ᠱᠠᠩᠬᠠᠢ ᠶᠢᠨ ᠰᠦᠮ᠎ᠠ ᠮᠠᠯᠵᠢᠯ ᠤᠨ ᠳᠠᠯᠠᠪᠠᠢ
ᠨᠡᠶᠢᠲᠡᠯᠡᠭᠰᠡᠨ ᠴᠠᠭ᠄
2025/5/27
     ᠤᠯᠤᠰ ᠤᠨ ᠰᠠᠩ ᠤᠨ ᠱᠠᠩᠬᠠᠢ ᠶᠢᠨ ᠰᠦᠮ᠎ᠠ ᠮᠠᠯᠵᠢᠯ ᠤᠨ ᠳᠠᠯᠠᠪᠠᠢ ᠪᠤᠯ ᠤᠤᠯ ᠤᠨ ᠪᠤᠯᠠᠭ ᠨᠤᠳᠤᠭ ᠤᠨ ᠭᠠᠵᠠᠷ ᠲᠤ 1956 ᠤᠨ ᠠᠴᠠ ᠡᠬᠢᠯᠡᠨ ᠤᠯᠤᠰ ᠠᠴᠠ ᠪᠡᠯᠡ ᠤᠷᠤᠭᠤᠯᠵᠤ ᠪᠦᠳᠤᠬᠡᠨ ᠪᠠᠶᠢᠭᠤᠯᠤᠭᠰᠡᠨ ᠮᠠᠯ ᠠᠵᠤ ᠠᠬᠤᠢ ᠪᠠᠷ ᠭᠤᠤᠯ ᠪᠤᠯᠭᠠᠭᠰᠡᠨ ᠳᠠᠷᠢᠶᠠᠯᠠᠬᠤ ᠠᠵᠤ ᠠᠬᠤᠶᠢᠯᠠᠯ ᠮᠦᠨ᠃ ᠤᠤᠯ ᠳᠤ  ᠪᠠᠨ ᠠᠶᠢᠮᠠᠭ ᠤᠨ ᠳᠠᠷᠢᠶᠠᠯᠠᠩ ᠤᠨ ᠬᠠᠮᠢᠶᠠᠷᠤᠯᠳᠠ ᠶᠢᠨ ᠳᠤᠪᠴᠢᠶᠠᠨ ᠠᠴᠠ ᠰᠢᠭᠤᠤᠨ ᠬᠠᠮᠢᠶᠠᠷᠴᠤ ᠪᠠᠶᠢᠭᠰᠠᠨ ᠢᠶᠠᠨ 1983 ᠤᠨ ᠳᠤ ᠤᠳᠤᠭ ᠤᠨ ᠡᠮᠤᠨᠡᠳᠤ ᠬᠤᠰᠢᠭᠤᠨ ᠳᠤ ᠰᠢᠯᠵᠢᠬᠦᠯᠤᠨ ᠳᠤᠰᠢᠶᠠᠪᠠ᠃ ᠳᠠᠯᠠᠪᠠᠢ ᠶᠢᠨ ᠬᠡᠪᠴᠢᠶᠠᠨ ᠳᠤ 49 ᠲᠦᠮᠡᠨ ᠮᠤ᠋ ᠪᠡᠯᠴᠢᠬᠡᠷ ᠲᠠᠢ ᠪᠠᠶᠢᠵᠤ᠂ ᠡᠬᠦᠨ ᠳᠤ ᠠᠰᠢᠭᠯᠠᠵᠤ ᠪᠤᠯᠬᠤ ᠡᠪᠡᠰᠤ ᠪᠡᠯᠴᠢᠬᠡᠷ ᠪᠠᠷᠤᠭ 32.7 ᠲᠦᠮᠡᠨ ᠮᠤ᠋ ᠪᠠᠶᠢᠵᠤ᠂ ᠪᠦᠬᠦ ᠳᠠᠯᠠᠪᠠᠢ ᠶᠢᠨ 66.7% ᠶᠢ ᠡᠵᠡᠯᠡᠨ᠎ᠡ᠃ ᠳᠠᠯᠠᠪᠠᠢ ᠶᠢᠨ ᠬᠡᠪᠴᠢᠶᠡᠨ ᠳᠤ ᠱᠠᠩᠬᠠᠢ ᠶᠢᠨ ᠰᠦᠮ᠎ᠠ ᠬᠡᠳᠡᠭ ᠰᠦᠮ᠎ᠠ ᠪᠠᠶᠢᠭᠰᠡᠨ ᠢᠶᠠᠷ ᠡᠶᠢᠨᠬᠦ ᠨᠡᠷᠡᠯᠡᠵᠡᠢ᠃     ᠱᠠᠩᠬᠠᠢ ᠶᠢᠨ ᠰᠦᠮ᠎ᠠ    ᠡᠨᠡ ᠱᠠᠩᠬᠠᠢ ᠶᠢᠨ ᠰᠦᠮ᠎ᠠ ᠨᠢ ᠤᠤᠯ ᠳᠤ ᠪᠠᠨ ᠬᠠᠳᠤᠨ ᠭᠤᠤᠯ ᠤᠨ ᠵᠡᠬᠦᠨ ᠡᠷᠬᠢ ᠳᠤ ᠬᠢ ᠰᠠᠰᠠ ᠶᠢᠨ ᠰᠢᠯᠢ ᠶᠢᠨ ᠪᠠᠷᠠᠭᠤᠨ ᠡᠮᠤᠨ᠎ᠡ ᠨᠤᠷ᠎ᠠ ᠳᠤ ᠪᠠᠶᠢᠭ᠎ᠠ ᠠᠭᠤᠢ ᠳᠤ ᠳᠠᠪᠤᠨ ᠬᠠᠭᠠᠨ ᠪᠤᠷᠬᠠᠨ ᠤ ᠰᠢᠳᠤᠬᠡᠨ ᠲᠠᠢ ᠪᠠᠶᠢᠵᠡᠢ᠂ ᠡᠨᠡ ᠰᠦᠮ᠎ᠠ ᠶᠢᠨ ᠡᠵᠡᠨ ᠯᠠᠮᠠ ᠨᠢ ᠬᠡᠶᠢᠷᠤᠪ ᠬᠡᠵᠤ ᠬᠦᠮᠤᠨ ᠪᠠᠶᠢᠵᠤ᠂ ᠬᠡᠶᠢᠷᠤᠪ ᠤᠨ ᠳᠡᠬᠦᠤ ᠨᠢ ᠫᠠᠭᠪᠤᠤᠵᠠᠪ ᠬᠡᠭᠴᠢ ᠮᠠᠶᠢᠷᠠᠨ ᠵᠡᠷᠬᠡ ᠲᠠᠢ ᠬᠦᠮᠤᠨ ᠪᠠᠶᠢᠵᠠᠢ᠃     19 ᠳ᠋ᠤᠬᠡᠷ ᠵᠠᠭᠤᠨ ᠤ ᠳᠠᠯᠠᠭᠠᠤᠨ ᠤᠨ ᠤ ᠦᠶᠡᠰ ᠮᠠ ᠬᠤᠸᠠ ᠯᠦᠩ ᠤᠨ ᠤᠳᠤᠷᠢᠳᠤᠭᠰᠠᠨ ᠬᠤᠳᠤᠩᠴᠤᠤᠨ ᠤᠨ ᠪᠤᠰᠤᠯᠭ᠎ᠠ ᠶᠢᠨ ᠴᠡᠷᠢᠭ ᠮᠤᠩᠭᠤᠯ ᠭᠠᠵᠠᠷ ᠲᠦᠷᠢᠨ ᠤᠷᠤᠵᠤ ᠢᠷᠡᠬᠦ ᠳᠤ ᠡᠨᠡ ᠬᠦ ᠠᠭᠤᠢ ᠶᠢᠨ ᠰᠦᠮ᠎ᠠ ᠶᠢ ᠭᠠᠯᠳᠠᠵᠤ ᠲᠦᠯᠡᠬᠡᠤᠨ ᠰᠦᠢᠤᠨᠬᠡᠭᠰᠡᠨ ᠪᠠᠶᠢᠨ᠎ᠠ᠃ ᠳᠤᠬᠠᠢ ᠶᠢᠨ ᠦᠶ᠎ᠡ ᠫᠠᠭᠪᠤᠤᠵᠠᠪ ᠲᠦᠷᠤᠬᠦᠤ ᠲᠠᠢ ᠨᠢᠬᠡ ᠪᠦᠯᠦᠭ ᠮᠤᠩᠭᠤᠯᠴᠤᠤᠨ ᠴᠤ ᠤᠳᠠᠭᠠᠨ ᠵᠢᠯ ᠢᠶᠠᠷ ᠨᠤᠳᠤᠭᠯᠠᠨ ᠰᠠᠭᠤᠷᠢᠰᠢᠵᠤ ᠪᠠᠶᠢᠭᠰᠡᠨ ᠤᠤᠭᠤᠭᠰᠠᠨ ᠤᠰᠤ ᠤᠨᠠᠭᠰᠡᠨ ᠰᠢᠷᠤᠢ ᠦᠯᠤᠬᠡᠢ ᠨᠤᠳᠤᠭ ᠠᠴᠠ ᠪᠠᠨ ᠠᠶᠠᠷᠯᠠᠨ ᠰᠠᠯᠵᠤ᠂ ᠤᠯᠠᠮ ᠵᠡᠬᠦᠨᠰᠢ ᠨᠡᠬᠦᠵᠤ ᠶᠠᠪᠤᠬᠤ ᠪᠤᠯᠵᠠᠢ᠃ ᠮᠤᠩᠭᠤᠯᠴᠤᠤᠨ ᠨᠡᠬᠦᠵᠤ ᠶᠠᠪᠤᠬᠤ ᠳᠤ ᠪᠠᠨ ᠡᠨᠡ ᠰᠦᠮ᠎ᠠ ᠪᠠᠨ ᠴᠤ ᠨᠡᠬᠦᠯᠬᠡᠬᠦ ᠪᠠᠷ ᠳᠤᠭᠳᠠᠵᠤ᠂ ᠫᠠᠭᠪᠤᠤᠵᠠᠪ ᠲᠦᠯᠬᠡ ᠵᠢᠷᠤᠬᠠᠢ ᠳᠠᠳᠠᠭᠤᠯᠤᠨ᠂ ᠰᠦᠮ᠎ᠠ ᠪᠠᠷᠢᠬᠤ ᠭᠠᠵᠠᠷ ᠢ ᠦᠵᠡᠬᠦᠯᠦᠭᠰᠡᠨ ᠳᠤ ᠡᠨᠡ ᠰᠦᠮ᠎ᠠ ᠶᠢ ︽ᠱᠠᠩᠬ᠎ᠠ︾ ᠬᠡᠰᠡᠨ ᠭᠠᠵᠠᠷ ᠪᠠᠷᠢᠪᠠᠰᠤ ᠦᠯᠵᠠᠢ ᠬᠤᠳᠤᠭ ᠤᠷᠤᠰᠢᠵᠤ᠂ ᠦᠭᠯᠢᠬᠡ ᠶᠢᠨ ᠡᠵᠡᠨ ᠵᠤᠵᠠᠭᠠᠷᠠᠵᠤ᠂ ᠦᠢ ᠲᠦᠮᠡᠨ ᠳᠤ ᠪᠤᠶᠠᠨ ᠤᠶᠢᠯᠡᠤᠨᠬᠦ ᠶᠡᠭᠡ ᠰᠠᠶᠢᠨ ᠬᠡᠰᠡᠨ ᠲᠦᠯᠬᠡ ᠪᠠᠭᠤᠵᠠᠢ᠃ ᠢᠩᠬᠢᠬᠡᠤᠨ ᠰᠦᠮ᠎ᠠ ᠪᠠᠨ ᠵᠡᠬᠦᠨᠰᠢ ᠰᠢᠯᠵᠢᠬᠦᠯᠵᠤ᠂ ᠴᠠᠭᠠᠨ ᠬᠡᠷᠡᠮ ᠤᠨ ᠠᠷᠤ ᠶᠢᠨ ᠦᠷᠬᠡᠨ ᠠᠭᠤᠳᠠᠮ ᠦᠩ ᠰᠢᠮᠡᠯᠢᠭ ᠳᠠᠯ᠎ᠠ ᠶᠢᠨ ᠳᠠᠨᠵᠢᠨ  ᠳᠤ ᠬᠢ ︽ᠱᠠᠩᠬ᠎ᠠ ᠶᠢᠨ ᠤᠰᠤ︾ ᠬᠡᠮᠡᠬᠦ ᠭᠠᠵᠠᠷ ᠪᠠᠶᠢᠭᠤᠯᠵᠤ᠂ ᠰᠦᠮ᠎ᠠ ᠪᠠᠨ ︽ᠱᠠᠩᠬ᠎ᠠ ᠶᠢᠨ ᠰᠦᠮ᠎ᠠ︾ ᠬᠡᠮᠡᠨ ᠨᠡᠷᠡᠯᠡᠵᠡᠢ᠃     ᠤᠳᠤ ᠶᠢᠨ ᠱᠠᠩᠬᠠᠢ ᠶᠢᠨ ᠰᠦᠮ᠎ᠠ ᠪᠠᠯᠭᠠᠰᠤᠨ ᠤ ᠬᠦᠩᠬᠢ ᠶᠢᠨ ᠨᠠᠭᠤᠷ ᠬᠡᠮᠡᠬᠦ ᠨᠠᠷ᠎ᠠ ᠲᠠᠢ 30 ᠭᠠᠷᠤᠢ ᠮᠧᠲᠷ ᠤᠨ ᠬᠦᠨ ᠶᠠᠰᠢᠨ ᠭᠠᠯᠪᠠ ᠶᠢᠨ ᠳᠡᠤᠬᠡ  ᠲᠠᠢ ᠬᠤᠤᠨᠳᠤᠭ ᠤᠨ ᠠᠷᠤ ᠳᠠᠪᠰᠠᠩ ᠳᠡᠬᠡᠷ᠎ᠡ ᠤᠳᠤ ᠴᠤ ᠬᠡᠰᠡᠨ ᠬᠠᠭᠤᠴᠢᠨ ᠬᠡᠷ ᠪᠠᠷᠢᠯᠭ᠎ᠠ᠂ ᠰᠦᠮ᠎ᠠ ᠳᠤᠭᠠᠩ ᠤᠨ ᠪᠠᠭᠤᠷᠢ ᠬᠠᠷᠠᠭᠳᠠᠳᠠᠭ ᠪᠢᠯᠡ᠃ ᠤᠯᠠᠮᠵᠢᠯᠠᠯ ᠶᠠᠷᠢᠶᠠᠨ ᠳᠤ ᠠᠳᠠ ᠨᠢᠬᠡᠨ ᠰᠦᠮ᠎ᠡ ᠪᠠᠶᠢᠵᠤ ᠬᠡᠨ᠎ᠡ᠃ ᠳᠡᠬᠡᠬᠡᠤᠨ ᠨᠢᠬᠡᠨ ᠡᠳᠤᠷ ᠳᠤᠷᠠᠩᠭ᠎ᠠ ᠬᠡᠮᠡᠬᠦ ᠭᠠᠵᠠᠷ ᠤᠨ ᠦᠭᠯᠢᠬᠡᠴᠢ ᠬᠦᠮᠤᠨ ᠮᠠᠯ ᠤᠨᠤᠭᠠᠨ ᠳᠤ ᠪᠠᠨ ᠶᠠᠪᠤᠵᠤ ᠪᠠᠶᠢᠭᠠᠤᠨ ᠬᠦᠩᠬᠢ ᠨᠠᠭᠤᠷ ᠳᠡᠬᠡᠷ᠎ᠡ ᠮᠠᠯ ᠤᠰᠤᠯᠠᠭᠰᠡᠨ ᠬᠦᠮᠤᠨ ᠲᠠᠢ ᠳᠤᠬᠢᠶᠠᠯᠳᠤᠵᠤ᠂ ᠮᠤᠷᠢ ᠪᠠᠨ ᠤᠰᠤᠯᠠᠬᠤ ᠶᠢᠨ ᠵᠠᠭᠤᠷ᠎ᠠ ᠠᠷᠤ ᠳᠠᠪᠰᠠᠩ ᠤᠨ ᠰᠦᠮ᠎ᠠ ᠶᠢ ᠬᠠᠷᠠᠭᠠᠤᠨ ︽ᠳᠠᠷᠠ ᠶᠠᠮᠠᠷ ᠨᠡᠷ᠎ᠡ ᠲᠠᠢ ᠬᠡᠶᠢᠤᠨ ᠪᠤᠢ︖︾ ᠬᠡᠵᠤ ᠠᠰᠠᠭᠤᠪᠠᠯ ᠮᠠᠯ ᠤᠰᠤᠯᠠᠭᠰᠡᠨ ᠬᠦᠮᠤᠨ᠄ ︽ᠮᠡᠳᠡᠳᠡᠭ ᠦᠬᠡᠢ᠂ ᠤᠳᠠᠭᠠᠨ ᠵᠢᠯ  ᠢᠶᠠᠷ ᠰᠢᠳᠤᠬᠦ ᠬᠦᠮᠤᠨ ᠪᠠᠶᠢᠳᠠᠭ ᠦᠬᠡᠢ᠂ ᠨᠢᠬᠡ ᠯᠠ ᠳᠤᠭᠰᠢᠠ ᠰᠢᠳᠤᠬᠡᠨ ᠪᠠᠶᠢᠳᠠᠭ ᠬᠡᠨ᠎ᠡ᠃ ᠳᠠᠷᠠ ᠬᠡᠶᠢᠤᠨ ᠤᠨ ᠬᠡᠩᠬᠡᠷᠬᠡ ᠴᠠᠩ ᠨᠢ ᠦᠷᠯᠤᠬᠡ ᠦᠳᠡᠰᠢ ᠳᠤ  ᠪᠠᠨ ᠦᠪᠡᠷ ᠢᠶᠠᠨ ᠳᠤᠤᠭᠠᠷᠴᠤ ᠬᠤᠷᠠᠯ ᠬᠤᠷᠠᠵᠤ ᠪᠠᠶᠢᠬᠤ ᠰᠢᠭ᠂ ᠵᠠᠷᠢᠮ ᠳᠤ ᠪᠠᠨ ᠮᠤᠷᠢ ᠤᠨᠤᠭ᠎ᠠ ᠲᠠᠢ ᠬᠦᠮᠤᠰ ᠡᠬᠦᠳᠠ ᠪᠠᠷ ᠨᠢ ᠦᠩᠬᠡᠷᠡᠪᠡᠯ ᠳᠠᠷᠠ ᠳᠤᠤᠷ᠎ᠠ  ᠨᠢ ᠮᠤᠷᠢ ᠤᠨᠤᠭ᠎ᠠ ᠠᠴᠠ ᠨᠢ ᠤᠨᠠᠵᠤ᠂ ᠭᠠᠢ ᠵᠤᠪᠠᠯᠠᠩ ᠤᠴᠠᠷᠠᠭᠤᠯᠳᠠᠭ ᠳᠤᠮᠤᠭ ᠲᠠᠢ︾ ᠬᠡᠵᠡᠢ᠃ ᠳᠡᠬᠡᠬᠦᠯᠡᠷ ᠨᠦᠬᠦᠬᠡ ᠬᠦᠮᠤᠨ ᠨᠢ᠄ ︽ᠵᠠ ᠳᠡᠬᠡᠪᠡᠯ ᠪᠢ ᠡᠵᠡᠨ ᠨᠢ ᠪᠤᠯᠤᠶ᠎ᠠ︾ ᠬᠡᠤᠨ ᠬᠦᠩᠬᠢ ᠨᠠᠭᠤᠷ ᠤᠨ ᠬᠤᠤᠨᠳᠤᠭ ᠠᠴᠠ ᠠᠯᠳᠠ ᠮᠦᠷᠬᠦᠯ ᠮᠦᠷᠬᠦᠵᠤ ᠰᠦᠮ᠎ᠠ ᠶᠢᠨ ᠡᠬᠦᠳᠠ ᠬᠦᠷᠤᠬᠡᠤᠨ ᠨᠠᠮᠠᠨᠴᠢᠯᠠᠨ ᠳᠠᠭᠠᠤᠨᠬᠠᠭᠰᠡᠨ  ᠨᠢ᠄ ︽ᠶᠠᠮᠠᠷ ᠬᠡᠭᠴᠢ ᠰᠢᠳᠤᠬᠡᠨ ᠪᠤᠢ︖ ᠬᠦᠮᠤᠨ ᠮᠠᠯ ᠳᠤ ᠭᠠᠢ ᠭᠠᠮᠰᠢᠭ ᠤᠴᠠᠷᠠᠭᠤᠯᠤᠭᠠᠤᠨ ᠪᠠᠶᠢᠳᠠᠭ᠃ ᠶᠠᠮᠠᠷ ᠭᠠᠵᠠᠷ ᠰᠠᠭᠤᠵᠤ ᠪᠤᠢ︖ ᠰᠦᠮ᠎ᠠ ᠬᠡᠶᠢᠤᠨ  ᠢ ᠴᠢᠨᠢ ᠪᠠᠷᠢᠵᠤ᠂ ᠯᠠᠮᠠ ᠬᠤᠸᠠᠷᠠᠭ ᠢ ᠴᠢᠨᠢ ᠤᠯᠭᠤᠵᠤ ᠦᠭᠬᠦᠶ᠎ᠡ︕ ᠨᠠᠳᠠ ᠳᠤ ᠵᠡᠬᠦᠳᠤ ᠪᠠᠷ ᠮᠡᠳᠡᠭᠡ ᠬᠠᠶᠢᠷᠠᠯᠠᠨ᠎ᠠ ᠤᠤ︖︾ ᠬᠡᠤᠨ ᠬᠡᠷ ᠲᠤ ᠪᠠᠨ ᠬᠠᠷᠢᠵᠠᠢ᠃ ᠴᠢᠩᠬᠢᠬᠡᠤᠨ ᠳᠠᠷᠠ ᠰᠦᠨᠢ ᠳᠤ ᠪᠠᠨ ᠬᠤᠯᠠ ᠯᠠᠭᠤᠰᠠ ᠤᠨᠤᠭᠰᠠᠨ ᠨᠢᠬᠡ ᠶᠡᠭᠡ ᠵᠠᠩᠵᠤᠨ ᠢᠷᠡᠵᠤ᠄ ︽ᠮᠢᠨᠤ ᠰᠦᠮ᠎ᠠ ᠶᠢ ︿ᠱᠠᠩᠬ᠎ᠠ﹀ ᠬᠡᠳᠡᠭ ᠭᠠᠵᠠᠷ ᠪᠠᠷᠢᠰᠤᠭᠠᠢ︾ ᠬᠡᠮᠡᠬᠦ ᠵᠡᠬᠦᠳᠤ ᠦᠭᠴᠢᠬᠦᠢ᠃ ᠳᠡᠬᠡᠬᠡᠤᠨ ᠳᠠᠷᠠ ᠰᠦᠮ᠎ᠠ ᠶᠢ ᠰᠢᠯᠵᠢᠬᠦᠯᠵᠤ᠂ ᠤᠤᠯ ᠤᠨ ᠱᠠᠩᠬ᠎ᠠ ᠶᠢᠨ ᠰᠦᠮ᠎ᠠ ᠯᠦᠭᠡ 1879 ᠤᠨ ᠳᠤ ᠬᠠᠮᠳᠤᠷᠠᠭᠤᠯᠤᠨ ᠪᠠᠶᠢᠭᠤᠯᠵᠠᠢ᠃ ᠡᠨᠡ ᠪᠤᠯ ᠬᠠᠭᠤᠴᠢᠨ ᠱᠠᠩᠬ᠎ᠠ ᠶᠢᠨ ᠰᠦᠮ᠎ᠠ ᠶᠢᠨ ᠢᠷᠡᠯᠳᠠ ᠪᠤᠯᠤᠨ᠎ᠠ᠃ ᠤᠨ ᠵᠢᠯ ᠤᠨ ᠤᠳᠠᠭᠠᠨ ᠢᠶᠠᠷ ᠬᠦᠮᠤᠰ ᠱᠠᠩᠬ᠎ᠠ ᠬᠡᠰᠡᠨ ᠢ ᠱᠠᠩᠬᠠᠢ ᠪᠤᠯᠭᠠᠨ ᠳᠠᠭᠤᠳᠠᠬᠤ ᠪᠤᠯᠤᠭᠰᠡᠨ ᠪᠠᠶᠢᠨ᠎ᠠ᠃     ︽ᠱᠠᠩᠬ᠎ᠠ︾ ᠬᠡᠳᠡᠭ ᠦᠬᠡ ᠶᠢᠨ ᠳᠤᠬᠠᠢ ᠤᠳᠤᠬᠠᠨ ᠳᠤ ᠶᠠᠮᠠᠷ ᠤᠤᠨᠬᠠᠳᠠᠢ ᠬᠡᠰᠡᠨ ᠵᠦᠪ ᠬᠠᠷᠢᠭᠤᠯᠳᠠ ᠤᠯᠤᠭᠠᠳᠤᠢ᠃ ᠱᠠᠩᠬ᠎ᠠ ᠪᠤᠯᠤᠨ ᠱᠠᠩᠬᠠᠰ ᠬᠡᠰᠡᠨ ᠬᠤᠶᠠᠷ ᠦᠬᠡ ᠶᠢᠨ ᠤᠤᠠᠬ᠎ᠠ ᠳᠤᠩ ᠤᠶᠢᠷᠠᠯᠴᠠᠭ᠎ᠠ ᠪᠤᠯᠤᠯᠳᠠᠢ᠃ ᠡᠶᠢᠮᠤ ᠠᠴᠠ ᠱᠠᠩᠬ᠎ᠠ ᠬᠡᠰᠡᠨ ᠦᠬᠡ ᠨᠢ ᠦᠷᠬᠡᠨ ᠠᠭᠤᠳᠠᠮ᠂ ᠦᠨᠢᠷ ᠪᠠᠶᠠᠯᠢᠭ ᠪᠤᠶᠤ ᠦᠵᠡᠰᠬᠦᠯᠡᠩᠳᠤ ᠰᠠᠶᠢᠬᠠᠨ ᠠᠭᠤᠳᠠᠮ ᠳᠠᠯ᠎ᠠ ᠬᠡᠰᠡᠨ ᠤᠤᠠᠬ᠎ᠠ ᠪᠠᠷ ᠬᠡᠷᠡᠭᠯᠡᠭᠳᠡᠵᠤ ᠪᠠᠶᠢᠭᠰᠡᠨ ᠬᠠᠭᠤᠴᠢᠨ ᠦᠬᠡ ᠪᠤᠯᠪᠠ ᠤᠤ︖ ᠬᠡᠵᠤ ᠬᠦᠮᠤᠰ ᠦᠵᠡᠵᠤ ᠪᠠᠶᠢᠮᠤᠢ᠃             ᠢᠷᠠᠯᠳᠠ᠄ ᠤᠳᠤᠭ ᠤᠨ ᠡᠮᠤᠨᠡᠳᠤ ᠬᠤᠰᠢᠭᠤᠨ ᠤ ᠰᠤᠮᠤ ᠰᠢᠶᠠᠩ ᠭᠠᠴᠠᠭ᠎ᠠ ᠳᠤᠰᠬᠤᠨ ᠤ ᠨᠡᠷᠡᠰ ᠤᠨ ᠴᠠᠳᠢᠭ 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠦᠯᠵᠢᠶ᠎ᠡ