ᠶᠠᠩ ᠶᠢᠩ ᠰᠢᠨ ᠣᠢ ᠰᠢᠭᠤᠢ ᠨᠣᠳᠤᠭ ᠪᠡᠯᠴᠢᠭᠡᠷ ᠤᠨ ᠬᠠᠣᠯᠢ ᠠᠴᠠ ᠵᠦᠷᠢᠴᠡᠭᠰᠡᠨ ᠲᠣᠯᠪᠣᠳᠦ ᠵᠢᠷᠤᠭ ᠤᠨ ᠴᠡᠭᠴᠡᠯᠡᠯᠳᠡ᠂ ᠡᠯᠡᠰᠦ ᠰᠡᠷᠭᠡᠶᠢᠯᠡᠨ ᠵᠠᠰᠠᠬᠤ ᠠᠵᠢᠯ ᠢ ᠪᠠᠶᠢᠴᠠᠭᠠᠨ ᠰᠣᠳᠣᠯᠪᠠ
ᠨᠡᠶᠢᠲᠡᠯᠡᠭᠰᠡᠨ ᠴᠠᠭ᠄
2025/4/9
     4 ᠰᠠᠷ᠎ᠠ ᠶᠢᠨ 8 ᠤ ᠡᠳᠦᠷ ᠬᠤᠰᠢᠭᠤ ᠨᠠᠮ ᠤᠨ ᠬᠤᠷᠢᠶ᠎ᠠ ᠶᠢᠨ ᠲᠡᠳ᠋ ᠱᠦᠵᠢ᠂ ᠵᠠᠰᠠᠭ ᠤᠨ ᠣᠷᠳᠣᠨ ᠤ ᠬᠤᠰᠢᠭᠤ ᠲᠠᠷᠤᠭ᠎ᠠ ᠶᠠᠩ ᠶᠢᠩ ᠰᠢᠨ ᠣᠯᠵᠠᠴᠢ ᠪᠠᠯᠭᠠᠰᠣ᠂ ᠪᠣᠷᠣᠪᠠᠯᠭᠠᠰᠣ ᠪᠠᠯᠭᠠᠰᠣᠨ ᠳᠤ ᠣᠢ ᠰᠢᠭᠤᠢ ᠨᠣᠳᠤᠭ ᠪᠡᠯᠴᠢᠭᠡᠷ ᠤᠨ ᠬᠠᠣᠯᠢ ᠠᠴᠠ ᠵᠦᠷᠢᠴᠡᠭᠰᠡᠨ ᠲᠣᠯᠪᠣᠳᠦ ᠵᠢᠷᠤᠭ ᠤᠨ ᠴᠡᠭᠴᠡᠯᠡᠯᠳᠡ ᠪᠣᠯᠣᠨ ᠡᠯᠡᠰᠦ ᠰᠡᠷᠭᠡᠶᠢᠯᠡᠨ ᠵᠠᠰᠠᠬᠤ ᠠᠵᠢᠯ ᠢ ᠪᠠᠶᠢᠴᠠᠭᠠᠨ ᠰᠣᠳᠣᠯᠪᠠ᠃     ᠶᠠᠩ ᠶᠢᠩ ᠰᠢᠨ᠂ ᠪᠣᠷᠣᠪᠠᠯᠭᠠᠰᠣ ᠪᠠᠯᠭᠠᠰᠣᠨ ᠤ ᠶᠡᠭᠡ ᠰᠢᠬᠢᠷ ᠲᠣᠰᠬᠤᠨ ᠤ ᠦᠨᠳᠦᠷ ᠪᠠᠷᠢᠮᠵᠢᠶᠡᠳᠦ ᠲᠠᠷᠢᠶᠠᠨ ᠭᠠᠵᠠᠷ ᠤᠨ ᠲᠦᠷᠦᠯ ᠵᠣᠶᠢᠯ ᠤᠨ ᠲᠣᠭᠤᠷᠢᠭ᠂ ᠪᠣᠷᠣᠪᠠᠭᠠᠯᠰᠣ ᠪᠠᠯᠭᠠᠰᠣᠨ ᠤ ᠬᠤᠯᠣᠰᠣᠨᠨᠠᠭᠤᠷ ᠲᠣᠰᠬᠤᠨ ᠤ ᠡᠯᠡᠰᠦ ᠶᠢ ᠰᠡᠷᠭᠡᠶᠢᠯᠡᠨ ᠵᠠᠰᠠᠬᠤ ᠬᠤᠯᠪᠣᠭᠠᠯᠠᠨ ᠰᠡᠷᠭᠡᠶᠢᠯᠡᠨ ᠵᠠᠰᠠᠬᠤ ᠲᠦᠷᠦᠯ ᠵᠣᠶᠢᠯ ᠤᠨ ᠲᠣᠭᠤᠷᠢᠭ ᠪᠣᠯᠣᠨ ᠬᠡᠰᠡᠭ ᠣᠢ ᠰᠢᠭᠤᠢ ᠨᠣᠳᠤᠭ ᠪᠡᠯᠴᠢᠭᠡᠷ ᠤᠨ ᠬᠠᠣᠯᠢ ᠠᠴᠠ ᠵᠦᠷᠢᠴᠡᠭᠰᠡᠨ ᠲᠣᠯᠪᠣᠳᠦ ᠵᠢᠷᠤᠭ ᠤᠨ ᠴᠡᠭᠴᠡᠯᠡᠯᠳᠡ ᠶᠢᠨ ᠭᠠᠵᠠᠷ ᠤᠨ ᠠᠵᠢᠯ ᠤᠨ ᠠᠬᠢᠴᠠ ᠶᠢ ᠰᠣᠨᠣᠰᠣᠨ᠂ ᠠᠬᠤᠢ ᠲᠠᠯᠠᠪᠠᠢ ᠳᠤ ᠭᠤᠣᠯᠳᠠᠯᠭᠠᠳᠦ ᠬᠡᠷᠡᠭ ᠤᠨ ᠰᠢᠢᠳᠪᠦᠷᠢᠯᠡᠯᠳᠡ ᠶᠢ ᠰᠢᠪᠡᠳᠡᠵᠣ᠂ ᠣᠷᠣᠰᠢᠵᠣ ᠪᠠᠶᠢᠭ᠎ᠠ ᠠᠰᠠᠭᠤᠳᠠᠯ ᠢ ᠰᠣᠳᠣᠯᠪᠠ᠃ ᠲᠡᠷᠡ᠂ ᠰᠢ ᠶᠢᠨ ᠫᠢᠩ ᠤᠨ ᠠᠮᠢ ᠠᠬᠤᠢ ᠶᠢᠨ ᠪᠣᠯᠪᠠᠰᠣᠨ ᠤ ᠦᠵᠡᠯ ᠰᠠᠨᠠᠭ᠎ᠠ ᠶᠢ ᠭᠦᠨᠵᠡᠭᠡᠢ ᠲᠣᠣᠱᠯᠠᠭᠤᠯᠵᠣ ᠨᠠᠶᠢᠳᠠᠪᠦᠷᠢᠵᠢᠭᠤᠯᠣᠨ᠂ ᠦᠪᠡᠷᠳᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠪᠣᠯᠣᠨ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠰᠢᠢᠳᠪᠦᠷᠢᠳᠦ ᠪᠠᠶᠢᠷᠢᠯᠠᠭᠤᠯᠣᠯᠳᠠ ᠶᠢ ᠪᠦᠬᠦ ᠲᠠᠯ᠎ᠠ ᠪᠠᠷ ᠨᠠᠶᠢᠳᠠᠪᠦᠷᠢᠵᠢᠭᠤᠯᠵᠣ᠂ ᠠᠮᠢ ᠠᠬᠤᠢ ᠣᠷᠴᠢᠨ ᠬᠠᠮᠠᠭᠠᠯᠠᠯᠳᠠ ᠶᠢᠨ ᠬᠦᠨᠳᠦ ᠴᠢᠬᠤᠯᠠ ᠣᠯᠣᠰ ᠲᠦᠷᠦ ᠶᠢᠨ ᠬᠠᠷᠢᠭᠤᠴᠠᠯᠭ᠎ᠠ ᠪᠠᠨ ᠪᠠᠳᠦ ᠡᠭᠦᠷᠭᠡᠯᠡᠨ᠂ ᠲᠡᠭᠡᠳᠦ ᠲᠣᠣᠷᠠᠳᠦ ᠱᠠᠳᠦ ᠬᠤᠯᠪᠣᠭᠠᠯᠠᠬᠤ᠂ ᠬᠠᠮᠳᠦ ᠪᠠᠷ ᠬᠦᠴᠦᠯᠡᠭᠦ ᠠᠮᠢ ᠠᠬᠤᠢ ᠣᠷᠴᠢᠨ ᠬᠠᠮᠠᠭᠠᠯᠠᠯᠳᠠ ᠶᠢᠨ ᠠᠵᠢᠯ ᠤᠨ ᠪᠠᠶᠢᠳᠠᠯ ᠢ ᠪᠦᠷᠢᠯᠳᠦᠭᠦᠯᠬᠦ ᠬᠡᠷᠡᠭᠳᠡᠢ᠃ ᠲᠦᠪᠯᠡᠷᠡᠩᠬᠦᠢ ᠴᠡᠭᠴᠡᠯᠡᠯᠳᠡ ᠶᠢ ᠴᠢᠩᠭᠠᠳᠬᠠᠨ᠂ ᠴᠣᠬᠢᠯᠳᠠ ᠦᠭᠬᠦ ᠪᠠ ᠵᠠᠰᠠᠯᠳᠠ ᠬᠢᠬᠦ ᠶᠢ ᠵᠡᠷᠭᠡ ᠪᠠᠷ ᠠᠳᠬᠤᠵᠣ᠂ ᠠᠵᠢᠯ ᠤᠨ ᠠᠷᠭ᠎ᠠ ᠠᠪᠴᠠᠯ ᠢᠶᠠᠨ ᠨᠠᠷᠢᠯᠢᠭᠵᠢᠭᠤᠯᠣᠨ᠂ ᠬᠠᠣᠯᠢ ᠬᠡᠷᠡᠭᠵᠢᠭᠦᠯᠣᠯᠳᠡ ᠬᠢᠨᠠᠯᠳᠠ ᠬᠠᠮᠢᠶᠠᠷᠣᠯᠳᠠ ᠪᠠᠨ ᠴᠢᠩᠭᠠᠳᠬᠠᠵᠣ᠂ ᠡᠯ᠎ᠡ ᠲᠦᠷᠦᠯ ᠤᠨ ᠣᠢ ᠰᠢᠭᠤᠢ ᠨᠣᠳᠤᠭ ᠪᠡᠯᠴᠢᠭᠡᠷ ᠢ ᠰᠦᠢᠳᠬᠡᠭᠰᠡᠨ ᠬᠠᠣᠯᠢ ᠠᠴᠠ ᠵᠦᠷᠢᠴᠡᠭᠰᠡᠨ ᠠᠵᠢᠯᠯᠠᠭᠠᠨ ᠳᠤ ᠴᠢᠩᠭ᠎ᠠ ᠴᠣᠬᠢᠯᠳᠡ ᠦᠭᠴᠦ᠂ ᠣᠯᠠᠨ ᠠᠷᠭ᠎ᠠ ᠵᠠᠮ ᠢᠶᠠᠷ ᠬᠠᠣᠯᠢ ᠴᠠᠭᠠᠵᠠ ᠲᠦᠷᠦ ᠶᠢᠨ ᠪᠣᠳᠣᠯᠭ᠎ᠠ ᠶᠢ ᠣᠬᠠᠭᠤᠯᠣᠨ᠂ ᠣᠯᠠᠨ ᠲᠦᠮᠡᠨ ᠢ ᠢᠳᠡᠪᠬᠢᠳᠡᠢ ᠵᠢᠯᠣᠭᠤᠳᠣᠨ ᠣᠢ ᠰᠢᠭᠤᠢ ᠨᠣᠳᠤᠭ ᠪᠡᠯᠴᠢᠭᠡᠷ ᠤᠨ ᠡᠬᠢ ᠪᠠᠶᠠᠯᠢᠭ ᠢ ᠬᠠᠮᠠᠭᠠᠯᠠᠬᠤ ᠠᠵᠢᠯᠯᠠᠭᠠᠨ ᠳᠤ ᠣᠷᠣᠯᠴᠠᠭᠤᠯᠵᠣ᠂ ᠪᠦᠬᠦ ᠠᠷᠠᠳ ᠢᠶᠠᠷ ᠢᠶᠠᠨ ᠣᠷᠣᠯᠴᠠᠬᠤ᠂ ᠬᠠᠮᠳᠦ ᠪᠠᠷ ᠬᠠᠮᠠᠭᠠᠯᠠᠬᠤ ᠣᠬᠢ ᠰᠠᠶᠢᠨ ᠣᠷᠴᠢᠨ ᠢ ᠪᠦᠷᠢᠯᠳᠦᠭᠦᠯᠬᠦ ᠬᠡᠷᠡᠭᠳᠡᠢ᠃ ᠠᠭᠤᠯᠠ ᠣᠰᠣ ᠣᠢ ᠲᠠᠷᠢᠶ᠎ᠠ ᠨᠠᠭᠤᠷ ᠪᠡᠯᠴᠢᠭᠡᠷ ᠡᠯᠡᠰᠦ ᠶᠢ ᠨᠢᠭᠡ ᠴᠣᠭᠴᠠᠵᠢᠭᠤᠯᠣᠭᠰᠠᠨ ᠬᠠᠮᠠᠭᠠᠯᠠᠯᠳᠠ ᠪᠣᠯᠣᠨ ᠰᠢᠰᠲ᠋ᠧᠮᠳᠦ ᠵᠠᠰᠠᠯᠳᠠ ᠶᠢ ᠢᠮᠠᠭᠳᠠ ᠪᠠᠷᠢᠮᠳᠠᠯᠠᠨ᠂ ᠡᠯᠡᠰᠦ ᠰᠡᠷᠭᠡᠶᠢᠯᠡᠨ ᠵᠠᠰᠠᠬᠤ ᠡᠯ᠎ᠡ ᠲᠦᠷᠦᠯ ᠤᠨ ᠠᠵᠢᠯ ᠤᠨ ᠡᠭᠦᠷᠭᠡ ᠶᠢ ᠲᠣᠭᠳᠠᠭᠤᠨ ᠡᠮᠬᠢᠳᠡᠢ ᠠᠬᠢᠭᠤᠯᠵᠣ᠂ ᠮᠠᠯᠴᠢᠨ ᠲᠠᠷᠢᠶᠠᠴᠢᠨ ᠣᠯᠠᠨ ᠲᠦᠮᠡᠨ ᠤ ᠭᠦᠨᠵᠡᠭᠡᠢ ᠣᠷᠣᠯᠴᠠᠵᠣ᠂ ᠦᠷᠭᠡᠨ ᠢᠶᠠᠨ ᠠᠰᠢᠭ ᠬᠦᠷᠳᠡᠬᠦ ︽ᠬᠦᠳᠡᠯᠮᠦᠷᠢᠯᠡᠭᠦ ᠪᠠᠷ ᠲᠡᠳᠬᠦᠮᠵᠢ ᠶᠢ ᠣᠷᠣᠯᠠᠭᠤᠯᠬᠤ︾ ᠠᠵᠢᠯ ᠤᠨ ᠲᠣᠭᠳᠠᠴᠠ ᠶᠢ ᠪᠠᠶᠢᠭᠤᠯᠣᠨ᠂ ᠠᠮᠢ ᠠᠬᠤᠢ᠂ ᠠᠵᠣ ᠠᠬᠤᠢ᠂ ᠨᠡᠶᠢᠭᠡᠮ ᠤᠨ ᠦᠷ᠎ᠡ ᠠᠰᠢᠭ ᠢ ᠴᠢᠷᠮᠠᠶᠢᠨ ᠪᠡᠶᠡᠯᠡᠭᠦᠯᠬᠦ ᠬᠡᠷᠡᠭᠳᠡᠢ ᠭᠡᠪᠡ᠃     ᠬᠤᠰᠢᠭᠤ ᠣᠳᠣᠷᠢᠳᠣᠯᠭ᠎ᠠ ᠶᠢᠦ ᠵᠢᠶᠠᠨ ᠴᠢᠩ ᠣᠷᠣᠯᠴᠠᠪᠠ᠃
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠦᠯᠵᠢᠶ᠎ᠡ