ᠪᠠᠶᠢᠭᠠᠯᠢ ᠶᠢᠨ ᠭᠠᠢ ᠭᠠᠮᠰᠢᠭ — ᠪᠤᠰᠤᠤᠨ ᠭᠠᠢ ᠭᠠᠮᠰᠢᠭ
ᠨᠡᠶᠢᠲᠡᠯᠡᠭᠰᠡᠨ ᠴᠠᠭ᠄
2025/4/22
     ᠬᠤᠶᠠᠷ᠂ ᠴᠠᠰᠤᠨ ᠭᠠᠮᠰᠢᠭ     ᠪᠦᠬᠦ ᠬᠤᠰᠢᠭᠤᠨ ᠳᠤ ᠴᠠᠰᠤᠨ ᠭᠠᠮᠰᠢᠭ ᠡᠬᠦᠰᠬᠦ ᠳᠤᠬᠢᠶᠠᠯᠳᠤᠮᠵᠢ ᠬᠠᠷᠢᠨ ᠪᠠᠭ᠎ᠠ ᠪᠠᠶᠢᠵᠤ᠂ ᠤᠯᠵᠠᠴᠢ ᠪᠠᠯᠭᠠᠰᠤᠨ ᠤ ᠭᠠᠵᠠᠷ ᠲᠤ ᠦᠩᠬᠡᠷᠡᠭᠰᠡᠨ ᠵᠢᠯ ᠤᠨ ᠬᠠᠮᠤᠭ ᠤᠨ ᠶᠡᠭᠡ ᠴᠠᠰᠤ ᠬᠤᠷᠠᠯᠳᠠ ᠶᠢᠨ ᠵᠤᠵᠠᠭᠠᠨ ᠨᠢ 16 ᠰᠠᠨᠲ᠋ᠢᠮᠧᠲᠷ ᠪᠤᠯᠵᠠᠢ᠂ ᠴᠠᠰᠤᠨ ᠤ ᠬᠤᠷᠠᠯᠳᠠ ᠨᠢ ᠮᠠᠯ ᠤᠨᠤᠭ᠎ᠠ ᠶᠢᠨ ᠡᠪᠡᠰᠤ ᠢᠳᠡᠬᠦ ᠳᠤ ᠨᠢ ᠬᠦᠴᠢᠷᠳᠡᠯ ᠤᠴᠠᠷᠠᠭᠤᠯᠳᠠᠭ᠂ ᠵᠠᠮ ᠬᠠᠷᠢᠯᠴᠠᠭ᠎ᠠ ᠤᠬᠤᠷ ᠴᠠᠭ ᠳᠠᠰᠤᠷᠠᠬᠤ ᠶᠠᠪᠤᠳᠠᠯ ᠭᠠᠷᠳᠠᠭ᠃ 2002 ᠤᠨ ᠤ 5 ᠰᠠᠷ᠎ᠠ ᠶᠢᠨ 6 ᠤ ᠴᠠᠰᠤ ᠬᠤᠷᠠᠯᠳᠠ ᠳᠤ ᠭᠠᠮᠰᠢᠭᠳᠠᠭᠰᠡᠨ ᠬᠦᠮᠤᠨ 16000 ᠬᠦᠷᠴᠤ᠂ ᠬᠤᠶᠠᠷ ᠵᠠᠭᠤ ᠭᠠᠷᠤᠢ ᠪᠤᠳᠠ ᠪᠤᠭ ᠮᠠᠯ ᠦᠬᠦᠵᠤ ᠬᠤᠬᠢᠷᠠᠵᠠᠢ᠃ ᠵᠠᠮ ᠬᠠᠷᠢᠯᠴᠠᠭ᠎ᠠ ᠳᠠᠰᠤᠷᠠᠭᠠᠤᠨ 24 ᠴᠠᠭ ᠪᠤᠯᠵᠠᠢ᠃ 2002 ᠤᠨ ᠤ 12 ᠰᠠᠷ᠎ᠠ ᠶᠢᠨ 22 ᠤᠨ ᠡᠳᠤᠷ ᠤᠨ ᠴᠠᠰᠤᠨ ᠭᠠᠮᠰᠢᠭ ᠲᠤ 19000 ᠬᠦᠮᠤᠨ ᠭᠠᠮᠰᠢᠭᠳᠠᠨ᠂ ᠭᠤᠷᠪᠠᠨ ᠵᠠᠭᠤ ᠭᠠᠷᠤᠢ ᠪᠤᠳᠠ ᠪᠤᠭ ᠮᠠᠯ ᠦᠬᠦᠵᠤ ᠬᠤᠬᠢᠷᠠᠵᠠᠢ᠃ 2008 ᠤᠨ ᠤ 1 ᠰᠠᠷ᠎ᠠ ᠶᠢᠨ 12  ~ 23 ᠪᠤᠯᠳᠠᠯᠠᠬᠢ ᠴᠠᠰᠤ ᠬᠤᠷᠠᠯᠳᠠ ᠳᠤ 11546 ᠬᠦᠮᠤᠨ ᠭᠠᠮᠰᠢᠭᠳᠠᠨ᠂ 2247 ᠬᠦᠮᠤᠨ ᠤ ᠳᠤᠯᠠᠭᠠᠯᠠᠭ᠎ᠠ ᠳᠤ ᠨᠢ ᠬᠦᠴᠢᠷᠳᠡᠯ ᠳᠤᠯᠭᠠᠷᠠᠵᠤ᠂ 9765000 ᠮᠤ᠋ ᠡᠪᠡᠰᠤ ᠪᠡᠯᠴᠢᠬᠡᠷ ᠬᠦᠷ ᠴᠠᠰᠤᠨ ᠳᠤ ᠳᠠᠷᠤᠭᠳᠠᠨ᠂ ᠶᠡᠬᠡᠩᠬᠢ ᠳᠤᠭᠠᠨ  ᠤ ᠮᠠᠯ ᠤᠨᠤᠭ᠎ᠠ ᠬᠦᠷᠢᠶᠡᠨ ᠠᠴᠠ ᠭᠠᠷᠴᠤ ᠢᠳᠡᠰᠢᠯᠡᠬᠦ ᠠᠷᠭ᠎ᠠ ᠦᠬᠡᠢ ᠪᠤᠯᠪᠠ᠃ ᠪᠦᠬᠦ ᠬᠤᠰᠢᠭᠤᠨ ᠤ ᠵᠠᠰᠠᠮᠠᠯ ᠵᠠᠮ ᠶᠡᠭᠡ ᠴᠠᠰᠤᠨ ᠳᠤ ᠬᠠᠭᠠᠭᠳᠠᠨ᠂ ᠵᠠᠮ ᠬᠠᠷᠢᠯᠴᠠᠭ᠎ᠠ ᠰᠠᠭᠠᠤᠨ ᠬᠠᠷᠰᠢ ᠳᠤ ᠤᠴᠠᠷᠠᠵᠠᠢ᠃         ᠢᠷᠡᠯᠳᠠ᠄ ᠣᠳᠤᠭ ᠤᠨ ᠡᠮᠦᠨᠡᠳᠦ ᠬᠤᠰᠢᠭᠤᠨ ᠤ ᠣᠶᠢᠯᠠᠯᠭ᠎ᠠ
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠦᠯᠵᠢᠶ᠎ᠡ