ᠪᠦᠬᠦᠳᠠ ᠨᠠᠶᠢᠷᠠᠮᠳᠠᠬᠤ ᠳᠤᠮᠳᠠᠳᠤ ᠠᠷᠠᠤᠨ ᠤᠯᠤᠰ ᠪᠠᠶᠢᠭᠤᠯᠤᠭᠳᠠᠭᠰᠡᠨ ᠤ ᠳᠠᠷᠠᠭ᠎ᠠ | 1949 ᠤᠨ ᠤ 10 ᠰᠠᠷ᠎ᠠ ᠠᠴᠠ 1950 ᠤᠨ ᠤ 6 ᠰᠠᠷ᠎ᠠ ᠪᠤᠯᠳᠠᠯ᠎ᠠ᠂ ᠤᠳᠤᠭ ᠬᠤᠰᠢᠭᠤ ︽ᠪᠤᠤ ᠶᠢ ᠦᠬᠡᠶᠢᠰᠬᠡᠵᠤ ᠵᠠᠰᠠᠭ ᠪᠠᠶᠢᠭᠤᠯᠪᠠ︾᠃ | ᠳᠠᠷᠢᠶᠠᠯᠠᠬᠤ ᠤᠷᠤᠨ᠂ ᠬᠠᠭᠠᠰ ᠳᠠᠷᠢᠶᠠᠯᠠᠵᠤ ᠬᠠᠭᠠᠰ ᠮᠠᠯᠵᠢᠬᠤ ᠤᠷᠤᠨ ᠳᠤ ᠨᠤᠳᠤᠭ ᠬᠤᠷᠢᠶ᠎ᠠ ᠶᠢ ᠪᠠᠶᠢᠭᠤᠯᠵᠤ᠂ ᠮᠠᠯᠵᠢᠬᠤ ᠤᠷᠤᠨ ᠳᠤ ᠴᠤ ᠨᠤᠳᠤᠭ ᠬᠤᠷᠢᠶ᠎ᠠ | ᠪᠠᠶᠢᠭᠤᠯᠵᠤ᠂ ᠪᠦᠬᠦ ᠬᠤᠰᠢᠭᠤᠨ ᠳᠤ 12 ᠨᠤᠳᠤᠭ ᠪᠠ 1 ᠰᠢᠭᠤᠤᠨ ᠬᠠᠷᠢᠶ᠎ᠠ ᠰᠢᠶᠠᠩ ᠪᠠᠶᠢᠭᠤᠯᠪᠠ᠃ ᠤᠳᠤᠬᠢ ᠤᠳᠤᠭ ᠤᠨ ᠡᠮᠤᠨᠡᠳᠤ ᠬᠤᠰᠢᠭᠤᠨ ᠤ ᠬᠢᠵᠠᠭᠠᠷ | ᠲᠤ ᠭᠤᠷᠪᠠᠨ ᠪᠤᠯᠠᠭ ᠨᠤᠳᠤᠭ ︵ᠪᠤᠯᠠᠭ ᠨᠤᠳᠤᠭ᠂ ᠬᠤᠵᠢᠮ ᠨᠢ ᠳᠠᠪᠤᠳᠤᠭᠠᠷ ᠨᠤᠳᠤᠭ︶ ᠬᠡᠵᠤ ᠳᠤᠤᠷ᠎ᠠ ᠪᠠᠨ 2 ᠭᠠᠴᠠᠭ᠎ᠠ᠂ 17 ᠪᠠᠶᠢᠭᠠᠯᠢ ᠲᠠᠢ ᠪᠠᠶᠢᠪᠠ᠃ | ᠳᠠᠬᠢᠯᠳᠤ ᠨᠤᠳᠤᠭ ︵ᠬᠤᠵᠢᠮ ᠨᠢ ᠵᠢᠷᠭᠤᠳᠤᠭᠠᠷ ᠨᠤᠳᠤᠭ︶ ᠬᠡᠵᠤ ᠳᠤᠤᠷ᠎ᠠ ᠪᠠᠨ 5 ᠰᠢᠶᠠᠩ᠂ 21 ᠪᠠᠶᠢᠭᠠᠯᠢ ᠲᠠᠢ ᠪᠠᠶᠢᠪᠠ᠃ ᠵᠢᠷᠠ ᠨᠤᠳᠤᠭ ︵ᠬᠤᠵᠢᠮ ᠨᠢ | ᠳᠤᠯᠤᠳᠤᠭᠠᠷ ᠨᠤᠳᠤᠭ︶ ᠬᠡᠵᠤ ᠳᠤᠤᠷ᠎ᠠ ᠪᠠᠨ 2 ᠭᠠᠴᠠᠭ᠎ᠠ᠂ 12 ᠪᠠᠶᠢᠭᠠᠯᠢ ᠲᠠᠢ᠃ ᠢᠮᠠᠭᠠᠯᠠᠢ ᠨᠤᠳᠤᠭ ︵ᠬᠤᠵᠢᠮ ᠨᠠᠢᠮᠠᠳᠤᠭᠠᠷ ᠨᠤᠳᠤᠭ︶᠂ ᠳᠤᠤᠷ᠎ᠠ ᠪᠠᠨ 2 | ᠰᠢᠶᠠᠩ᠂ 6 ᠪᠠᠶᠢᠭᠠᠯᠢ ᠲᠠᠢ ᠪᠠᠶᠢᠪᠠ᠃ ᠪᠤᠷᠤᠪᠠᠯᠭᠠᠰᠤ ᠨᠤᠳᠤᠭ ︵ᠬᠤᠵᠢᠮ ᠨᠢ ᠶᠢᠰᠤᠳᠤᠬᠡᠷ ᠨᠤᠳᠤᠭ︶ ᠬᠡᠵᠤ ᠳᠤᠤᠷ᠎ᠠ ᠪᠠᠨ 4 ᠭᠠᠴᠠᠭ᠎ᠠ᠂ 12 ᠪᠠᠶᠢᠭᠠᠯᠢ ᠲᠠᠢ | ᠪᠠᠶᠢᠪᠠ᠃ ᠵᠤᠤᠬ᠎ᠠ ᠨᠤᠳᠤᠭ ︵ᠬᠤᠵᠢᠮ ᠨᠢ ᠠᠷᠪᠠᠳᠤᠭᠠᠷ ᠨᠤᠳᠤᠭ︶ ᠬᠡᠵᠤ ᠳᠤᠤᠷ᠎ᠠ ᠪᠠᠨ 2 ᠭᠠᠴᠠᠭ᠎ᠠ᠂ 12 ᠪᠠᠶᠢᠭᠠᠯᠢ ᠲᠠᠢ ᠪᠠᠶᠢᠪᠠ᠃ ᠴᠠᠭᠠᠨᠳᠤᠯᠤᠭᠠᠢ | ᠨᠤᠳᠤᠭ ︵ᠬᠤᠵᠢᠮ ᠨᠢ ᠠᠷᠪᠠᠨ ᠨᠢᠬᠡᠳᠤᠬᠡᠷ ᠨᠤᠳᠤᠭ︶ ᠬᠡᠵᠤ ᠳᠤᠤᠷ᠎ᠠ ᠪᠠᠨ 3 ᠭᠠᠴᠠᠭ᠎ᠠ᠂ 12 ᠪᠠᠶᠢᠭᠠᠯᠢ ᠲᠠᠢ ᠪᠠᠶᠢᠵᠤ᠂ ᠪᠠᠰᠠ ᠶᠡᠭᠡ ᠰᠢᠬᠢᠷ ᠬᠡᠵᠤ ᠰᠢᠭᠤᠤᠨ | ᠬᠠᠷᠢᠶ᠎ᠠ ᠰᠢᠶᠠᠩ ᠲᠠᠢ ᠪᠠᠶᠢᠪᠠ᠃ | 1950 ᠤᠨ ᠤ 12 ᠰᠠᠷ᠎ᠠ ᠳᠤ᠂ ᠳᠠᠬᠢᠯᠳᠤ ᠨᠤᠳᠤᠭ ︵ᠵᠢᠷᠭᠤᠳᠤᠭᠠᠷ ᠨᠤᠳᠤᠭ︶ ᠤᠨ ᠠᠷᠠᠤᠨ ᠤᠨ ᠵᠠᠰᠠᠭ ᠤᠨ ᠤᠷᠳᠤᠨ ᠢ ᠶᠡᠭᠡ ᠰᠢᠬᠢᠷ ᠲᠤ | ᠨᠡᠬᠦᠯᠬᠡᠵᠤ᠂ ᠤᠳᠤᠬᠢ ᠤᠳᠤᠭ ᠤᠨ ᠡᠮᠤᠨᠡᠳᠤ ᠬᠤᠰᠢᠭᠤᠨ ᠤ ᠬᠢᠵᠠᠭᠠᠷ ᠳᠤᠳᠤᠷ᠎ᠠ ᠳᠠᠪᠤᠳᠤᠭᠠᠷ ᠨᠤᠳᠤᠭ ︵ᠪᠤᠯᠠᠭ ᠨᠤᠳᠤᠭ︶᠂ ᠵᠢᠷᠭᠤᠳᠤᠭᠠᠷ ᠨᠤᠳᠤᠭ ︵ᠶᠡᠭᠡ | ᠰᠢᠬᠢᠷ ᠨᠤᠳᠤᠭ︶᠂ ᠳᠤᠯᠤᠳᠤᠭᠠᠷ ᠨᠤᠳᠤᠭ ︵ᠵᠢᠷᠠ ᠨᠤᠳᠤᠭ︶᠂ ᠶᠢᠰᠤᠳᠤᠬᠡᠷ ᠨᠤᠳᠤᠭ ︵ᠪᠤᠷᠤᠪᠠᠯᠭᠠᠰᠤ ᠨᠤᠳᠤᠭ︶᠂ ᠠᠷᠪᠠᠳᠤᠭᠠᠷ ᠨᠤᠳᠤᠭ ︵ᠵᠤᠤᠬ᠎ᠠ | ᠨᠤᠳᠤᠭ︶᠂ ᠠᠷᠪᠠᠨ ᠨᠢᠬᠡᠳᠤᠬᠡᠷ ᠨᠤᠳᠤᠭ ︵ᠴᠠᠭᠠᠨᠳᠤᠯᠤᠭᠠᠢ ᠨᠤᠳᠤᠭ︶ ᠬᠡᠵᠤ ᠳᠤᠬᠢᠷᠠᠭᠤᠯᠤᠯᠳᠠ ᠬᠢᠪᠡ᠃ ᠳᠠᠬᠢᠨ ᠳᠤᠬᠢᠷᠠᠭᠤᠯᠭ᠎ᠠ ᠬᠢᠬᠡᠤᠨ ᠤᠳᠤᠭ ᠬᠤᠰᠢᠭᠤ | ᠳᠤ ᠨᠠᠶᠢᠳᠠ 15 ᠨᠤᠳᠤᠭ᠂ 43 ᠰᠢᠶᠠᠩ ᠬᠡᠵᠤ ᠪᠠᠶᠢᠭᠤᠯᠤᠨ ᠪᠦᠬᠦᠨ ᠢ ᠳᠤᠭ᠎ᠠ ᠪᠠᠷ ᠳ᠋ᠤᠭᠠᠷᠯᠠᠪᠠ᠃ | 1951 ᠤᠨ ᠤ 6 ᠰᠠᠷ᠎ᠠ ᠳᠤ ᠨᠠᠢᠮᠠᠳᠤᠭᠠᠷ ᠨᠤᠳᠤᠭ ︵ᠢᠮᠠᠭᠠᠯᠠᠢ ᠨᠤᠳᠤᠭ︶ ᠢ ᠵᠢᠷᠭᠤᠳᠤᠭᠠᠷ ᠨᠤᠳᠤᠭ ︵ᠳᠠᠬᠢᠯᠳᠤ ᠨᠤᠳᠤᠭ︶ ᠲᠠᠢ ᠬᠠᠮᠳᠤᠷᠠᠭᠤᠯᠤᠨ | ᠨᠠᠶᠢᠯᠡᠬᠦᠯᠪᠡ᠃ | 1955 ᠤᠨ ᠳᠤ᠂ ᠲᠦᠷᠤ ᠶᠢᠨ ᠶᠠᠪᠤᠳᠠᠯ ᠤᠨ ᠬᠤᠷᠢᠶᠠᠨ ᠤ ᠬᠤᠳᠠ ᠶᠢᠨ ᠬᠠᠷᠢᠶ᠎ᠠ ᠨᠤᠳᠤᠭ ᠪᠠ ᠰᠢᠶᠠᠨ ᠤ ᠬᠠᠷᠢᠶ᠎ᠠ ᠨᠤᠳᠤᠭ ᠬᠤᠷᠢᠶ᠎ᠠ ᠶᠢᠨ ᠨᠡᠷᠡᠶᠢᠳᠤᠯ | ᠢ ᠳᠠᠬᠢᠨᠳᠠ ᠰᠢᠨ᠎ᠠ ᠪᠠᠷ ᠭᠠᠵᠠᠷ ᠤᠨ ᠨᠠᠷᠠ ᠪᠠᠷ ᠳᠠᠭᠤᠳᠠᠵᠤ᠂ ᠳᠤᠭ᠎ᠠ ᠪᠠᠷ ᠳ᠋ᠤᠭᠠᠷᠯᠠᠨ ᠳᠠᠭᠤᠳᠠᠬᠤ ᠦᠬᠡᠢ ᠳᠤᠭᠳᠠᠭᠠᠯ ᠶᠤᠰᠤᠭᠠᠷ ᠤᠳᠤᠬᠢ ᠤᠳᠤᠭ ᠤᠨ | ᠡᠮᠤᠨᠡᠳᠤ ᠬᠤᠰᠢᠭᠤᠨ ᠤ ᠬᠢᠵᠠᠭᠠᠷ ᠳᠤᠳᠤᠷᠠᠬᠢ ᠳᠠᠪᠤᠳᠤᠭᠠᠷ ᠨᠤᠳᠤᠭ ᠢ ᠪᠤᠯᠠᠭ ᠨᠤᠳᠤᠭ᠂ ᠵᠢᠷᠭᠤᠳᠤᠭᠠᠷ ᠨᠤᠳᠤᠭ ᠢ ᠶᠡᠭᠡ ᠰᠢᠬᠢᠷ ᠨᠤᠳᠤᠭ᠂ ᠳᠤᠯᠤᠳᠤᠭᠠᠷ | ᠨᠤᠳᠤᠭ ᠢ ᠵᠢᠷᠠ ᠨᠤᠳᠤᠭ᠂ ᠶᠢᠰᠤᠳᠤᠬᠡᠷ ᠨᠤᠳᠤᠭ ᠢ ᠪᠤᠷᠤᠪᠠᠯᠭᠠᠰᠤ ᠨᠤᠳᠤᠭ᠂ ᠠᠷᠪᠠᠳᠤᠭᠠᠷ ᠨᠤᠳᠤᠭ ᠢ ᠵᠤᠤᠬ᠎ᠠ ᠨᠤᠳᠤᠭ᠂ ᠠᠷᠪᠠᠨ ᠨᠢᠬᠡᠳᠤᠬᠡᠷ ᠨᠤᠳᠤᠭ ᠢ | ᠴᠠᠭᠠᠨᠳᠤᠯᠤᠭᠠᠢ ᠨᠤᠳᠤᠭ ᠬᠡᠵᠤ ᠨᠡᠷᠡᠯᠡᠬᠦ ᠪᠤᠯᠪᠠ᠃ | 1956 ᠤᠨ ᠳᠤ᠂ ᠨᠤᠳᠤᠭ ᠢ ᠦᠬᠡᠶᠢᠰᠬᠡᠵᠤ ᠰᠢᠶᠠᠩ ᠪᠤᠯᠭᠠᠵᠤ᠂ ᠮᠠᠯᠵᠢᠬᠤ ᠤᠷᠤᠨ ᠳᠤ ᠨᠤᠳᠤᠭ ᠬᠤᠷᠢᠶ᠎ᠠ ᠪᠠ ᠭᠠᠴᠠᠭ᠎ᠠ ᠶᠢᠨ ᠵᠠᠰᠠᠭ ᠤᠨ ᠤᠷᠳᠤᠨ ᠢ | ᠦᠬᠡᠶᠢᠰᠬᠡᠵᠤ᠂ ᠰᠤᠮᠤ᠂ ᠪᠠᠭ ᠪᠤᠯᠭᠠᠪᠠ᠃ ᠳᠠᠷᠢᠶᠠᠯᠠᠬᠤ ᠤᠷᠤᠨ ᠳᠤ ᠨᠤᠳᠤᠭ ᠬᠤᠷᠢᠶ᠎ᠠ ᠶᠢ ᠦᠬᠡᠶᠢᠰᠬᠡᠵᠤ ᠭᠤᠤᠯᠳᠠᠯᠭᠠᠳᠤ ᠨᠤᠳᠤᠭ᠂ ᠰᠢᠶᠠᠩ ᠪᠤᠯᠭᠠᠨ | ᠪᠠᠶᠢᠭᠤᠯᠪᠠ᠃ ᠤᠳᠤᠬᠢ ᠤᠳᠤᠭ ᠤᠨ ᠡᠮᠤᠨᠡᠳᠤ ᠬᠤᠰᠢᠭᠤᠨ ᠤ ᠬᠢᠵᠠᠭᠠᠷ ᠳᠤᠳᠤᠷ᠎ᠠ ᠰᠤᠮᠤ ᠪᠤᠯᠭᠠᠭᠰᠡᠨ ᠨᠢ᠄ ᠪᠤᠯᠠᠭ᠂ ᠮᠤᠭᠠᠶᠢᠳᠤ᠂ ᠮᠠᠯᠠᠤᠨ᠂ ᠵᠢᠷᠠ᠂ ᠵᠤᠤᠬ᠎ᠠ᠂ | ᠬᠠᠷᠭᠠᠨᠠᠳᠤ ︵ᠤᠤᠯ ᠤᠨ ᠴᠠᠭᠠᠨᠳᠤᠯᠤᠭᠠᠢ ᠨᠤᠳᠤᠭ ᠤᠨ ᠨᠢᠬᠡ ᠭᠠᠴᠠᠭ᠎ᠠ ᠪᠠᠶᠢᠪᠠ︶ 6 ᠪᠤᠯᠤᠨ᠎ᠠ᠃ ᠳᠠᠷᠢᠶᠠᠯᠠᠬᠤ ᠤᠷᠤᠨ ᠳᠤ ᠳᠤᠬᠢᠷᠠᠭᠤᠯᠤᠯᠳᠠ ᠬᠢᠵᠤ ᠶᠡᠭᠡ | ᠰᠢᠬᠢᠷ ᠭᠤᠤᠯᠳᠠᠯᠭᠠᠳᠤ ᠨᠤᠳᠤᠭ ᠢ ᠪᠠᠶᠢᠭᠤᠯᠵᠤ᠂ ᠳᠤᠤᠷ᠎ᠠ ᠨᠢ ᠶᠡᠭᠡ ᠰᠢᠬᠢᠷ᠂ ᠳᠠᠬᠢᠯᠳᠤ᠂ ᠢᠮᠠᠭᠠᠯᠠᠢ 3 ᠰᠢᠶᠠᠩ ᠪᠠᠶᠢᠭᠤᠯᠵᠤ᠂ ᠪᠤᠷᠤᠪᠠᠯᠭᠠᠰᠤ ᠭᠤᠤᠯᠳᠠᠯᠭᠠᠳᠤ | ᠨᠤᠳᠤᠭ ᠢ ᠪᠠᠶᠢᠭᠤᠯᠵᠤ᠂ ᠳᠤᠤᠷ᠎ᠠ ᠨᠢ ᠵᠠᠩᠭᠠᠨ ᠰᠢᠯᠢ᠂ ᠪᠤᠷᠤᠳᠤᠯᠤᠭᠠᠢ᠂ ᠪᠤᠷᠤᠪᠠᠯᠭᠠᠰᠤ 3 ᠭᠠᠴᠠᠭ᠎ᠠ ᠪᠠᠶᠢᠭᠤᠯᠪᠠ᠃ ᠮᠦᠨ ᠵᠢᠯ ᠳᠤ ᠪᠠᠨ ᠡᠯ᠎ᠡ ᠰᠤᠮᠤ ᠰᠢᠶᠠᠩ | ︵ᠭᠠᠴᠠᠭ᠎ᠠ︶ ᠨᠢ ᠪᠦᠷ ᠳᠠᠷᠢᠶᠠᠯᠠᠩ ᠮᠠᠯ ᠠᠵᠤ ᠠᠬᠤᠢ ᠶᠢᠨ ᠤᠶᠢᠯᠡᠤᠨᠪᠤᠷᠢᠯᠡᠯ ᠤᠨ ᠬᠠᠮᠳᠤᠷᠠᠯ ᠬᠤᠷᠰᠢᠶ᠎ᠠ ᠪᠤᠯᠪᠠ᠃ | 1958 ᠤᠨ ᠳᠤ᠂ ᠤᠳᠤᠬᠢ ᠤᠳᠤᠭ ᠤᠨ ᠡᠮᠤᠨᠡᠳᠤ ᠬᠤᠰᠢᠭᠤᠨ ᠤ ᠬᠢᠵᠠᠭᠠᠷ ᠳᠤᠳᠤᠷᠠᠬᠢ ᠶᠡᠭᠡ ᠰᠢᠬᠢᠷ ᠰᠢᠶᠠᠩ ᠢ ᠢᠮᠠᠭᠠᠯᠠᠢ ᠰᠢᠶᠠᠩ ᠲᠠᠢ ᠨᠡᠶᠢᠯᠡᠬᠦᠯᠵᠤ᠂ | ᠮᠠᠯᠠᠤᠨ ᠰᠤᠮᠤ ᠶᠢ ᠬᠠᠷᠭᠠᠨᠠᠳᠤ ᠰᠤᠮᠤ ᠲᠠᠢ ᠨᠡᠶᠢᠯᠡᠬᠦᠯᠵᠤ ᠴᠠᠭᠠᠨᠳᠤᠯᠤᠭᠠᠢ ᠰᠤᠮᠤ ᠪᠤᠯᠭᠠᠪᠠ᠃ ᠮᠦᠨ ᠵᠢᠯ ᠤᠨ 11 ᠰᠠᠷ᠎ᠠ ᠳᠤ ᠨᠤᠳᠤᠭ᠂ ᠰᠢᠶᠠᠩ᠂ ᠰᠤᠮᠤ ᠶᠢ | ᠦᠬᠡᠷᠡᠴᠢᠯᠡᠬᠡᠤᠨ ᠴᠦᠮ ᠢ ᠠᠷᠠᠤᠨ ᠤᠨ ᠨᠢᠬᠡᠳᠤᠯ ᠪᠤᠯᠭᠠᠨ ᠪᠠᠶᠢᠭᠤᠯᠪᠠ᠃ ᠤᠳᠤᠬᠢ ᠤᠳᠤᠭ ᠤᠨ ᠡᠮᠤᠨᠡᠳᠤ ᠬᠤᠰᠢᠭᠤᠨ ᠤ ᠬᠢᠵᠠᠭᠠᠷ ᠳᠤᠳᠤᠷ᠎ᠠ ᠳᠠᠭᠠᠭᠤᠯᠢ | ᠤᠳᠤᠨ ︵ᠪᠤᠯᠠᠭ︶᠂ ᠬᠦᠳᠡᠯᠮᠤᠷᠢ ︵ᠮᠤᠭᠠᠶᠢᠳᠤ︶᠂ ᠳᠡᠬᠦᠰ ᠴᠢᠳᠠᠪᠤᠷᠢᠳᠤ ︵ᠵᠢᠷᠠ︶᠂ ᠢᠯᠠᠯᠳᠠ ︵ᠵᠤᠤᠬ᠎ᠠ︶᠂ ᠵᠢᠷᠭᠠᠯᠠᠩᠳᠤ ︵ᠴᠠᠭᠠᠨᠳᠤᠯᠤᠭᠠᠢ︶ ᠵᠡᠷᠬᠡ 5 | ᠮᠠᠯᠵᠢᠬᠤ ᠤᠷᠤᠨ ᠤ ᠠᠷᠠᠤᠨ ᠤᠨ ᠨᠢᠬᠡᠳᠤᠯ ᠪᠠ ᠤᠯᠠᠭᠠᠨ ᠳᠤᠭ ︵ᠶᠡᠭᠡ ᠰᠢᠬᠢᠷ᠂ ᠳᠠᠬᠢᠯᠳᠤ᠂ ᠢᠮᠠᠭᠠᠯᠠᠢ︶᠂ ᠨᠦᠬᠦᠷᠯᠡᠯ ︵ᠪᠤᠷᠤᠪᠠᠯᠭᠠᠰᠤ ᠭᠤᠤᠯᠳᠠᠯᠭᠠᠳᠤ | ᠨᠤᠳᠤᠭ︶ 2 ᠳᠠᠷᠢᠶᠠᠯᠠᠬᠤ ᠤᠷᠤᠨ ᠤ ᠠᠷᠠᠤᠨ ᠤᠨ ᠨᠢᠬᠡᠳᠤᠯ ᠢ ᠪᠠᠶᠢᠭᠤᠯᠪᠠ᠃ | 1961 ᠤᠨ ᠤ 7 ᠰᠠᠷ᠎ᠠ ᠳᠤ᠂ ᠴᠠᠭᠠᠨᠳᠤᠯᠤᠭᠠᠢ ᠠᠷᠠᠤᠨ ᠤᠨ ᠨᠢᠬᠡᠳᠤᠯ ᠠᠴᠠ ᠮᠠᠯᠠᠤᠨ ᠠᠷᠠᠤᠨ ᠤᠨ ᠨᠢᠬᠡᠳᠤᠯ ᠬᠡᠵᠤ ᠬᠤᠪᠢᠶᠠᠨ ᠭᠠᠷᠭᠠᠪᠠ᠃ | 1962 ᠤᠨ ᠤ 4 ᠰᠠᠷ᠎ᠠ ᠳᠤ ᠤᠯᠠᠭᠠᠨ ᠳᠤᠭ ᠠᠷᠤᠨ ᠤᠨ ᠨᠢᠬᠡᠳᠤᠯ ᠠᠴᠠ ᠢᠮᠠᠭᠠᠯᠠᠢ ᠠᠷᠠᠤᠨ ᠤᠨ ᠨᠢᠬᠡᠳᠤᠯ ᠬᠡᠵᠤ ᠬᠤᠪᠢᠶᠠᠨ ᠭᠠᠷᠭᠠᠪᠠ᠃ | ︽ᠰᠤᠶᠤᠯ ᠤᠨ ᠶᠡᠭᠡ ᠬᠤᠪᠢᠰᠬᠠᠯ︾ ᠡᠬᠢᠯᠡᠭᠰᠡᠨ ᠤ ᠳᠠᠷᠠᠭ᠎ᠠ᠂ 1968 ᠤᠨ ᠤ 4 ᠰᠠᠷ᠎ᠠ ᠳᠤ ᠡᠯ᠎ᠡ ᠠᠷᠠᠤᠨ ᠤᠨ ᠬᠦᠩᠱᠧ ᠶᠢ ᠬᠤᠪᠢᠰᠬᠠᠯ ᠤᠨ ᠵᠦᠪᠯᠡᠯ | ᠪᠤᠯᠭᠠᠨ ᠦᠬᠡᠷᠡᠴᠢᠯᠡᠪᠡ᠃ ᠤᠳᠤᠬᠢ ᠤᠳᠤᠭ ᠤᠨ ᠡᠮᠤᠨᠡᠳᠤ ᠬᠤᠰᠢᠭᠤᠨ ᠤ ᠬᠢᠵᠠᠭᠠᠷ ᠳᠤᠳᠤᠷ᠎ᠠ ᠪᠠᠶᠢᠭᠤᠯᠤᠭᠰᠡᠨ ᠬᠤᠪᠢᠰᠬᠠᠯ ᠤᠨ ᠵᠦᠪᠯᠡᠯ ᠬᠡᠪᠡᠯ᠄ ᠪᠤᠯᠠᠭ᠂ | ᠳᠠᠬᠢᠯᠳᠤ᠂ ᠢᠮᠠᠭᠠᠯᠠᠢ᠂ ᠵᠢᠷᠠ᠂ ᠪᠤᠷᠤᠪᠠᠯᠭᠠᠰᠤ᠂ ᠵᠤᠤᠬ᠎ᠠ᠂ ᠴᠠᠭᠠᠨᠳᠤᠯᠤᠭᠠᠢ᠂ ᠮᠠᠯᠠᠤᠨ᠂ ᠮᠤᠭᠠᠶᠢᠳᠤ ᠵᠡᠷᠬᠡ 9 ᠬᠤᠪᠢᠰᠬᠠᠯ ᠤᠨ ᠵᠦᠪᠯᠡᠯ ᠪᠠᠶᠢᠪᠠ᠃ 1972 | ᠤᠨ ᠤ 12 ᠰᠠᠷ᠎ᠠ ᠳᠤ᠂ ᠮᠠᠩᠬᠠᠳᠤ ᠭᠠᠵᠠᠷ ᠤᠷᠤᠨ ᠤ ᠤᠳᠤᠷᠢᠤᠨᠬᠤ ᠳᠤᠭᠤᠶᠢᠯᠠᠩ ᠬᠡᠵᠤ ᠪᠠᠶᠢᠭᠤᠯᠤᠭᠳᠠᠪᠠ᠃ | 1979 ᠤᠨ ᠤ 9 ᠰᠠᠷ᠎ᠠ ᠶᠢᠨ 25 ᠳᠤ᠂ ᠮᠠᠩᠬᠠᠳᠤ ᠭᠠᠵᠠᠷ ᠤᠷᠤᠨ ᠬᠡᠰᠡᠨ ᠨᠡᠷ᠎ᠡ ᠶᠢ ᠬᠠᠰᠤᠵᠤ ᠮᠠᠩᠬᠠᠳᠤ ᠠᠷᠠᠤᠨ ᠤᠨ ᠬᠦᠩᠱᠧ ᠪᠤᠯᠭᠠᠪᠠ᠃ | | ᠢᠷᠠᠯᠳᠠ᠄ ᠤᠳᠤᠭ ᠤᠨ ᠡᠮᠤᠨᠡᠳᠤ ᠬᠤᠰᠢᠭᠤᠨ ᠤ ᠤᠶᠢᠯᠠᠯᠭ᠎ᠠ ︵1980 — 2009 ᠤᠨ︶ | |