ᠰᠢᠷ᠎ᠠ ᠳᠤᠰᠤ ᠪᠤᠯ ᠬᠠᠯᠠᠭᠤᠨ ᠪᠦᠯᠢᠶᠠᠨ ᠴᠢᠨᠠᠷᠳᠡᠢ᠂ ᠬᠡᠢ ᠶᠢ ᠲᠠᠷᠤᠵᠤ ᠲᠠᠮᠢᠷ ᠢ ᠰᠠᠶᠢᠵᠢᠷᠠᠭᠤᠯᠤᠨ᠂ ᠦᠩᠬᠡ ᠶᠢ ᠲᠡᠵᠢᠬᠡᠬᠦ᠂ ᠬᠦᠮᠤᠨ ᠤ ᠪᠠᠶ᠎ᠠ ᠶᠢᠨ ᠡᠷᠡᠬᠦᠯ | ᠮᠠᠨᠳᠤ ᠳᠤ ᠤᠯᠠᠨ ᠬᠡᠷᠡᠭᠴᠡᠭᠡ ᠲᠠᠢ ᠡᠮᠳᠤ ᠴᠢᠨᠠᠷᠳᠡᠢ ᠢᠳᠡᠬᠡᠨ ᠪᠤᠯᠤᠨ᠎ᠠ᠃ | ︽ᠠᠯᠳᠠᠨ ᠬᠠᠳᠠᠮᠠᠯ︾ ᠳᠤ ᠰᠢᠮ᠎ᠠ ᠶᠢᠨ ᠳᠤᠩᠭᠠᠯᠠᠭ ᠰᠢᠷ᠎ᠠ ᠳᠤᠰᠤ ᠰᠢᠮ᠎ᠠ ᠶᠢ ᠲᠦᠯᠵᠢᠬᠦᠯᠤᠨᠠ ᠬᠡᠵᠤ ᠪᠢᠴᠢᠵᠤ ᠪᠠᠶᠢᠳᠠᠭ᠃ | ᠰᠢᠷ᠎ᠠ ᠳᠤᠰᠤ ᠦᠯᠤ ᠬᠠᠯᠳᠠᠭᠠᠬᠤ ᠰᠢᠰᠲ᠋ᠧᠮ ᠢ ᠰᠠᠶᠢᠵᠢᠷᠠᠭᠤᠯᠳᠠᠭ᠃ ᠡᠬᠦᠨ ᠠᠴᠠ ᠭᠠᠳᠠᠨ᠎ᠠ᠂ ᠰᠦᠰᠤᠨ ᠤ ᠭᠤᠨᠠᠨ ᠠᠯᠺᠤᠤᠯ ᠢ ᠪᠠᠭᠤᠷᠠᠭᠤᠯᠬᠤ᠂ | ᠨᠢᠳᠤᠨ ᠤ ᠬᠠᠷᠠᠭ᠎ᠠ ᠶᠢ ᠰᠠᠶᠢᠵᠢᠷᠠᠭᠤᠯᠬᠤ᠂ ᠰᠢᠩᠬᠡᠬᠡᠯᠳᠡ ᠶᠢ ᠰᠠᠶᠢᠵᠢᠷᠠᠭᠤᠯᠬᠤ ᠪᠤᠯᠤᠨ ᠬᠤᠭᠤᠯᠨ ᠪᠤᠯᠪᠠᠰᠤᠷᠠᠭᠤᠯᠤᠯᠳᠠ ᠳᠤ ᠳᠤᠰᠠᠳᠠᠢ᠃ ᠪᠠᠶ᠎ᠠ ᠶᠢ | ᠲᠠᠮᠢᠷᠵᠢᠭᠤᠯᠬᠤ ᠪᠠ ᠰᠢᠮᠡᠵᠢᠬᠦᠯᠵᠤ᠂ ᠬᠡᠢ ᠮᠠᠬᠠᠪᠤᠳ ᠢ ᠲᠡᠭᠰᠢᠷᠡᠬᠦᠯᠬᠦ ᠪᠠ ᠲᠠᠪᠤᠨ ᠴᠤᠯᠤ ᠵᠢᠷᠭᠤᠭᠠᠨ ᠰᠠᠪᠠ ᠶᠢᠨ ᠬᠡᠢ ᠡᠪᠡᠳᠴᠢᠨ ᠢ ᠠᠷᠢᠯᠭᠠᠵᠤ᠂ ᠲᠡᠷᠢᠬᠢ ᠶᠢ | ᠰᠠᠶᠢᠵᠢᠷᠠᠭᠤᠯᠳᠠᠭ᠃ | ᠰᠢᠷ᠎ᠠ ᠲᠤᠰᠤ ᠶᠢ ᠢᠯᠪᠢᠬᠦ ᠵᠠᠰᠠᠯ ᠳᠤ ᠬᠡᠷᠡᠭᠯᠡᠵᠤ᠂ ᠡᠮᠡᠭᠳᠡᠢ ᠶᠢᠨ ᠰᠠᠪᠠᠨ ᠤ ᠬᠡᠢ᠂ ᠪᠦᠬᠡᠷ᠎ᠠ ᠨᠢᠷᠤᠭᠤᠨ ᠤ ᠬᠡᠢ᠂ ᠦᠶ᠎ᠠ ᠬᠡᠰᠢᠬᠦᠤ ᠶᠢᠨ ᠬᠡᠢ ᠪᠤᠶᠤ | ᠭᠤᠤᠯ ᠤᠨ ᠬᠡᠢ᠂ ᠳᠤᠯᠤᠭᠠᠢ ᠶᠢᠨ ᠬᠡᠢ᠂ ᠤᠯᠤᠭᠠᠢ ᠶᠢᠨ ᠬᠡᠢ ᠶᠢ ᠵᠠᠰᠠᠵᠤ᠂ ᠤᠳᠠᠭᠰᠠᠠ ᠰᠢᠷ᠎ᠠ ᠳᠤᠰᠤ ᠪᠠᠷ ᠦᠬᠡᠷ ᠢᠯᠢᠳᠤ ᠵᠡᠷᠬᠡ ᠠᠷᠠᠰᠤ ᠮᠢᠬᠠᠨ ᠤ ᠡᠯᠳᠡᠪ ᠤᠨ | ᠡᠪᠡᠳᠴᠢᠨ᠂ ᠶᠠᠷ᠎ᠠ ᠰᠢᠷᠬ᠎ᠠ ᠶᠢ ᠡᠮᠨᠡᠡ ᠵᠠᠰᠠᠳᠠᠭ᠃ | ᠰᠢᠷ᠎ᠠ ᠳᠤᠰᠤ ᠶᠢ ᠴᠠᠢ ᠲᠠᠢ ᠴᠢᠨᠠᠭᠠᠳ ᠬᠠᠯᠠᠭᠤᠨ ᠢᠶᠠᠷ ᠤᠤᠭᠤᠵᠤ ᠬᠦᠯᠤᠰᠤ ᠭᠠᠷᠭᠠᠪᠠᠯ ᠰᠡᠯᠬᠢ ᠠᠪᠴᠤ ᠪᠠᠶ᠎ᠠ ᠬᠡᠮᠳᠦᠭᠰᠡᠡ ᠪᠤᠶᠤ ᠰᠢᠩᠬᠡᠬᠡᠯᠳᠠ | ᠮᠠᠭᠤᠳᠠᠭᠰᠠᠠ ᠢ ᠵᠠᠰᠠᠵᠤ ᠴᠢᠳᠠᠳᠠᠭ᠃ ᠴᠠᠢ ᠬᠤᠭᠤᠯᠠᠨ ᠳᠤ ᠵᠠᠩᠬᠢᠷᠠᠭᠰᠠᠳ ᠲᠤ ᠰᠢᠷ᠎ᠠ ᠳᠤᠰᠤ ᠪᠠᠭ᠎ᠠ ᠤᠤᠭᠤᠯᠭᠠᠪᠠᠯ ᠵᠠᠩᠬᠢᠷᠠᠭ᠎ᠠ ᠲᠠᠶᠢᠯᠤᠭᠳᠠᠨ᠎ᠠ᠃ | ᠨᠢᠯᠬ᠎ᠠ ᠬᠡᠤᠬᠡᠳ ᠤᠨ ᠵᠤᠯᠠᠢ ᠲᠡᠬᠡᠷ᠎ᠠ ᠦᠷᠬᠦᠯᠵᠢ ᠰᠢᠷ᠎ᠠ ᠳᠤᠰᠤ ᠲᠦᠷᠬᠢᠪᠡᠯ ᠬᠠᠬ ᠨᠢ ᠤᠨᠠᠬᠤ ᠳᠤ ᠰᠠᠶᠢᠨ ᠪᠦᠬᠡᠳ ᠬᠠᠮᠠᠷ ᠱᠤᠤᠬᠢᠨ ᠪᠦᠭᠯᠡᠷᠡᠬᠦ ᠶᠢ | ᠵᠠᠰᠠᠳᠠᠭ᠃ ᠬᠡᠳᠡᠰᠤ ᠡᠪᠡᠳᠬᠦ᠂ ᠬᠡᠳᠡᠰᠤ ᠲᠦᠬᠦᠷᠬᠦ᠂ ᠬᠤᠷᠭᠤᠰᠤᠯᠠᠬᠤ ᠳᠤ ᠰᠢᠷ᠎ᠠ ᠳᠤᠰᠤ ᠶᠢ ᠬᠠᠷ᠎ᠠ ᠠᠷᠢᠬᠢ ᠲᠠᠢ ᠡᠰᠡᠬᠦᠯ᠎ᠠ ᠬᠠᠷ᠎ᠠ ᠰᠢᠬᠢᠷ ᠲᠠᠢ ᠪᠤᠴᠠᠯᠭᠠᠵᠤ | ᠤᠤᠭᠤᠪᠠᠯ ᠳᠤᠰᠠ ᠪᠤᠯᠳᠠᠭ᠃ | ᠬᠠᠮᠠᠷ ᠶᠠᠮᠠᠰᠢᠬᠰᠠᠠ ᠳᠤ ᠰᠢᠷ᠎ᠠ ᠳᠤᠰᠤ ᠲᠦᠷᠬᠢᠪᠡᠯ ᠰᠡᠶᠢᠨ᠃ ᠰᠡᠯᠬᠢᠨ ᠳᠤ ᠤᠷᠤᠭᠤᠯ ᠦᠷᠤᠮᠳᠡᠨ ᠬᠠᠭᠠᠷᠠᠬᠤ ᠳᠤ ᠰᠢᠷ᠎ᠠ ᠳᠤᠰᠤ ᠲᠦᠷᠬᠢᠪᠡᠯ ᠢᠯᠡᠷᠢ | ᠪᠤᠯᠳᠠᠭ᠃ ᠭᠠᠷ ᠬᠠᠭᠠᠷᠠᠬᠤ ᠦᠶ᠎ᠠ ᠳᠤ ᠰᠢᠷ᠎ᠠ ᠳᠤᠰᠤ ᠶᠢ ᠲᠦᠷᠬᠢᠬᠦ ᠪᠤᠶᠤ ᠬᠠᠯᠠᠭᠠᠵᠤ ᠳᠤᠰᠤᠭᠠᠪᠠᠯ ᠰᠠᠶᠢᠨ ᠪᠤᠯᠳᠠᠭ᠃ ᠰᠢᠷ᠎ᠠ ᠳᠤᠰᠤ ᠶᠢ ᠴᠠᠰᠤᠨ ᠰᠢᠬᠢᠷ ᠲᠠᠢ | ᠪᠤᠴᠠᠯᠭᠠᠵᠤ ᠤᠤᠭᠤᠪᠠᠯ ᠬᠠᠨᠢᠶᠠᠳᠤ ᠶᠢ ᠵᠠᠰᠠᠳᠠᠭ᠂ ᠰᠢᠷ᠎ᠠ ᠳᠤᠰᠤ ᠶᠢ ᠬᠠᠯᠠᠭᠠᠭᠰᠠᠠ ᠰᠢᠷᠬᠠᠨ ᠳᠤ ᠲᠦᠷᠬᠢᠪᠡᠯ ᠰᠤᠷᠪᠢ ᠦᠯᠡᠳᠡᠬᠦ ᠦᠬᠡᠢ᠃ | ᠬᠠᠮᠠᠷ ᠬᠠᠳᠠᠬᠤ ᠳᠤ ᠰᠢᠷ᠎ᠠ ᠳᠤᠰᠤ ᠶᠢ ᠬᠠᠮᠠᠷ ᠲᠠᠭᠠᠨ ᠦᠨᠦᠷᠳᠤᠬᠦᠯᠪᠠᠯ ᠰᠠᠶᠢᠨ ᠪᠤᠯᠳᠠᠭ᠃ ᠴᠢᠬᠢᠨ ᠬᠤᠯᠬᠢ ᠬᠠᠳᠠᠬᠤ ᠪᠤᠶᠤ ᠴᠢᠬᠢ ᠡᠪᠡᠳᠪᠠᠯ ᠰᠢᠷ᠎ᠠ | ᠳᠤᠰᠤ ᠬᠢᠬᠦ ᠪᠤᠶᠤ ᠰᠢᠷ᠎ᠠ ᠳᠤᠰᠤ ᠲᠠᠢ ᠬᠦᠪᠤᠩ ᠢᠶᠠᠷ ᠴᠢᠬᠢ ᠪᠠᠨ ᠪᠦᠭᠯᠡᠪᠡᠯ ᠳᠤᠰᠠ ᠪᠤᠯᠳᠠᠭ᠃ ᠡᠬᠦᠨ ᠠᠴᠠ ᠭᠠᠳᠠᠨ᠎ᠠ ᠭᠠᠳᠠᠷ ᠢᠯᠢᠵᠤ ᠨᠤᠬᠤᠯᠠᠬᠤ ᠳᠤ | ᠬᠡᠷᠡᠭᠯᠡᠵᠤ᠂ ᠪᠠᠶ᠎ᠠ ᠲᠡᠬᠡᠷ᠎ᠠ ᠪᠠᠨ ᠲᠦᠷᠬᠢᠪᠡᠯ ᠭᠠᠶᠢᠬᠠᠮᠰᠢᠬᠳᠤ ᠤᠶᠢᠯᠠᠳᠤᠯ ᠲᠠᠢ ᠪᠠᠶᠢᠳᠠᠭ ᠶᠤᠮ᠃ |