S216 ᠱᠣᠭᠤᠮ ᠤᠨ ᠣᠯᠵᠠᠴᠢ ᠠᠴᠠ ᠵᠠᠩᠭᠤᠳᠦ ᠬᠦᠷᠬᠦ ᠬᠡᠰᠡᠭ ᠤᠨ ᠬᠠᠭᠤᠴᠢᠨ ᠵᠠᠮ ᠢ ᠰᠢᠨᠡᠳᠬᠡᠨ | ᠵᠠᠰᠠᠬᠤ ᠲᠦᠷᠦᠯ ᠵᠣᠶᠢᠯ ᠤᠨ ᠪᠠᠶᠢᠭᠤᠯᠣᠯᠳᠠ ᠳᠤ ᠲᠠᠳᠠᠪᠦᠷᠢᠯᠠᠨ ᠬᠡᠷᠡᠭᠯᠡᠬᠦ ᠭᠠᠵᠠᠷ ᠰᠢᠷᠦᠢ ᠶᠢᠨ ᠲᠦᠰᠦᠯ | | ᠣᠳᠤᠭ ᠤᠨ ᠡᠮᠦᠨᠡᠳᠦ ᠬᠤᠰᠢᠭᠤᠨ ᠤ ᠣᠯᠣᠰ ᠤᠨ ᠭᠠᠵᠠᠷ ᠰᠢᠷᠣᠢ ᠡᠬᠢ ᠪᠠᠶᠠᠯᠢᠭ ᠤᠨ ᠲᠣᠪᠴᠢᠶ᠎ᠠ᠄ | ︽S216 ᠱᠣᠭᠤᠮ ᠤᠨ ᠣᠯᠵᠠᠴᠢ ᠠᠴᠠ ᠵᠠᠩᠭᠤᠳᠦ ᠬᠦᠷᠬᠦ ᠬᠡᠰᠡᠭ ᠤᠨ ᠬᠠᠭᠤᠴᠢᠨ ᠵᠠᠮ ᠢ ᠰᠢᠨᠡᠳᠬᠡᠨ ᠵᠠᠰᠠᠬᠤ | ᠲᠦᠷᠦᠯ ᠵᠣᠶᠢᠯ ᠤᠨ ᠪᠠᠶᠢᠭᠤᠯᠣᠯᠳᠠ ᠳᠤ ᠲᠠᠳᠠᠪᠦᠷᠢᠯᠠᠨ ᠬᠡᠷᠡᠭᠯᠡᠬᠦ ᠭᠠᠵᠠᠷ ᠰᠢᠷᠦᠢ ᠶᠢᠨ ᠲᠦᠰᠦᠯ ᠤᠨ ᠲᠣᠬᠠᠢ | ᠵᠢᠭᠠᠪᠦᠷᠢ ᠠᠪᠬᠤ︾ ︵ᠣᠳᠤᠭ ᠡᠮᠦᠨᠡᠳᠦ ᠣᠯᠣᠰ ᠤᠨ ᠭᠠᠵᠠᠷ ᠰᠢᠷᠣᠢ ᠡᠬᠢ ᠪᠠᠶᠠᠯᠢᠭ ᠦᠰᠦᠭᠳᠦ ﹇2017﹈ | 66 ᠲᠣᠭᠠᠳᠦ︶ ᠬᠤᠷᠢᠶᠠᠨ ᠣᠶᠢᠯᠭᠠᠵᠣ᠂ ᠬᠤᠰᠢᠭᠤ ᠠᠷᠠᠳ ᠤᠨ ᠵᠠᠰᠠᠭ ᠤᠨ ᠣᠷᠳᠣᠨ ᠠᠴᠠ ᠰᠣᠳᠣᠯᠣᠨ | ᠶᠠᠷᠢᠯᠴᠠᠵᠣ ᠵᠦᠪᠰᠢᠶᠡᠷᠡᠪᠡ᠂ ᠬᠠᠣᠯᠢ ᠲᠦᠷᠢᠮ ᠤᠨ ᠦᠨᠳᠦᠰᠦᠯᠡᠯ ᠤᠨ ᠲᠠᠷᠠᠭᠠᠯᠠᠯ ᠢᠶᠠᠷ ᠴᠢᠩᠭ᠎ᠠ ᠬᠢᠨᠠᠮᠠᠭᠠᠢ | ᠬᠡᠷᠡᠭᠵᠢᠭᠦᠯᠰᠦᠭᠡᠢ᠃ | | ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ | 2017 ᠣᠨ ᠤ 2 ᠰᠠᠷ᠎ᠠ ᠶᠢᠨ 22 ᠤ ᠡᠳᠦᠷ | S216 ᠱᠣᠭᠤᠮ ᠤᠨ ᠣᠯᠵᠠᠴᠢ ᠠᠴᠠ ᠵᠠᠩᠭᠤᠳᠦ ᠬᠦᠷᠬᠦ ᠬᠡᠰᠡᠭ ᠤᠨ ᠬᠠᠭᠤᠴᠢᠨ ᠵᠠᠮ ᠢ ᠰᠢᠨᠡᠳᠬᠡᠨ | ᠵᠠᠰᠠᠬᠤ | ᠲᠦᠷᠦᠯ ᠵᠣᠶᠢᠯ ᠤᠨ ᠪᠠᠶᠢᠭᠤᠯᠣᠯᠳᠠ ᠳᠤ ᠲᠠᠳᠠᠪᠦᠷᠢᠯᠠᠨ ᠬᠡᠷᠡᠭᠯᠡᠬᠦ ᠭᠠᠵᠠᠷ ᠰᠢᠷᠦᠢ ᠶᠢᠨ ᠲᠦᠰᠦᠯ | ᠨᠢᠭᠡ᠂ ᠵᠢᠯᠣᠭᠤᠳᠬᠤ ᠦᠵᠡᠯ ᠰᠠᠨᠠᠭ᠎ᠠ | ᠬᠤᠳᠠ ᠬᠦᠳᠡᠭᠡ ᠶᠢᠨ ᠨᠢᠭᠡᠳᠦᠯᠳᠡᠢ ᠬᠦᠭᠵᠢᠯᠳᠠ᠂ ᠡᠶ᠎ᠡ ᠵᠣᠬᠢᠴᠠᠯᠳᠠᠢ ᠨᠡᠶᠢᠭᠡᠮ ᠢ ᠴᠣᠭᠴᠠᠯᠠᠬᠤ ᠱᠠᠭᠠᠷᠳᠠᠯᠭ᠎ᠠ | ᠶᠢ ᠦᠨᠳᠦᠰᠦᠯᠡᠨ᠂ ᠭᠠᠵᠠᠷ ᠨᠣᠳᠤᠭ ᠢᠶᠠᠨ ᠠᠯᠳᠠᠵᠣ ᠪᠠᠶᠢᠭ᠎ᠠ ᠮᠠᠯᠴᠢᠨ ᠲᠠᠷᠢᠶᠠᠴᠢᠨ ᠤ ᠦᠨᠳᠦᠰᠦᠨ ᠠᠰᠢᠭ ᠲᠣᠰᠠ | ᠶᠢ ᠬᠠᠮᠠᠭᠠᠯᠠᠵᠣ᠂ ᠠᠵᠢᠯ ᠣᠯᠭᠤᠯᠳᠠ᠂ ᠨᠠᠰᠣᠵᠢᠯ ᠪᠣᠯᠣᠨ ᠠᠷᠠᠳ ᠤᠨ ᠠᠮᠢᠳᠣᠷᠠᠯ ᠤᠨ ᠬᠡᠪ ᠲᠦᠪᠰᠢᠨ ᠢ | ᠰᠠᠶᠢᠵᠢᠷᠠᠭᠤᠯᠬᠤ ᠬᠠᠷᠠᠯᠳᠠ ᠪᠠᠨ ᠦᠨᠡᠨ ᠬᠦ ᠪᠡᠶᠡᠯᠡᠭᠦᠯᠦᠨ᠂ ︽ᠵᠠᠰᠠᠭ ᠤᠨ ᠣᠷᠳᠣᠨ ᠲᠠᠭᠠᠭᠠᠵᠣ ᠲᠡᠶᠢᠯᠬᠦ᠂ | ᠮᠠᠯᠴᠢᠨ ᠲᠠᠷᠢᠶᠠᠴᠢᠨ ᠬᠦᠯᠢᠶᠡᠵᠣ ᠲᠡᠶᠢᠯᠬᠦ︾ ᠵᠠᠷᠴᠢᠮ ᠢᠶᠠᠷ ︽ᠠᠵᠣ ᠠᠬᠤᠢ ᠶᠢᠨ ᠨᠦᠬᠦᠪᠦᠷᠢ᠂ ᠨᠠᠰᠣᠵᠢᠯ ᠤᠨ | ᠲᠠᠭᠠᠳᠬᠠᠯ᠂ ᠠᠵᠢᠯ ᠣᠯᠭᠤᠯᠳᠠ ᠶᠢᠨ ᠲᠡᠮᠵᠢᠯᠭᠡ︾ ᠶᠢ ᠣᠶᠠᠯᠳᠣᠭᠤᠯᠣᠨ ᠭᠠᠵᠠᠷ ᠨᠣᠳᠤᠭ ᠢᠶᠠᠨ ᠠᠯᠳᠠᠭᠰᠠᠨ | ᠮᠠᠯᠴᠢᠨ ᠲᠠᠷᠢᠶᠠᠴᠢᠨ ᠢ ᠲᠣᠬᠢᠷᠠᠭᠤᠯᠬᠤ ᠵᠠᠭᠪᠣᠷ ᠢ ᠢᠳᠡᠪᠬᠢᠳᠡᠢ ᠰᠦᠪᠡᠭᠴᠢᠯᠠᠵᠣ᠂ ᠭᠠᠵᠠᠷ ᠨᠣᠳᠤᠭ ᠢᠶᠠᠨ | ᠠᠯᠳᠠᠭᠰᠠᠨ ᠮᠠᠯᠴᠢᠨ ᠲᠠᠷᠢᠶᠠᠴᠢᠨ ᠤ ᠡᠷᠬᠡ ᠠᠰᠢᠭ ᠤᠨ ᠪᠠᠳᠣᠯᠠᠭ᠎ᠠ ᠶᠢᠨ ᠣᠷᠳᠦ ᠬᠤᠭᠤᠴᠠᠭᠠᠳᠦ ᠲᠣᠭᠳᠠᠴᠠ ᠶᠢ | ᠪᠠᠶᠢᠭᠤᠯᠣᠨ ᠨᠠᠶᠢᠳᠠᠪᠦᠷᠢᠵᠢᠭᠤᠯᠣᠨ᠂ ᠬᠤᠳᠠᠴᠢᠯᠠᠭᠰᠠᠨ᠂ ᠠᠵᠣ ᠣᠶᠢᠯᠠᠳᠪᠦᠷᠢᠵᠢᠭᠰᠡᠨ ᠣᠳᠦ ᠦᠶ᠎ᠡ ᠶᠢᠨ | ᠪᠣᠯᠪᠠᠰᠣᠨ ᠤ ᠦᠷ᠎ᠡ ᠪᠦᠳᠦᠮᠵᠢ ᠵᠢᠮᠠᠯᠴᠢᠨ ᠲᠠᠷᠢᠶᠠᠴᠢᠨ ᠳᠤ ᠬᠦᠷᠳᠡᠭᠡᠨ᠎ᠡ᠃ | ᠬᠤᠶᠠᠷ᠂ ᠬᠠᠣᠯᠢ ᠶᠢᠨ ᠣᠨᠳᠦᠰᠦᠯᠡᠯ | 1. ︽ᠪᠦᠬᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠭᠠᠵᠠᠷ ᠰᠢᠷᠣᠢ ᠶᠢᠨ ᠬᠠᠮᠢᠶᠠᠷᠣᠯᠳᠠ ᠶᠢᠨ | ᠬᠠᠣᠯᠢ︾ | 2. ︽ᠪᠦᠬᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠭᠠᠵᠠᠷ ᠰᠢᠷᠣᠢ ᠶᠢᠨ ᠬᠠᠮᠢᠶᠠᠷᠣᠯᠳᠠ ᠶᠢᠨ | ᠬᠠᠣᠯᠢ ᠶᠢᠨ ᠬᠡᠷᠡᠭᠵᠢᠭᠦᠯᠬᠦ ᠵᠣᠷᠪᠣᠰ︾ | 3. ︽ᠭᠠᠵᠠᠷ ᠰᠢᠷᠣᠢ ᠲᠠᠳᠠᠪᠦᠷᠢᠯᠠᠬᠤ ᠠᠯᠪᠠᠨ ᠵᠠᠷᠯᠠᠬᠤ ᠠᠷᠭ᠎ᠠ︾ | 4. ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ︿ | ᠪᠦᠬᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠭᠠᠵᠠᠷ ᠰᠢᠷᠣᠢ ᠶᠢᠨ ᠬᠠᠮᠢᠶᠠᠷᠣᠯᠳᠠ ᠶᠢᠨ ᠬᠠᠣᠯᠢ﹀ ᠶᠢ | ᠬᠡᠷᠡᠭᠵᠢᠭᠦᠯᠬᠦ ᠠᠷᠭ᠎ᠠ︾ | 5. ︽ᠦᠪᠡᠷᠳᠡᠭᠡᠨ ᠵᠠᠰᠠᠬᠤ ᠣᠷᠣᠨ ᠤ ᠲᠠᠳᠠᠪᠦᠷᠢᠯᠠᠬᠤ ᠭᠠᠵᠠᠷ ᠰᠢᠷᠣᠢ ᠶᠢᠨ ᠵᠢᠯ ᠨᠢᠭᠡᠳᠦᠯᠳᠡᠢ ᠣᠶᠢᠯᠠᠳᠬᠦᠨ | ᠤ ᠦᠷᠳᠡᠭ ᠤᠨ ᠪᠠᠷᠢᠮᠵᠢᠶ᠎ᠠ ᠪᠣᠯᠣᠨ ᠲᠠᠳᠠᠪᠦᠷᠢᠠᠯᠠᠬᠤ ᠬᠡᠰᠡᠭ ᠤᠨ ᠭᠠᠵᠠᠷ ᠰᠢᠷᠣᠢ ᠶᠢᠨ ᠶᠡᠷᠦᠩᠬᠡᠢ ᠦᠨ᠎ᠡ ᠶᠢ | ᠬᠡᠷᠡᠭᠵᠢᠭᠦᠯᠦᠨ ᠨᠡᠶᠢᠳᠡᠯᠡᠬᠦ ᠲᠣᠬᠠᠢ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ | ᠤᠨ ᠣᠷᠳᠣᠨ ᠤ ᠠᠯᠪᠠᠨ ᠭᠡᠷ ᠤᠨ ᠮᠡᠳᠡᠭᠳᠡᠯ︾᠃ | ᠭᠤᠷᠪᠠ᠂ ᠪᠡᠯᠡᠳᠬᠡᠯ ᠲᠠᠳᠠᠪᠦᠷᠢᠯᠠᠬᠤ ᠭᠠᠵᠠᠷ ᠰᠢᠷᠣᠢ ᠶᠢᠨ ᠬᠡᠷᠡᠭᠯᠡᠯᠳᠡ᠂ ᠲᠠᠯᠠᠪᠠᠢ ᠪᠣᠯᠣᠨ ᠪᠠᠶᠢᠷᠢᠯᠠᠯ | ᠲᠣᠰ ᠣᠳᠠᠭᠠᠨ ᠤ ᠭᠠᠵᠠᠷ ᠰᠢᠷᠣᠢ ᠲᠠᠳᠠᠪᠦᠷᠢᠯᠠᠯᠳᠠ ᠣᠯᠵᠠᠴᠢ ᠪᠠᠯᠭᠠᠰᠣᠨ ᠤ ᠴᠠᠭᠠᠨᠪᠠᠯᠭᠠᠰᠦ ᠭᠠᠴᠠᠭ᠎ᠠ᠂ | ᠪᠣᠷᠣᠪᠠᠯᠭᠠᠰᠣ ᠪᠠᠯᠭᠠᠰᠣᠨ ᠤ ᠬᠡᠵᠣᠣᠷ ᠭᠠᠴᠠᠭ᠎ᠠ᠂ ᠬᠠᠷ᠎ᠠ ᠰᠡᠭᠡᠷ ᠭᠠᠴᠠᠭ᠎ᠠ᠂ ᠪᠡᠶᠡᠨ ᠰᠢᠯᠢ ᠭᠠᠴᠠᠭ᠎ᠠ᠂ ᠪᠡᠶᠡᠨ | ᠰᠢᠪᠡᠷ ᠭᠠᠴᠠᠭ᠎ᠠ᠂ ᠵᠣᠯᠠᠳᠦ ᠭᠠᠴᠠᠭ᠎ᠠ᠂ ᠰᠢᠯᠢ ᠶᠢᠨ ᠴᠠᠶᠢᠵᠠ ᠭᠠᠴᠠᠭ᠎ᠠ᠂ ᠲᠣᠮᠳᠠᠳᠦ ᠭᠠᠴᠠᠭ᠎ᠠ᠂ ᠲᠠᠷᠢᠶᠠᠨ ᠰᠢᠯᠢ | ᠭᠠᠴᠠᠭ᠎ᠠ᠂ ᠪᠣᠷᠣᠪᠠᠯᠭᠠᠰᠣ ᠭᠠᠴᠠᠭ᠎ᠠ᠂ ᠰᠣᠪᠠᠭ ᠤᠨ ᠵᠠᠳᠠᠭᠠᠢ ᠲᠣᠰᠬᠤᠨ᠂ ᠪᠣᠷᠣᠲᠣᠯᠣᠭᠠᠢ ᠲᠣᠰᠬᠤᠨ᠂ ᠶᠡᠭᠡ | ᠲᠣᠬᠤᠢ ᠲᠣᠰᠬᠤᠨ ᠵᠡᠷᠭᠡ ᠬᠠᠮᠳᠦ ᠶᠢᠨ ᠭᠠᠵᠠᠷ ᠰᠢᠷᠣᠢ ᠲᠠᠢ ᠬᠤᠯᠪᠣᠭᠳᠠᠨ᠎ᠠ᠃ ᠭᠤᠣᠯᠳᠠᠭᠤ S216 ᠱᠣᠭᠤᠮ | ᠤᠨ ᠣᠯᠵᠠᠴᠢ ᠠᠴᠠ ᠵᠠᠩᠭᠤᠳᠦ ᠬᠦᠷᠭᠦ ᠬᠡᠰᠡᠭ ᠤᠨ ᠬᠠᠭᠤᠴᠢᠨ ᠵᠠᠮ ᠢ ᠵᠠᠰᠠᠨ ᠰᠢᠨᠡᠳᠬᠡᠬᠦ ᠲᠦᠷᠦᠯ ᠵᠣᠶᠢᠯ ᠤᠨ | ᠪᠠᠶᠢᠭᠤᠯᠣᠯᠳᠠ ᠳᠤ ᠬᠡᠷᠡᠭᠯᠡᠨ᠂ ᠲᠦᠷᠦᠯ ᠵᠣᠶᠢᠯ ᠳᠤ 4042.42 ᠮᠣ᠋ ᠭᠠᠵᠠᠷ ᠬᠡᠷᠡᠭᠯᠡᠨ᠎ᠡ᠃ ᠳ᠋ᠠᠶᠢᠲᠨ ᠬᠦᠮᠦᠷᠭᠡ | ᠶᠢᠨ ᠬᠢᠨᠠᠨ ᠬᠠᠷᠭᠤᠭᠤᠯᠭᠰᠠᠨ ᠭᠠᠵᠠᠷ ᠤᠨ ᠲᠦᠷᠦᠯ ᠵᠣᠶᠢᠯ ᠬᠤᠯᠪᠣᠭᠳᠠᠭᠰᠠᠨ ᠲᠠᠷᠢᠶᠠᠨ ᠭᠠᠵᠠᠷ᠂ ᠣᠢ ᠰᠢᠭᠤᠢ᠂ | ᠨᠣᠳᠤᠭ ᠪᠡᠯᠴᠢᠭᠡᠷ ᠲᠡᠭᠡᠷᠡᠬᠢ ᠬᠦᠳᠡᠭᠡ ᠶᠢᠨ ᠵᠠᠮ᠂ ᠠᠰᠢᠭᠯᠠᠭᠰᠠᠨ ᠦᠭᠡᠢ ᠭᠠᠵᠠᠷ ᠪᠣᠯᠣᠨ ᠵᠠᠰᠠᠮᠠᠯ ᠵᠠᠮ ᠵᠡᠷᠭᠡ | ᠪᠣᠳᠠᠳᠠᠢ ᠲᠠᠢ ᠪᠠᠷ ᠪᠠᠷᠢᠮᠵᠢᠶ᠎ᠠ ᠪᠣᠯᠭᠠᠨ᠎ᠠ᠃ | ᠲᠦᠷᠪᠡ᠂ ᠲᠠᠳᠠᠪᠦᠷᠢᠯᠠᠬᠤ ᠭᠠᠵᠠᠷ ᠰᠢᠷᠣᠢ ᠶᠢᠨ ᠪᠠᠷᠢᠮᠵᠢᠶ᠎ᠠ ᠪᠣᠯᠣᠨ ᠦᠨᠳᠦᠰᠦᠯᠡᠯ | ᠲᠠᠳᠠᠪᠦᠷᠢᠯᠠᠬᠤ ᠭᠠᠵᠠᠷ ᠰᠢᠷᠣᠢ ᠶᠢᠨ ᠨᠦᠬᠦᠪᠦᠷᠢ ᠵᠠᠷᠣᠳᠠᠯ ᠨᠢ ᠭᠠᠵᠠᠷ ᠰᠢᠷᠣᠢ ᠶᠢᠨ ᠨᠦᠬᠦᠪᠦᠷᠢ ᠪᠣᠯᠣᠨ | ᠲᠣᠬᠢᠨᠠᠭᠤᠯᠣᠨ ᠲᠣᠰᠠᠯᠠᠮᠵᠢ ᠠᠴᠠ ᠪᠦᠷᠢᠯᠳᠦᠨ᠎ᠠ ︵ᠴᠢᠬᠢ ᠶᠢᠨ ᠨᠦᠬᠦᠪᠦᠷᠢ᠂ ᠲᠠᠭᠠᠯᠳᠠ ᠪᠣᠳᠠᠰ ᠤᠨ ᠨᠦᠬᠦᠪᠦᠷᠢ ᠶᠢ | ᠪᠠᠭᠳᠠᠭᠠᠬᠤ ᠦᠭᠡᠢ︶᠃ ︽ᠦᠪᠡᠷᠳᠡᠭᠡᠨ ᠵᠠᠰᠠᠬᠤ ᠣᠷᠣᠨ ᠤ ᠲᠠᠳᠠᠪᠦᠷᠢᠯᠠᠬᠤ ᠭᠠᠵᠠᠷ ᠰᠢᠷᠣᠢ ᠶᠢᠨ ᠵᠢᠯ | ᠨᠢᠭᠡᠳᠦᠯᠳᠡᠢ ᠣᠶᠢᠯᠠᠳᠬᠦᠨ ᠤ ᠦᠷᠳᠡᠭ ᠤᠨ ᠪᠠᠷᠢᠮᠵᠢᠶ᠎ᠠ ᠪᠣᠯᠣᠨ ᠲᠠᠳᠠᠪᠦᠷᠢᠠᠯᠠᠬᠤ ᠬᠡᠰᠡᠭ ᠤᠨ ᠭᠠᠵᠠᠷ ᠰᠢᠷᠣᠢ ᠶᠢᠨ | ᠶᠡᠷᠦᠩᠬᠡᠢ ᠦᠨ᠎ᠡ ᠶᠢ ᠬᠡᠷᠡᠭᠵᠢᠭᠦᠯᠦᠨ ᠨᠡᠶᠢᠳᠡᠯᠡᠬᠦ ᠲᠣᠬᠠᠢ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ | ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠮᠡᠳᠡᠭᠳᠡᠯ︾ ︵ᠦᠪᠦᠷ ᠵᠠᠰᠠᠭ ᠠᠯᠪᠠᠨ ᠲᠠᠷᠬᠠᠭᠠᠬᠤ ﹇ | 2011﹈ 143 ᠲᠣᠭᠠᠳᠦ︶ ᠳᠤ ᠲᠣᠭᠳᠠᠭᠠᠭᠰᠠᠨ ᠲᠠᠳᠠᠪᠦᠷᠢᠯᠠᠬᠤ ᠬᠡᠰᠡᠭ ᠤᠨ ᠭᠠᠵᠠᠷ ᠰᠢᠷᠣᠢ ᠶᠢᠨ ᠶᠡᠷᠦᠩᠬᠡᠢ | ᠦᠨ᠎ᠡ ᠪᠣᠯᠣᠨ ᠵᠠᠰᠠᠪᠦᠷᠢ ᠣᠷᠣᠭᠤᠯᠣᠭᠰᠠᠨ ᠢᠯᠡᠳᠬᠡᠮᠵᠢ ᠶᠢᠨ ᠪᠣᠳᠣᠵᠣ ᠭᠠᠷᠭᠠᠭᠰᠠᠨ ᠪᠣᠳᠠᠳᠡᠢ ᠲᠠᠳᠠᠪᠦᠷᠢᠯᠠᠬᠤ | ᠭᠠᠵᠠᠷ ᠰᠢᠷᠣᠢ ᠶᠢᠨ ᠨᠦᠬᠦᠪᠦᠷᠢ ᠶᠢ ᠦᠨᠳᠦᠰᠦᠯᠡᠨ᠎ᠡ᠃ | ᠲᠣᠰ ᠣᠳᠠᠭ᠎ᠠ ᠣᠯᠵᠠᠴᠢ ᠪᠠᠯᠭᠠᠰᠣᠨ ᠤ ᠴᠠᠭᠠᠨᠪᠠᠯᠭᠠᠰᠣ ᠭᠠᠴᠠᠭᠠᠨ ᠤ ᠬᠡᠰᠡᠭ ᠬᠠᠮᠳᠦ ᠶᠢᠨ ᠭᠠᠵᠠᠷ ᠰᠢᠷᠣᠢ | ᠶᠢ ᠲᠠᠳᠠᠪᠦᠷᠢᠯᠠᠵᠣ᠂ ᠣᠷᠣᠨ ᠬᠡᠪᠴᠢᠶᠠᠨ ᠤ ᠭᠠᠵᠠᠷ ᠰᠢᠷᠣᠢ ᠶᠢᠨ ᠶᠡᠷᠦᠩᠬᠡᠢ ᠦᠨ᠎ᠡ ᠳᠤ ᠲᠣᠭᠳᠠᠭᠰᠠᠨ | ᠬᠤᠶᠠᠳᠦᠭᠠᠷ ᠲᠡᠰ ᠤᠨ ᠣᠷᠣᠨ ᠬᠡᠰᠡᠭ ᠤᠨ ᠦᠨ᠎ᠡ 7535 ᠲᠦᠭᠦᠷᠢᠭ/ ᠮᠣ᠋᠂ ᠨᠣᠳᠤᠭ ᠪᠡᠯᠴᠢᠭᠡᠷ ᠤᠨ | ᠨᠦᠬᠦᠪᠦᠷᠢ ᠶᠢᠨ ᠪᠠᠷᠢᠮᠵᠶᠠ᠄ 3842.85 ᠲᠦᠭᠦᠷᠢᠭ/ ᠮᠣ᠋ ︵ᠵᠠᠰᠠᠪᠦᠷᠢ ᠣᠷᠣᠭᠤᠯᠣᠭᠰᠠᠨ ᠢᠯᠡᠳᠬᠡᠮᠵᠢ 0.51 | ︶᠂ ᠣᠢ ᠮᠣᠳᠦ 4521 ᠲᠦᠭᠦᠷᠢᠭ/ ᠮᠣ᠋ ︵ᠵᠠᠰᠠᠪᠦᠷᠢ ᠣᠷᠣᠭᠤᠯᠣᠭᠰᠠᠨ ᠢᠯᠡᠳᠬᠡᠮᠵᠢ 0.60︶᠂ ᠲᠠᠷᠢᠶ᠎ᠠ | 11905.3 ᠲᠦᠭᠦᠷᠢᠭ/ ᠮᠣ᠋ ︵ᠵᠠᠰᠠᠪᠦᠷᠢ ᠣᠷᠣᠭᠤᠯᠣᠭᠰᠠᠨ ᠢᠯᠡᠳᠬᠡᠮᠵᠢ 1.58︶᠃ | ᠲᠣᠰ ᠣᠳᠠᠭ᠎ᠠ ᠪᠣᠷᠣᠪᠠᠯᠭᠠᠰᠣ ᠪᠠᠯᠭᠠᠰᠣᠨ ᠤ ᠬᠡᠵᠣᠣᠷ ᠭᠠᠴᠠᠭ᠎ᠠ᠂ ᠬᠠᠷ᠎ᠠ ᠰᠡᠭᠡᠷ ᠭᠠᠴᠠᠭ᠎ᠠ᠂ ᠪᠡᠶᠡᠨ ᠰᠢᠯᠢ | ᠭᠠᠴᠠᠭ᠎ᠠ᠂ ᠪᠡᠶᠡᠨ ᠰᠢᠪᠡᠷ ᠭᠠᠴᠠᠭ᠎ᠠ᠂ ᠵᠣᠯᠠᠳᠦ ᠭᠠᠴᠠᠭ᠎ᠠ᠂ ᠰᠢᠯᠢ ᠶᠢᠨ ᠴᠠᠶᠢᠵᠠ ᠭᠠᠴᠠᠭ᠎ᠠ᠂ ᠲᠣᠮᠳᠠᠳᠦ ᠭᠠᠴᠠᠭ᠎ᠠ᠂ | ᠲᠠᠷᠢᠶᠠᠨ ᠰᠢᠯᠢ ᠭᠠᠴᠠᠭ᠎ᠠ᠂ ᠪᠣᠷᠣᠪᠠᠯᠭᠠᠰᠣ ᠭᠠᠴᠠᠭ᠎ᠠ᠂ ᠰᠣᠪᠠᠭ ᠤᠨ ᠵᠠᠳᠠᠭᠠᠢ ᠲᠣᠰᠬᠤᠨ᠂ ᠪᠣᠷᠣᠲᠣᠯᠣᠭᠠᠢ | ᠲᠣᠰᠬᠤᠨ᠂ ᠶᠡᠭᠡ ᠲᠣᠬᠤᠢ ᠲᠣᠰᠬᠤᠨ ᠵᠡᠷᠭᠡ ᠬᠡᠰᠡᠭ ᠬᠠᠮᠳᠦ ᠶᠢᠨ ᠭᠠᠵᠠᠷ ᠰᠢᠷᠣᠢ ᠶᠢ ᠲᠠᠳᠠᠪᠦᠷᠢᠯᠠᠵᠣ᠂ ᠣᠷᠣᠨ | ᠬᠡᠪᠴᠢᠶᠠᠨ ᠤ ᠭᠠᠵᠠᠷ ᠰᠢᠷᠣᠢ ᠶᠢᠨ ᠶᠡᠷᠦᠩᠬᠡᠢ ᠦᠨ᠎ᠡ ᠳᠤ ᠲᠣᠭᠳᠠᠭᠰᠠᠨ ᠭᠤᠨᠪᠠᠳᠣᠭᠠᠷ ᠲᠡᠰ ᠤᠨ ᠣᠷᠣᠨ ᠬᠡᠰᠡᠭ | ᠤᠨ ᠦᠨ᠎ᠡ 5382 ᠲᠦᠭᠦᠷᠢᠭ/ ᠮᠣ᠋᠂ ᠨᠣᠳᠤᠭ ᠪᠡᠯᠴᠢᠭᠡᠷ ᠤᠨ ᠨᠦᠬᠦᠪᠦᠷᠢ ᠶᠢᠨ ᠪᠠᠷᠢᠮᠵᠶᠠ᠄ 3229.2 | ᠲᠦᠭᠦᠷᠢᠭ/ ᠮᠣ᠋ ︵ᠵᠠᠰᠠᠪᠦᠷᠢ ᠣᠷᠣᠭᠤᠯᠣᠭᠰᠠᠨ ᠢᠯᠡᠳᠬᠡᠮᠵᠢ 0.60︶᠂ ᠣᠢ ᠮᠣᠳᠦ 3875.04 | ᠲᠦᠭᠦᠷᠢᠭ/ ᠮᠣ᠋ ︵ᠵᠠᠰᠠᠪᠦᠷᠢ ᠣᠷᠣᠭᠤᠯᠣᠭᠰᠠᠨ ᠢᠯᠡᠳᠬᠡᠮᠵᠢ 0.72︶᠂ ᠲᠠᠷᠢᠶ᠎ᠠ 11840.4 ᠲᠦᠭᠦᠷᠢᠭ/ | ᠮᠣ᠋ ︵ᠵᠠᠰᠠᠪᠦᠷᠢ ᠣᠷᠣᠭᠤᠯᠣᠭᠰᠠᠨ ᠢᠯᠡᠳᠬᠡᠮᠵᠢ 2.20︶᠃ | ᠲᠠᠪᠤ᠂ ᠨᠦᠬᠦᠪᠦᠷᠢᠯᠡᠬᠦ ᠠᠷᠭ᠎ᠠ ᠪᠠᠷᠢᠯ | ᠲᠠᠳᠠᠪᠦᠷᠢᠯᠠᠨ ᠬᠡᠷᠡᠭᠯᠡᠬᠦ ︵ᠪᠣᠴᠠᠭᠠᠨ ᠬᠤᠷᠢᠶᠠᠬᠤ︶ ᠭᠠᠵᠠᠷ ᠰᠢᠷᠣᠢ ᠶᠢᠨ ᠭᠠᠵᠠᠷ ᠰᠢᠷᠣᠢ ᠶᠢᠨ ᠨᠦᠬᠦᠪᠦᠷᠢ᠂ | ᠲᠣᠬᠢᠨᠠᠭᠤᠯᠬᠤ ᠨᠦᠬᠦᠪᠦᠷᠢ᠂ ᠲᠠᠭᠠᠯᠳᠠ ᠪᠣᠳᠠᠰ ᠪᠣᠯᠣᠨ ᠴᠢᠬᠢᠨ ᠤ ᠨᠦᠬᠦᠪᠦᠷᠢ ᠵᠡᠷᠭᠡ ᠶᠢ ᠬᠠᠣᠯᠢ ᠶᠣᠰᠣᠭᠠᠷ | ᠦᠭᠴᠦ᠂ | ︽ᠪᠦᠭᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠣᠯᠣᠰ ᠤᠨ ᠭᠠᠵᠠᠷ ᠰᠢᠷᠦᠢ ᠶᠢᠨ ᠬᠠᠮᠢᠶᠠᠷᠣᠯᠳᠠ ᠶᠢᠨ | ᠬᠠᠣᠯᠢ ᠶᠢᠨ ᠬᠡᠷᠡᠭᠵᠢᠭᠦᠯᠬᠦ ᠵᠣᠷᠪᠣᠰ︾ ᠤᠨ ᠬᠤᠷᠢᠨ ᠵᠢᠷᠭᠤᠳᠦᠭᠠᠷ ᠵᠣᠷᠪᠣᠰ ᠤᠨ ᠲᠣᠭᠳᠠᠭᠠᠯ ᠢ ᠦᠨᠳᠦᠰᠦᠯᠡᠨ᠂ | ᠲᠠᠳᠠᠪᠦᠷᠢᠯᠠᠭᠰᠠᠨ ᠭᠠᠵᠠᠷ ᠰᠢᠷᠣᠢ ᠶᠢᠨ ᠨᠦᠬᠦᠪᠦᠷᠢ ᠶᠢ ᠬᠦᠳᠡᠭᠡ ᠲᠣᠰᠬᠤᠨ ᠤ ᠬᠠᠮᠳᠦ ᠶᠢᠨ ᠠᠵᠣ ᠠᠬᠤᠢ ᠶᠢᠨ | ᠵᠣᠬᠢᠶᠠᠨ ᠪᠠᠶᠢᠭᠤᠯᠣᠯᠳᠠ ᠳᠤ ᠲᠣᠰᠢᠶᠠᠨ᠂ ᠬᠦᠳᠡᠭᠡ ᠲᠣᠰᠬᠤᠨ ᠤ ᠬᠠᠮᠳᠦ ᠶᠢᠨ ᠠᠵᠣ ᠠᠬᠤᠢ ᠶᠢᠨ ᠵᠣᠬᠢᠶᠠᠨ | ᠪᠠᠶᠢᠭᠤᠯᠣᠯᠳᠠ ᠠᠴᠠ ᠬᠠᠮᠢᠶᠠᠷᠣᠨ ᠲᠣᠬᠢᠷᠠᠭᠤᠯᠣᠨ ᠭᠤᠣᠯᠳᠠᠭᠤ ᠭᠠᠵᠠᠷ ᠰᠢᠷᠣᠢ ᠶᠢ ᠨᠢ ᠲᠠᠳᠠᠪᠦᠷᠢᠯᠠᠨ ᠬᠡᠷᠡᠭᠯᠡᠭᠰᠡᠨ | ᠮᠠᠯᠴᠢᠨ ᠲᠠᠷᠢᠶᠠᠴᠢᠨ ᠳᠤ ᠬᠡᠷᠡᠭᠯᠡᠭᠦᠯᠦᠨ᠎ᠡ᠃ ᠬᠦᠳᠡᠭᠡ ᠲᠣᠰᠬᠤᠨ ᠤ ᠬᠠᠮᠳᠦ ᠶᠢᠨ ᠠᠵᠣ ᠠᠬᠤᠢ ᠶᠢᠨ ᠵᠣᠬᠢᠶᠠᠨ | ᠪᠠᠶᠢᠭᠤᠯᠣᠯᠳᠠ ᠲᠠᠳᠠᠪᠦᠷᠢᠯᠠᠭᠰᠠᠨ ᠭᠠᠵᠠᠷ ᠰᠢᠷᠣᠢ ᠶᠢᠨ ᠨᠦᠬᠦᠪᠦᠷᠢ ᠶᠢ ᠡᠷᠭᠡᠪᠰᠢ ᠭᠠᠵᠠᠷ ᠰᠢᠷᠣᠢ ᠶᠢ ᠨᠢ | ᠲᠠᠳᠠᠪᠦᠷᠢᠯᠠᠭᠰᠠᠨ ᠮᠠᠯᠴᠢᠨ ᠲᠠᠷᠢᠶᠠᠴᠢᠳ ᠤᠨ ᠨᠠᠰᠣᠳᠠᠨ ᠢ ᠠᠰᠠᠷᠠᠬᠤ ᠲᠠᠭᠠᠳᠬᠠᠯ ᠲᠤ ᠣᠷᠣᠯᠴᠠᠬᠤ ᠨᠦᠭᠦᠴᠡᠯ ᠳᠤ | ᠨᠡᠶᠢᠴᠡᠭᠰᠡᠨ ᠡᠰᠡᠬᠦ ᠶᠢ ᠦᠵᠡᠨ᠎ᠡ᠃ | ᠴᠢᠬᠢ ᠮᠣᠳᠣᠨ ᠤ ᠨᠦᠬᠦᠪᠦᠷᠢ ᠶᠢ ᠡᠮᠦᠨ᠎ᠡ ᠭᠤᠷᠪᠠᠨ ᠵᠢᠯ ᠤᠨ ᠲᠡᠭᠰᠢᠳᠬᠡᠭᠰᠠᠨ ᠣᠶᠢᠯᠡᠳᠬᠦᠨ ᠤ ᠦᠷᠳᠡᠭ | ᠲᠤ ᠪᠣᠳᠣᠯᠳᠠ ᠬᠢᠵᠣ᠂ ᠲᠠᠭᠠᠯᠳᠠ ᠪᠣᠳᠠᠰ ᠤᠨ ᠨᠦᠬᠦᠪᠦᠷᠢ ᠶᠢ ︽ᠦᠣᠰᠢᠨ ᠬᠤᠰᠢᠭᠤᠨ ᠤ ᠲᠣᠯᠢ ᠠᠴᠠ ᠱᠠᠩᠬᠠᠢ | ᠶᠢᠨ ᠰᠦᠮ᠎ᠡ ᠬᠦᠷᠬᠦ ᠲᠠᠮᠣᠷ ᠵᠠᠮ ᠤᠨ ᠣᠳᠤᠭ ᠤᠨ ᠡᠮᠦᠨᠡᠳᠦ ᠬᠤᠰᠢᠭᠤᠨ ᠳᠠᠬᠢ ᠬᠡᠰᠡᠭ ᠤᠨ ᠲᠠᠳᠠᠪᠦᠷᠢᠯᠡᠨ | ᠬᠡᠷᠡᠭᠯᠡᠬᠦ ᠲᠦᠰᠦᠯ ᠢ ᠬᠡᠷᠡᠭᠵᠢᠭᠦᠯᠬᠦ ᠲᠣᠬᠠᠢ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ | ᠣᠷᠳᠣᠨ ᠤ ᠠᠯᠪᠠᠨ ᠭᠡᠷ ᠤᠨ ᠮᠡᠳᠡᠭᠳᠡᠯ︾ ︵ᠣᠳᠤᠭ ᠡᠮᠦᠨᠡᠳᠦ ᠵᠠᠰᠠᠭ ᠠᠯᠪᠠᠨ ᠲᠠᠷᠬᠠᠭᠠᠬᠤ ﹇2014﹈ 98 | ᠲᠣᠭᠠᠳᠦ︶ ᠪᠢᠴᠢᠭ ᠮᠡᠲ᠋ᠧᠷᠢᠶᠡᠯ ᠤᠨ ᠪᠠᠷᠢᠮᠵᠢᠶ᠎ᠠ ᠪᠠᠷ ᠦᠨᠳᠦᠰᠦᠯᠡᠯ ᠪᠣᠯᠭᠠᠨ ᠬᠡᠷᠡᠭᠵᠢᠭᠦᠯᠦᠨ᠎ᠡ᠃ | ᠵᠢᠷᠭᠤᠭ᠎ᠠ᠂ ᠨᠡᠶᠢᠭᠡᠮ ᠤᠨ ᠪᠠᠳᠣᠯᠠᠭ᠎ᠠ | ᠵᠠᠰᠠᠭ ᠤᠨ ᠣᠷᠳᠣᠨ ᠨᠢᠭᠡᠳᠦᠯᠳᠡᠢ ᠮᠠᠯᠴᠢᠨ ᠲᠠᠷᠢᠶᠠᠴᠢᠨ ᠤ ᠬᠠᠮᠳᠦ ᠶᠢᠨ ᠭᠠᠵᠠᠷ ᠰᠢᠷᠣᠢ ᠲᠠᠳᠠᠪᠦᠷᠢᠯᠡᠨ | ᠬᠡᠷᠡᠭᠯᠡᠭᠰᠡᠨ ᠠᠴᠠ ᠮᠠᠯᠴᠢᠨ ᠲᠠᠷᠢᠶᠠᠴᠢᠨ ᠪᠦᠬᠦᠶᠢᠯᠡ ᠪᠣᠶᠣ ᠶᠡᠬᠡᠩᠭᠢ ᠬᠡᠰᠡᠭ ᠭᠠᠵᠠᠷ ᠰᠢᠷᠣᠢ ᠪᠠᠨ ᠠᠯᠳᠠᠭᠰᠠᠨ ᠪᠣᠯ᠂ | ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠶᠢᠨ | ᠲᠢᠩᠬᠢᠮ ᠤᠨ ᠣᠯᠠᠮᠵᠢᠯᠠᠨ ᠲᠠᠮᠵᠢᠭᠤᠯᠣᠭᠰᠠᠨ ᠭᠠᠵᠠᠷ ᠰᠢᠷᠣᠢ ᠪᠠᠨ ᠲᠠᠳᠠᠪᠦᠷᠢᠯᠠᠭᠤᠯᠣᠭᠰᠠᠨ ᠮᠠᠯᠴᠢᠨ ᠲᠠᠷᠢᠶᠠᠴᠢᠨ ᠤ | ᠠᠵᠢᠯ ᠣᠯᠭᠤᠯᠳᠠ ᠤᠨ ᠪᠣᠯᠪᠠᠰᠣᠷᠠᠯ ᠪᠠ ᠨᠡᠶᠢᠭᠡᠮ ᠤᠨ ᠪᠠᠳᠣᠯᠠᠭ᠎ᠠ ᠶᠢᠨ ᠠᠵᠢᠯ ᠤᠨ ᠬᠡᠷᠡᠭᠵᠢᠭᠦᠯᠬᠦ ᠲᠣᠬᠠᠢ | ᠦᠪᠡᠷᠳᠡᠭᠡᠨ ᠵᠠᠰᠠᠬᠤ ᠣᠷᠣᠨ ᠤ ᠬᠦᠳᠡᠯᠮᠦᠷᠢ ᠪᠣᠯᠣᠨ ᠨᠡᠶᠢᠭᠡᠮ ᠤᠨ ᠪᠠᠳᠣᠯᠠᠭ᠎ᠠ ᠶᠢᠨ ᠲᠢᠩᠬᠢᠮ ᠮᠡᠳᠡᠭᠳᠡᠯ︾ ︵ | ᠦᠪᠦᠷ ᠵᠠᠰᠠᠭ ᠠᠯᠪᠠᠨ ᠦᠰᠦᠭ ﹇2006﹈ 371 ᠲᠣᠭᠠᠳᠦ︶ ᠪᠢᠴᠢᠭ ᠮᠠᠲ᠋ᠧᠷᠢᠶᠠᠯ ᠤᠨ ᠵᠣᠷᠢᠭ ᠰᠠᠨᠠᠭ᠎ᠠ ᠶᠢ | ᠦᠨᠳᠦᠰᠦᠯᠡᠨ᠂ ᠮᠠᠯᠴᠢᠨ ᠲᠠᠷᠢᠶᠠᠴᠢᠨ ᠤ ᠨᠡᠶᠢᠭᠡᠮ ᠤᠨ ᠪᠠᠳᠣᠯᠠᠭ᠎ᠠ ᠶᠢᠨ ᠠᠰᠠᠭᠤᠳᠠᠯ ᠢ ᠰᠠᠶᠢᠳᠦᠷ ᠰᠢᠢᠳᠪᠦᠷᠢᠯᠡᠨ᠎ᠡ᠃ | | | | | | | | | ᠲᠠᠭᠠᠯᠳᠠ 1-1 | ᠲᠣᠷᠤᠭ ᠮᠣᠳᠣᠨ ᠤ ᠨᠦᠬᠦᠪᠦᠷᠢ ᠶᠢ ᠵᠢᠯᠣᠭᠤᠳᠬᠤ ᠦᠨ᠎ᠡ ᠬᠠᠩᠰᠢ | |