ᠴᠡᠷᠢᠭ ᠠᠷᠠᠤᠨ ᠤᠨ ᠠᠮᠢᠨ ᠳᠡᠵᠢᠬᠡᠯ ᠸᠠᠩ ᠵᠧᠨ ᠤ ᠬᠤᠤᠨᠳᠤᠭ — ᠳᠠᠪᠤᠳᠤᠭᠠᠷ ᠪᠦᠯᠦᠭ ︵ᠵᠢᠷᠭᠤᠭ᠎ᠠ︶
ᠨᠡᠶᠢᠲᠡᠯᠡᠭᠰᠡᠨ ᠴᠠᠭ᠄
2025/5/14
                           ᠳᠠᠪᠤᠳᠤᠭᠠᠷ ᠪᠦᠯᠦᠭ    ᠪᠤᠷᠤᠪᠠᠯᠭᠠᠰᠤᠨ ᠤ ᠰᠠᠭᠤᠷᠢᠨ ᠭᠠᠵᠠᠷ                           ᠵᠢᠷᠭᠤᠭ᠎ᠠ᠂ ︽ᠶᠡᠭᠡ ᠵᠣᠣ ᠶᠢᠨ ᠴᠢᠭᠤᠯᠭᠠᠨ ᠤ ᠰᠡᠳᠭᠦᠯ︾     ︽ᠶᠡᠭᠡ ᠵᠣᠣ ᠶᠢᠨ ᠴᠢᠭᠤᠯᠭᠠᠨ ᠤ ᠰᠡᠳᠭᠦᠯ︾ ᠤᠨ ᠣᠣᠯ ᠨᠠᠷ᠎ᠠ ᠨᠢ ︽ᠮᠣᠩᠭᠤᠯ ᠰᠣᠨᠢᠨ︾ ᠬᠡᠳᠡᠭ᠃ ᠳᠣᠮᠳᠠᠳᠣ ᠣᠯᠣᠰ ᠤᠨ ᠡᠪ ᠬᠠᠮᠳᠣ ᠨᠠᠮ ᠤᠨ ᠳᠦᠪ ᠬᠤᠷᠢᠶ᠎ᠠ ᠱᠠᠨ— ᠭᠠᠨ— ᠨᠢᠩ ᠬᠢᠵᠠᠭᠠᠷ ᠤᠷᠤᠨ ᠳᠤ ᠭᠦᠷᠦᠭᠰᠡᠨ ᠤ ᠳᠠᠷᠠᠭ᠎ᠠ᠂ ᠮᠣᠩᠭᠤᠯ ᠦᠨᠳᠣᠰᠣᠳᠡᠨ ᠤ ᠠᠵᠢᠯ ᠢ ᠦᠷᠨᠢᠬᠦᠯᠬᠦ ᠶᠢ ᠶᠠᠪᠣᠬᠤ ᠳᠣᠳᠣᠮ ᠴᠢᠬᠤᠯᠠᠴᠢᠯᠠᠵᠠᠢ᠃ 1936 ᠣᠨ ᠳᠤ᠂ ᠭᠤᠷᠪᠡᠨ ᠬᠢᠵᠠᠭᠠᠷ ᠤᠨ ᠤᠷᠤᠨ ᠨᠤᠳᠤᠭ ᠤᠨ ᠨᠠᠮ ᠤᠨ ᠬᠤᠷᠢᠶ᠎ᠠ ᠠᠴᠠ ᠶᠡᠭᠡ ᠮᠠᠰᠢᠩ ᠳᠤ ︽ᠮᠣᠩᠭᠤᠯ ᠰᠣᠨᠢᠨ︾ ᠢ ᠠᠩᠬ᠎ᠠ ᠡᠭᠦᠰᠭᠡᠨ ᠡᠷᠬᠢᠯᠡᠵᠣ᠂ ᠶᠡᠭᠡ ᠵᠣᠣ ᠶᠢᠨ ᠴᠢᠭᠤᠯᠭᠠᠨ ᠳᠠᠬᠢ ᠣᠬᠠᠭᠤᠯᠭ᠎ᠠ ᠶᠢᠨ ᠡᠭᠦᠷᠭᠡ ᠶᠢ ᠳᠣᠰᠬᠠᠶᠢᠯᠠᠨ ᠡᠬᠦᠷᠬᠡᠯᠡᠭᠰᠡᠨ ᠶᠤᠮ᠃ ᠨᠦᠭᠦᠴᠡᠯ  ᠤᠨ ᠬᠢᠵᠠᠭᠠᠷᠯᠠᠯ ᠠᠴᠠ ᠪᠣᠯᠵᠣ᠂  ︽ᠮᠣᠩᠭᠤᠯ ᠰᠣᠨᠢᠨ︾ ᠢ ᠳᠣᠰᠣᠨ ᠳᠠᠷᠣᠮᠠᠯ ᠤᠨ ᠠᠷᠭ᠎ᠠ ᠪᠠᠷ ᠳᠤᠭᠳᠠᠮᠠᠯ ᠪᠤᠰᠤ ᠬᠤᠭᠤᠴᠠᠭ᠎ᠠ ᠲᠠᠢ ᠪᠠᠷ ᠭᠡᠪᠯᠡᠵᠣ᠂ ᠨᠠᠶᠢᠳᠠ ᠳᠦᠷᠪᠡᠨ ᠨᠢᠭᠤᠷ ᠲᠠᠢ ᠪᠡᠶᠢᠵᠡᠢ᠃ ᠳᠤᠰ ᠰᠤᠨᠢᠨ ᠨᠢ ᠬᠠᠮᠤᠭ ᠤᠨ ᠳᠦᠭᠦᠮ ᠳᠦᠳᠠ ᠬᠤᠪᠢᠰᠬᠠᠯ ᠤᠨ ᠶᠣᠰᠣ ᠣᠴᠢᠷ ᠪᠠ ᠪᠠᠭ᠎ᠠ ᠬᠡᠮᠵᠢᠶᠡᠨ ᠤ ᠴᠢᠮᠡᠭᠡ ᠮᠡᠳᠡᠬᠡᠯᠡᠯ  ᠢᠶᠠᠷ ᠭᠤᠤᠯ ᠠᠭᠤᠯᠭ᠎ᠠ ᠪᠠᠨ ᠪᠤᠯᠭᠠᠵᠤ᠂ ᠭᠤᠮᠢᠨᠳᠠᠩ ᠤᠨ ᠨᠤᠶᠠᠷᠬᠠᠯ ᠤᠨ ᠣᠷᠣᠨ ᠤ ᠠᠵᠢᠯ ᠤᠨ ᠣᠨᠴᠠᠯᠢᠭ ᠲᠤ ᠵᠣᠬᠢᠴᠠᠭᠤᠯᠣᠨ ᠳᠠᠷᠬᠠᠭᠠᠬᠤ ᠭᠦᠷᠢᠶ᠎ᠠ ᠭᠡᠪᠴᠢᠶ᠎ᠠ  ᠪᠠᠨ ᠦᠷᠭᠡᠳᠭᠡᠭᠦ ᠶᠢᠨ ᠳᠦᠯᠦᠭᠡ᠂ ᠰᠣᠨᠢᠨ ᠢᠶᠠᠨ ᠨᠢᠭᠤᠴᠠ ᠪᠠᠷ ᠣᠬᠠᠭᠤᠯᠬᠤ ᠠᠷᠭ᠎ᠠ ᠪᠠᠷ ᠡᠷᠬᠢᠯᠡᠵᠣ᠂ ᠭᠤᠮᠢᠨᠳᠠᠩ ᠤᠨ ᠪᠠᠶᠢᠴᠠᠭᠠᠯᠳᠠ ᠠᠴᠠ ᠵᠠᠶᠢᠯᠠᠰᠬᠢᠵᠤ ᠪᠠᠶᠢᠭᠰᠠᠨ ᠶᠣᠮ᠃      1945 ᠣᠨ ᠳᠤ᠂ ᠳᠣᠮᠳᠠᠳᠣ ᠣᠯᠣᠰ ᠤᠨ ᠡᠪ ᠬᠠᠮᠳᠣ ᠨᠠᠮ ᠤᠨ ᠶᠡᠭᠡ ᠵᠣᠣ ᠶᠢᠨ ᠴᠢᠭᠤᠯᠭᠠᠨ ᠤ ᠠᠵᠢᠯᠯᠠᠬᠤ ᠬᠤᠷᠢᠶ᠎ᠠ ᠪᠠᠶᠢᠭᠤᠯᠣᠭᠳᠠᠭᠰᠠᠨ ᠤ ᠳᠠᠷᠠᠭ᠎ᠠ᠂ ︽ᠮᠣᠩᠭᠤᠯ ᠰᠣᠨᠢᠨ︾ ᠨᠢ ᠳᠡᠬᠦᠨ ᠤ ᠣᠳᠣᠷᠢᠳᠣᠯᠭ᠎ᠠ ᠳᠣᠣᠷ᠎ᠠ ᠪᠠᠶᠢᠪᠠ᠃ ᠣᠯᠣᠰ ᠳᠦᠷᠦ ᠶᠢᠨ ᠣᠬᠠᠭᠤᠯᠭ᠎ᠠ ᠪᠠᠨ ᠴᠢᠩᠭᠠᠳᠬᠠᠬᠤ ᠶᠢᠨ ᠳᠦᠯᠦᠭᠡ ᠶᠡᠭᠡ ᠵᠣᠣ  ᠶᠢᠨ ᠴᠢᠭᠤᠯᠭᠠᠨ ᠤ ᠠᠵᠢᠯᠯᠠᠬᠤ ᠬᠤᠷᠢᠶ᠎ᠠ ᠶᠢᠨ ᠣᠬᠠᠭᠤᠯᠬᠤ ᠭᠡᠯᠳᠡᠰ ᠤᠨ ᠳᠠᠷᠤᠭ᠎ᠠ ᠰᠢᠤᠸᠠᠢ ᠰᠢᠶᠠᠩ ᠴᠧᠨ ᠢᠶᠠᠷ ᠭᠤᠤᠯ ᠬᠠᠷᠢᠭᠤᠴᠠᠨ᠂ ᠬᠤᠣ ᠹᠠᠨ ᠪᠣᠳᠡᠳᠣ ᠳᠣᠬᠠᠶᠢᠯᠠᠭᠰᠠᠨ ᠠᠵᠢᠯ ᠢ ᠡᠷᠬᠢᠯᠡᠨ ᠬᠢᠵᠣ᠂ ᠪᠦᠷᠢᠨᠳᠡᠭᠦᠰ ︵ᠬᠤᠣ ᠱᠧᠩ ᠶᠢᠨ︶᠂ ᠪᠠᠳᠤᠴᠤᠭ ︵ ᠶᠢᠨ ᠬᠠᠨ ᠸᠧᠨ︶᠂ ᠳ᠋ᠠᠩ ᠱᠢ ᠰᠢᠦ ᠵᠡᠷᠭᠡ ᠠᠵᠢᠯᠳᠠᠨ ᠰᠣᠨᠢᠨ ᠢ ᠡᠷᠬᠢᠯᠡᠨ ᠨᠠᠶᠢᠷᠠᠭᠤᠯᠵᠤ ᠪᠠᠶᠢᠪᠠ᠃ ᠰᠣᠨᠢᠨ ᠨᠢ ᠡᠬᠢᠯᠡᠩᠭᠦᠳᠠ ᠣᠣᠯ ᠤᠨ ᠭᠤᠷᠪᠠᠨ ᠬᠢᠵᠠᠭᠠᠷ ᠤᠨ ᠣᠨᠴᠠᠭᠠᠢ ᠬᠤᠷᠢᠶ᠎ᠠ ᠶᠢᠨ ᠪᠠᠶᠢᠭᠤᠯᠭ᠎ᠠ ᠶᠢᠨ ᠰᠣᠨᠢᠨ  ᠤ ᠨᠡᠷᠡᠶᠢᠳᠣᠯ ︽ᠮᠣᠩᠭᠤᠯ ᠰᠣᠨᠢᠨ︾ ᠢ ᠭᠡᠷᠡᠭᠯᠡᠵᠣ ᠪᠠᠶᠢᠭᠰᠠᠨ ᠠᠴᠠ ᠪᠠᠨ ᠰᠡᠭᠦᠯ ᠳᠤ ᠨᠢ ︽ᠶᠡᠭᠡ ᠵᠣᠣ ᠶᠢᠨ ᠴᠢᠭᠤᠯᠭᠠᠨ ᠤ ᠰᠡᠤᠨᠬᠦᠯ︾ ᠬᠡᠵᠤ ᠦᠭᠡᠷᠡᠴᠢᠯᠡᠵᠣ᠂ ᠮᠣᠩᠭᠤᠯ ᠬᠢᠳᠠᠳ ᠬᠤᠶᠡᠷ ᠭᠡᠪᠯᠡᠯ ᠲᠠᠢ ᠪᠤᠯᠵᠠᠢ᠃ ︽ᠮᠣᠩᠭᠤᠯ ᠰᠣᠨᠢᠨ︾ ᠲᠠᠢ ᠠᠳᠠᠯᠢᠳᠬᠠᠪᠠᠯ ︽ᠶᠡᠭᠡ ᠵᠣᠣ ᠶᠢᠨ ᠴᠢᠭᠤᠯᠭᠠᠨ ᠤ ᠰᠡᠳᠭᠦᠯ︾ ᠨᠢ ᠬᠤᠭᠤᠴᠠᠭ᠎ᠠ ᠶᠢᠨ ᠳᠤᠭ᠎ᠠ᠂ ᠨᠢᠭᠤᠷ᠂ ᠠᠭᠤᠯᠭ᠎ᠠ ᠵᠡᠷᠭᠡ ᠲᠠᠯ᠎ᠠ ᠪᠠᠷ ᠴᠦᠮ ᠨᠡᠮᠡᠭᠳᠡᠯ ᠲᠠᠢ ᠪᠣᠯᠵᠣ᠂ ᠡᠪ ᠬᠠᠮᠳᠣ ᠨᠠᠮ ᠤᠨ ᠡᠯ᠎ᠡ ᠵᠦᠢᠯ ᠤᠨ ᠴᠢᠭᠯᠡᠯᠳᠠ ᠶᠢ ᠣᠬᠠᠭᠤᠯᠬᠤ ᠠᠴᠠ ᠭᠠᠳᠠᠨ᠎ᠠ᠂ ᠴᠠᠭ ᠤᠨ ᠪᠠᠶᠢᠳᠠᠯ ᠤᠨ ᠮᠡᠳᠡᠭᠡ ᠴᠢᠮᠡᠭᠡ ᠴᠤ ᠢᠯᠠᠳᠳᠠ ᠨᠡᠮᠡᠭᠳᠡᠪᠡ᠃ ︽ᠶᠡᠭᠡ ᠵᠣᠣ ᠶᠢᠨ ᠴᠢᠭᠤᠯᠭᠠᠨ ᠤ ᠰᠡᠳᠭᠦᠯ︾ ᠤᠨ ᠮᠡᠳᠡᠭᠡ ᠴᠢᠮᠡᠭᠡ ᠳᠦᠷᠪᠡᠨ ᠲᠠᠯ᠎ᠠ ᠠᠴᠠ ᠢᠷᠡᠯ ᠲᠠᠢ᠃ ᠨᠢᠭᠡ ᠨᠢ ᠠᠵᠢᠯᠯᠠᠬᠤ ᠬᠤᠷᠢᠶ᠎ᠠ ᠶᠢᠨ ᠷᠡᠳᠢᠣ᠋ ᠠᠴᠠ ᠰᠣᠨᠣᠰᠣᠭᠰᠠᠨ ᠶᠡᠨ ᠠᠨ ᠪᠣᠯᠣᠨ ᠵᠢᠶᠠᠩ ᠵᠢᠶᠧ ᠱᠢ  ᠶᠢᠨ ᠨᠤᠶᠠᠷᠬᠠᠯ ᠤᠨ ᠣᠷᠣᠨ ᠤ ᠮᠡᠳᠡᠭᠡ︔  ᠬᠤᠶᠡᠷ ᠨᠢ ᠠᠵᠢᠯᠯᠠᠬᠤ ᠬᠤᠷᠢᠶ᠎ᠠ ᠶᠢᠨ ᠪᠣᠷᠣᠪᠠᠯᠭᠠᠰᠣᠨ ᠤ ᠣᠶᠢᠷ᠎ᠠ ᠬᠠᠪᠢ ᠳᠠᠬᠢ ᠠᠵᠢᠯᠯᠠᠭ᠎ᠠ︔  ᠭᠤᠷᠪᠡ ᠨᠢ ᠶᠡᠭᠡ ᠵᠣᠣ ᠶᠢᠨ ᠰᠠᠯᠪᠣᠷᠢ ᠠᠩᠬᠢ ᠶᠢᠨ ᠪᠠᠶᠢᠯᠳᠣᠭᠠᠨ ᠤ ᠮᠡᠳᠡᠭᠡ︔ ᠳᠦᠷᠪᠡ ᠨᠢ ᠭᠤᠮᠢᠨᠳᠠᠩ ᠤᠨ ᠳᠠᠷᠬᠠᠭᠠᠭᠰᠠᠨ ᠰᠣᠨᠢᠨ ᠵᠡᠷᠭᠡ ᠪᠣᠯᠣᠨ᠎ᠠ᠃ 1946 ᠣᠨ ᠳᠤ ᠶᠡᠭᠡ ᠵᠣᠣ ᠶᠢᠨ ᠴᠢᠭᠤᠯᠭᠠᠨ ᠤ ᠠᠵᠢᠯᠯᠠᠬᠤ ᠬᠤᠷᠢᠶ᠎ᠠ ᠪᠣᠷᠣᠪᠠᠯᠭᠠᠰᠣᠨ ᠤ ᠱᠠᠰᠢᠨ ᠤ ᠳᠤᠭᠠᠩ ᠤᠨ ᠳᠠᠷᠤᠮᠠᠯᠯᠠᠬᠤ ᠮᠠᠰᠢᠨ ᠢ ᠠᠪᠴᠣ ᠬᠠᠮᠢᠶᠠᠷᠣᠭᠰᠠᠨ ᠠᠴᠠ ᠳᠠᠷᠤᠮᠠᠯᠯᠠᠬᠤ ᠴᠢᠨᠠᠷᠵᠢᠯ ᠶᠡᠭᠡ ᠪᠠᠷ ᠳᠡᠬᠡᠭᠰᠢᠯᠡᠪᠡ᠃       1947 ᠣᠨ ᠤ 3 ᠰᠠᠷ᠎ᠠ ᠳᠤ᠂ ᠬᠣ᠋ ᠽᠥᠩ ᠨᠠᠨ᠂ ᠮᠠ ᠬᠤᠩ ᠺᠦᠢ ᠨᠠᠷ ᠱᠠᠨ— ᠭᠠᠨ— ᠨᠢᠩ ᠬᠢᠵᠠᠭᠠᠷ ᠤᠷᠤᠨ ᠢ ᠬᠠᠪᠴᠢᠨ ᠴᠣᠬᠢᠭᠰᠠᠨ ᠳᠤ ︽ᠶᠡᠭᠡ ᠵᠣᠣ ᠶᠢᠨ ᠴᠢᠭᠤᠯᠭᠠᠨ ᠤ ᠰᠡᠳᠭᠦᠯ︾  ᠤᠨ ᠠᠵᠢᠯᠳᠠᠤᠨ ᠶᠡᠭᠡ ᠵᠣᠣ ᠶᠢᠨ ᠴᠢᠭᠤᠯᠭᠠᠨ ᠤ ᠠᠵᠢᠯᠯᠠᠬᠤ ᠬᠤᠷᠢᠶ᠎ᠠ ᠶᠢ ᠳᠠᠭᠠᠵᠣ᠂ ᠪᠣᠷᠣ ᠬᠤᠳᠠ ᠶᠢᠨ ᠤᠷᠳᠤ ᠠᠭᠤᠯᠠᠨ ᠳᠤ ᠰᠢᠯᠵᠢᠭᠰᠡᠨ ᠠᠴᠠ ᠡᠨᠡ ᠦᠶ᠎ᠡ ᠶᠢᠨ ᠰᠣᠨᠢᠨ ᠤ ᠬᠤᠭᠤᠴᠠᠭ᠎ᠠ ᠶᠢᠨ ᠳᠤᠭ᠎ᠠ ᠵᠤᠬᠢᠬᠤ ᠬᠡᠪᠴᠢᠶ᠎ᠡ ᠪᠠᠷ ᠪᠠᠭᠠᠰᠣᠭᠰᠠᠨ ᠪᠣᠯᠪᠠᠴᠣ᠂ ᠮᠡᠳᠡᠭᠡᠯᠡᠯ  ᠢᠶᠠᠨ ᠮᠦᠨ ᠴᠠᠭ ᠳᠠᠷᠣᠢ ᠳᠤ ᠨᠢ ᠬᠢᠵᠤ ᠪᠡᠶᠢᠵᠡᠢ᠃ ᠪᠦᠷᠢᠨᠳᠡᠬᠦᠰ ︵ᠬᠤᠣ ᠱᠧᠩ ᠶᠢᠨ︶ ᠨᠦᠭᠦᠷ ᠰᠢᠯᠵᠢᠨ ᠠᠶᠠᠯᠠᠬᠤ ᠵᠠᠮ ᠵᠠᠭᠤᠷ᠎ᠠ ᠪᠠᠨ ᠬᠡᠳᠣᠷᠬᠡᠢ ᠶᠡᠳᠡᠷᠡᠵᠣ ᠵᠦᠳᠡᠷᠡᠭᠰᠡᠨ ᠠᠴᠠ ᠪᠤᠯᠵᠤ ᠪᠡᠶ᠎ᠡ ᠦᠷᠡᠭᠳᠡᠪᠡ᠃      1948 ᠣᠨ ᠤ ᠬᠠᠪᠣᠷ᠂ ᠶᠡᠭᠡ ᠵᠣᠣ ᠶᠢᠨ ᠴᠢᠭᠤᠯᠭᠠᠨ ᠤ ᠠᠵᠢᠯᠯᠠᠬᠤ ᠬᠤᠷᠢᠶ᠎ᠠ ᠶᠢ ᠶᠡᠭᠡ ᠵᠣᠣ ᠶᠢᠨ ᠵᠡᠭᠦᠨ ᠪᠠ ᠶᠡᠭᠡ ᠵᠣᠣ ᠶᠢᠨ ᠪᠠᠷᠠᠭᠤᠨ ᠭᠡᠭᠦ ᠬᠤᠶᠡᠷ ᠠᠵᠢᠯᠯᠠᠬᠤ ᠬᠤᠷᠢᠶ᠎ᠠ ᠪᠣᠯᠭᠠᠨ ᠬᠤᠪᠢᠶᠠᠭᠰᠠᠨ ᠠᠴᠠ ︽ᠶᠡᠭᠡ ᠵᠣᠣ ᠶᠢᠨ ᠴᠢᠭᠤᠯᠭᠠᠨ ᠤ ᠰᠡᠳᠭᠦᠯ︾ ᠴᠡᠷᠢᠭ ᠠᠩᠬᠢ ᠪᠠᠨ ᠳᠠᠭᠠᠵᠣ ᠵᠡᠭᠦᠠᠭᠠᠷ ᠬᠤᠰᠢᠭᠤᠨ ᠳᠤ ᠭᠦᠷᠦᠭᠡᠳ ᠡᠷᠬᠢᠯᠡᠭᠦ ᠪᠠᠨ ᠵᠤᠭᠰᠤᠵᠠᠢ᠃      ︽ᠶᠡᠭᠡ ᠵᠣᠣ ᠶᠢᠨ ᠴᠢᠭᠤᠯᠭᠠᠨ ᠤ ᠰᠡᠳᠭᠦᠯ︾ ᠨᠢ ᠨᠠᠮ ᠤᠨ ᠦᠨᠳᠣᠰᠣᠳᠡᠨ ᠤ ᠳᠤᠬᠠᠢ ᠳᠦᠷᠦ ᠶᠢᠨ ᠪᠣᠳᠣᠯᠭ᠎ᠠ ᠶᠢ ᠣᠬᠠᠭᠤᠯᠵᠣ᠂ ᠹᠸᠣᠳᠡᠯ ᠤᠨ ᠸᠠᠩ ᠭᠦᠩ ᠪᠣᠯᠣᠨ ᠬᠠᠷᠢ ᠶᠢᠨ ᠱᠠᠰᠢᠨᠳᠠᠨ ᠤ ᠳᠡᠷᠰᠯᠡᠭᠦᠣ ᠨᠣᠶᠠᠷᠬᠠᠯ ᠳᠠᠷᠣᠯᠠᠯ ᠢ ᠡᠰᠡᠷᠭᠦᠴᠡᠭᠦ ᠳᠤ ᠳᠣᠶᠢᠯ ᠤᠨ ᠶᠡᠭᠡ ᠦᠢᠯᠡᠳᠣᠯ ᠦᠵᠡᠭᠦᠯᠵᠡᠢ᠃ ᠪᠦᠷᠢᠨᠳᠡᠭᠦᠰ ᠵᠡᠷᠭᠡ ᠭᠦᠮᠦᠰ ᠤᠨᠤᠴᠠᠳᠠᠢ ᠭᠡᠷᠡᠭ ᠣᠴᠢᠷ᠂ ᠬᠤᠷᠴᠠ ᠰᠢᠭᠤᠷᠬᠠᠢ᠂ ᠠᠮᠢᠳᠣᠯᠢᠭ ᠪᠣᠳᠡᠳᠡᠢ ᠨᠣᠳᠤᠭ ᠤᠨ ᠦᠭᠡ ᠬᠡᠯᠡᠯᠭᠡ ᠪᠠᠷ ᠵᠠᠮᠶᠠᠩᠰᠢᠷᠠᠪ ᠢ ᠢᠯᠡᠴᠢᠯᠡᠭᠰᠡᠨ ᠴᠦᠭᠡᠨ ᠪᠣᠰᠣ ᠵᠣᠬᠢᠶᠡᠯ ᠢ ᠪᠢᠴᠢᠭᠡᠳ ᠦᠷᠭᠡᠨ ᠣᠯᠠᠨ ᠠᠷᠠᠳ ᠳᠦᠮᠡᠨ ᠪᠣᠯᠣᠨ ᠳᠠᠷᠤᠭ᠎ᠠ ᠪᠠᠶᠢᠯᠳᠣᠭᠴᠢᠳ ᠤᠨ ᠪᠠᠭ᠋ᠠᠳᠣᠯ ᠪᠢᠰᠢᠷᠡᠯ᠂ ᠮᠠᠭᠳᠠᠭᠠᠯ ᠰᠠᠶᠢᠰᠢᠶᠡᠯ ᠢ ᠤᠯᠪᠠ᠃                 ᠢᠷᠠᠯᠳᠠ᠄ ᠳᠠᠯ᠎ᠠ ᠨᠤᠳᠤᠭ ᠤᠨ ᠬᠤᠪᠢᠰᠬᠠᠯ ᠤᠨ ᠳᠡᠤᠬᠡ ᠤᠯᠪᠠᠭ᠎ᠠ 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠦᠯᠵᠢᠶ᠎ᠡ