ᠡᠶᠢᠮᠦ ᠪᠠᠶᠢᠭᠰᠠᠨ ᠶᠤᠮ ᠦᠦ︖ | | | ᠴᠢ᠊ · ᠭᠠᠩᠵᠣᠷᠢᠭᠲᠤ | | ᠵᠣ ᠳᠠᠷᠤᠭ᠎ᠠ ᠥᠨᠥᠳᠥᠷ ᠮᠠᠰᠢ ᠠᠭᠤᠷ ᠲᠠᠢ ᠪᠠᠷ ᠵᠤᠰᠠᠨᠠ ᠭᠡᠤᠭᠡᠨ ᠢ ᠠᠯᠪᠠᠨ ᠭᠡᠷ ᠲᠡᠭᠡᠨ ᠳᠠᠭᠤᠳᠠᠨ ᠠᠪᠴᠢᠷᠠᠭᠠᠳ ᠬᠠᠲᠠᠭᠤ ᠭᠡᠭᠴᠢ ᠲᠣᠩᠭᠤᠳᠣᠨ | ᠰᠢᠬᠦᠮᠵᠢᠯᠡᠪᠡ ᠃ | ᠵᠣ ᠳᠠᠷᠤᠭ᠎ᠠ ᠵᠤᠰᠠᠨᠠ ᠶᠢᠨ ᠥᠭᠡᠳᠡ ᠄ ︽ ᠭᠥᠳᠡᠯᠮᠥᠷᠢ ᠥᠩᠭᠡ ᠭᠡᠷᠡᠯᠲᠡᠢ᠂ ᠭᠥᠳᠡᠯᠮᠥᠷᠢ ᠢᠷᠠᠭᠤ ᠠᠯᠳᠠᠷᠲᠠᠢ᠂ ᠭᠥᠳᠡᠯᠮᠥᠷᠢ ᠠᠯᠢᠪᠠ ᠶᠢ | ᠪᠥᠳᠥᠭᠡᠳᠡᠭ ᠬᠡᠰᠡᠨ ᠢ ᠴᠢ ᠪᠠᠷᠤᠭ ᠨᠠᠮ᠎ᠠ ᠠᠴᠠ ᠢᠯᠡᠬᠦᠥ ᠮᠡᠳᠡᠬᠦ ᠪᠠᠶᠢᠬ᠎ᠠ᠃ ᠪᠢᠳᠡ ᠪᠦᠷ ᠭᠥᠳᠡᠯᠮᠥᠷᠢᠴᠢᠨ ᠮᠠᠯᠴᠢᠳ ᠤᠨ ᠭᠡᠤᠭᠡᠳ ᠰᠢᠦ᠃ ᠴᠢ ᠮᠠᠨ ᠤ | ᠪᠠᠶᠢᠭᠤᠯᠭ᠎ᠠ ᠳᠤ ᠢᠷᠡᠭᠡᠳ ᠨᠢᠭᠡ ᠵᠢᠯ ᠪᠣᠯᠴᠢᠬᠠᠯ᠎ᠠ᠃ ᠴᠢ ᠡᠪᠯᠡᠯ ᠤᠨ ᠬᠡᠰᠢᠬᠦᠨ ᠰᠢᠦ᠃ ᠨᠢᠭᠡ ᠵᠢᠯ ᠤᠨ ᠲᠤᠷᠰᠢ ᠪᠢ ᠴᠢᠮ᠎ᠠ ᠶᠢ ᠠᠩᠬᠠᠷᠤᠭᠠᠳ ᠪᠠᠶᠢᠬᠤᠯᠠᠷ | ᠭᠥᠳᠡᠯᠮᠥᠷᠢ ᠠᠴᠠ ᠬᠠᠯᠠᠰᠢᠷᠠᠵᠤ᠂ ᠭᠥᠡᠳᠥ ᠠᠵᠢᠯ ᠠᠴᠠ ᠵᠠᠶᠢᠯᠠᠵᠤ᠂ ᠪᠡᠶ᠎ᠡ ᠪᠠᠨ ᠭᠠᠮᠨᠠᠵᠤ ᠪᠠᠶᠢᠬᠤ ᠨᠢ ᠡᠪᠯᠡᠯ ᠤᠨ ᠬᠡᠰᠢᠬᠦᠨ ᠤ ᠨᠥᠬᠦᠴᠡᠯ ᠳᠤ ᠭᠥᠷᠭᠦ ᠦᠭᠡᠢ | ᠪᠠᠶᠢᠬᠤ ᠴᠢᠨᠢ ᠢᠯᠡᠷᠬᠡᠢ ᠮᠡᠳᠡᠭᠳᠡᠵᠦ ᠪᠠᠶᠢᠨ᠎ᠠ᠃ ᠠᠯᠢ ᠣᠳᠠᠭ᠎ᠠ ᠪᠣᠯᠪᠠᠴᠤ ᠪᠢ ᠭᠥᠳᠡᠯᠮᠥᠷᠢ ᠶᠢᠨ ᠠᠬᠤᠢ ᠲᠠᠯᠠᠪᠤᠷ ᠲᠤ ᠣᠴᠢᠵᠤ ᠥᠵᠡᠬᠦᠯᠡᠷ ᠴᠢ ᠯᠠ ᠥᠷᠭᠦᠯᠵᠢ | ᠪᠤᠰᠤᠳ ᠤᠨ ᠬᠠᠵᠠᠭᠤ ᠳᠤ ᠵᠦᠭᠡᠷ ᠰᠠᠭᠤᠬᠤ ᠦᠭᠡᠢ ᠪᠣᠯ ᠭᠠᠷ ᠤᠲᠠᠰᠤ ᠪᠠᠨ ᠣᠷᠣᠯᠲᠣᠨ ᠪᠠᠶᠢᠳᠠᠭ ᠨᠢ ᠬᠠᠷᠠᠭᠳᠠᠳᠠᠭ ᠃ ᠮᠠᠨ ᠤ ᠪᠠᠶᠢᠭᠤᠯᠭ᠎ᠠ ᠶᠢᠨ ᠡᠮᠡᠭᠲᠡᠢ | ᠠᠵᠢᠯᠲᠠᠳ ᠪᠥᠷᠢ ᠡᠷᠡᠭᠲᠡᠢ ᠠᠵᠢᠯᠲᠠᠳ ᠲᠠᠢ ᠠᠳᠠᠯᠢᠬᠠᠨ ᠭᠠᠪᠰᠢᠭᠠᠶᠢᠯᠠᠨ ᠠᠵᠢᠯᠯᠠᠵᠤ ᠪᠠᠶᠢᠭᠰᠠᠨ ᠢ ᠴᠢ ᠥᠵᠡᠭᠰᠡᠨ ᠪᠠᠶᠢᠬ᠎ᠠ᠃ ᠢᠯᠠᠩᠭᠤᠶ᠎ᠡ ᠳᠡᠭᠡᠷ᠎ᠡ ᠤᠳᠠᠭ᠎ᠠ | ᠴᠡᠪᠡᠷᠯᠡᠭᠡ ᠬᠢᠬᠦ ᠳᠤ ᠮᠠᠨ ᠤ ᠵᠠᠷᠢᠮ ᠠᠵᠢᠯᠲᠠᠨ ᠬᠡᠷᠡᠮ ᠠᠴᠠ ᠥᠡᠳᠥᠷ ᠮᠠᠩᠬᠠᠨ ᠳᠤᠪᠤᠴᠠᠭ ᠢ ᠶᠠᠭᠠᠬᠢᠵᠤ ᠰᠠᠶᠢᠬᠠᠨ ᠳᠡᠭᠰᠢᠯᠡᠭᠰᠡᠨ ᠪᠠᠶᠢᠯ᠎ᠠ ᠳ᠋ᠠ᠃ ᠴᠢ ᠪᠠᠰᠠ | ᠯᠠ ᠪᠤᠰᠤᠳ ᠤᠨ ᠬᠠᠵᠠᠭᠤ ᠳᠤ ᠵᠦᠭᠡᠷ ᠰᠠᠭᠤᠬᠤ ᠪᠣᠶᠤ ᠭᠠᠷ ᠤᠲᠠᠰᠤ ᠪᠠᠨ ᠣᠷᠣᠯᠲᠣᠨ ᠵᠣᠭᠰᠣᠵᠤ ᠪᠠᠶᠢᠭᠰᠠᠨ ᠪᠢᠰᠢ ᠪᠢᠯᠢᠦ︖︾ ᠭᠡᠵᠦ ᠰᠢᠬᠦᠮᠵᠢᠯᠡᠵᠦ | ᠪᠠᠶᠢᠲᠠᠯ᠎ᠠ ᠠᠴᠢᠲᠤ ᠡᠭᠦᠳᠡ ᠲᠣᠭᠰᠢᠨ ᠤᠷᠤᠵᠤ ᠢᠷᠡᠭᠡᠳ ᠵᠣᠭᠰᠤᠴᠢᠬᠠᠪᠠ᠃ ᠵᠣ ᠳᠠᠷᠤᠭ᠎ᠠ ᠠᠴᠢᠲᠤ ᠶᠢᠨ ᠥᠭᠡᠳᠡ ᠬᠠᠨᠲᠤᠨ᠄ ︽ᠤᠴᠢᠷ ᠲᠠᠢ ᠦᠦ︖ | ᠲᠦᠷ ᠲᠡᠡᠳᠡ ᠪᠠᠷ ᠰᠠᠭᠤᠭᠠᠳ ᠭᠥᠯᠢᠶᠡᠵᠦ ᠪᠡᠢ︾ ᠭᠡᠳ ᠥᠷᠭᠦᠯᠵᠢᠯᠡᠨ ᠵᠤᠰᠠᠨᠠ ᠭᠡᠤᠭᠡᠨ ᠢ ᠰᠢᠭᠦᠮᠵᠢᠯᠡᠵᠦ ᠡᠬᠢᠯᠡᠪᠡ᠃ ᠵᠣ ᠳᠠᠷᠤᠭ᠎ᠠ ᠵᠤᠰᠠᠨᠠ ᠶᠢᠨ ᠥᠭᠡᠳᠡ | ᠬᠠᠨᠳᠤᠨ ᠄ ︽ᠪᠢ ᠭᠥᠳᠡᠯᠮᠥᠷᠢ ᠶᠢᠨ ᠠᠬᠤᠢ ᠲᠠᠯᠠᠪᠤᠷ ᠲᠤ ᠣᠯᠠᠨ ᠤᠳᠠᠭ᠎ᠠ ᠣᠴᠢᠯ᠎ᠠ᠃ ᠭᠡᠪᠡᠴᠤ ᠴᠢᠨᠥ ᠭᠥᠷᠵᠡ ᠪᠠᠷᠢᠵᠤ᠂ ᠰᠢᠷᠪᠢᠬᠦᠯ ᠠᠳᠬᠤᠭᠰᠠᠨ ᠢ | ᠨᠢᠭᠡ ᠤᠳᠠᠭ᠎ᠠ ᠴᠦ ᠥᠵᠡᠭᠰᠡᠨ ᠦᠭᠡᠢ᠃ ᠠᠯᠪᠠᠨ ᠭᠡᠷ ᠲᠤ ᠪᠣᠯᠪᠠᠴᠤ ᠥᠷᠭᠦᠯᠵᠢ ᠪᠡᠭᠡᠯᠡᠢ ᠵᠡᠭᠦᠭᠡᠳ ᠪᠠᠭᠠᠷᠲᠠᠭᠯᠠᠨᠠ ᠴᠢ᠃ ᠮᠠᠨ ᠤ ᠪᠠᠶᠢᠭᠤᠯᠭ᠎ᠠ ᠶᠢᠨ | ᠲᠥᠷᠢᠮ ᠳᠤ ᠭᠥᠳᠡᠯᠮᠥᠷᠢ ᠶᠢᠨ ᠳᠣᠬᠠᠢ ᠠᠭᠤᠯᠭ᠎ᠠ ᠶᠢ ᠲᠣᠲᠣᠷᠬᠠᠢ ᠪᠢᠴᠢᠵᠦ ᠣᠷᠣᠭᠤᠯᠣᠭᠰᠠᠨ ᠪᠠᠶᠢᠳᠠᠭ ᠰᠢᠦ᠃ ᠳᠠᠷᠠᠭ᠎ᠠ ᠤᠳᠠᠭ᠎ᠠ ᠴᠢ ᠭᠥᠳᠡᠯᠮᠥᠷᠢ ᠳᠤ | ᠢᠳᠡᠪᠬᠢᠲᠡᠢ ᠣᠷᠣᠯᠴᠠᠬᠤ ᠦᠭᠡᠢ ᠪᠣᠯ ᠵᠢᠯ ᠤᠨ ᠡᠴᠥᠰ ᠲᠤ ᠲᠣᠷᠭᠠᠭᠤᠯᠢ ᠥᠵᠡᠬᠦᠯᠥᠨᠡ᠃ ᠢᠩᠬᠢᠭᠡᠳ ᠪᠠᠰᠠ ᠤᠬᠠᠮᠰᠠᠷᠠᠬᠤ ᠦᠭᠡᠢ ᠪᠣᠯ ᠴᠢ ᠥᠪᠡᠷ ᠢᠶᠠᠨ | ᠪᠠᠶᠢᠭᠤᠯᠭ᠎ᠠ ᠪᠠᠨ ᠣᠯᠵᠤ ᠶᠠᠪᠤᠭᠠᠷᠠᠢ᠃ ᠮᠠᠨ ᠤ ᠪᠠᠶᠢᠭᠤᠯᠭ᠎ᠠ ᠴᠢᠮ᠎ᠠ ᠶᠢ ᠠᠪᠬᠤ ᠦᠭᠡᠢ ᠂ ᠮᠡᠳᠡᠪᠡ ᠦᠦ︖︾ ᠭᠡᠪᠡᠯ᠂ ᠵᠤᠰᠠᠨᠠ ᠭᠡᠤᠬᠡᠨ᠄ ︽ᠵᠣ | ᠳᠠᠷᠤᠭ᠎ᠠ ᠡ᠂ ᠪᠢ ᠬᠤᠵᠢᠮ ᠤᠯᠠᠮ ᠰᠠᠶᠢᠨ ᠭᠥᠳᠡᠯᠮᠥᠷᠢᠯᠡᠨᠡ︾ ᠭᠡᠵᠦ ᠬᠡᠯᠡᠪᠡ᠃ ᠵᠣ ᠳᠠᠷᠤᠭ᠎ᠠ ᠠᠭᠤᠷ ᠨᠢ ᠭᠥᠷᠴᠦ᠄ ︽ᠶᠠᠭᠤ ᠭᠡᠨ᠎ᠡ︖ ᠤᠯᠠᠮ ᠰᠠᠶᠢᠨ | ᠭᠥᠳᠡᠯᠮᠥᠷᠢᠯᠡᠨᠡ ᠭᠡᠰᠡᠨ ᠴᠢᠨᠢ ᠶᠠᠭᠤ ᠭᠡᠰᠡᠨ ᠦᠭᠡ ᠪᠤᠢ︖ ᠭᠥᠷᠵᠡ ᠂ ᠰᠢᠷᠪᠢᠬᠦᠯ ᠪᠠᠷᠢᠬᠤ ᠶᠢ ᠣᠭᠲᠣ ᠮᠡᠳᠡᠬᠦ ᠦᠭᠡᠢ ᠪᠠᠶᠢᠭᠠᠳ ᠪᠠᠰᠠ ᠤᠯᠠᠮ ᠰᠠᠶᠢᠨ | ᠭᠥᠳᠡᠯᠮᠥᠷᠢᠯᠡᠨᠡ ᠭᠡᠨ᠎ᠡ ᠰᠢᠦ᠃ ᠬᠢᠬᠦ ᠶᠢ ᠮᠡᠳᠡᠭᠦ ᠦᠭᠡᠢ ᠪᠠᠶᠢᠭᠠᠳ ᠬᠡᠯᠡᠬᠦ ᠨᠢ ᠶᠠᠭᠠᠬᠢᠭᠰᠠᠨ ᠰᠥᠷᠡᠬᠡᠢ ᠬᠥᠮᠥᠨ ᠪᠠᠶᠢᠨ᠎ᠠ ᠴᠢ᠃ ᠵᠠ᠂ ᠠᠯᠪᠠᠨ ᠭᠡᠷ ᠲᠡᠭᠡᠨ | ᠣᠴᠢᠭᠠᠳ ᠠᠵᠢᠯ ᠢᠶᠠᠨ ᠰᠠᠶᠢᠨ ᠬᠢ ᠂ ᠮᠡᠳᠡᠪᠡ ᠦᠦ︖ ᠵᠢᠯ ᠤᠨ ᠡᠴᠥᠰ ᠴᠢᠮ᠎ᠠ ᠲᠠᠢ ᠳᠠᠬᠢᠨ ᠬᠡᠯᠡᠯᠴᠡᠨ᠎ᠡ ︾ ᠭᠡᠪᠡᠯ᠂ ᠵᠤᠰᠠᠨᠠ ᠭᠡᠤᠭᠡᠨ ᠣᠬᠢᠯᠠᠭᠠᠳ | ᠭᠠᠷᠪᠠ ᠃ | ᠵᠣ ᠳᠠᠷᠤᠭ᠎ᠠ ᠠᠴᠢᠲᠤ ᠶᠢᠨ ᠵᠦᠭ᠄ ︽ᠤᠴᠢᠷ ᠲᠠᠢ ᠦᠦ︖︾ ᠭᠡᠪᠡᠯ᠂ ᠠᠴᠢᠲᠤ ᠄ ︽ᠵᠣ ᠳᠠᠷᠤᠭ᠎ᠠ ᠡ᠂ ᠪᠢ ᠭᠤᠷᠪᠠᠨ ᠡᠳᠥᠷ ᠤᠨ ᠴᠢᠯᠥᠭᠡ | ᠠᠪᠤᠶᠡ ᠃ ᠮᠠᠨ ᠤ ᠲᠥᠷᠥᠯ ᠤᠨ ᠬᠤᠷᠢᠮ ᠳᠡᠭᠡᠷ᠎ᠡ ᠨᠠᠮ᠎ᠠ ᠶᠢ ᠰᠠᠭᠠᠳᠠᠭ ᠤᠨ ᠡᠷᠬᠢᠯᠡᠭᠴᠢ ᠪᠠᠷ ᠤᠷᠢᠴᠢᠬᠠᠯᠠ︾ ᠭᠡᠪᠡᠯ᠂ ᠵᠣ ᠳᠠᠷᠤᠭ᠎ᠠ᠄ ︽ᠪᠣᠯᠣᠨ᠎ᠠ᠂ | ᠪᠣᠯᠣᠨ᠎ᠠ᠃ ᠴᠢ ᠲᠠᠰᠤᠭ ᠤᠨ ᠡᠷᠬᠢᠯᠡᠭᠴᠢ ᠳᠡᠭᠡᠨ ᠬᠡᠯᠡᠴᠢᠭᠡᠳ ᠶᠠᠪᠤ︾ ᠭᠡᠳ ᠠᠴᠢᠲᠤ ᠶᠢᠨ ᠴᠢᠯᠥᠭᠡ ᠭᠤᠶᠤᠬᠤ ᠪᠢᠴᠢᠭ ᠳᠡᠭᠡᠷ᠎ᠡ ᠭᠠᠷ ᠤᠨ ᠥᠰᠦᠭ ᠢᠶᠠᠨ | ᠵᠢᠷᠤᠬᠤ ᠳᠠᠭᠠᠨ ︽ᠠᠴᠢᠲᠤ ᠡ᠂ ᠴᠢ ᠪᠣᠯ ᠮᠠᠨ ᠤ ᠪᠠᠶᠢᠭᠤᠯᠭ᠎ᠠ ᠶᠢᠨ ᠴᠣᠬᠤᠮ ᠰᠠᠶᠢᠨ ᠭᠥᠳᠡᠯᠮᠥᠷᠢᠯᠡᠭᠴᠢ ᠰᠢᠦ︾ ᠭᠡᠵᠦ ᠮᠠᠭᠲᠠᠵᠤ ᠭᠠᠷᠪᠠ᠃ | ᠠᠴᠢᠲᠤ ᠠᠷᠭ᠎ᠠ ᠨᠢ ᠪᠠᠷᠠᠭᠳᠠᠨ ᠲᠣᠯᠣᠭᠠᠢ ᠪᠠᠨ ᠮᠠᠭᠠᠵᠢᠨ᠄ ︽ᠶᠠᠭ ᠥᠨᠡᠨ ᠢ ᠨᠢ ᠬᠡᠯᠡᠪᠡᠯ ᠵᠤᠰᠠᠨᠠ ᠪᠣᠯ ᠮᠠᠨ ᠤ ᠪᠠᠶᠢᠭᠤᠯᠭ᠎ᠠ ᠶᠢᠨ ᠬᠠᠮᠤᠭ ᠤᠨ | ᠰᠢᠯᠢᠳᠡᠭ᠂ ᠬᠠᠮᠤᠭ ᠤᠨ ᠭᠠᠪᠰᠢᠭᠠᠢ ᠭᠥᠳᠡᠯᠮᠥᠷᠢᠯᠡᠭᠴᠢ ᠰᠢᠦ︾ ᠭᠡᠪᠡ᠃ ᠵᠣ ᠳᠠᠷᠤᠭ᠎ᠠ ᠶᠡᠭᠡ ᠭᠠᠶᠢᠬᠠᠨ ︽ ᠶᠠᠭᠠᠬᠢᠭᠠᠳ ᠪᠤᠢ︖︾ ᠭᠡᠪᠡᠯ᠂ ᠠᠴᠢᠲᠤ᠄ | ︽ᠪᠢ᠂ ᠵᠣ ᠳᠠᠷᠤᠭ᠎ᠠ ᠳᠤ ᠵᠠᠷᠢᠮ ᠤᠴᠢᠷ ᠢ ᠬᠡᠯᠡᠵᠦ ᠪᠣᠯᠬᠤ ᠦᠦ︖ ᠦᠭᠡ ᠲᠣᠭᠤᠭᠰᠠᠨ ᠰᠢᠦ ᠶᠠᠭᠤᠮ᠎ᠠ ᠪᠣᠯᠴᠢᠬᠠᠬᠤ ᠪᠢᠰᠢ ᠪᠠ︖︾ ᠭᠡᠪᠡᠯ᠂ ᠵᠣ | ᠳᠠᠷᠤᠭ᠎ᠠ ᠄ ︽ᠬᠠᠮᠢᠶ᠎ᠡ ᠦᠭᠡᠢ ᠃ ᠬᠡᠯᠡ᠂ ᠬᠡᠯᠡ᠃ ᠥᠨᠡᠨ ᠪᠠᠶᠢᠳᠠᠯ ᠢ ᠥᠨᠡᠨ ᠢᠶᠠᠷ ᠨᠢ ᠬᠡᠯᠡ︾ ᠭᠡᠪᠡᠯ᠂ ᠠᠴᠢᠲᠤ ᠡᠭ ᠮᠡᠭ ᠭᠡᠭᠰᠡᠭᠡᠷ᠄ ︽ᠵᠣ ᠳᠠᠷᠤᠭ᠎ᠠ ᠡ᠂ | ᠮᠠᠨ ᠤ ᠪᠠᠶᠢᠭᠤᠯᠭ᠎ᠠ ᠳᠤ ︿ ᠮᠡᠷᠭᠡᠯᠡᠭᠡᠳ﹀ ᠪᠠᠶᠢᠳᠠᠭ ᠴᠥᠭᠡᠨ ᠭᠡᠳᠦᠨ ᠭᠥᠮᠥᠨ ᠪᠠᠶᠢᠳᠠᠭ ᠰᠢᠦ᠃ ᠳᠠᠷᠤᠭ᠎ᠠ ᠦᠭᠡᠢ ᠪᠣᠯᠣᠭᠰᠠᠭᠠᠷ ᠶᠠᠭᠤ ᠴᠦ ᠬᠢᠳᠡᠭ ᠦᠭᠡᠢ᠂ | ᠬᠤᠭᠤᠰᠣᠨ ᠦᠭᠡ ᠬᠡᠯᠡᠯᠴᠡᠭᠡᠳ ᠵᠦᠭᠡᠷ ᠰᠠᠭᠤᠭᠠᠳ ᠯᠠ ᠪᠠᠶᠢᠳᠠᠭ᠃ ᠳᠠᠷᠤᠭ᠎ᠠ ᠶᠢᠨ ᠪᠠᠷ᠎ᠠ ᠶᠢ ᠬᠤᠯᠠ ᠠᠴᠠ ᠥᠵᠡᠮᠡᠭᠴᠡ ᠬᠤᠰ ᠬᠠᠰ ᠥᠰᠥᠷᠥᠨ ᠪᠣᠰᠴᠤ | ᠢᠷᠡᠭᠡᠳ ᠄ ︽ᠦᠢ᠂ ᠵᠤᠰᠠᠨᠠ ᠡ ᠂ ᠴᠢ ᠠᠮᠠᠷᠠᠯᠲᠠ ᠦᠭᠡᠢ᠂ ᠠᠪ ᠰᠠᠪ ᠦᠭᠡᠢ᠂ ᠴᠣᠬᠤᠮ ᠰᠠᠶᠢᠨ ᠬᠢᠯ᠎ᠡ᠃ ᠣᠳᠤ ᠵᠢᠭᠠᠬᠠᠨ ᠠᠮᠠᠷᠠᠵᠤ ᠪᠣᠯᠣᠨ᠎ᠠ﹀ | ᠭᠡᠭᠰᠡᠭᠡᠷ ᠭᠥᠷᠵᠡ᠂ ᠰᠢᠷᠪᠢᠬᠦᠯ ᠢ ᠨᠢ ᠪᠤᠯᠢᠶᠠᠯᠳᠤᠨ ᠠᠪᠤᠭᠠᠳ ᠠᠪ ᠰᠠᠪ ᠦᠭᠡᠢ ᠬᠢᠳᠡᠭ ᠶᠤᠮ ᠰᠢᠦ᠃ ᠳᠠᠷᠤᠭ᠎ᠠ ᠶᠠᠪᠤᠯ᠎ᠠ ᠭᠡᠭᠰᠡᠭᠡᠷ ᠬᠦᠷᠵᠡ᠂ ᠰᠢᠷᠪᠢᠭᠦᠯ ᠢᠶᠠᠨ | ᠴᠣᠬᠢᠴᠢᠬᠠᠭᠠᠳ ᠵᠦᠭᠡᠷ ᠰᠠᠭᠤᠵᠠᠭᠠᠳᠠᠭ᠃ ᠳᠡᠭᠡᠷ᠎ᠡ ᠤᠳᠠᠭ᠎ᠠ ᠬᠡᠷᠡᠮ ᠠᠴᠠ ᠥᠡᠳᠥᠷ ᠮᠠᠩᠬ᠎ᠠ ᠶᠢ ᠲᠡᠭᠰᠢᠯᠡᠬᠦ ᠳᠤ ᠶᠡᠭᠡ ᠬᠠᠭᠠᠰ ᠢ ᠨᠢ ᠵᠤᠰᠠᠨᠠ ᠮᠠᠯᠲᠠᠭᠰᠠᠨ | ᠶᠤᠮ ᠰᠢᠦ᠃ ᠡᠨᠡ ᠳᠣᠮᠳᠠ ᠭᠥᠷᠵᠡᠨ ᠡᠰᠢ ᠨᠢ ᠬᠤᠭᠤᠷᠣᠭᠠᠳ ᠵᠤᠰᠠᠨᠠ ᠶᠢᠨ ᠵᠡᠭᠦᠨ ᠠᠯᠠᠭᠠᠨ ᠳᠤ ᠨᠢ ᠪᠥᠳᠥᠭᠦᠨ ᠰᠢᠯᠭᠡᠳᠡᠰᠦ ᠭᠦᠨ ᠬᠠᠳᠬᠤᠨ ᠣᠷᠣᠭᠰᠠᠨ | ᠲᠤᠯᠠ ︿ᠮᠡᠰᠡᠨ ᠵᠠᠰᠠᠯ﹀ ᠬᠢᠯᠭᠡᠵᠤ ᠠᠪᠤᠭᠤᠯᠤᠭᠰᠠᠨ ᠶᠤᠮ᠃ ᠵᠤᠰᠠᠨᠠ ᠶᠢᠨ ᠵᠡᠭᠦᠨ ᠭᠠᠷ ᠨᠢ ᠣᠳᠤ ᠪᠣᠯᠲᠠᠯ᠎ᠠ ᠺᠤᠮᠫᠢᠥ᠋ᠲ᠋ᠧᠷ ᠳᠠᠷᠤᠵᠤ ᠲᠡᠶᠢᠯᠬᠦ ᠦᠭᠡᠢ | ᠪᠠᠶᠢᠭᠰᠠᠭᠠᠷ ᠃ ᠵᠤᠰᠠᠨᠠ ᠰᠢᠨ᠎ᠡ ᠢᠷᠡᠭᠰᠡᠨ ᠠᠵᠢᠯᠲᠠᠨ ᠪᠣᠯᠬᠤᠷ ᠠᠯᠢ ᠨᠢ ᠶᠠ ᠲᠡᠭᠦᠨ ᠳᠤ ᠵᠢᠭᠠᠬᠠᠨ ᠬᠠᠲᠠᠭᠤ ᠰᠢᠭ᠋ ᠬᠠᠨᠳᠣᠳᠠᠭ ᠶᠤᠮ ᠰᠢᠦ ︾ ᠭᠡᠪᠡ᠃ | | ᠵᠣ ᠳᠠᠷᠤᠭ᠎ᠠ ᠠᠴᠢᠲᠤ ᠶᠢᠨ ᠶᠠᠷᠢᠬᠤ ᠶᠢ ᠰᠣᠨᠣᠰᠣᠭᠠᠳ ᠲᠤᠯᠤᠭᠠᠢ ᠤᠷᠤᠭᠤ ᠪᠠᠨ ᠬᠦᠢᠲᠡᠨ ᠤᠰᠤ ᠴᠢᠳᠬᠤᠭᠤᠯᠤᠭᠰᠠᠨ ᠮᠡᠳᠦ ᠪᠥᠬᠦ ᠪᠡᠶ᠎ᠡ ᠨᠢ | ᠳᠠᠭᠵᠢᠵᠤ ᠠᠪᠤᠪᠠ᠃ ᠵᠤ ᠳᠠᠷᠤᠭ᠎ᠠ ᠠᠴᠢᠲᠤ ᠶᠢᠨ ᠥᠭᠡᠳᠡ᠄ ︽ᠡᠶᠢᠮᠦ ᠪᠠᠶᠢᠭᠰᠠᠨ ᠶᠤᠮ ᠦᠦ︖︾ ᠭᠡᠰᠡᠨ ᠢᠶᠠᠨ ︽ᠶᠠᠪᠤᠭᠠᠷᠠᠢ ︾ ᠭᠡᠰᠡᠨ ᠭᠠᠷ ᠤᠨ | ᠲᠤᠬᠢᠶ᠎ᠡ ᠥᠭᠭᠦᠭᠰᠡᠨ ᠳᠤ ᠠᠴᠢᠲᠤ ᠭᠠᠷᠴᠤ ᠶᠠᠪᠤᠯ᠎ᠠ᠃ | ᠵᠤ ᠳᠠᠷᠤᠭ᠎ᠠ ᠭᠥᠡᠳᠥ ᠪᠣᠳᠤᠯ ᠳᠤ ᠳᠠᠷᠤᠭᠳᠠᠵᠤ ᠪᠠᠶᠢᠭᠰᠠᠨ ᠢᠶᠠᠨ ᠵᠤᠰᠠᠨᠠ ᠳᠤ ᠤᠲᠠᠰᠤ ᠠᠪᠴᠦ᠄ ︽ ᠮᠢᠨᠥ ᠠᠯᠪᠠᠨ ᠭᠡᠷ ᠲᠤ ᠢᠷᠡᠭᠡᠷᠡᠢ︾ ᠭᠡᠵᠦ | ᠰᠤᠯᠠᠪᠲᠤᠷᠬᠠᠨ ᠳᠣᠣᠭᠠᠷᠪᠠ᠃ ᠵᠤᠰᠠᠨᠠ ᠮᠠᠭᠤ ᠴᠢᠷᠠᠶᠢᠯᠠᠨ ᠤᠷᠤᠵᠤ ᠢᠷᠡᠭᠡᠳ ᠵᠤ ᠳᠠᠷᠤᠭ᠎ᠠ ᠶᠢᠨ ᠡᠮᠥᠨ᠎ᠡ ᠭᠠᠵᠠᠷ ᠬᠠᠷᠠᠨ ᠵᠣᠭᠰᠤᠴᠢᠬᠠᠪᠠ᠃ ᠵᠣ ᠲᠠᠷᠤᠭ᠎ᠠ᠄ | ︽ᠵᠤᠰᠠᠨᠠ ᠡ᠂ ᠲᠠ ᠪᠡᠭᠡᠯᠡᠢ ᠪᠠᠨ ᠠᠪᠴᠦ ᠬᠤᠶᠠᠷ ᠠᠯᠠᠭ᠎ᠠ ᠪᠠᠨ ᠳᠡᠯᠭᠡᠭᠡᠷᠡᠢ︾ ᠭᠡᠪᠡᠯ ᠵᠤᠰᠠᠨᠠ ᠠᠷᠭ᠎ᠠ ᠨᠢ ᠪᠠᠷᠠᠭᠳᠠᠨ ᠪᠡᠭᠡᠯᠡᠢ ᠪᠠᠨ ᠠᠪᠴᠦ ᠬᠤᠶᠠᠷ | ᠠᠯᠠᠭ᠎ᠠ ᠪᠠᠨ ᠳᠡᠯᠭᠡᠨ ᠥᠵᠡᠭᠦᠯᠪᠡ᠃ ᠵᠤ ᠳᠠᠷᠤᠭ᠎ᠠ ᠵᠤᠰᠠᠨᠠ ᠶᠢᠨ ᠬᠤᠶᠠᠷ ᠠᠯᠠᠭ᠎ᠠ ᠶᠢ ᠨᠢ ᠠᠳᠬᠤᠭᠠᠳ ᠲᠡᠮᠲᠡᠷᠢᠵᠤ ᠥᠵᠡᠭᠰᠡᠨ ᠳᠤ ᠵᠤᠰᠠᠨᠠ ᠬᠡᠤᠭᠡᠨ ᠤ | ᠬᠤᠶᠠᠷ ᠠᠯᠠᠭ᠎ᠠ ᠨᠢ ᠡᠪᠡᠷᠰᠢᠨ ᠬᠠᠲᠠᠭᠤᠷᠠᠵᠤ᠂ ᠶᠠᠷᠠᠰᠢᠵᠦ ᠪᠤᠭᠯᠠᠭᠠᠳ ᠣᠳᠤ ᠴᠠᠭ ᠤᠨ ᠬᠡᠤᠭᠡᠨ ᠭᠥᠮᠥᠨ ᠳᠤ ᠶᠡᠷᠦ ᠠᠴᠠ ᠪᠠᠶᠢᠵᠤ ᠪᠣᠯᠣᠰᠢ ᠦᠭᠡᠢ᠂ | ᠰᠠᠨᠠᠵᠤ ᠴᠦ ᠣᠯᠣᠰᠢ ᠦᠭᠡᠢ ᠂ ᠥᠯᠥ ᠲᠣᠬᠢᠷᠠᠬᠤ ᠬᠠᠲᠠᠭᠤ ᠰᠢᠷᠥᠬᠦᠨ ᠭᠠᠷ ᠪᠠᠶᠢᠯ᠎ᠠ᠃ ᠬᠦᠷᠵᠡᠨ ᠡᠰᠢᠨ ᠤ ᠪᠥᠲᠥᠭᠦᠨ ᠰᠢᠯᠭᠡᠳᠡᠰᠦ ᠬᠠᠳᠬᠤᠭᠰᠠᠨ ᠠᠴᠠ | ᠮᠡᠰᠡ ᠵᠠᠰᠠᠯ ᠬᠢᠯᠭᠡᠭᠰᠡᠨ ᠤᠷᠲᠤ ᠲᠤᠮᠤ ᠰᠤᠷᠪᠢ ᠨᠢ ᠶᠠᠭ ᠯᠠ ︽ᠥᠰᠥᠲᠦ ᠬᠠᠷ᠎ᠠ ᠬᠤᠷᠤᠬᠠᠢ ︾ ᠮᠡᠲᠦ ᠠᠶᠤᠳᠠᠰᠤ ᠲᠥᠷᠥᠭᠦᠯᠥᠨ ᠵᠢᠪᠡᠭᠦᠨ ᠬᠠᠷᠠᠭᠳᠠᠵᠤ | ᠪᠠᠶᠢᠯ᠎ᠠ᠃ ᠵᠣ ᠳᠠᠷᠤᠭ᠎ᠠ ᠡᠨᠡ ᠪᠥᠬᠦᠨ ᠢ ᠨᠢ ᠥᠵᠡᠭᠡᠳ ᠡᠰᠡ ᠯᠠ ᠳᠠᠭᠤ ᠲᠠᠯᠪᠢᠨ ᠣᠬᠢᠯᠠᠴᠢᠬᠠᠬᠤ ᠠᠯᠳᠠᠯ᠎ᠠ᠃ ᠭᠡᠪᠡᠴᠤ ᠡᠷ᠎ᠡ ᠭᠥᠮᠥᠨ ᠤ ᠵᠣᠷᠢᠭ ᠢᠶᠠᠷ | ᠨᠢᠯᠪᠤᠰᠤ ᠪᠠᠨ ᠲᠣᠲᠣᠭᠰᠢ ᠪᠠᠨ ᠵᠠᠯᠭᠢᠯᠠᠨ᠄ ︽ ᠵᠤᠰᠠᠨᠠ ᠡ᠂ ᠴᠢ ᠭᠡᠷ ᠲᠡᠭᠡᠨ ᠭᠥᠳᠡᠯᠮᠥᠷᠢ ᠬᠢᠳᠡᠭ ᠦᠦ︖ ᠶᠠᠮᠠᠷ ᠶᠠᠮᠠᠷ ᠠᠵᠢᠯ ᠢ ᠬᠢᠵᠤ ᠴᠢᠳᠠᠳᠠᠭ ᠪᠤᠢ︖︾ | ᠭᠡᠪᠡᠯ᠂ ᠵᠤᠰᠠᠨᠠ᠄ ︽ᠵᠣ ᠳᠠᠷᠤᠭ᠎ᠠ ᠡ ᠂ ᠪᠢ ᠶᠠᠭᠤ ᠶᠢ ᠨᠢ ᠴᠦ ᠬᠢᠵᠦ ᠴᠢᠳᠠᠳᠠᠭ᠃ ᠲᠷᠠᠺᠲ᠋ᠣᠷ ᠵᠢᠯᠣᠭᠤᠳᠤᠨ ᠭᠠᠵᠠᠷ ᠲᠠᠷᠢᠵᠦ ᠴᠢᠳᠠᠨ᠎ᠠ᠂ ᠮᠠᠰᠢᠨ ᠢᠶᠠᠷ | ᠡᠪᠡᠰᠦ ᠬᠠᠳᠤᠵᠤ ᠴᠢᠳᠠᠨ᠎ᠠ᠂ ᠮᠠᠰᠢᠨ ᠢᠶᠠᠷ ᠡᠪᠡᠰᠦ ᠪᠣᠷᠳᠤᠭ᠎ᠠ ᠨᠠᠶᠢᠷᠠᠭᠤᠯᠤᠨ ᠮᠠᠯ ᠰᠥᠷᠥᠭ ᠢᠶᠠᠨ ᠪᠣᠷᠲᠣᠵᠤ ᠴᠢᠳᠠᠨ᠎ᠠ᠂ ᠡᠪᠳᠡᠷᠡᠭᠰᠡᠨ ᠮᠠᠰᠢᠨ ᠲᠣᠨᠣᠭᠯᠠᠯ ᠢ | ᠴᠦ ᠰᠡᠯᠪᠢᠨ ᠵᠠᠰᠠᠵᠤ ᠴᠢᠳᠠᠨ᠎ᠠ᠃ ᠢᠮᠠᠭ᠎ᠠ ᠪᠠᠨ ᠰᠠᠮᠨᠠᠵᠤ᠂ ᠬᠤᠨᠢ ᠪᠠᠨ ᠬᠠᠶᠢᠴᠢᠯᠠᠵᠤ ᠴᠢᠳᠠᠨ᠎ᠠ᠂ ᠲᠥᠯ ᠲᠤᠰᠴᠤ ᠂ ᠰᠦ ᠰᠠᠭᠠᠯᠢ ᠪᠠᠷᠢᠵᠤ ᠴᠢᠳᠠᠨ᠎ᠠ᠃ | ᠮᠥᠮᠥ ᠪᠠᠨ ᠬᠠᠪᠰᠤᠷᠤᠨ ᠶᠠᠭᠤ ᠶᠢ ᠨᠢ ᠴᠦ ᠬᠢᠳᠡᠭ ᠃ ᠪᠢ ᠮᠠᠨ ᠤ ᠭᠡᠷ ᠤᠨ ᠭᠠᠭᠴᠠ ᠭᠡᠤᠭᠡᠨ ᠶᠤᠮ︾ ᠭᠡᠪᠡ᠃ ᠵᠣ ᠳᠠᠷᠤᠭ᠎ᠠ ᠭᠠᠶᠢᠬᠠᠰᠢ ᠲᠥᠷᠥᠨ ᠄ | ︽ᠠᠪᠡᠢ ᠴᠢᠨᠢ ᠶᠠᠭᠤ ᠬᠢᠵᠤ ᠴᠢᠳᠠᠳᠠᠭ ᠪᠤᠢ︖︾ ᠭᠡᠪᠡᠯ᠂ ᠵᠤᠰᠠᠨᠠ ᠭᠡᠤᠭᠡᠨ ᠳᠣᠭᠤᠢ ᠵᠣᠭᠰᠣᠵᠤ ᠪᠠᠶᠢᠭᠰᠠᠨ ᠢᠶᠠᠨ ᠭᠡᠨᠡᠳᠲᠡ ᠄ ︽ᠮᠢᠨᠥ ᠠᠪᠡᠢ ᠨᠠᠮ᠎ᠠ ᠶᠢ | ᠪᠠᠭ᠎ᠠ ᠪᠠᠶᠢᠬᠤ ᠳᠤ ᠦᠭᠡᠢ ᠪᠣᠯᠴᠢᠬᠠᠭᠰᠠᠨ︾ ᠭᠡᠳ ᠮᠡᠭᠰᠢᠨ ᠣᠬᠢᠯᠠᠵᠤ ᠨᠢᠯᠪᠤᠰᠤ ᠪᠠᠨ ᠠᠷᠴᠢᠵᠤ ᠯᠠ ᠪᠠᠶᠢᠯ᠎ᠠ᠃ ᠵᠣ ᠳᠠᠷᠤᠭ᠎ᠠ᠄ ︽ᠡᠶᠢᠮᠦ ᠪᠠᠶᠢᠭᠰᠠᠨ ᠶᠤᠮ | ᠦᠦ︖ ᠵᠤᠰᠠᠨᠠ ᠡ᠂ ᠠᠯᠪᠠᠨ ᠭᠡᠷ ᠲᠡᠭᠡᠨ ᠪᠤᠴᠠᠭᠠᠳ ᠤᠯᠠᠮ ᠰᠠᠶᠢᠨ ᠠᠵᠢᠯᠯᠠᠭᠠᠷᠠᠢ︾ ᠭᠡᠳ ᠵᠤᠰᠠᠨᠠ ᠬᠡᠤᠭᠡᠨ ᠤ ᠮᠥᠷᠥ ᠶᠢ ᠨᠢ ᠭᠥᠩᠭᠡᠭᠡᠨ ᠲᠥᠰᠢᠵᠦ ᠠᠯᠪᠠᠨ | ᠭᠡᠷ ᠠᠴᠠ ᠪᠠᠨ ᠦᠳᠡᠨ ᠭᠠᠷᠭᠠᠪᠠ᠃ ᠵᠣ ᠳᠠᠷᠤᠭ᠎ᠠ ᠠᠯᠪᠠᠨ ᠭᠡᠷ ᠤᠨ ᠢᠶᠠᠨ ᠡᠭᠦᠳᠡ ᠶᠢ ︽ ᠴᠥᠳᠡᠵᠦ︾ ᠲᠠᠯᠪᠢᠴᠢᠬᠠᠭᠠᠳ ᠳᠡᠰᠬᠡᠯ ᠦᠭᠡᠢ ᠨᠢᠯᠪᠤᠰᠤ ᠤᠨᠠᠭᠠᠨ | ᠣᠬᠢᠯᠠᠬᠤ ᠳᠠᠭᠠᠨ᠄ ︽ ᠨᠠᠳᠠ ᠳᠤ ᠨᠤᠶᠠᠠᠴᠢ ᠰᠤᠷᠲᠠᠯ ᠭᠥᠡᠳᠥ ᠨᠣᠴᠢᠲᠠᠢ ᠣᠷᠣᠰᠢᠵᠤ ᠪᠠᠶᠢᠵᠠᠢ᠂ ᠪᠢ ᠥᠩᠭᠡᠨ ᠲᠠᠯ᠎ᠠ ᠶᠢ ᠨᠢ ᠬᠠᠷᠠᠭᠠᠳ ᠥᠨᠡᠨ ᠪᠠᠶᠢᠳᠠᠯ ᠢ | ᠣᠭᠲᠣ ᠮᠡᠳᠡᠬᠦ ᠦᠭᠡᠢ ᠪᠠᠶᠢᠵᠠᠢ᠃ ᠪᠠᠶᠢᠴᠠᠭᠠᠨ ᠰᠣᠳᠣᠯᠣᠯᠲᠠ ᠬᠢᠭᠰᠡᠨ ᠦᠭᠡᠢ ᠪᠠᠷ ᠵᠤᠰᠠᠨᠠ ᠭᠡᠤᠬᠡᠨ ᠢ ᠴᠣᠬᠤᠮ ᠨᠢᠭᠡ ᠬᠢᠯᠢᠰᠳᠡᠬᠦᠯᠵᠡᠢ᠃ ᠵᠤᠰᠠᠨᠠ | ᠭᠡᠤᠭᠡᠨ ᠤᠤᠯ ᠠᠴᠠ ᠪᠠᠨ ᠰᠢᠯᠢᠳᠡᠭ ᠰᠠᠶᠢᠨ ᠭᠥᠳᠡᠯᠮᠥᠷᠢᠯᠡᠭᠴᠢ᠂ ᠤᠳᠣ ᠴᠠᠭ ᠤᠨ ᠣᠯᠠᠨ ᠠᠷᠪᠢᠨ ᠮᠠᠰᠢᠨ ᠲᠣᠨᠣᠭᠯᠠᠯ ᠢ ᠡᠵᠡᠮᠰᠢᠨ ᠬᠡᠷᠡᠭᠯᠡᠬᠦ᠂ ᠮᠥᠨ ᠴᠦ | ᠰᠡᠯᠪᠢᠨ ᠵᠠᠰᠠᠵᠤ ᠴᠢᠳᠠᠳᠠᠭ ᠴᠢᠳᠠᠪᠤᠷᠢᠲᠠᠨ ᠪᠠᠶᠢᠵᠠᠢ᠃ ᠠᠪᠡᠢ ᠪᠠᠨ ᠡᠷᠲᠡ ᠠᠯᠲᠠᠭᠰᠠᠨ ᠥᠨᠥᠴᠢᠨ ᠭᠡᠤᠭᠡᠨ ᠪᠠᠶᠢᠵᠤ ᠰᠢᠦ ᠃ ᠮᠠᠨ ᠤ ᠪᠠᠶᠢᠭᠤᠯᠭ᠎ᠠ ᠳᠤ | ᠮᠢᠨᠥ ᠥᠢᠯᠠᠭᠠᠵᠤ ᠮᠡᠳᠡᠭᠡᠲᠦᠢ᠂ ᠢᠯᠡᠷᠡᠭᠦᠯᠵᠦ ᠲᠡᠶᠢᠯᠥᠭᠡᠲᠦᠢ ᠥᠭᠡᠷ᠎ᠡ ᠪᠠᠰᠠ ᠮᠠᠰᠢ ᠠᠷᠪᠢᠨ ᠤᠴᠢᠷ ᠨᠢᠭᠤᠭᠳᠠᠵᠤ ᠪᠠᠶᠢᠵᠤ ᠮᠡᠳᠡᠨ᠎ᠡ᠃ ᠰᠠᠶᠢᠨ ᠭᠥᠮᠥᠨ ᠢ | ᠭᠤᠮᠣᠳᠠᠭᠠᠵᠤ ᠪᠣᠯᠬᠤ ᠦᠭᠡᠢ᠂ ᠰᠠᠶᠢᠨ ᠤ ᠬᠠᠷᠢᠭᠤ ᠶᠢ ᠨᠢ ᠵᠠᠪᠠᠯ ᠣᠯᠭᠤᠬᠤ ᠭᠡᠷᠡᠭᠲᠡᠢ︾ ᠭᠡᠳ ᠰᠢᠷᠡᠭᠡ ᠪᠠᠨ ᠲᠥᠰᠢᠨ ᠨᠢᠯᠪᠤᠰᠤ ᠪᠠᠨ ᠠᠷᠴᠢᠨ ᠪᠣᠳᠣᠯᠭ᠎ᠠ | ᠪᠣᠯᠵᠤ ᠵᠣᠭᠰᠤᠵᠤ ᠪᠠᠶᠢᠲᠠᠯ᠎ᠠ ︽ᠠᠯᠪᠠᠨ ᠤᠲᠠᠰᠤ ︾ ᠨᠢ ᠳᠤᠤᠭᠠᠷᠪᠠ ᠃ ᠵᠣ ᠳᠠᠷᠤᠭ᠎ᠠ ᠤᠲᠠᠰᠤ ᠪᠠᠨ ᠲᠤᠰᠪᠠᠯ᠄ ︽ ᠵᠣ ᠳᠠᠷᠤᠭ᠎ᠠ ᠰᠠᠶᠢᠨ ᠪᠠᠶᠢᠨ᠎ᠠ ᠦᠦ︕ | ᠪᠢ ᠰᠢᠯᠢ ᠶᠢᠨ ᠤᠰᠤ ᠭᠠᠴᠠᠭᠠᠨ ᠤ ᠨᠠᠮ ᠤᠨ ᠡᠭᠦᠷ ᠤᠨ ᠱᠥᠵᠢ ᠪᠠᠶᠠᠷᠲᠤ ᠪᠠᠶᠢᠨ᠎ᠠ᠃ ᠵᠣ ᠳᠠᠷᠤᠭ᠎ᠠ ᠡ᠂ ᠮᠠᠨ ᠤ ᠭᠠᠴᠠᠭᠠᠨ ᠤ ᠵᠤᠰᠠᠨᠠ ᠬᠡᠰᠡᠨ ᠬᠡᠤᠭᠡᠨ ᠲᠠᠨ ᠤ | ᠪᠠᠶᠢᠭᠤᠯᠭ᠎ᠠ ᠳᠤ ᠠᠵᠢᠯᠯᠠᠵᠤ ᠪᠠᠶᠢᠬᠤ ᠮᠥᠨ ᠦᠦ︖︾ ᠭᠡᠪᠡ᠃ ᠵᠣ ᠳᠠᠷᠤᠭ᠎ᠠ ︽ᠲᠡᠶᠢᠮᠦ ᠡ︾ ᠭᠡᠪᠡᠯ᠂ ᠪᠠᠶᠠᠷᠲᠤ ᠱᠥᠵᠢ᠄ ︽ᠵᠣ ᠳᠠᠷᠤᠭ᠎ᠠ ᠡ᠂ ᠪᠢ | ᠲᠠᠨ ᠳᠤ ᠡᠶᠢᠮᠦ ᠨᠢᠭᠡᠨ ᠤᠴᠢᠷ ᠢ ᠮᠡᠳᠡᠭᠲᠡᠶᠡ᠃ ᠮᠠᠨ ᠤ ᠭᠠᠴᠠᠭᠠᠨ ᠳᠤ ᠨᠠᠰᠤᠡᠮᠢᠳᠤᠭ ᠭᠡᠰᠡᠨ ᠰᠠ ᠡᠪᠡᠳᠴᠢᠨ ᠲᠠᠢ ᠡᠵᠢ ᠪᠤᠢ ᠃ ᠵᠤᠰᠠᠨᠠ ᠭᠡᠤᠭᠡᠨ ᠤ ᠬᠥᠳᠡᠭᠡ | ᠭᠡᠷ ᠲᠠᠢ ᠨᠢ ᠥᠢᠷᠠᠬᠠᠨ ᠰᠠᠭᠤᠵᠤ ᠪᠠᠶᠢᠳᠠᠭ᠃ ᠵᠤᠰᠠᠨᠠ ᠭᠡᠤᠬᠡᠨ ᠠᠵᠢᠯ ᠳᠤ ᠤᠷᠤᠭᠰᠠᠨ ᠠᠴᠠ ᠨᠠᠭᠠᠰᠢ ᠰᠠᠷ᠎ᠠ ᠪᠥᠷᠢ ᠶᠢᠨ ᠴᠠᠯᠢᠩ ᠢᠶᠠᠨ ᠠᠪᠤᠮᠠᠭᠴᠠ | ᠨᠠᠰᠤᠡᠮᠢᠳᠤᠭ ᠡᠵᠢ ᠳᠤ ᠲᠠᠪᠢᠨ ᠵᠣᠭᠤᠰ ᠳᠡᠮᠵᠢᠵᠤ ᠪᠠᠶᠠᠷᠯᠠᠭᠤᠯᠤᠭᠰᠠᠭᠠᠷ ᠢᠷᠡᠵᠡᠢ ᠃ ᠢᠳᠡᠵᠦ ᠤᠤᠭᠤᠬᠤ ᠵᠦᠢᠯ ᠠᠪᠴᠦ ᠥᠭᠭᠦᠭᠰᠡᠨ ᠢ ᠨᠢ ᠨᠤᠭᠤᠯᠵᠤ | ᠪᠣᠳᠣᠪᠠᠯ ᠰᠠᠷ᠎ᠠ ᠪᠥᠷᠢ ᠵᠠᠭᠤ ᠭᠠᠷᠤᠢ ᠵᠣᠭᠤᠰ ᠵᠠᠷᠤᠴᠠᠭᠤᠯᠵᠤ ᠢᠷᠡᠵᠡᠢ᠃ ᠡᠨᠡ ᠤᠴᠢᠷ ᠢ ᠪᠢᠳᠡ ᠣᠭᠲᠣ ᠮᠡᠳᠡᠭᠰᠡᠨ ᠦᠭᠡᠢ ᠪᠠᠶᠢᠯ᠎ᠠ᠃ ᠳᠡᠭᠡᠷ᠎ᠡ ᠭᠠᠷᠠᠭ ᠮᠠᠨ ᠤ | ᠭᠠᠴᠠᠭᠠᠨ ᠤ ᠪᠥᠷᠢᠯᠳᠥᠭᠦᠨ ᠨᠠᠷ ᠡᠷᠬᠢᠵᠦ ᠥᠵᠡᠬᠦ ᠪᠠᠷ ᠣᠴᠢᠭᠰᠠᠨ ᠳᠤ ᠨᠠᠰᠤᠡᠮᠢᠳᠤᠭ ᠡᠵᠢ ᠠᠯᠴᠢᠭᠤᠷ ᠲᠠᠭᠠᠨ ᠴᠤᠭᠯᠠᠵᠤ ᠲᠠᠯᠪᠢᠭᠰᠠᠨ ᠵᠤᠰᠠᠨᠠ ᠬᠡᠤᠭᠡᠨ ᠤ | ᠥᠭᠭᠦᠭᠰᠡᠨ ᠵᠣᠭᠤᠰ ᠢᠶᠠᠨ ᠮᠠᠨᠤᠰ ᠲᠤ ᠭᠠᠷᠭᠠᠨ ᠥᠵᠡᠬᠦᠯᠵᠦ᠄ ︽ᠮᠠᠨ ᠤ ᠪᠠᠷᠠᠭᠤᠨ ᠠᠶᠢᠯ ᠤᠨ ᠵᠤᠰᠠᠨᠠ ᠬᠡᠤᠭᠡᠨ ᠴᠣᠬᠤᠮ ᠤᠬᠠᠭᠠᠨ ᠲᠠᠢ᠂ ᠰᠠᠶᠢᠨ ᠭᠡᠤᠭᠡᠨ | ᠰᠢᠦ︾ ᠭᠡᠵᠦ ᠵᠤᠰᠠᠨᠠ ᠭᠡᠤᠭᠡᠨ ᠤ ᠲᠣᠬᠠᠢ ᠮᠠᠰᠢ ᠠᠷᠪᠢᠨ ᠰᠡᠳᠭᠢᠯ ᠭᠥᠳᠡᠯᠭᠡᠭᠰᠡᠨ ᠥᠢᠯᠡ ᠠᠵᠢᠯᠯᠠᠭ᠎ᠠ ᠶᠢ ᠨᠢ ᠲᠣᠭᠠᠴᠠᠨ ᠶᠠᠷᠢᠭᠠᠳ ᠪᠠᠶᠠᠷᠯᠠᠬᠤ ᠳᠠᠭᠠᠨ | ᠣᠬᠢᠯᠠᠵᠤ ᠪᠠᠶᠢᠯ᠎ᠠ ᠃ ᠨᠠᠰᠤᠡᠮᠢᠳᠤᠭ ᠡᠵᠢ᠄ ︽ ᠵᠤᠰᠠᠨᠠ ᠭᠡᠤᠭᠡᠨ ᠪᠠᠰᠠ ᠨᠠᠳᠠ ᠳᠤ ᠡᠶᠢᠮᠦ ᠨᠢᠭᠡᠨ ︿ᠢᠯᠢᠨ ᠨᠤᠬᠤᠯᠠᠬᠤ ᠵᠢᠵᠢᠭ ᠮᠠᠰᠢᠨ﹀ ᠠᠪᠴᠦ ᠥᠭᠪᠡ᠃ | ᠬᠠᠭᠠᠰ ᠵᠢᠯ ᠰᠢᠬᠠᠮ ᠵᠠᠷᠤᠭᠰᠠᠨ ᠠᠴᠠ ᠮᠢᠨᠥ ᠬᠤᠶᠠᠷ ᠭᠠᠷ ᠤᠨ ᠭᠡᠳᠦᠨ ᠬᠤᠷᠤᠭᠤ ᠤᠳᠣ ᠬᠠᠷᠢᠨ ᠬᠠᠩᠭᠢ ᠭᠥᠳᠡᠯᠳᠡᠭ ᠪᠣᠯᠣᠯ᠎ᠠ ᠰᠢᠦ ︾ ᠭᠡᠵᠦ ᠵᠣᠰᠠᠨᠠ | ᠭᠡᠤᠭᠡᠨ ᠢ ᠠᠮᠠᠯᠠᠬᠤ ᠶᠢᠨ ᠲᠤᠭ᠎ᠠ ᠪᠠᠷ ᠨᠢᠯᠪᠤᠰᠤ ᠤᠨᠠᠭᠠᠵᠤ ᠪᠠᠶᠢᠯ᠎ᠠ᠃ ᠨᠠᠰᠤᠡᠮᠢᠳᠤᠭ ᠡᠵᠢ ᠶᠢᠨ ᠭᠥᠰᠡᠯ ᠢ ᠥᠡᠳᠥᠰᠥᠯᠡᠨ᠂ ᠮᠠᠨ ᠤ ᠭᠠᠴᠠᠭᠠᠨ ᠤ ᠨᠠᠮ ᠤᠨ ᠡᠭᠦᠷ | ᠪᠣᠯᠣᠨ ᠭᠠᠴᠠᠭᠠᠨ ᠤ ᠵᠥᠪᠯᠡᠯ ᠠᠴᠠ ᠶᠠᠷᠢᠯᠴᠠᠭᠠᠳ ᠰᠢᠯᠢ ᠶᠢᠨ ᠤᠰᠤ ᠭᠠᠴᠠᠭᠠᠨ ᠤ ᠨᠡᠷ᠎ᠡ ᠪᠠᠷ ᠵᠤᠰᠠᠨᠠ ᠭᠡᠤᠬᠡᠨ ᠳᠤ ︿ᠬᠡᠮᠡᠷᠯᠢᠭ ᠲᠤᠭ ﹀ ᠪᠣᠯᠣᠨ | ᠳᠤᠷᠠᠰᠬᠠᠯ ᠤᠨ ᠪᠤᠳᠠᠰ ᠭᠥᠷᠬᠡᠵᠦ ᠵᠣᠷᠢᠭᠵᠢᠭᠤᠯᠬᠤ ᠪᠠᠷ ᠲᠣᠭᠲᠠᠯ᠎ᠠ᠃ ᠮᠠᠨ ᠤ ᠭᠠᠴᠠᠭᠠᠨ ᠠᠴᠠ ᠵᠤᠰᠠᠨᠠ ᠭᠡᠰᠡᠨ ᠡᠶᠢᠮᠦ ᠨᠢᠭᠡᠨ ᠰᠠᠶᠢᠨ ᠭᠡᠤᠭᠡᠨ ᠭᠠᠷᠪᠠ᠃ | ᠲᠠᠨ ᠤ ᠪᠠᠶᠢᠭᠤᠯᠭ᠎ᠠ ᠴᠦ ᠵᠤᠰᠠᠨᠠ ᠭᠡᠰᠡᠨ ᠡᠶᠢᠮᠦ ᠨᠢᠭᠡᠨ ᠰᠠᠶᠢᠨ ᠠᠵᠢᠯᠲᠠᠨ ᠲᠠᠢ ᠪᠣᠯᠪᠠ᠃ ᠡᠨᠡ ᠨᠢ ᠮᠠᠨ ᠤ ᠭᠠᠴᠠᠭ᠎ᠠ ᠪᠣᠯᠣᠨ ᠲᠠᠨ ᠪᠠᠶᠢᠭᠤᠯᠭ᠎ᠠ ᠶᠢᠨ | ᠬᠠᠮᠲᠤ ᠶᠢᠨ ᠣᠮᠣᠭᠰᠢᠯ ᠮᠥᠨ ︕ ᠦᠳᠡ ᠶᠢᠨ ᠬᠤᠶᠢᠨ᠎ᠠ ᠪᠢᠳᠡ ᠵᠤᠰᠠᠨᠠ ᠶᠢᠨ ᠮᠥᠮᠥ ᠶᠢ ᠨᠢ ᠳᠠᠭᠠᠭᠤᠯᠵᠤ ᠣᠴᠢᠬᠤ ᠪᠠᠷ ᠪᠣᠯᠪᠠ︾ ᠭᠡᠪᠡᠯ᠂ ᠵᠣ ᠳᠠᠷᠤᠭ᠎ᠠ᠄ | ︽ᠡᠶᠢᠮᠦ ᠪᠠᠶᠢᠭᠰᠠᠨ ᠶᠤᠮ ᠦᠦ︖ ᠪᠣᠯᠣᠨ᠎ᠠ᠂ ᠪᠣᠯᠣᠨ᠎ᠠ᠃ ᠪᠢ ᠦᠳᠡ ᠶᠢᠨ ᠬᠤᠶᠢᠨ᠎ᠠ ᠪᠠᠶᠢᠭᠤᠯᠭ᠎ᠠ ᠶᠢᠨ ᠶᠡᠭᠡ ᠬᠤᠷᠠᠯ ᠲᠠᠢ ᠭᠡᠵᠦ ᠠᠯᠪᠠᠨ ᠭᠡᠷ ᠲᠤ | ᠮᠡᠳᠡᠭᠳᠡᠴᠢᠭᠡᠶᠡ ︾ ᠭᠡᠳ ᠤᠲᠠᠰᠤ ᠪᠠᠨ ᠳᠠᠷᠤᠪᠠ᠃ | ᠵᠣ ᠳᠠᠷᠤᠭ᠎ᠠ ᠶᠢᠨ ᠨᠢᠭᠤᠷ ᠨᠢ ᠨᠢᠯᠴᠢᠬᠢᠨᠡᠵᠤ ᠡᠬᠢᠯᠡᠪᠡ᠃ ᠵᠣ ᠳᠠᠷᠤᠭ᠎ᠠ ᠬᠦᠢᠲᠡᠨ ᠤᠰᠤᠨ ᠳᠤ ᠠᠯᠴᠢᠭᠤᠷ ᠨᠣᠷᠭᠠᠵᠤ ᠨᠢᠭᠤᠷ ᠢᠶᠠᠨ ᠠᠷᠴᠢᠵᠤ ᠠᠪᠤᠭᠠᠳ | ᠠᠮᠠᠨ ᠲᠣᠲᠣᠷ᠎ᠠ ᠪᠠᠨ᠄ ︽ᠦᠳᠡ ᠶᠢᠨ ᠬᠤᠶᠢᠨ᠎ᠡ ᠶᠠᠪᠤᠭᠳᠠᠬᠤ ᠶᠡᠭᠡ ᠬᠤᠷᠠᠯ ᠳᠡᠭᠡᠷ᠎ᠡ ᠨᠢᠭᠡ ᠳᠤ᠂ ᠰᠢᠯᠢ ᠶᠢᠨ ᠤᠰᠣ ᠭᠠᠴᠠᠭᠠᠨ ᠠᠴᠠ ᠵᠣᠰᠠᠨᠠ ᠭᠡᠤᠬᠡᠨ ᠳᠤ | ︿ᠬᠡᠮᠡᠷᠯᠢᠭ ᠲᠤᠭ ᠪᠠ ᠳᠤᠷᠠᠰᠬᠠᠯ ᠤᠨ ᠪᠤᠳᠠᠰ﹀ ᠭᠠᠷᠳᠠᠭᠤᠯᠵᠤ᠂ ᠵᠣᠰᠠᠨᠠ ᠶᠢᠨ ᠰᠡᠳᠭᠢᠯ ᠭᠥᠳᠡᠯᠭᠡᠭᠰᠡᠨ ᠰᠠᠶᠢᠨ ᠥᠢᠯᠡ ᠠᠵᠢᠯᠯᠠᠭ᠎ᠠ ᠶᠢ ᠨᠢ ᠲᠠᠨᠢᠯᠴᠠᠭᠤᠯᠤᠨ᠎ᠠ᠃ | ᠬᠤᠶᠠᠷ ᠲᠤ᠂ ᠪᠢ ᠵᠣᠰᠠᠨᠠ ᠭᠡᠤᠭᠡᠨ ᠤ ᠬᠤᠶᠠᠷ ᠭᠠᠷ ᠢ ᠨᠢ ᠣᠯᠠᠨ ᠳᠤ ᠥᠵᠡᠭᠦᠯᠵᠦ᠂ ᠭᠥᠮᠥᠨ ᠪᠣᠯᠭᠠᠨ ᠢᠶᠠᠷ ᠪᠠᠷᠢᠭᠤᠯᠵᠤ᠂ ᠬᠥᠮᠥᠨ ᠪᠥᠬᠦᠨ ᠢᠶᠠᠷ | ᠲᠡᠮᠲᠡᠷᠢᠬᠦᠯᠵᠦ ᠥᠵᠡᠬᠦᠯᠥᠨᠡ᠃ ᠭᠤᠷᠪᠠ ᠳᠤ᠂ ᠪᠢ ᠪᠠᠶᠢᠴᠠᠭᠠᠨ ᠰᠣᠳᠣᠯᠣᠯᠲᠠ ᠬᠢᠭᠰᠡᠨ ᠦᠭᠡᠢ᠂ ᠥᠡᠳᠥᠰᠥ ᠪᠠᠷᠢᠮᠲᠠ ᠦᠭᠡᠢ ᠪᠠᠷ ᠵᠤᠰᠠᠨᠠ ᠭᠡᠤᠭᠡᠨ ᠢ | ᠬᠢᠯᠢᠰᠳᠡᠭᠦᠯᠥᠨ ᠰᠢᠭᠦᠮᠵᠢᠯᠡᠭᠰᠡᠨ ᠪᠥᠬᠦᠶᠢᠯᠡ ᠶᠠᠪᠤᠴᠠ ᠪᠠ ᠰᠢᠭᠦᠮᠵᠢᠯᠡᠭᠰᠡᠨ ᠠᠭᠤᠯᠭ᠎ᠠ ᠪᠠᠨ ᠣᠭᠲᠣ ᠨᠢᠭᠤᠯ ᠦᠭᠡᠢ ᠶᠠᠷᠢᠵᠤ᠂ ᠣᠯᠠᠨ ᠤ ᠡᠮᠥᠨ᠎ᠡ ᠵᠣᠷᠢᠭ | ᠲᠠᠢ ᠪᠠᠷ ᠪᠡᠶ᠎ᠡ ᠶᠢᠨ ᠪᠠᠶᠢᠴᠠᠭᠠᠯᠲᠠ ᠬᠢᠨ᠎ᠡ᠃ ᠲᠥᠷᠪᠡ ᠳᠤ᠂ ᠪᠠᠶᠢᠭᠤᠯᠭ᠎ᠠ ᠳᠠᠶᠠᠭᠠᠷ ᠲᠤ ᠵᠣᠰᠠᠨᠠ ᠭᠡᠤᠭᠡᠨ ᠤ ᠲᠡᠷᠢᠬᠦᠨ ᠤ ᠨᠡᠶᠢᠳᠡᠯᠢᠭ ᠥᠢᠯᠡ ᠠᠵᠢᠯᠯᠠᠭ᠎ᠠ | ᠠᠴᠠ ᠲᠠᠭᠠᠨ ᠰᠣᠷᠣᠯᠴᠠᠵᠤ᠂ ᠲᠡᠷᠢᠭᠦᠨ ᠤ ᠬᠢ ᠶᠢ ᠨᠢ ᠱᠠᠩᠨᠠᠨ ᠬᠥᠬᠢᠭᠦᠯᠵᠦ᠂ ᠨᠠᠵᠠᠭᠠᠢ ᠶᠢ ᠨᠢ ᠰᠢᠬᠦᠮᠵᠢᠯᠡᠨ ᠭᠥᠮᠥᠵᠢᠬᠦᠯᠵᠦ᠂ ᠠᠵᠢᠯ ᠥᠢᠯᠡᠰ ᠢᠶᠠᠨ | ᠳᠡᠭᠡᠲᠥᠯᠡᠵᠦ᠂ ᠠᠮᠵᠢᠯᠲᠠ ᠪᠥᠲᠥᠭᠡᠯ ᠭᠠᠷᠭᠠᠬᠤ ᠰᠢᠨ᠎ᠡ ᠥᠷᠨᠢᠯᠲᠡ ᠶᠢ ᠪᠤᠢ ᠪᠣᠯᠭᠠᠨ᠎ᠠ᠃ ᠲᠠᠪᠤ ᠳᠤ᠂ ᠤᠳᠤᠷᠢᠲᠤᠯᠭ᠎ᠠ ᠲᠡᠷᠢᠬᠦᠯᠡᠨ ᠨᠣᠶᠠᠠᠴᠢ ᠰᠤᠷᠲᠠᠯ ᠢ | ᠡᠰᠡᠷᠭᠦᠴᠡᠵᠦ᠂ ᠪᠡᠶ᠎ᠡ ᠪᠠᠷ ᠢᠶᠠᠨ ᠬᠡᠪ ᠲᠥᠷᠢᠮ ᠪᠣᠯᠵᠤ ᠭᠥᠳᠡᠯᠮᠥᠷᠢ ᠳᠤ ᠢᠳᠡᠪᠬᠢᠲᠡᠢ ᠤᠷᠤᠯᠴᠠᠨ᠎ᠠ᠃ ᠵᠢᠷᠭᠤᠭ᠎ᠠ ᠳᠤ᠂ ᠥᠨᠡᠨ ᠦᠭᠡ ᠬᠡᠯᠡᠵᠦ᠂ ᠥᠨᠡᠨ ᠠᠵᠢᠯ | ᠬᠢᠵᠦ᠂ ᠥᠨᠡᠨᠴᠢ ᠭᠥᠮᠥᠨ ᠪᠣᠯᠵᠤ ᠥᠩᠭᠡᠪᠴᠢ ᠥᠵᠡᠯ ᠢ ᠡᠰᠡᠷᠭᠦᠴᠡᠵᠦ᠂ ᠪᠠᠶᠢᠴᠠᠭᠠᠨ ᠰᠣᠳᠣᠯᠣᠯᠲᠠ ᠬᠢᠳᠡᠭ ᠠᠵᠢᠯ ᠤᠨ ᠰᠤᠷᠲᠠᠯ ᠢ ᠪᠤᠢ ᠪᠣᠯᠭᠠᠨ᠎ᠠ᠃ | ᠳᠣᠯᠤᠭ᠎ᠠ ᠳᠤ᠂ ᠭᠥᠮᠥᠨ ᠪᠥᠭᠦᠨ ᠤᠯᠤᠰ ᠲᠥᠷᠥ ᠶᠢ ᠡᠷᠬᠢᠮᠯᠡᠵᠦ᠂ ᠰᠠᠬᠢᠯᠭ᠎ᠠ ᠪᠠᠲᠤ ᠶᠢ ᠰᠠᠬᠢᠵᠤ᠂ ᠲᠤᠬᠠᠶᠢᠯᠠᠭᠰᠠᠨ ᠠᠵᠢᠯ ᠢᠶᠠᠨ ᠰᠠᠶᠢᠨ ᠬᠢᠵᠦ᠂ ᠨᠡᠶᠢᠲᠡ ᠶᠢᠨ | ᠭᠥᠳᠡᠯᠮᠥᠷᠢ ᠳᠤ ᠢᠳᠡᠪᠬᠢᠲᠡᠢ ᠣᠷᠣᠯᠴᠠᠵᠤ ᠵᠣᠷᠢᠭᠲᠠᠢ ᠡᠭᠦᠷᠭᠡᠯᠡᠨ᠂ ᠵᠣᠷᠢᠭᠲᠠᠢ ᠪᠡᠶᠡᠯᠡᠭᠦᠯᠳᠡᠭ ᠪᠠᠶᠢᠭᠤᠯᠭ᠎ᠠ ᠶᠢᠨ ᠰᠢᠨ᠎ᠡ ᠬᠡᠪ ᠰᠤᠷᠲᠠᠯ ᠢ ᠪᠥᠬᠦ ᠲᠠᠯ᠎ᠠ ᠪᠠᠷ | ᠪᠤᠢ ᠪᠣᠯᠭᠠᠨ᠎ᠠ︾ ᠭᠡᠵᠦ ᠶᠠᠷᠢᠶᠠᠨ ᠤ ᠰᠡᠲᠥᠪ ᠢᠶᠠᠨ ᠰᠡᠳᠭᠢᠯ ᠲᠣᠲᠣᠷ᠎ᠠ ᠪᠠᠨ ᠨᠠᠶᠢᠷᠠᠭᠤᠯᠤᠨ ᠪᠣᠯᠪᠠᠰᠤᠷᠠᠭᠤᠯᠵᠤ ᠠᠪᠤᠯ᠎ᠠ᠃ | ᠵᠣ ᠳᠠᠷᠤᠭ᠎ᠠ ᠡᠮᠥᠨᠡᠰᠢ ᠪᠠᠨ ᠠᠯᠬᠤᠯᠠᠨ ᠠᠯᠪᠠᠨ ᠭᠡᠷ ᠤᠨ ᠢᠶᠠᠨ ᠴᠤᠩᠬᠤ ᠶᠢ ᠨᠡᠭᠡᠭᠡᠭᠰᠡᠨ ᠳᠤ ᠰᠢᠨ᠎ᠡ ᠰᠣᠷᠭᠤᠭ ᠠᠭᠤᠷ ᠠᠮᠢᠰᠬᠤᠯ ᠰᠡᠩᠬᠢᠨᠡᠨ | ᠥᠯᠢᠶᠡᠵᠦ ᠢᠷᠭᠡᠳ ᠵᠣ ᠳᠠᠷᠤᠭ᠎ᠠ ᠶᠢᠨ ᠣᠷᠮ᠎ᠠ ᠰᠡᠳᠬᠢᠯᠭᠡ ᠶᠢ ᠨᠢ ᠶᠡᠬᠡᠪᠡᠷ ᠭᠥᠭᠵᠢᠭᠡᠵᠦ ᠪᠠᠶᠢᠯ᠎ᠠ ᠂᠂᠂᠂᠂ | ᠢᠷᠠᠯᠳᠠ᠄ ᠵᠤᠬᠢᠶᠠᠭᠴᠢ ᠠᠴᠠ | |