ᠣᠯᠵᠠᠴᠢ ᠪᠠᠯᠭᠠᠰᠣ ᠲᠠᠷᠢᠶᠠᠯᠠᠩ ᠤᠨ ᠪᠦᠲᠦᠬᠡᠭᠳᠡᠬᠦᠨ ᠤ ᠲᠦᠪᠯᠡᠷᠡᠩᠬᠦᠢ ᠪᠤᠷᠤᠯᠠᠭᠤᠯᠭ᠎ᠠ ᠶᠢᠨ ᠭᠠᠵᠠᠷ ᠢ ᠪᠠᠶᠢᠭᠤᠯᠵᠤ ᠬᠦᠳᠡᠭᠡ ᠲᠤᠰᠬᠤᠨ ᠢ ᠪᠦᠬᠦ ᠲᠠᠯ᠎ᠠ  ᠪᠠᠷ ᠬᠦᠭᠵᠢᠬᠦᠯᠦᠨ ᠮᠠᠨᠳᠣᠭᠤᠯᠬᠤ ᠳᠤ ᠬᠦᠴᠦᠨ ᠨᠡᠮᠡᠷᠢᠯᠡᠵᠦ ᠪᠤᠢ
ᠨᠡᠶᠢᠲᠡᠯᠡᠭᠰᠡᠨ ᠴᠠᠭ᠄
2025/4/24
     ᠣᠶᠢᠷ᠎ᠠ ᠶᠢᠨ ᠵᠢᠯ ᠠᠴᠠ ᠨᠠᠭᠠᠰᠢ᠂ ᠣᠯᠵᠠᠴᠢ ᠪᠠᠯᠭᠠᠰᠣ ᠬᠦᠳᠡᠭᠡ ᠲᠤᠰᠬᠤᠨ ᠢ ᠬᠦᠭᠵᠢᠬᠦᠯᠦᠨ ᠮᠠᠨᠳᠣᠭᠤᠯᠬᠤ ᠪᠠᠶᠢᠯᠳᠣᠬᠤ ᠪᠣᠳᠣᠯᠭ᠎ᠠ ᠶᠢᠨ ᠭᠤᠤᠯᠳᠠᠯᠭ᠎ᠠ  ᠶᠢᠨ ᠲᠤᠭᠤᠷᠢᠨ ᠳᠤ ᠡᠯ᠎ᠡ ᠲᠦᠷᠦᠯ ᠤᠨ ᠠᠵᠤ ᠦᠢᠯᠡᠰ ᠤᠨ ᠲᠦᠷᠦᠯ ᠵᠦᠢᠯ ᠤᠨ ᠣᠷᠣᠨᠵᠢᠭᠤᠯᠣᠯᠲᠠ ᠶᠢ ᠲᠠᠰᠣᠷᠠᠯᠲᠠ ᠦᠬᠡᠢ ᠠᠬᠢᠭᠤᠯᠵᠤ᠂ ᠠᠵᠤ ᠦᠢᠯᠡᠰ ᠤᠨ ᠬᠡᠯᠪᠡᠷᠢ ᠶᠢᠨ ᠬᠤᠪᠢᠷᠠᠭᠤᠯᠤᠯᠲᠠ ᠳᠡᠰ ᠳᠡᠪᠰᠢᠯᠲᠡ᠂ ᠰᠠᠭᠤᠷᠢ ᠳᠦᠬᠦᠬᠡᠷᠦᠮᠵᠢ ᠶᠢᠨ ᠴᠢᠨᠠᠷ ᠤᠨ ᠳᠡᠭᠡᠭᠰᠢᠯᠡᠬᠦᠯᠦᠯᠲᠡ᠂ ᠠᠷᠠᠳ ᠤᠨ ᠠᠮᠢᠳᠣᠷᠠᠯ ᠤᠨ ᠪᠠᠲᠤᠯᠠᠭ᠎ᠠ  ᠶᠢᠨ ᠳᠡᠭᠡᠭᠰᠢᠯᠡᠬᠦᠯᠦᠯᠲᠡ ᠶᠢ ᠲᠦᠷᠬᠡᠳᠬᠡᠨ᠂ ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ ᠶᠢ ᠲᠠᠰᠣᠷᠠᠯᠲᠠ ᠦᠬᠡᠢ ᠬᠦᠴᠦᠷᠬᠡᠭᠵᠢᠬᠦᠯᠬᠦ ᠶᠢ ᠪᠡᠶᠡᠯᠡᠬᠦᠯᠵᠦ᠂ ᠮᠠᠯᠴᠢᠨ ᠲᠠᠷᠢᠶᠠᠴᠢᠳ ᠤᠨ ᠣᠷᠣᠯᠭ᠎ᠠ ᠪᠠᠨ ᠨᠡᠮᠡᠭᠳᠡᠬᠦᠯᠦᠨ ᠪᠠᠶᠠᠵᠢᠬᠤ ᠠᠷᠭ᠎ᠠ ᠵᠠᠮ ᠢ ᠣᠯᠠᠮ ᠦᠷᠬᠡᠳᠬᠡᠨ᠂ ᠬᠦᠳᠡᠭᠡ ᠲᠤᠰᠬᠤᠨ ᠢ ᠬᠦᠭᠵᠢᠬᠦᠯᠦᠨ ᠮᠠᠨᠳᠣᠭᠤᠯᠬᠤ ᠬᠤᠷᠳᠣᠴᠠ ᠶᠢ ᠪᠦᠬᠦ ᠲᠠᠯ᠎ᠠ ᠪᠠᠷ ᠲᠦᠷᠬᠡᠳᠬᠡᠪᠡ᠃     ᠣᠯᠵᠠᠴᠢ ᠪᠠᠯᠭᠠᠰᠣᠨ ᠤ ᠶᠡᠭᠡ ᠲᠤᠯᠤᠨ ᠲᠤᠰᠬᠤᠨ ᠤ ᠲᠠᠷᠢᠶᠠᠯᠠᠩ ᠤᠨ ᠪᠦᠲᠦᠬᠡᠭᠳᠡᠬᠦᠨ ᠤ ᠲᠦᠪᠯᠡᠷᠡᠩᠬᠦᠢ ᠪᠤᠷᠤᠯᠠᠭᠤᠯᠭ᠎ᠠ ᠶᠢᠨ ᠭᠠᠵᠠᠷ ᠶᠡᠭᠡ ᠲᠤᠯᠤᠨ ᠲᠤᠰᠬᠤᠨ ᠳᠤ ᠪᠠᠶᠢᠷᠢᠯᠠᠵᠤ᠂ 2300 ᠳᠡᠭᠰᠢ ᠳᠦᠷᠪᠡᠯᠵᠢᠨ ᠮᠧᠲᠷ ᠲᠠᠯᠠᠪᠠᠢ ᠲᠠᠢ᠂ 12 ᠬᠦᠢᠲᠡᠨ ᠬᠦᠮᠦᠷᠭᠡ᠂ 1400 ᠳᠡᠭᠰᠢ ᠳᠦᠷᠪᠡᠯᠵᠢᠨ ᠮᠧᠲᠷ ᠤᠨ ᠰᠠᠷᠠᠪᠴᠢ ᠵᠢᠴᠢ ᠬᠠᠮᠢᠶᠠᠷᠤᠯᠲᠠ ᠶᠢᠨ ᠭᠡᠷ ᠲᠠᠢ ᠪᠠᠶᠢᠵᠦ᠂ ᠡᠳ᠋ᠰᠢᠬᠦᠯᠦᠯᠲᠡ ᠬᠦᠷᠦᠬᠡᠨ ᠬᠠᠳᠠᠭᠠᠯᠠᠯᠲᠠ᠂ ᠪᠠᠷᠠᠭᠠᠨ ᠤ ᠲᠡᠭᠡᠭᠡᠪᠦᠷᠢᠯᠡᠯᠲᠡ᠂ ᠲᠠᠷᠢᠶᠠᠯᠠᠩ ᠤᠨ ᠪᠦᠲᠦᠭᠡᠭᠳᠡᠬᠦᠨ ᠤ ᠠᠷᠠᠯᠵᠢᠶ᠎ᠠ ᠵᠡᠷᠭᠡ ᠣᠯᠠᠨ ᠵᠦᠢᠯ ᠤᠨ ᠴᠢᠳᠠᠮᠵᠢ ᠶᠢ ᠴᠤᠭᠴᠠᠵᠢᠭᠤᠯᠪᠠ᠃ ᠣᠳᠣᠬᠠᠨ ᠳᠤ᠂ ᠲᠠᠷᠢᠶᠠᠯᠠᠩ ᠤᠨ ᠪᠦᠲᠦᠬᠡᠭᠳᠡᠬᠦᠨ ᠤ ᠲᠦᠪᠯᠡᠷᠡᠩᠬᠦᠢ ᠪᠤᠷᠤᠯᠠᠭᠤᠯᠭ᠎ᠠ ᠶᠢᠨ ᠭᠠᠵᠠᠷ ᠤᠨ ᠨᠢᠬᠡᠳᠦᠬᠡᠷ ᠬᠤᠭᠤᠴᠠᠭᠠᠨ ᠤ ᠲᠦᠷᠦᠯ ᠵᠦᠢᠯ ᠢ ᠨᠢᠬᠡᠨᠲᠡ ᠪᠠᠶᠢᠭᠤᠯᠵᠤ᠂ ᠣᠶᠢᠷ᠎ᠠ ᠬᠠᠪᠢ ᠳᠤ ᠦᠢᠯᠡᠴᠢᠯᠡᠬᠦ᠂ ᠨᠢᠩᠰᠢᠶᠠ ᠱᠠᠨᠰᠢ ᠵᠡᠷᠭᠡ ᠭᠠᠵᠠᠷ ᠯᠤᠭ᠎ᠠ ᠶᠢᠨ ᠣᠷᠣᠨ ᠪᠦᠰᠡ ᠶᠢᠨ ᠴᠢᠨᠠᠷᠲᠠᠢ ᠠᠷᠠᠯᠵᠢᠶᠠᠨ ᠤ ᠵᠠᠬ᠎ᠠ ᠳᠡᠯᠭᠡᠭᠦᠷ ᠪᠤᠯᠵᠤ᠂ ᠨᠢᠬᠡ ᠲᠠᠯ᠎ᠠ ᠪᠠᠷ ᠣᠶᠢᠷ᠎ᠠ ᠬᠠᠪᠢ ᠶᠢᠨ ᠭᠠᠵᠠᠷ ᠣᠷᠣᠨ ᠳᠤ ᠲᠠᠷᠢᠶᠠᠯᠠᠩ ᠳᠣᠰᠠᠯᠠᠬᠤ ᠠᠵᠤ ᠠᠬᠤᠢ ᠶᠢᠨ ᠪᠦᠲᠦᠬᠡᠭᠳᠡᠬᠦᠨ ᠤ ᠠᠷᠠᠯᠵᠢᠶᠠᠨ ᠳᠤ ᠳᠠᠪᠴᠠᠩ ᠬᠠᠩᠭᠠᠨ᠂ ᠲᠠᠷᠢᠶᠠᠯᠠᠩ ᠤᠨ ᠪᠦᠲᠦᠬᠡᠭᠳᠡᠬᠦᠨ ᠤ ᠦᠢᠯᠡᠳᠪᠦᠷᠢᠯᠡᠯ ᠪᠤᠷᠤᠯᠠᠭᠤᠯᠭ᠎ᠠ ᠶᠢᠨ ᠠᠪᠴᠠᠯᠳᠣᠭᠤᠯᠣᠯ ᠵᠢᠴᠢ ᠣᠯᠠᠷᠢᠯ ᠤᠨ ᠪᠣᠰᠣ ᠢᠳᠡᠰᠢᠨ ᠨᠣᠭᠤᠭ᠎ᠠ ᠶᠢᠨ ᠪᠤᠷᠤᠯᠠᠭᠤᠯᠭ᠎ᠠ ᠡᠵᠡᠩᠨᠡᠯᠲᠡ ᠶᠢ ᠪᠡᠶᠡᠯᠡᠬᠦᠯᠵᠦ᠂ ᠮᠠᠯᠴᠢᠨ ᠲᠠᠷᠢᠶᠠᠴᠢᠳ ᠲᠤ ᠣᠯᠠᠷᠢᠯ ᠤᠨ ᠪᠤᠰᠣ ᠠᠰᠢᠭ ᠣᠯᠵᠠ ᠶᠢ ᠡᠳ᠋ᠯᠡᠬᠦᠯᠦᠨ᠂ ᠲᠠᠷᠢᠶᠠᠯᠠᠩ ᠤᠨ ᠪᠦᠲᠦᠬᠡᠭᠳᠡᠬᠦᠨ ᠤ ᠪᠤᠷᠤᠯᠠᠭᠤᠯᠭ᠎ᠠ ᠮᠠᠭᠤᠲᠠᠢ ᠪᠠ ᠦᠨ᠎ᠡ ᠳᠣᠣᠷ᠎ᠠ ᠵᠡᠷᠭᠡ ᠠᠰᠠᠭᠤᠳᠠᠯ ᠢ ᠪᠦᠲᠦᠮᠵᠢᠲᠡᠢ ᠰᠢᠢᠳᠪᠦᠷᠢᠯᠡᠪᠡ︔ ᠨᠦᠬᠦᠬᠡ ᠲᠠᠯ᠎ᠠ ᠪᠠᠷ ᠪᠤᠭᠤᠳᠠᠯᠯᠠᠯ ᠲᠡᠭᠡᠭᠡᠪᠦᠷᠢᠯᠡᠯᠲᠡ ᠵᠡᠷᠭᠡ ᠬᠠᠮᠢᠶ᠎ᠠ ᠪᠦᠬᠦᠢ ᠠᠵᠤ ᠦᠢᠯᠡᠰ ᠤᠨ ᠬᠦᠭᠵᠢᠯᠲᠡ ᠶᠢ ᠳᠠᠶᠢᠴᠢᠯᠠᠵᠤ᠂ ᠬᠦᠳᠡᠭᠡ ᠲᠤᠰᠬᠤᠨ ᠤ ᠢᠯᠡᠬᠦᠴᠡ ᠬᠦᠳᠡᠯᠮᠦᠷᠢ ᠬᠦᠴᠦᠨ ᠢ ᠳᠦᠪᠬᠢᠨᠡᠬᠦᠯᠪᠡ᠃ ᠡᠬᠦᠨ ᠤ ᠬᠠᠮᠲᠤ᠂ ᠪᠦᠬᠦ ᠪᠠᠯᠭᠠᠰᠣᠨ ᠤ ᠳᠦᠬᠦᠬᠡᠷᠦᠮᠵᠢᠲᠦ ᠲᠠᠷᠢᠶᠠᠯᠠᠩ ᠤᠨ ᠦᠢᠯᠡᠰ ᠤᠨ ︽ᠲᠤᠰᠬᠠᠢ ᠬᠤᠷᠰᠢᠶᠠᠵᠢᠯ᠂ ᠲᠠᠷᠢᠮᠠᠯ ᠤᠨ ᠰᠠᠭᠤᠷᠢᠨ ᠢᠶᠠᠷ ᠭᠤᠤᠯᠯᠠᠭᠰᠠᠨ + ᠰᠢᠨ᠎ᠡ ᠰᠣᠷᠭᠤᠭ ᠢᠶᠠᠷ ᠬᠦᠷᠦᠬᠡᠨ ᠬᠠᠳᠠᠭᠠᠯᠠᠬᠤ ᠪᠠᠷ ᠪᠠᠲᠤᠯᠠᠭ᠎ᠠ ᠪᠤᠯᠭᠠᠭᠰᠠᠨ︾ ᠪᠠᠶᠢᠳᠠᠯ ᠢ ᠦᠨᠳᠦᠰᠦᠨ ᠳᠡᠭᠡᠨ ᠪᠦᠷᠢᠯᠳᠦᠬᠦᠯᠦᠨ᠂ ᠭᠠᠴᠠᠭ᠎ᠠ ᠲᠤᠰᠬᠤᠨ ᠤ ᠬᠠᠮᠲᠤ ᠶᠢᠨ ᠠᠵᠤ ᠠᠬᠤᠢ ᠶᠢᠨ ᠬᠦᠭᠵᠢᠯᠲᠡ ᠶᠢᠨ ᠴᠢᠳᠠᠮᠵᠢ ᠶᠢ ᠬᠦᠢᠴᠡᠳ ᠪᠠᠳᠠᠷᠠᠭᠤᠯᠬᠤ ᠶᠢᠨ ᠬᠠᠮᠲᠤ ᠮᠠᠯᠴᠢᠨ ᠲᠠᠷᠢᠶᠠᠴᠢᠳ ᠢ ᠬᠠᠪᠰᠣᠷᠣᠨ ᠣᠷᠣᠯᠭ᠎ᠠ ᠶᠢ ᠨᠡᠮᠡᠭᠳᠡᠬᠦᠯᠬᠦ ᠦᠢᠯᠡᠳᠦᠯ ᠢ ᠣᠯᠠᠮ ᠢᠯᠡᠷᠡᠬᠦᠯᠪᠡ᠃     ᠣᠯᠵᠠᠴᠢ ᠪᠠᠯᠭᠠᠰᠣᠨ ᠤ ᠶᠡᠭᠡ ᠲᠤᠯᠤᠨ ᠲᠤᠰᠬᠤᠨ ᠤ ᠲᠠᠷᠢᠶᠠᠯᠠᠩ ᠤᠨ ᠪᠦᠲᠦᠬᠡᠭᠳᠡᠬᠦᠨ ᠤ ᠲᠦᠪᠯᠡᠷᠡᠩᠬᠦᠢ ᠪᠤᠷᠤᠯᠠᠭᠤᠯᠭ᠎ᠠ ᠶᠢᠨ ᠭᠠᠵᠠᠷ ᠤᠨ ᠪᠠᠶᠢᠭᠤᠯᠤᠯᠲᠠ ᠵᠠᠮ ᠬᠠᠷᠢᠯᠴᠠᠭᠠᠨ ᠤ ᠲᠡᠭᠡᠭᠡᠪᠦᠷᠢᠯᠡᠯᠲᠡ ᠶᠢᠨ ᠨᠦᠬᠦᠴᠡᠯ ᠤᠨ ᠳᠠᠪᠠᠭᠤᠯᠢᠭ ᠪᠠ ᠪᠠᠶᠢᠭᠠᠯᠢ ᠶᠢᠨ ᠡᠬᠢ ᠪᠠᠶᠠᠯᠢᠭ ᠤᠨ ᠳᠠᠪᠠᠭᠤᠯᠢᠭ ᠢ ᠬᠦᠷᠲᠡᠪᠡ᠃ ᠶᠡᠭᠡ ᠲᠤᠯᠤᠨ ᠲᠤᠰᠬᠤᠨ ᠵᠡᠬᠦᠨᠰᠢ ᠪᠠᠨ ᠣᠯᠵᠠᠴᠢ ᠪᠠᠯᠭᠠᠰᠣᠨ ᠤ ᠲᠤᠭᠤᠷᠢᠯ ᠵᠠᠮ ᠲᠠᠢ ᠵᠠᠯᠭᠠᠯᠳᠣᠵᠣ᠂ ᠪᠠᠷᠠᠭᠤᠨᠰᠢ ᠪᠠᠨ ᠣᠯᠵᠠᠴᠢ ᠢᠷᠭᠠᠢ ᠶᠢᠨ ᠲᠦᠷᠬᠡᠨ ᠵᠠᠮ ᠲᠠᠢ ᠬᠦᠷᠰᠢᠯᠡᠨ᠂ ᠡᠮᠦᠨᠡᠰᠢ ᠪᠠᠨ ᠣᠯᠵᠠᠴᠢ ᠨᠠᠩᠰᠣ ᠶᠢᠨ ᠵᠠᠮ ᠱᠣᠭᠤᠮ ᠲᠠᠢ ᠨᠡᠪᠲᠡᠷᠡᠵᠦ᠂ ᠬᠤᠶᠢᠰᠢ ᠪᠠᠨ  ᠨᠡᠬᠦᠷᠡᠰᠦ ᠲᠡᠭᠡᠭᠡᠪᠦᠷᠢᠯᠡᠬᠦ ᠲᠡᠮᠦᠷ ᠵᠠᠮ ᠤᠨ ᠲᠤᠰᠬᠠᠢ ᠱᠣᠭᠤᠮ ᠲᠠᠢ ᠮᠦᠷᠲᠡᠭᠡᠨ ᠣᠯᠵᠠᠴᠢ ᠢᠷᠭᠠᠢ ᠶᠢᠨ ᠵᠠᠰᠠᠮᠠᠯ ᠵᠠᠮ ᠪᠠᠶᠢᠵᠦ᠂ ᠬᠤᠰᠢᠭᠤ ᠨᠢᠰᠬᠡᠯ ᠤᠨ ᠪᠠᠭᠤᠳᠠᠯ ᠪᠠᠶᠢᠷᠢᠯᠠᠭᠰᠠᠨ ᠠᠴᠠ ᠶᠡᠭᠡ ᠲᠤᠯᠤᠨ ᠲᠤᠰᠬᠤᠨ ᠤ ᠵᠠᠮ ᠬᠠᠷᠢᠯᠴᠠᠭᠠᠨ ᠤ ᠲᠤᠤᠷ ᠢ ᠨᠡᠩ ᠬᠦᠭᠵᠢᠬᠡᠪᠡ᠃ ᠶᠡᠭᠡ ᠲᠤᠯᠤᠨ ᠲᠤᠰᠬᠤᠨ ᠲᠡᠯᠡᠬᠡᠢ ᠶᠢᠨ ᠪᠦᠮᠪᠦᠷᠴᠡᠭ ᠤᠨ ᠠᠯᠲᠠᠨ ᠣᠭᠲᠣᠯᠣᠯᠴᠠᠯ ᠤᠨ ᠱᠣᠭᠤᠮ ᠳᠤ ᠪᠠᠶᠢᠷᠢᠯᠠᠵᠤ᠂ ᠨᠠᠷᠠᠨ ᠤ ᠲᠤᠰᠣᠯᠲᠠ ᠬᠦᠢᠴᠡᠳ᠂ ᠢᠯᠴᠢ ᠶᠢᠨ ᠬᠡᠮᠵᠢᠶ᠎ᠡ ᠡᠯᠪᠡᠭ᠂ ᠪᠦᠬᠦ ᠵᠢᠯ ᠤᠨ ᠬᠡᠷᠡᠯ ᠤᠨ ᠲᠤᠰᠤᠯᠲᠠ ᠶᠢᠨ ᠬᠤᠭᠤᠴᠠᠭ᠎ᠠ 3300 ᠴᠠᠭ ᠲᠤ ᠬᠦᠷᠴᠦ᠂ ᠬᠦᠷᠦᠰᠦ ᠰᠢᠷᠤᠢ ᠶᠢᠨ ᠨᠡᠪᠲᠡᠷᠡᠴᠡ ᠰᠠᠶᠢᠨ᠂ ᠡᠳᠦᠷ ᠰᠦᠨᠢ ᠶᠢᠨ ᠳᠣᠯᠠᠭᠠᠨ ᠤ ᠵᠦᠷᠢᠶ᠎ᠡ ᠶᠡᠭᠡ᠂ ᠵᠢᠮᠢᠰ ᠢᠳᠡᠰᠢᠨ ᠨᠣᠭᠤᠭ᠎ᠠ ᠶᠢᠨ ᠪᠦᠲᠦᠬᠡᠭᠳᠡᠬᠦᠨ ᠤ ᠶᠠᠰᠣ ᠴᠢᠨᠠᠷ ᠣᠬᠢ ᠠᠴᠠ ᠦᠷᠬᠡᠨ ᠣᠯᠠᠨ ᠬᠡᠷᠡᠭᠯᠡᠭᠴᠢᠳ ᠤᠨ ᠬᠦᠷᠢᠶᠡᠯᠡᠯ ᠢ ᠣᠯᠵᠣ᠂ ᠶᠡᠭᠡ ᠲᠤᠯᠤᠨ ᠲᠤᠰᠬᠤᠨ ᠢ ︽ᠢᠳᠡᠰᠢᠨ ᠨᠣᠭᠤᠭ᠎ᠠ ᠡᠪᠡᠰᠦ ᠮᠠᠯ︾ ᠤᠨ ᠰᠣᠳᠣᠨ ᠭᠠᠵᠠᠷ ᠪᠤᠯᠭᠠᠪᠠ᠃     ᠶᠡᠭᠡ ᠲᠤᠯᠤᠨ ᠲᠤᠰᠬᠤᠨ ᠤ ᠨᠠᠮ ᠤᠨ ᠡᠬᠦᠷ ᠤᠨ ᠱᠦᠵᠢ᠄ ᠲᠠᠷᠢᠶᠠᠯᠠᠩ ᠤᠨ ᠪᠦᠲᠦᠬᠡᠭᠳᠡᠬᠦᠨ ᠤ ᠲᠦᠪᠯᠡᠷᠡᠩᠬᠦᠢ ᠪᠤᠷᠤᠯᠠᠭᠤᠯᠭ᠎ᠠ ᠶᠢᠨ ᠭᠠᠵᠠᠷ ᠤᠨ ᠪᠠᠶᠢᠭᠤᠯᠤᠯᠲᠠ ᠪᠠᠯᠭᠠᠰᠣᠨ ᠤ ᠣᠨᠴᠠᠯᠢᠭᠲᠤ ᠲᠠᠷᠢᠶᠠᠯᠠᠩ ᠤᠨ ᠪᠦᠲᠦᠬᠡᠭᠳᠡᠬᠦᠨ ᠤ ︽ᠦᠢᠯᠡᠳᠪᠦᠷᠢᠯᠡᠯ᠂ ᠨᠦᠬᠡᠴᠡᠯᠡᠯᠲᠡ᠂ ᠪᠤᠷᠤᠯᠠᠭᠤᠯᠭ᠎ᠠ︾ ᠶᠢᠨ ᠬᠡᠯᠬᠢᠶᠡᠵᠢᠯ ᠢ ᠲᠡᠬᠦᠯᠳᠡᠷᠵᠢᠬᠦᠯᠦᠨ ᠠᠬᠢᠭᠤᠯᠵᠤ᠂ ᠲᠠᠷᠢᠶᠠᠯᠠᠩ ᠤᠨ ᠦᠢᠯᠡᠰ ᠤᠨ ᠣᠳᠣᠬᠢᠴᠢᠯᠠᠭᠰᠠᠨ ᠠᠵᠤ ᠦᠢᠯᠡᠰ ᠤᠨ ᠬᠦᠭᠵᠢᠯᠲᠡ ᠶᠢ ᠪᠡᠶᠡᠯᠡᠬᠦᠯᠬᠦ ᠶᠢᠨ ᠬᠠᠮᠲᠤ ᠶᠠᠳᠠᠭᠤ  ᠠᠴᠠ ᠠᠩᠬᠢᠵᠢᠷᠠᠭᠤᠯᠤᠭᠰᠠᠨ ᠰᠢᠪᠲᠤᠯᠤᠯᠲᠠ ᠶᠢᠨ ᠪᠦᠲᠦᠮᠵᠢ ᠶᠢᠨ ᠪᠠᠬᠢᠵᠢᠬᠦᠯᠦᠯᠲᠡ ᠶᠢ ᠬᠦᠳᠡᠭᠡ ᠲᠤᠰᠬᠤᠨ ᠢ  ᠬᠦᠭᠵᠢᠬᠦᠯᠦᠨ ᠮᠠᠨᠳᠣᠭᠤᠯᠬᠤ ᠯᠤᠭ᠎ᠠ ᠪᠦᠲᠦᠮᠵᠢᠲᠡᠢ ᠠᠪᠴᠠᠯᠳᠣᠭᠤᠯᠪᠠ᠃ ᠦᠨᠦ ᠵᠢᠯ ᠪᠢᠳᠡ ᠲᠦᠪᠯᠡᠷᠡᠩᠬᠦᠢ ᠪᠤᠷᠤᠯᠠᠭᠤᠯᠭ᠎ᠠ ᠶᠢᠨ ᠭᠠᠵᠠᠷ ᠤᠨ ᠬᠤᠶᠠᠳᠣᠭᠠᠷ ᠬᠤᠭᠤᠴᠠᠭᠠᠨ ᠤ ᠲᠦᠷᠦᠯ ᠵᠦᠢᠯ ᠤᠨ ᠬᠡᠷᠡᠭᠵᠢᠬᠦᠯᠦᠯᠲᠡ ᠪᠠᠨ ᠢᠳᠡᠪᠬᠢᠲᠡᠢ ᠪᠠᠷ ᠠᠬᠢᠭᠤᠯᠵᠤ᠂ ᠲᠠᠷᠢᠶᠠᠯᠠᠩ ᠤᠨ ᠪᠦᠲᠦᠬᠡᠭᠳᠡᠬᠦᠨ ᠤ ᠪᠤᠷᠤᠯᠠᠭᠤᠯᠭ᠎ᠠ᠂ ᠪᠠᠲᠤᠯᠠᠭ᠎ᠠ᠂ ᠬᠦᠷᠦᠬᠡᠨ ᠳᠠᠮᠵᠢᠭᠤᠯᠬᠤ ᠬᠡᠯᠬᠢᠶ᠎ᠡ᠂ ᠬᠦᠮᠦᠷᠬᠡᠯᠡᠯᠲᠡ ᠰᠣᠷᠭᠤᠭ ᠬᠠᠳᠠᠭᠠᠯᠠᠯᠲᠠ ᠵᠡᠷᠭᠡ ᠲᠠᠯ᠎ᠠ ᠶᠢᠨ ᠲᠤᠲᠠᠭᠤᠳᠠᠯ ᠢᠶᠠᠨ ᠣᠯᠠᠮ ᠨᠦᠬᠦᠪᠦᠷᠢᠯᠡᠵᠦ᠂ ᠮᠠᠯᠴᠢᠨ ᠲᠠᠷᠢᠶᠠᠴᠢᠳ ᠢ ᠲᠤᠮᠤ ᠵᠠᠬ᠎ᠠ ᠳᠡᠯᠬᠡᠬᠦᠷ ᠲᠠᠢ ᠵᠤᠬᠢᠴᠠᠭᠤᠯᠬᠤ ᠶᠢ ᠳᠠᠶᠢᠴᠢᠯᠠᠨ᠂ ᠬᠡᠪᠴᠢᠶᠡᠵᠢᠭᠰᠡᠨ ᠪᠠᠷᠢᠮᠵᠢᠶᠠᠵᠢᠭᠤᠯᠤᠭᠰᠠᠨ ᠬᠦᠭᠵᠢᠯᠲᠡ ᠶᠢ ᠪᠡᠶᠡᠯᠡᠬᠦᠯᠦᠨ᠎ᠡ ᠬᠡᠪᠡ᠃
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠦᠯᠵᠢᠶ᠎ᠡ