬᠦᠷᠦᠯᠴᠡᠬᠦ ᠦᠬᠡᠢ ᠲᠠᠯ᠎ᠠ ᠪᠠᠨ ᠬᠢᠨᠠᠮᠠᠭᠠᠢ ᠡᠷᠢᠵᠦ᠂ ᠨᠠᠶᠢᠲᠠᠪᠤᠷᠢᠵᠢᠭᠤᠯᠬᠤ ᠶᠤᠰᠤᠲᠠᠢ ᠶᠢ ᠨᠢ ᠴᠢᠩᠭ᠎ᠠ ᠨᠠᠶᠢᠲᠠᠪᠤᠷᠢᠵᠢᠭᠤᠯᠤᠨ᠂ ᠴᠡᠭᠴᠡᠯᠡᠨ ᠵᠠᠰᠠᠬᠤ ᠶᠤᠰᠤᠲᠠᠢ ᠶᠢ ᠨᠢ ᠡᠷᠡᠰ ᠴᠡᠭᠴᠡᠯᠡᠵᠤ᠂ ᠴᠢᠨᠠᠷ ᠰᠠᠶᠢᠲᠠᠢ ᠨᠠᠮ ᠤᠨ ᠪᠠᠶᠢᠭᠤᠯᠤᠯᠲᠠ ᠪᠠᠷ ᠠᠵᠤ ᠠᠬᠤᠢ ᠨᠡᠶᠢᠬᠡᠮ ᠤᠨ ᠴᠢᠨᠠᠷᠯᠢᠭ ᠬᠦᠭᠵᠢᠯᠲᠡ ᠶᠢ ᠦᠨᠡᠨ ᠬᠦ ᠳᠠᠶᠢᠴᠢᠯᠠᠬᠤ ᠬᠡᠷᠡᠭᠲᠡᠢ ᠬᠡᠵᠦ ᠴᠢᠬᠤᠯᠠᠴᠢᠯᠠᠪᠠ᠃     ᠬᠤᠷᠠᠯ ᠠᠴᠠ ᠪᠠᠰᠠ ᠪᠣᠰᠣᠳ ᠣᠴᠢᠷ ᠶᠠᠪᠤᠳᠠᠯ ᠢ ᠰᠣᠳᠣᠯᠪᠠ᠃     ᠬᠤᠰᠢᠭᠤ ᠣᠳᠣᠷᠢᠳᠣᠯᠭ᠎ᠠ ᠶᠠᠩ ᠶᠢᠩ ᠰᠢᠨ᠂ ᠭᠤᠤ ᠷᠦᠩ ᠲᠠᠩ᠂ ᠰᠦᠨ ᠶᠢᠦ ᠵᠢᠶᠦ᠋ᠨ᠂ ᠲᠤᠳᠢ ᠵᠢᠴᠢ ᠬᠤᠰᠢᠭᠤ ᠨᠠᠮ ᠤᠨ ᠬᠤᠷᠢᠶᠠᠨ ᠤ ᠪᠠᠶᠢᠩᠭᠤ  ᠶᠢᠨ ᠬᠤᠷᠢᠶᠠᠨ ᠤ ᠣᠳᠣᠷᠢᠳᠬᠤ ᠪᠠᠭ ᠤᠨ ᠪᠦᠷᠢᠯᠳᠦᠬᠦᠨ᠂ ᠬᠤᠰᠢᠭᠤᠨ ᠳᠤ ᠪᠠᠨ ᠪᠠᠶᠢᠭ᠎ᠠ ᠣᠳᠣᠷᠢᠳᠣᠯᠭ᠎ᠠ᠂ ᠠᠵᠤ ᠠᠬᠤᠢ ᠶᠢᠨ ᠨᠡᠭᠡᠭᠡᠯᠲᠡ ᠶᠢᠨ ᠣᠷᠣᠨ ᠤ ᠣᠳᠣᠷᠢᠳᠣᠯᠭ᠎ᠠ᠂ ᠡᠯ᠎ᠡ ᠪᠠᠯᠭᠠᠰᠣ᠂ ᠬᠠᠮᠢᠶ᠎ᠠ ᠪᠦᠬᠦᠢ ᠰᠠᠯᠠᠭ᠎ᠠ ᠮᠦᠴᠢᠷ᠂ ᠬᠤᠰᠢᠭᠤ ᠬᠠᠷᠢᠶ᠎ᠠ ᠣᠯᠣᠰ ᠤᠨ ᠦᠮᠴᠢᠯᠡᠯᠲᠦ ᠠᠵᠤ ᠠᠬᠤᠶᠢᠯᠠᠯ ᠤᠨ ᠭᠤᠤᠯ ᠬᠠᠷᠢᠭᠤᠴᠠᠯᠭᠠᠲᠠᠳ ᠬᠤᠷᠠᠯ ᠳᠤ ᠰᠣᠯᠠ ᠣᠷᠣᠯᠴᠠᠪᠠ᠃
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠦᠯᠵᠢᠶ᠎ᠡ