ᠢᠷᠬᠡᠨ ᠤᠯᠤᠰ ᠤᠨ 31 ᠤᠨ ︵1942 ᠤᠨ︶ ᠳᠤ ᠤᠳᠤᠭ ᠬᠤᠰᠢᠭᠤᠨ ᠳᠤ ᠭᠤᠮᠢᠨᠳᠠᠩ ᠤᠨ ᠪᠤᠤ ᠵᠢᠶᠠ ᠶᠢᠨ ᠲᠦᠷᠢᠮ ᠢ ᠬᠡᠷᠡᠭᠵᠢᠬᠦᠯᠬᠦ ᠳᠤ ᠵᠢᠷᠠ | ᠪᠤᠤ ᠶᠢ ᠪᠠᠶᠢᠭᠤᠯᠪᠠ᠃ | ︽ᠵᠢᠷᠠ︾ ᠬᠡᠳᠡᠭ ᠨᠢ ᠵᠢᠷᠭᠤᠭᠠᠨ ᠠᠷᠪᠠ ᠶᠢᠨ ᠨᠠᠶᠢᠯᠡᠪᠤᠷᠢ᠂ 60 ᠬᠡᠰᠡᠨ ᠤᠤᠠᠬ᠎ᠠ ᠲᠠᠢ᠂ ᠡᠨᠡ ᠬᠦ ᠵᠢᠷᠠ ᠬᠡᠮᠡᠬᠦ ᠨᠡᠷᠡᠶᠢᠳᠤᠯ ᠪᠤᠢ ᠪᠤᠯᠤᠭᠠᠤᠨ ᠠᠷᠠᠢ | ᠵᠠᠭᠤᠨ ᠵᠢᠯ ᠪᠤᠯᠤᠭᠠᠳᠤᠢ᠃ ᠳᠤᠭᠤᠶᠢᠯᠠᠩ ᠤᠨ ᠬᠦᠳᠡᠯᠬᠡᠬᠡᠨ ᠤᠷᠳᠤᠰ ᠨᠤᠳᠤᠭ ᠤᠨ ᠪᠠᠷᠠᠭᠤᠨ ᠪᠡᠶ᠎ᠡ ᠪᠠᠷ ᠠᠩᠬ᠎ᠠ 1858 ᠤᠨ ᠤ ᠦᠶ᠎ᠡ ᠪᠠᠷ ᠡᠬᠢᠯᠡᠵᠤ | ᠡᠬᠦᠰᠤᠬᠡᠤᠨ 1907 ᠤᠨ ᠪᠤᠯᠬᠤ ᠳᠤ ᠦᠤᠰᠢᠨ ᠬᠤᠰᠢᠭᠤ ᠠᠷᠪᠠᠨ ᠨᠠᠢᠮᠠᠨ ᠳᠤᠭᠤᠶᠢᠯᠠᠩ᠂ ᠤᠳᠤᠭ ᠬᠤᠰᠢᠭᠤ ᠨᠠᠢᠮᠠᠨ ᠳᠤᠭᠤᠶᠢᠯᠠᠩ ᠪᠤᠯᠤᠨ ᠪᠦᠷᠢᠯᠳᠤᠵᠡᠢ᠃ | ᠤᠳᠤᠭ ᠤᠨ ᠨᠠᠢᠮᠠᠨ ᠳᠤᠭᠤᠶᠢᠯᠠᠩ ᠪᠤᠯ ᠬᠦᠬᠡᠪᠤᠷ᠂ ᠠᠷᠪᠠᠰ᠂ ᠴᠠᠪ᠂ ᠪᠤᠷᠤᠬᠤᠰᠢᠭᠤ᠂ ᠰᠦᠮᠡᠳᠤ᠂ ᠪᠤᠯᠠᠭ᠂ ᠴᠠᠭᠠᠨᠳᠤᠯᠤᠭᠠᠢ᠂ ᠵᠤᠤᠬ᠎ᠠ ᠶᠢᠨ ᠳᠤᠭᠤᠶᠢᠯᠠᠩ ᠵᠡᠷᠬᠡ | ᠪᠠᠶᠢᠵᠠᠢ᠃ 1923 ᠤᠨ ᠠᠴᠠ ᠬᠤᠶᠢᠰᠢ ᠳᠤᠭᠤᠶᠢᠯᠠᠩ ᠤᠨ ᠬᠦᠳᠡᠯᠬᠡᠬᠡᠨ ᠪᠦᠬᠦ ᠤᠯᠤᠰ ᠤᠨ ᠬᠤᠪᠢᠰᠬᠠᠯ ᠤᠨ ᠦᠷᠨᠢᠯᠳᠠ ᠶᠢᠨ ᠳᠠᠭᠠᠤ ᠠᠷᠠᠤᠨ ᠤᠨ | ᠠᠷᠠᠤᠨᠴᠢᠯᠠᠭᠰᠡᠨ ᠬᠤᠪᠢᠰᠬᠠᠯ ᠤᠨ ᠰᠢᠨ᠎ᠠ ᠱᠠᠳᠤ ᠦᠶ᠎ᠡ ᠳᠤ ᠰᠢᠯᠵᠢᠨ ᠤᠷᠤᠪᠠ᠃ ᠳᠠᠷᠠ ᠦᠶ᠎ᠡ ᠶᠡᠭᠡ ᠵᠤᠤ ᠶᠢᠨ ᠴᠢᠭᠤᠯᠭᠠᠨ ᠤ ᠳ᠋ᠠ ᠪᠤᠯ ᠵᠠᠰᠠᠭ ᠬᠤᠰᠢᠭᠤᠨ ᠤ | ᠸᠠᠩ ᠱᠠᠭᠳᠤᠷᠵᠠᠪ ᠪᠠᠶᠢᠭᠰᠡᠨ ᠪᠤᠯᠬᠤᠷ ᠦᠤᠰᠢᠨ ᠬᠤᠰᠢᠭᠤᠨ ᠤ ᠶᠤᠨᠳᠤᠨ᠂ ᠤᠳᠤᠭ ᠬᠤᠰᠢᠭᠤᠨ ᠤ ᠴᠤᠶᠢᠳᠠᠷ ᠬᠤᠶᠠᠷ ᠤᠨ ᠶᠠᠯᠢᠮ ᠦᠬᠡᠢ ᠬᠡᠷᠡᠭ ᠢ ᠰᠢᠢᠤᠨᠬᠡᠬᠦ | ᠪᠠᠷ ᠷᠢᠨᠴᠢᠨᠷᠠᠭᠪᠠ ᠵᠡᠷᠬᠡ ᠳᠠᠯ᠎ᠠ ᠨᠠᠶᠠᠨ ᠬᠦᠮᠤᠨ ᠢ ᠳᠤᠮᠢᠯᠠᠨ ᠶᠠᠪᠤᠭᠤᠯᠵᠤ ᠬᠡᠵᠤᠤᠷ ᠤᠨ ᠰᠦᠮ᠎ᠡ ᠳᠡᠬᠡᠷ᠎ᠡ 45 ᠡᠳᠤᠷ ᠤᠨ ᠴᠢᠭᠤᠯᠭᠠᠨ ᠪᠤᠯᠤᠭᠰᠠᠨ ᠪᠤᠯᠪᠠᠴᠤ | ᠵᠢᠩᠬᠢᠨᠢ ᠤᠴᠢᠷ ᠲᠤ ᠬᠤᠯᠪᠤᠭᠳᠠᠬᠤ ᠬᠦᠮᠤᠨ ᠤ ᠬᠡᠷᠡᠭ ᠢ ᠰᠢᠢᠤᠨᠪᠤᠷᠢᠯᠡᠭᠰᠡᠨ ᠦᠬᠡᠢ ᠮᠦᠷᠳᠡᠬᠡᠨ ᠬᠠᠷᠢᠨ ᠶᠠᠮᠤᠳᠠᠤᠨ ᠡᠯᠴᠢ ᠭᠠᠷᠭᠠᠵᠤ᠂ ᠠᠶᠢᠯ ᠡᠷᠤᠬᠡ ᠠᠴᠠ | ᠤᠯᠠᠭ᠎ᠠ ᠤᠨᠤᠵᠤ᠂ ᠬᠤᠨᠢ ᠢᠳᠡᠬᠦ᠂ ᠳᠠᠪᠤᠨ ᠰᠠᠭᠠᠯᠢ ︵ᠳᠡᠰᠬᠡᠬᠡ︶ ᠵᠡᠷᠬᠡ ᠶᠢᠨ ᠬᠡᠷᠡᠭᠰᠡᠯ ᠢ ᠰᠢᠬᠦᠯᠬᠡ ᠭᠠᠷᠭᠠᠨ ᠠᠪᠤᠭᠰᠠᠭᠠᠷ ᠪᠠᠶᠢᠭᠠᠤᠨ ᠳᠡᠷᠠ ᠤᠷᠴᠢᠮ ᠤᠨ | ᠮᠠᠯᠴᠢᠨ ᠲᠦᠮᠡᠨ ᠳᠡᠰᠪᠤᠷᠢᠯᠡᠬᠦᠶᠡ ᠪᠡᠷᠬᠡ ᠪᠤᠯᠪᠠ᠃ ᠳᠡᠬᠡᠬᠡᠤᠨ ᠰᠢᠬᠦᠯᠬᠡ ᠳᠡᠰᠬᠡᠮᠵᠢ ᠶᠢ ᠡᠰᠡᠷᠬᠦᠴᠡᠬᠦ ᠶᠢᠨ ᠲᠦᠯᠤᠬᠡ ᠠᠷᠠᠯ ᠤᠨ ᠰᠦᠮ᠎ᠠ ︵ᠤᠤᠯ ᠤᠨ ᠵᠢᠷᠠ | ᠰᠤᠮᠤᠨ ᠤ ᠲᠦᠪ︶ ᠳᠡᠬᠡᠷ᠎ᠡ ᠴᠤᠭᠯᠠᠷᠠᠨ᠂ ᠬᠦᠬᠡ ᠪᠤᠯᠤᠤᠨ᠂ ᠵᠠᠮᠶᠠᠩᠰᠢᠷᠠᠪ ᠲᠦᠷᠤᠬᠦᠤ ᠲᠠᠢ ᠳᠤᠭᠤᠢ ᠪᠤᠰᠴᠤ ᠮᠠᠨᠢ ᠳᠤᠭᠠᠯᠠᠬᠤ ︵ᠴᠢᠮᠬᠢᠬᠦ︶᠂ ᠮᠠᠨᠳᠤᠤ ᠵᠢᠩᠨᠡᠬᠦ | ︵ᠨᠢᠳᠤᠷᠭᠠᠳᠠᠬᠤ︶᠂ ᠨᠠᠷᠢᠨ ᠰᠢᠷᠭ᠎ᠠ ᠤᠨᠤᠭᠤᠯᠬᠤ ︵ᠨᠠᠷᠢᠨ ᠮᠤᠳᠤ ᠪᠠᠷ ᠰᠢᠪᠬᠠᠳᠠᠬᠤ︶ ᠵᠡᠷᠬᠡ ᠪᠠᠷ ᠲᠦᠷᠢᠮ ᠦᠵᠡᠬᠦᠯᠵᠤ ᠶᠠᠮᠤᠳᠠᠤᠨ ᠡᠯᠴᠢ ᠶᠢ ᠬᠦᠬᠡᠬᠡᠵᠤ | ᠶᠠᠪᠤᠭᠤᠯᠪᠠ᠃ ᠡᠨᠡ ᠰᠠᠭᠤᠷᠢᠨ ᠳᠡᠬᠡᠷ᠎ᠡ ᠵᠠᠮᠶᠠᠩᠰᠢᠷᠠᠪ᠂ ᠬᠦᠬᠡ ᠪᠤᠯᠤᠤᠨ ᠲᠦᠷᠤᠬᠦᠤ ᠲᠠᠢ ᠬᠦᠮᠤᠰ ᠳᠠᠷᠠ ᠦᠶ᠎ᠡ ᠶᠢᠨ ᠵᠤᠤᠬ᠎ᠠ ᠶᠢᠨ ᠳᠤᠭᠤᠶᠢᠯᠠᠩ ᠤᠨ ᠬᠤᠶᠢᠳᠤ | ᠪᠡᠶ᠎ᠡ᠂ ᠴᠠᠭᠠᠨᠳᠤᠯᠤᠭᠠᠢ ᠶᠢᠨ ᠳᠤᠭᠤᠶᠢᠯᠠᠩ ᠤᠨ ᠪᠠᠷᠠᠭᠤᠨ ᠪᠡᠶ᠎ᠡ᠂ ᠪᠤᠯᠠᠭ ᠤᠨ ᠳᠤᠭᠤᠶᠢᠯᠠᠩ ᠤᠨ ᠤᠷᠳᠤ ᠪᠡᠶ᠎ᠡ ᠵᠡᠷᠬᠡ 3 ᠳᠤᠭᠤᠶᠢᠯᠠᠩ ᠤᠨ ᠳᠤᠮᠳᠠ ᠠᠴᠠ | ᠵᠢᠷᠠᠭᠠᠤᠨ ᠬᠦᠮᠤᠨ ᠢ ᠳᠠᠶᠢᠴᠢᠯᠠᠨ ᠳᠠᠳᠠᠵᠤ ᠵᠡᠪᠰᠡᠭᠯᠡᠬᠡᠤᠨ ᠤᠳᠤᠭ ᠬᠤᠰᠢᠭᠤᠨ ᠤ ᠪᠠᠷᠠᠭᠤᠨ ᠪᠡᠶ᠎ᠡ ᠶᠢᠨ ᠵᠠᠬ᠎ᠠ ᠬᠢᠵᠠᠭᠠᠷ ᠢ ᠴᠠᠭᠳᠠᠨ ᠰᠡᠷᠬᠡᠶᠢᠯᠡᠵᠤ ᠪᠠᠶᠢᠭᠰᠡᠨ | ᠪᠤᠯᠬᠤᠷ ᠤᠳᠤᠭ ᠶᠠᠮᠤᠨ ᠠᠴᠠ ᠡᠨᠡ ᠬᠦ ᠵᠢᠷᠠᠨ ᠴᠠᠭᠳᠠᠭ᠎ᠠ ᠶᠢ ᠵᠠᠮᠶᠠᠩᠰᠢᠷᠠᠪ ᠲᠤ ᠵᠠᠬᠢᠷᠠᠭᠤᠯᠪᠠ᠃ ᠡᠬᠦᠨ ᠠᠴᠠ ᠬᠤᠶᠢᠰᠢ ︽ᠵᠢᠷᠠᠨ ᠴᠠᠭᠳᠠᠭ᠎ᠠ︾ ᠬᠡᠵᠤ | ᠠᠯᠳᠠᠷᠰᠢᠭᠰᠠᠨ ᠪᠦᠬᠡᠤᠨ ᠬᠤᠵᠢᠮ ᠪᠤᠯᠵᠤ ᠢᠷᠡᠬᠡᠤᠨ ᠵᠢᠷᠠ ᠶᠢᠨ ᠳᠤᠭᠤᠢ — ᠵᠢᠷᠠ ᠪᠤᠤ᠂ ᠵᠢᠷᠠ ᠨᠤᠳᠤᠭ ᠬᠡᠭᠰᠡᠬᠡᠷ ᠪᠠᠶᠢᠭᠠᠤᠨ ᠵᠢᠷᠠ ᠬᠡᠰᠡᠨ ᠭᠠᠵᠠᠷ ᠤᠨ | ᠨᠠᠷᠠ ᠪᠤᠯᠵᠤ ᠤᠯᠠᠮᠵᠢᠯᠠᠭᠳᠠᠪᠠ᠃ | | ᠢᠷᠠᠯᠳᠠ᠄ ᠤᠳᠤᠭ ᠤᠨ ᠡᠮᠤᠨᠡᠳᠤ ᠬᠤᠰᠢᠭᠤᠨ ᠤ ᠰᠤᠮᠤ ᠰᠢᠶᠠᠩ ᠭᠠᠴᠠᠭ᠎ᠠ ᠳᠤᠰᠬᠤᠨ ᠤ ᠨᠡᠷᠡᠰ ᠤᠨ ᠴᠠᠳᠢᠭ | |