1942 ᠤᠨ ᠳᠤ ᠭᠤᠮᠢᠨᠳᠠᠩ ᠤᠨ ᠵᠠᠰᠠᠭ ᠤᠨ ᠭᠠᠵᠠᠷ ᠠᠴᠠ ᠤᠳᠤᠭ ᠬᠤᠰᠢᠭᠤᠨ ᠳᠤ ᠪᠤᠤ ᠵᠢᠶᠠ ᠶᠢᠨ ᠲᠦᠷᠢᠮ ᠢ ᠬᠡᠷᠡᠭᠵᠢᠬᠦᠯᠵᠤ᠂ ᠴᠠᠭᠠᠨᠳᠤᠯᠤᠭᠠᠢ | ᠪᠤᠤ ᠶᠢ ᠪᠠᠶᠢᠭᠤᠯᠪᠠ᠃ ᠬᠡᠬᠦ ᠳᠡᠭᠡᠨ ᠴᠠᠭᠠᠨᠳᠤᠯᠤᠭᠠᠢ ᠬᠡᠰᠡᠨ ᠨᠠᠷᠠ ᠨᠢ ᠬᠠᠷᠢᠨ ᠪᠤᠷᠵᠢᠬᠢᠨ ᠪᠤᠷᠤ ᠶᠢᠨ ᠤᠳᠤᠷᠢᠳᠤᠭᠰᠠᠨ ᠤᠳᠤᠭ ᠬᠤᠰᠢᠭᠤᠨ ᠤ ᠳᠤᠭᠤᠶᠢᠯᠠᠩ ᠤᠨ | ᠬᠦᠳᠡᠯᠬᠡᠬᠡᠨ ᠠᠴᠠ ᠢᠷᠡᠯᠳᠠᠢ ᠶᠤᠮ᠃ ᠬᠠᠷ᠎ᠠ ᠳᠡᠮᠠᠬᠢ ᠶᠢᠨ ᠳᠠᠶᠢᠨ ᠤ ᠦᠶᠡᠰ᠂ ᠳᠠᠷᠠ ᠹᠸᠤᠳᠠᠯ ᠤᠨ ᠳᠠᠷᠤᠯᠠᠯ ᠮᠦᠯᠵᠢᠯ᠂ ᠠᠯᠪᠠᠨ ᠶᠠᠮᠤᠨ ᠤ ᠬᠤᠪᠳᠤᠭ ᠨᠤᠶᠠᠤᠨ | ᠵᠠᠯᠢᠬᠠᠢ ᠲᠦᠰᠢᠮᠡᠤᠨ ᠤᠨ ᠭᠠᠵᠠᠷ ᠨᠤᠳᠤᠭ ᠢᠶᠠᠨ ᠭᠠᠳᠠᠭᠰᠢ ᠬᠤᠳᠠᠯᠳᠤᠨ᠂ ᠬᠠᠷᠢ ᠶᠢᠨ ᠬᠦᠮᠤᠨ ᠳᠤ ᠨᠠᠶᠢᠷ ᠳᠠᠯᠪᠢᠵᠤ ᠠᠰᠢᠭ ᠬᠤᠨᠵᠢᠪᠤᠷᠢ ᠤᠯᠬᠤ ᠮᠡᠳᠤ ᠶᠢᠨ | ᠶᠤᠰᠤ ᠪᠤᠰᠤ ᠠᠵᠢᠯᠯᠠᠭ᠎ᠠ ᠶᠢ ᠡᠰᠡᠷᠬᠦᠴᠡᠭᠰᠡᠨ ᠳᠤᠭᠤᠶᠢᠯᠠᠩ ᠤᠨ ᠬᠦᠳᠡᠯᠬᠡᠬᠡᠨ ᠳᠤ ᠤᠷᠤᠯᠴᠠᠵᠤ᠂ ᠴᠠᠭᠠᠨᠳᠤᠯᠤᠭᠠᠢ ᠶᠢᠨ ᠪᠤᠷᠤ ᠶᠢᠨ ᠤᠳᠤᠷᠢᠳᠤᠭᠰᠠᠨ ᠤᠳᠤᠭ ᠤᠨ | ᠪᠠᠷᠠᠭᠤᠨ ᠡᠮᠤᠨᠡᠳᠤ ᠪᠡᠶ᠎ᠡ ᠶᠢᠨ ᠳᠤᠭᠤᠶᠢᠯᠠᠩ ᠬᠡᠵᠤ ᠨᠠᠷᠠ ᠠᠯᠳᠠᠷᠰᠢᠵᠤ ᠪᠠᠶᠢᠵᠠᠢ᠃ 19 ᠳ᠋ᠤᠬᠡᠷ ᠵᠠᠭᠤᠨ ᠤ ᠡᠬᠢᠨ ᠤ ᠦᠶᠡᠰ ᠢᠶᠠᠷ ᠤᠳᠤᠭ ᠬᠤᠰᠢᠭᠤᠨ ᠤ | ᠳᠤᠭᠤᠶᠢᠯᠠᠩ ᠤᠨ ᠬᠦᠳᠡᠯᠬᠡᠬᠡᠨ ᠦᠷᠨᠢᠨ ᠬᠦᠭᠵᠢᠬᠡᠤᠨ ᠴᠠᠭᠠᠨᠳᠤᠯᠤᠭᠠᠢ ᠶᠢᠨ ᠳᠤᠭᠤᠶᠢᠯᠠᠩ ᠨᠢ ᠨᠠᠷᠠ ᠠᠯᠳᠠᠷᠰᠢᠭᠰᠡᠨ ᠤᠳᠤᠭ ᠤᠨ 8 ᠳᠤᠭᠤᠶᠢᠯᠠᠩ ᠤᠨ ᠨᠢᠬᠡ | ᠨᠢ ᠪᠤᠯᠪᠠ᠃ ᠡᠨᠡ ᠨᠢ ᠮᠦᠨᠴᠤ ᠴᠠᠭᠠᠨᠳᠤᠯᠤᠭᠠᠢ ᠨᠤᠳᠤᠭ ᠤᠨ ᠨᠠᠷᠠ ᠶᠢᠨ ᠢᠷᠠᠯᠳᠠ ᠪᠤᠯᠬᠤ ᠶᠤᠮ᠃ | | | ᠢᠷᠠᠯᠳᠠ᠄ ᠤᠳᠤᠭ ᠤᠨ ᠡᠮᠤᠨᠡᠳᠤ ᠬᠤᠰᠢᠭᠤᠨ ᠤ ᠰᠤᠮᠤ ᠰᠢᠶᠠᠩ ᠭᠠᠴᠠᠭ᠎ᠠ ᠳᠤᠰᠬᠤᠨ ᠤ ᠨᠡᠷᠡᠰ ᠤᠨ ᠴᠠᠳᠢᠭ |