ᠮᠤᠩᠭᠤᠯ ᠬᠦᠮᠤᠨ ᠮᠤᠷᠢ ᠤᠨᠤᠬᠤ ᠳᠤ ᠪᠠᠨ ᠵᠦᠪ ᠳᠠᠯ᠎ᠠ ︵ᠮᠤᠷᠢᠨ ᠵᠦᠪ ᠳᠠᠯ᠎ᠠ ᠬᠡᠭᠴᠢ ᠨᠢ ᠵᠡᠬᠦᠨ ᠳᠠᠯ᠎ᠠ ᠶᠢ ᠬᠡᠯᠡᠳᠡᠭ︶ ᠠᠴᠠ ᠨᠢ ᠤᠨᠤᠬᠤ ᠠᠴᠠ ᠪᠢᠰᠢ | ᠬᠠᠷᠢᠨ ᠪᠤᠷᠤᠭᠤ ᠳᠠᠯ᠎ᠠ ᠠᠴᠠ ᠤᠨᠤᠬᠤ ᠶᠢ ᠶᠡᠭᠡ ᠴᠡᠬᠡᠷᠯᠡᠳᠡᠭ᠃ ᠮᠤᠷᠢᠨ ᠨᠢᠷᠤᠭᠤᠨ ᠳᠤ ᠭᠠᠷᠬᠤ ᠳᠤ ᠪᠠᠨ ᠡᠮᠡᠬᠡᠯ ᠲᠠᠢ ᠮᠤᠷᠢᠨ ᠳᠤ ᠠᠯᠠᠪ ᠤᠷᠬᠢᠵᠤ ᠭᠠᠷᠳᠠᠭ | ᠦᠬᠡᠢ᠂ ᠬᠠᠷᠢᠨ ᠲᠦᠷᠤᠬᠡᠯᠡᠵᠤ ᠤᠨᠤᠬᠤ ᠶᠢ ᠡᠷᠬᠢᠮᠯᠡᠳᠡᠭ᠃ ᠮᠤᠷᠢᠨ ᠤ ᠵᠢᠯᠤᠭᠤ ᠶᠢ ᠵᠡᠬᠦᠨ ᠭᠠᠷ ᠲᠤ ᠪᠠᠨ ᠡᠪᠬᠡᠨ ᠠᠤᠨᠬᠤᠵᠤ᠂ ᠵᠡᠬᠦᠨ ᠬᠦᠯ ᠢᠶᠠᠷ ᠢᠶᠠᠨ | ᠲᠦᠷᠤᠬᠡ ᠶᠢ ᠲᠦᠷᠤᠬᠡᠯᠡᠵᠤ᠂ ᠡᠮᠡᠬᠡᠯ ᠤᠨ ᠤᠷᠳᠤ ᠠᠷᠤ ᠪᠦᠬᠦᠷᠬᠡ ᠠᠴᠠ ᠬᠤᠶᠠᠷ ᠭᠠᠷ ᠢᠶᠠᠷ ᠢᠶᠠᠨ ᠳᠠᠳᠠᠬᠤ ᠶᠢᠨ ᠬᠠᠮᠳᠤ ᠪᠡᠶ᠎ᠡ ᠦᠨᠳᠡᠶᠢᠨ ᠪᠠᠷᠠᠭᠤᠨ ᠬᠦᠯ ᠢᠶᠠᠨ | ᠮᠤᠷᠢᠨ ᠤ ᠬᠤᠨᠳᠤᠯᠠᠢ ᠳᠡᠬᠡᠬᠦᠷ ᠬᠦᠩᠬᠡᠨ ᠡᠷᠬᠦᠵᠤ ᠤᠨᠤᠭᠠᠤᠨ ᠪᠠᠷᠠᠭᠤᠨ ᠳᠠᠯ᠎ᠠ ᠶᠢᠨ ᠲᠦᠷᠤᠬᠡ ᠪᠠᠨ ᠲᠦᠷᠤᠬᠡᠯᠡᠳᠡᠭ᠃ ᠲᠦᠷᠤᠬᠡ ᠲᠦᠷᠤᠬᠡᠯᠡᠬᠦ ᠳᠤ ᠪᠠᠨ ᠱᠠᠬᠠᠢ | ᠭᠤᠳᠤᠯ ᠤᠨ ᠦᠯᠮᠡᠢ ᠪᠠᠷ ᠲᠦᠷᠤᠬᠡᠯᠡᠨᠡ᠃ ᠬᠡᠷᠪᠡ ᠬᠡᠳᠤᠷᠬᠡᠢ ᠯᠠᠪ ᠲᠦᠷᠤᠬᠡᠯᠡᠪᠡᠯ ᠮᠤᠷᠢ ᠦᠷᠬᠦᠵᠤ ᠳᠤᠶᠢᠯᠠᠬᠤ ᠦᠶ᠎ᠡ ᠬᠦᠯ ᠲᠦᠷᠤᠬᠡᠨ ᠳᠤ ᠳᠡᠬᠡᠭᠯᠡᠵᠤ ᠮᠤᠷᠢᠨ | ᠳᠤ ᠪᠠᠨ ᠴᠢᠷᠦᠭᠳᠡᠬᠦ ᠠᠶᠤᠯ ᠲᠠᠢ᠃ | ᠬᠦᠶᠤᠯᠬᠡᠨ ᠤ ᠮᠤᠷᠢ ᠶᠢ ᠶᠠᠷᠤ ᠨᠢ ᠵᠠᠶᠢᠳᠠᠩ ᠤᠨᠤᠵᠤ᠂ ᠴᠠᠪᠢᠴᠢ ᠤᠯᠤᠩ ᠢ ᠳᠠᠳᠠᠳᠠᠭ ᠦᠬᠡᠢ᠃ ᠴᠠᠪᠢᠴᠢ ᠤᠯᠤᠩ ᠢ ᠴᠢᠩᠭᠠᠯᠠᠪᠠᠯ᠂ ᠬᠦᠶᠤᠬᠦ ᠳᠤ | ᠬᠡᠳᠡᠰᠤ ᠰᠢᠬᠠᠭᠳᠠᠬᠤ ᠮᠦᠷᠳᠡᠬᠡᠨ ᠬᠦᠴᠤᠯᠡᠵᠤ ᠳᠠᠶᠢᠯᠬᠦ ᠦᠬᠡᠢ ᠪᠠᠶᠢᠳᠠᠭ᠃ | | | ᠢᠷᠠᠯᠳᠠ᠄ ᠪᠠᠶᠠᠨᠬᠤᠷᠠᠬᠤ ᠶᠢᠨ ᠤᠶᠢᠯᠠᠯᠭ᠎ᠠ | |