︽ᠣᠳᠤᠭ ᠤᠨ ᠡᠮᠦᠨᠡᠳᠦ ᠬᠤᠰᠢᠭᠤᠨ ᠤ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠤᠨ | ᠬᠡᠷᠡᠭᠵᠢᠭᠦᠯᠬᠦ ᠠᠷᠭ᠎ᠠ ︵ᠲᠣᠷᠰᠢᠨ ᠬᠡᠷᠡᠭᠵᠢᠭᠦᠯᠬᠦ︶ ︾ ᠶᠢ ᠲᠠᠷᠣᠮᠠᠯᠯᠠᠨ ᠲᠠᠷᠬᠠᠭᠠᠬᠤ ᠲᠣᠬᠠᠢ | ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠮᠡᠳᠡᠭᠳᠡᠯ | | ᠱᠠᠩᠬᠠᠢ ᠶᠢᠨ ᠰᠦᠮ᠎ᠡ ᠠᠵᠣ ᠠᠬᠤᠢ ᠶᠢᠨ ᠨᠡᠭᠡᠭᠡᠯᠳᠡ ᠶᠢᠨ ᠣᠷᠣᠨ ᠤ ᠬᠠᠮᠢᠶᠠᠷᠣᠯᠳᠠ ᠶᠢᠨ ᠵᠦᠪᠯᠡᠯ᠂ ᠡᠯ᠎ᠡ | ᠪᠠᠯᠭᠠᠰᠦᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤᠨ ᠤ ᠡᠯ᠎ᠡ ᠰᠢᠭᠤᠳ ᠬᠠᠷᠢᠶ᠎ᠠ ᠰᠠᠯᠠᠭ᠎ᠠ ᠮᠦᠴᠢᠷ ᠵᠢᠴᠢ | ᠡᠯ᠎ᠡ ᠠᠵᠣ ᠠᠬᠤᠶᠢᠯᠠᠯ ᠠᠵᠢᠯ ᠣᠶᠢᠯᠠᠰ ᠤᠨ ᠨᠢᠭᠡᠴᠡ ᠳᠤ᠄ | 《ᠣᠳᠤᠭ ᠤᠨ ᠡᠮᠦᠨᠡᠳᠦ ᠬᠤᠰᠢᠭᠤᠨ ᠤ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠤᠨ | ᠬᠡᠷᠡᠭᠵᠢᠭᠦᠯᠬᠦ ᠠᠷᠭ᠎ᠠ ︵ᠲᠣᠷᠰᠢᠨ ᠬᠡᠷᠡᠭᠵᠢᠭᠦᠯᠬᠦ︶︾ ᠶᠢ 2017 ᠣᠨ ᠤ ᠬᠤᠰᠢᠭᠤ ᠠᠷᠠᠳ ᠤᠨ ᠵᠠᠰᠠᠭ ᠤᠨ | ᠣᠷᠳᠣᠨ ᠤ ᠲᠦᠷᠪᠡᠳᠦᠭᠡᠷ ᠣᠳᠠᠭᠠᠨ ᠤ ᠪᠠᠶᠢᠩᠭᠤ ᠶᠢᠨ ᠬᠤᠷᠠᠯ ᠢᠶᠠᠷ ᠰᠣᠳᠣᠯᠣᠨ ᠵᠦᠪᠰᠢᠶᠡᠷᠡᠵᠣ ᠲᠠᠷᠬᠠᠭᠠᠪᠠ᠂ | ᠨᠠᠷᠢᠨ ᠬᠢᠨᠠᠮᠠᠭᠠᠢ ᠨᠠᠶᠢᠳᠠᠪᠤᠷᠢᠵᠢᠭᠤᠯᠳᠤᠭᠠᠢ᠃ | ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ | 2017 ᠣᠨ ᠤ 5 ᠰᠠᠷ᠎ᠠ ᠶᠢᠨ 31 ᠤ ᠡᠳᠦᠷ | ᠣᠳᠤᠭ ᠤᠨ ᠡᠮᠦᠨᠡᠳᠦ ᠬᠤᠰᠢᠭᠤᠨ ᠤ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ | ᠲᠦᠪᠬᠢᠨᠡᠭᠦᠯᠦᠯ ᠤᠨ ᠬᠡᠷᠡᠭᠵᠢᠭᠦᠯᠬᠦ ᠠᠷᠭ᠎ᠠ ︵ᠲᠣᠷᠰᠢᠨ ᠬᠡᠷᠡᠭᠵᠢᠭᠦᠯᠬᠦ︶ | | ᠨᠢᠭᠡᠳᠦᠭᠡᠷ ᠪᠦᠯᠦᠭ ᠶᠡᠷᠦᠩᠬᠡᠢ ᠲᠦᠷᠢᠮ | | ᠨᠢᠭᠡᠳᠦᠭᠡᠷ ᠵᠣᠶᠢᠯ ︽ᠪᠦᠭᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠪᠣᠳᠠᠰ ᠤᠨ ᠡᠷᠬᠡ ᠶᠢᠨ | ᠬᠠᠣᠯᠢ︾᠂ ︽ᠪᠦᠭᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠭᠠᠵᠠᠷ ᠰᠢᠷᠣᠢ ᠶᠢᠨ ᠬᠠᠮᠢᠶᠠᠷᠣᠯᠳᠠ ᠶᠢᠨ | ᠬᠠᠣᠯᠢ︾᠂ ︽ᠪᠦᠭᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠣᠢ ᠰᠢᠭᠤᠢ ᠶᠢᠨ ᠬᠠᠣᠯᠢ︾᠂ ︽ | ᠪᠦᠭᠦᠳᠡ ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠨᠣᠳᠤᠭ ᠪᠡᠯᠴᠢᠭᠡᠷ ᠤᠨ ᠬᠠᠣᠯᠢ︾᠂ ︽ᠪᠦᠭᠦᠳᠡ | ᠨᠠᠶᠢᠷᠠᠮᠳᠠᠬᠤ ᠲᠣᠮᠳᠠᠳᠦ ᠠᠷᠠᠳ ᠣᠯᠣᠰ ᠤᠨ ᠬᠤᠳᠠ ᠶᠢᠨ ᠭᠡᠷ ᠬᠦᠷᠦᠩᠭᠡ ᠶᠢᠨ ᠬᠠᠮᠢᠶᠠᠷᠣᠯᠳᠠ ᠶᠢᠨ ᠬᠠᠣᠯᠢ︾᠂ | ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠨᠣᠳᠤᠭ ᠪᠡᠯᠴᠢᠭᠡᠷ ᠶᠢᠨ ᠬᠠᠮᠢᠶᠠᠷᠣᠯᠳᠠ ᠶᠢᠨ ᠲᠦᠷᠢᠮ︾ | ᠂ ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠣᠢ ᠰᠢᠭᠤᠢ ᠶᠢᠨ ᠬᠠᠮᠢᠶᠠᠷᠣᠯᠳᠠ ᠶᠢᠨ ᠲᠦᠷᠢᠮ︾᠂ | ︽ᠦᠪᠡᠷᠳᠡᠭᠡᠨ ᠵᠠᠰᠠᠬᠤ ᠣᠷᠣᠨ ᠤ ᠭᠠᠵᠠᠷ ᠰᠢᠷᠣᠢ ᠲᠠᠳᠠᠪᠦᠷᠢᠯᠠᠬᠤ ᠵᠢᠯ ᠤᠨ ᠣᠶᠢᠯᠡᠳᠬᠦᠨ ᠤ ᠦᠷᠳᠡᠭ ᠤᠨ | ᠨᠢᠭᠡᠳᠦᠯᠳᠡᠢ ᠪᠠᠷᠢᠮᠵᠢᠶ᠎ᠠ ᠪᠣᠯᠣᠨ ᠭᠠᠵᠠᠷ ᠰᠢᠷᠣᠢ ᠲᠠᠳᠠᠪᠦᠷᠢᠯᠠᠬᠤ ᠣᠷᠣᠨ ᠲᠣᠭᠤᠷᠢᠭ ᠤᠨ ᠶᠡᠷᠦᠩᠬᠡᠶᠢᠯᠡᠭᠰᠡᠨ ᠭᠠᠵᠠᠷ | ᠤᠨ ᠦᠨ᠎ᠡ ᠶᠢ ᠨᠡᠶᠢᠳᠡᠯᠡᠨ ᠬᠡᠷᠡᠭᠵᠢᠭᠦᠯᠬᠦ ᠲᠣᠬᠠᠢ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ | ᠤᠨ ᠵᠠᠰᠠᠭ ᠤᠨ ᠣᠷᠳᠣᠨ ᠤ ᠠᠯᠪᠠᠨ ᠲᠢᠩᠬᠢᠮ ᠤᠨ ᠮᠡᠳᠡᠭᠳᠡᠯ︾ ︵ᠦᠪᠦᠷ ᠵᠠᠰᠠᠭ ᠠᠯᠪᠠᠨ ᠲᠠᠷᠬᠠᠭᠠᠬᠤ ﹇2011 | ﹈ 143 ᠲᠣᠭᠠᠳᠦ︶ ᠵᠡᠷᠭᠡ ᠬᠠᠮᠢᠶ᠎ᠠ ᠪᠦᠬᠦᠢ ᠬᠠᠣᠯᠢ ᠴᠠᠭᠠᠵᠠ ᠲᠦᠷᠢᠮ ᠲᠣᠭᠳᠠᠭᠠᠯ ᠢ ᠦᠨᠳᠦᠰᠦᠯᠡᠨ᠂ ᠭᠠᠵᠠᠷ | ᠰᠢᠷᠣᠢ ᠪᠠᠨ ᠲᠠᠳᠠᠪᠦᠷᠢᠯᠠᠭᠤᠯᠬᠤ ᠬᠠᠮᠳᠦ ᠶᠢᠨ ᠠᠵᠣ ᠠᠬᠤᠢ ᠶᠢᠨ ᠵᠣᠬᠢᠶᠠᠨ ᠪᠠᠶᠢᠭᠤᠯᠣᠯᠳᠠ᠂ ᠮᠠᠯᠴᠢᠨ ᠲᠠᠷᠢᠶᠠᠴᠢᠨ | ᠪᠣᠯᠣᠨ ᠪᠣᠰᠣᠳ ᠡᠷᠭᠡ ᠶᠢᠨ ᠬᠦᠮᠦᠨ ᠤ ᠬᠠᠣᠯᠢ ᠶᠢᠨ ᠡᠷᠬᠡ ᠠᠰᠢᠭ ᠢ ᠬᠠᠮᠠᠭᠠᠯᠠᠵᠣ᠂ ᠭᠠᠵᠠᠷ ᠰᠢᠷᠣᠢ | ᠲᠠᠳᠠᠪᠦᠷᠢᠯᠠᠬᠤ ᠠᠵᠢᠯᠯᠠᠭ᠎ᠠ ᠶᠢ ᠲᠦᠷᠢᠮᠵᠢᠭᠦᠯᠦᠨ᠂ ᠭᠠᠵᠠᠷ ᠰᠢᠷᠣᠢ ᠲᠠᠳᠠᠪᠦᠷᠢᠯᠠᠬᠤ ᠪᠠᠷᠢᠮᠵᠢᠶ᠎ᠠ ᠶᠢ ᠨᠢᠭᠡᠳᠬᠡᠵᠣ᠂ | ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠤᠨ ᠠᠵᠢᠯ ᠢ ᠬᠠᠣᠯᠢ ᠶᠣᠰᠣᠭᠠᠷ ᠴᠢᠩᠭᠠᠳᠬᠠᠬᠤ ᠶᠢᠨ | ᠲᠣᠰᠠᠳᠠ᠂ ᠲᠣᠰ ᠠᠷᠭ᠎ᠠ ᠶᠢ ᠲᠣᠭᠳᠠᠭᠠᠪᠠ᠃ | ᠬᠤᠶᠠᠳᠦᠭᠠᠷ ᠵᠣᠶᠢᠯ ᠬᠤᠰᠢᠭᠤᠨ ᠤ ᠵᠠᠰᠠᠭ ᠵᠠᠬᠢᠷᠭᠠᠨ ᠤ ᠬᠦᠷᠢᠶ᠎ᠡ ᠬᠡᠪᠴᠢᠶᠡᠨ ᠳᠤ᠂ ᠨᠡᠶᠢᠳᠡ ᠶᠢᠨ ᠠᠰᠢᠭ | ᠲᠣᠰᠠ ᠪᠠ ᠨᠡᠶᠢᠭᠡᠮ ᠤᠨ ᠬᠦᠭᠵᠢᠯᠳᠡ ᠶᠢᠨ ᠬᠡᠷᠡᠭᠴᠡᠭᠡ ᠱᠠᠭᠠᠷᠳᠠᠯᠭ᠎ᠠ ᠪᠠᠷ ᠬᠠᠮᠳᠦ ᠶᠢᠨ ᠭᠠᠵᠠᠷ ᠰᠢᠷᠣᠢ ᠶᠢ | ᠲᠠᠳᠠᠪᠦᠷᠢᠯᠠᠬᠤ᠂ ᠣᠯᠣᠰ ᠤᠨ ᠭᠠᠵᠠᠷ ᠰᠢᠷᠣᠢ ᠶᠢ ᠪᠣᠴᠠᠭᠠᠨ ᠠᠪᠬᠤ ︵ᠪᠠᠷᠢᠯᠭ᠎ᠠ ᠶᠢᠨ ᠪᠣᠰᠣ ᠭᠠᠵᠠᠷ︶ ᠪᠣᠯᠣᠨ | ᠭᠠᠵᠠᠷ ᠰᠢᠷᠣᠢ ᠶᠢ ᠲᠦᠷ ᠬᠡᠷᠭᠯᠡᠬᠦ ᠳᠤ ᠴᠦᠮ ᠲᠣᠰ ᠠᠷᠭ᠎ᠠ ᠶᠢ ᠬᠡᠷᠡᠭᠯᠡᠨ᠎ᠡ᠃ | ᠭᠤᠷᠪᠠᠳᠦᠭᠠᠷ ᠵᠣᠶᠢᠯ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠳᠤ ᠲᠣᠣᠷᠠᠬᠢ ᠵᠠᠷᠴᠢᠮ | ᠢ ᠵᠢᠷᠦᠮᠯᠠᠬᠤ ᠬᠡᠷᠡᠭᠳᠡᠢ᠄ | ︵ᠨᠢᠭᠡ︶ ᠭᠠᠵᠠᠷ ᠰᠢᠷᠣᠢ ᠶᠢ ᠭᠦᠢᠴᠡᠳ ᠵᠣᠬᠢᠰᠳᠠᠢ ᠠᠰᠢᠭᠯᠠᠨ ᠲᠠᠷᠢᠶᠠᠨ ᠭᠠᠵᠠᠷ ᠢ ᠬᠠᠮᠠᠭᠠᠯᠠᠬᠤ ᠵᠠᠷᠴᠢᠮ | ᠢ ᠪᠠᠷᠢᠮᠳᠠᠯᠠᠨ᠎ᠠ︔ | ︵ᠬᠤᠶᠠᠷ︶ ᠵᠦᠢ ᠵᠣᠬᠢᠰᠳᠠᠢ ᠨᠦᠬᠦᠪᠦᠷᠢᠯᠡᠨ᠂ ᠲᠣᠭᠢᠳᠠᠢ ᠲᠦᠪᠬᠢᠨᠡᠭᠦᠯᠬᠦ ᠵᠠᠷᠴᠢᠮ ᠢ ᠪᠠᠷᠢᠮᠳᠠᠯᠠᠨ᠎ᠠ︔ | ︵ᠭᠤᠷᠪᠠ︶ ᠭᠠᠵᠠᠷ ᠰᠢᠷᠣᠢ ᠪᠠᠨ ᠲᠠᠳᠠᠪᠦᠷᠢᠯᠠᠭᠤᠯᠣᠭᠰᠠ ᠮᠠᠯᠴᠢᠨ ᠲᠠᠷᠢᠶᠠᠴᠢᠨ ᠤ ᠠᠮᠢᠳᠣᠷᠠᠯ ᠤᠨ | ᠲᠦᠪᠰᠢᠨ᠂ ᠴᠢᠨᠠᠷ ᠢ ᠨᠦᠯᠦᠭᠡᠯᠡᠬᠦ ᠦᠭᠡᠢ ᠵᠠᠷᠴᠢᠮ ᠢ ᠪᠠᠷᠢᠮᠳᠠᠯᠠᠨ᠎ᠠ︔ | ᠲᠦᠷᠪᠡᠳᠦᠭᠡᠷ ᠵᠣᠶᠢᠯ ᠬᠤᠰᠢᠭᠤ ᠠᠷᠠᠳ ᠤᠨ ᠵᠠᠰᠠᠭ ᠤᠨ ᠣᠷᠳᠣᠨ ᠪᠦᠬᠦ ᠬᠤᠰᠢᠭᠤᠨ ᠤ ᠭᠠᠵᠠᠷ ᠰᠢᠷᠣᠢ | ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠤᠨ ᠠᠵᠢᠯ ᠢ ᠨᠢᠭᠡᠳᠦᠯᠳᠡᠢ ᠣᠳᠣᠷᠢᠳᠬᠤ᠂ ᠬᠠᠮᠢᠶᠠᠷᠬᠤ᠂ | ᠬᠡᠷᠡᠭᠵᠢᠭᠦᠯᠬᠦ ᠶᠢ ᠬᠠᠷᠢᠭᠤᠴᠠᠨ᠎ᠠ᠃ | ᠬᠤᠰᠢᠭᠤᠨ ᠤ ᠣᠯᠣᠰ ᠤᠨ ᠭᠠᠵᠠᠷ ᠰᠢᠷᠦᠢ ᠡᠬᠢ ᠪᠠᠶᠠᠯᠢᠭ ᠤᠨ ᠲᠣᠪᠴᠢᠶ᠎ᠠ ᠭᠠᠵᠠᠷ ᠰᠢᠷᠣᠢ ᠲᠠᠳᠠᠪᠦᠷᠢᠯᠠᠬᠤ | ᠨᠦᠬᠦᠪᠦᠷᠢ ᠲᠦᠪᠬᠢᠨᠡᠭᠦᠯᠦᠯ ᠤᠨ ᠠᠵᠢᠯ ᠤᠨ ᠴᠢᠳᠠᠪᠬᠢᠳᠦ ᠰᠠᠯᠠᠭ᠎ᠠ ᠮᠦᠴᠢᠷ ᠪᠣᠯᠬᠤ ᠲᠣᠯᠠ᠂ ᠪᠦᠬᠦ ᠬᠤᠰᠢᠭᠤᠨ ᠤ | ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠤᠨ ᠠᠵᠢᠯ ᠢ ᠪᠦᠬᠦ ᠲᠠᠯ᠎ᠠ ᠪᠠᠷ ᠬᠠᠷᠢᠭᠤᠴᠠᠵᠣ᠂ | ᠭᠠᠵᠠᠷ ᠰᠢᠷᠣᠢ ᠲᠠᠳᠠᠪᠦᠷᠢᠯᠠᠬᠤ ᠲᠦᠰᠦᠯ ᠲᠣᠭᠳᠠᠭᠠᠬᠤ᠂ ᠮᠡᠳᠡᠭᠳᠡᠬᠦ᠂ ᠭᠡᠷᠡᠴᠢᠯᠡᠯᠳᠡ ᠰᠣᠨᠣᠰᠬᠤ ᠵᠡᠷᠭᠡ ᠪᠣᠳᠠᠳᠠᠢ | ᠠᠵᠢᠯ ᠢ ᠦᠷᠨᠢᠭᠦᠯᠦᠨ᠎ᠡ᠃ | ᠬᠤᠰᠢᠭᠤᠨ ᠤ ᠮᠠᠯ ᠲᠠᠷᠢᠶᠠᠯᠠᠩ ᠤᠨ ᠲᠣᠪᠴᠢᠶ᠎ᠠ ᠪᠣᠯᠣᠨ ᠨᠣᠳᠤᠭ ᠪᠡᠯᠴᠢᠭᠡᠷ ᠤᠨ ᠬᠠᠣᠯᠢ ᠬᠡᠷᠡᠭᠵᠢᠭᠦᠯᠬᠦ | ᠲᠣᠪᠴᠢᠶ᠎ᠠ ᠭᠠᠵᠠᠷ ᠰᠢᠷᠣᠢ ᠲᠠᠳᠠᠪᠦᠷᠢᠯᠠᠬᠤ ᠶᠠᠪᠣᠴᠠ ᠲᠣᠮᠳᠠᠬᠢ ᠨᠣᠳᠤᠭ ᠪᠡᠯᠴᠢᠭᠡᠷ ᠤᠨ ᠡᠵᠡᠩᠨᠡᠯᠳᠡ ᠶᠢᠨ ᠡᠷᠭᠡ | ᠶᠢᠨ ᠵᠢᠭᠤᠷᠠᠯᠳᠣᠭᠠᠨ ᠪᠣᠯᠣᠨ ᠡᠷᠬᠡ ᠶᠢᠨ ᠬᠠᠷᠢᠶᠠᠨ ᠤ ᠵᠠᠭᠠᠭ ᠱᠣᠭᠤᠮ ᠤᠨ ᠨᠣᠳᠠᠯᠠᠯᠳᠡ ᠵᠡᠷᠭᠡ ᠠᠵᠢᠯ ᠢ | ᠬᠠᠷᠢᠭᠤᠴᠠᠨ᠎ᠠ᠃ | ᠬᠤᠰᠢᠭᠤᠨ ᠤ ᠣᠢ ᠰᠢᠭᠤᠢ ᠶᠢᠨ ᠲᠣᠪᠴᠢᠶ᠎ᠠ ᠭᠠᠵᠠᠷ ᠰᠢᠷᠣᠢ ᠲᠠᠳᠠᠪᠦᠷᠢᠯᠠᠬᠤ ᠶᠠᠪᠣᠴᠠ ᠲᠣᠮᠳᠠᠬᠢ ᠣᠢ ᠶᠢᠨ | ᠡᠷᠬᠡ ᠶᠢᠨ ᠵᠢᠭᠤᠷᠠᠯᠳᠣᠭᠠᠨ ᠢ ᠰᠢᠢᠳᠪᠦᠷᠢᠯᠡᠬᠦ ᠪᠠ ᠲᠣᠭᠳᠠᠭᠰᠠᠨ ᠬᠤᠭᠤᠴᠠᠭᠠᠨ ᠳᠤ ᠣᠢ ᠮᠣᠳᠣᠨ ᠤ ᠨᠦᠬᠦᠪᠦᠷᠢ | ᠶᠢᠨ ᠪᠠᠷᠢᠮᠵᠢᠶ᠎ᠠ ᠶᠢ ᠰᠢᠨᠡᠳᠬᠡᠨ ᠲᠣᠭᠳᠠᠭᠠᠬᠤ ᠠᠵᠢᠯ ᠢ ᠬᠠᠷᠢᠭᠤᠴᠠᠨ᠎ᠠ᠃ | ᠬᠤᠰᠢᠭᠤᠨ ᠤ ᠣᠷᠣᠨ ᠰᠠᠭᠤᠴᠠ ᠪᠦᠳᠦᠭᠡᠨ ᠪᠠᠶᠢᠭᠤᠯᠣᠯᠳᠠ ᠶᠢᠨ ᠲᠣᠪᠴᠢᠶ᠎ᠠ ᠲᠣᠭᠳᠠᠭᠰᠠᠨ ᠬᠤᠭᠤᠴᠠᠭᠠᠨ | ᠳᠤ ᠮᠠᠯᠵᠢᠬᠤ ᠲᠠᠷᠢᠶᠠᠯᠠᠬᠤ ᠣᠷᠣᠨ ᠤ ᠭᠡᠷ ᠪᠠᠶᠢᠰᠢᠩ ᠵᠢᠴᠢ ᠪᠠᠷᠢᠯᠭ᠎ᠠ ᠶᠢ ᠨᠣᠷᠠᠭᠠᠨ ᠨᠡᠬᠦᠯᠭᠡᠬᠦ ᠨᠦᠬᠦᠪᠦᠷᠢ ᠶᠢᠨ | ᠪᠠᠷᠢᠮᠵᠢᠶ᠎ᠠ ᠶᠢ ᠰᠢᠨᠡᠳᠬᠡᠨ ᠲᠣᠭᠳᠠᠭᠠᠬᠤ ᠠᠵᠢᠯ ᠢ ᠬᠠᠷᠢᠭᠤᠴᠠᠨ᠎ᠠ᠃ | ᠬᠤᠰᠢᠭᠤᠨ ᠤ ᠡᠳ᠋ ᠤᠨ ᠵᠠᠰᠠᠭ ᠤᠨ ᠲᠣᠪᠴᠢᠶ᠎ᠠ ᠪᠣᠯᠣᠨ ᠭᠠᠶᠢᠯᠢ ᠶᠢᠨ ᠪᠣᠰᠣ ᠣᠷᠣᠯᠭ᠎ᠠ ᠶᠢᠨ ᠬᠠᠮᠢᠶᠠᠷᠣᠯᠳᠠ | ᠶᠢᠨ ᠲᠣᠪᠴᠢᠶ᠎ᠠ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠶᠢᠨ ᠲᠠᠩᠰᠠᠨ ᠬᠠᠮᠢᠶᠠᠷᠣᠯᠳᠠ ᠪᠣᠯᠣᠨ ᠭᠠᠵᠠᠷ ᠰᠢᠷᠣᠢ | ᠲᠠᠳᠠᠪᠦᠷᠢᠯᠠᠬᠤ ᠨᠦᠬᠦᠪᠦᠷᠢ ᠶᠢ ᠴᠠᠭ ᠲᠣᠬᠠᠢ ᠳᠤ ᠨᠢ ᠣᠯᠭᠤᠬᠤ ᠠᠵᠢᠯ ᠢ ᠬᠠᠷᠢᠭᠤᠴᠠᠨ᠎ᠠ᠃ | ᠬᠤᠰᠢᠭᠤᠨ ᠤ ᠠᠷᠠᠳ ᠤᠨ ᠶᠠᠪᠣᠳᠠᠯ ᠤᠨ ᠲᠣᠪᠴᠢᠶ᠎ᠠ ᠭᠠᠴᠠᠭ᠎ᠠ ᠲᠣᠰᠬᠤᠨ ᠤ ᠶᠠᠪᠣᠳᠠᠯ ᠢ ᠢᠯᠡ ᠪᠣᠯᠭᠠᠬᠤ | ᠪᠠ ᠭᠠᠵᠠᠷ ᠰᠢᠷᠣᠢ ᠪᠠᠨ ᠲᠠᠳᠠᠪᠦᠷᠢᠯᠠᠭᠤᠯᠣᠭᠰᠠ ᠮᠠᠯᠴᠢᠨ ᠲᠠᠷᠢᠶᠠᠴᠢᠠ ᠳᠤ ᠨᠡᠶᠢᠭᠡᠮ ᠤᠨ ᠲᠣᠰᠠᠯᠠᠮᠵᠢ ᠦᠵᠡᠭᠦᠯᠬᠦ | ᠠᠵᠢᠯ ᠢ ᠬᠠᠷᠢᠭᠤᠴᠠᠨ᠎ᠠ᠃ | ᠬᠤᠰᠢᠭᠤᠨ ᠤ ᠬᠦᠮᠦᠨ ᠤ ᠬᠦᠴᠦᠨ ᠤ ᠡᠬᠢ ᠪᠠᠶᠠᠯᠢᠭ ᠤᠨ ᠲᠣᠪᠴᠢᠶ᠎ᠠ᠂ ᠠᠵᠢᠯ ᠣᠯᠭᠤᠯᠳᠠ ᠶᠢᠨ | ᠲᠣᠪᠴᠢᠶ᠎ᠠ ᠪᠣᠯᠣᠨ ᠨᠡᠶᠢᠭᠡᠮ ᠤᠨ ᠪᠠᠳᠣᠯᠠᠭ᠎ᠠ ᠶᠢᠨ ᠲᠣᠪᠴᠢᠶ᠎ᠠ ᠵᠡᠷᠭᠡ ᠰᠠᠯᠠᠭ᠎ᠠ ᠮᠦᠴᠢᠷ ᠲᠦᠪᠬᠢᠨᠡᠭᠦᠯᠬᠦ ᠴᠢᠬᠤᠯᠠᠳᠠᠢ | ᠬᠦᠮᠦᠰ ᠤᠨ ᠲᠦᠪᠬᠢᠨᠡᠭᠦᠯᠬᠦ ᠠᠷᠭ᠎ᠠ ᠶᠢ ᠲᠣᠭᠳᠠᠭᠠᠵᠣ᠂ ᠭᠠᠵᠠᠷ ᠰᠢᠷᠣᠢ ᠪᠠᠨ ᠲᠠᠳᠠᠪᠦᠷᠢᠯᠠᠭᠤᠯᠣᠭᠰᠠ ᠮᠠᠯᠴᠢᠨ | ᠲᠠᠷᠢᠶᠠᠴᠢᠨ ᠤ ᠠᠵᠢᠯ ᠣᠯᠭᠤᠯᠳᠠ ᠶᠢᠨ ᠪᠣᠯᠪᠠᠰᠣᠷᠠᠯ ᠵᠢᠴᠢ ᠦᠨᠳᠦᠰᠣᠨ ᠨᠠᠰᠣᠵᠢᠯ ᠤᠨ ᠲᠠᠭᠠᠳᠬᠠᠯ ᠣᠯᠭᠤᠬᠤ | ᠠᠵᠢᠯ ᠢ ᠬᠠᠷᠢᠭᠤᠴᠠᠨ᠎ᠠ᠃ | ᠬᠤᠰᠢᠭᠤᠨ ᠤ ᠲᠣᠳᠣᠭᠠᠳᠦ ᠶᠢ ᠬᠠᠮᠠᠭᠠᠯᠠᠬᠤ ᠲᠣᠪᠴᠢᠶ᠎ᠠ ᠬᠠᠮᠢᠶ᠎ᠠ ᠪᠦᠬᠦᠢ ᠰᠠᠯᠠᠭ᠎ᠠ ᠮᠦᠴᠢᠷ ᠲᠠᠢ ᠬᠠᠮᠳᠣᠷᠠᠨ | ᠭᠠᠵᠠᠷ ᠰᠢᠷᠣᠢ ᠪᠠᠨ ᠲᠠᠳᠠᠪᠦᠷᠢᠯᠠᠭᠤᠯᠣᠭᠰᠠ ᠮᠠᠯᠴᠢᠨ ᠲᠠᠷᠢᠶᠠᠴᠢᠨ ᠤ ᠡᠷᠦᠭᠡ ᠠᠮᠠ ᠶᠢ ᠰᠢᠯᠵᠢᠭᠦᠯᠬᠦ ᠵᠡᠷᠭᠡ ᠭᠠᠷ | ᠭᠦᠢᠴᠡᠳᠬᠡᠯ ᠢ ᠭᠦᠢᠴᠡᠳᠬᠡᠵᠣ᠂ ᠬᠠᠮᠢᠶ᠎ᠠ ᠪᠦᠬᠦᠢ ᠰᠠᠯᠠᠭ᠎ᠠ ᠮᠦᠴᠢᠷ ᠲᠠᠢ ᠬᠠᠮᠵᠢᠯᠴᠠᠨ ᠭᠠᠵᠠᠷ ᠰᠢᠷᠣᠢ | ᠲᠠᠳᠠᠪᠦᠷᠢᠯᠠᠬᠤ ᠶᠢ ᠮᠡᠳᠡᠭᠳᠡᠭᠰᠡᠨ ᠤ ᠲᠠᠷᠠᠭ᠎ᠠ ᠡᠷᠦᠬᠡ ᠠᠮᠠ ᠣᠷᠣᠬᠤ ᠪᠠ ᠡᠷᠦᠬᠡ ᠰᠠᠯᠬᠤ ᠶᠢ ᠲᠦᠷ ᠵᠣᠭᠰᠣᠭᠠᠬᠤ | ᠵᠡᠷᠭᠡ ᠠᠵᠢᠯ ᠢ ᠰᠠᠶᠢᠳᠦᠷ ᠬᠢᠨ᠎ᠠ᠃ | ᠬᠤᠰᠢᠭᠤᠨ ᠤ ᠬᠦᠭᠵᠢᠭᠦᠯᠦᠯᠳᠡ ᠦᠭᠡᠷᠡᠴᠢᠯᠡᠯᠳᠡ ᠶᠢᠨ ᠲᠣᠪᠴᠢᠶ᠎ᠠ ᠲᠠᠳᠠᠪᠦᠷᠢᠯᠠᠬᠤ ᠭᠠᠵᠠᠷ ᠤᠨ ᠬᠦᠷᠢᠶ᠎ᠡ | ᠬᠡᠪᠴᠢᠶᠡᠨ ᠳᠤ ᠬᠢ ᠦᠨ᠎ᠡ ᠬᠠᠩᠰᠢ ᠶᠢᠨ ᠭᠡᠷᠡᠴᠢᠯᠡᠯᠳᠡ ᠶᠢᠨ ᠠᠵᠢᠯ ᠢ ᠬᠠᠷᠢᠭᠤᠴᠠᠨ᠎ᠠ᠃ | ᠬᠤᠰᠢᠭᠤᠨ ᠤ ᠬᠢᠨᠠᠨ ᠪᠠᠶᠢᠴᠠᠭᠠᠬᠤ ᠲᠣᠪᠴᠢᠶ᠎ᠠ ᠪᠣᠯᠣᠨ ᠬᠢᠨᠠᠨ ᠪᠣᠳᠣᠯᠳᠠ ᠶᠢᠨ ᠲᠣᠪᠴᠢᠶ᠎ᠠ ᠭᠠᠵᠠᠷ ᠰᠢᠷᠣᠢ | ᠲᠠᠳᠠᠪᠦᠷᠢᠯᠠᠬᠤ ᠨᠦᠬᠦᠪᠦᠷᠢ ᠣᠯᠭᠤᠬᠤ ᠪᠠ ᠬᠡᠷᠡᠭᠯᠡᠭᠰᠡᠨ ᠵᠡᠷᠭᠡ ᠪᠠᠶᠢᠳᠠᠯ ᠳᠤ ᠬᠢᠨᠠᠯᠳᠠ ᠲᠠᠯᠪᠢᠬᠤ ᠪᠠ ᠬᠢᠨᠡᠨ | ᠪᠣᠳᠣᠯᠳᠠ ᠬᠢᠬᠦ ᠶᠢ ᠬᠠᠷᠢᠭᠤᠴᠠᠨ᠎ᠠ᠃ | ᠡᠯ᠎ᠡ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ ᠲᠣᠰ ᠬᠠᠷᠢᠶ᠎ᠠ ᠣᠷᠣᠨ ᠳᠤ ᠬᠢ ᠭᠠᠵᠠᠷ ᠰᠢᠷᠣᠢ | ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠤᠨ ᠠᠵᠢᠯ ᠤᠨ ᠵᠦᠷᠢᠴᠡᠯ ᠵᠢᠭᠤᠷᠠᠯᠳᠣᠭᠠᠨ ᠢ ᠵᠣᠬᠢᠴᠠᠭᠤᠯᠣᠨ | ᠰᠢᠢᠳᠪᠦᠷᠢᠯᠠᠬᠦ ᠪᠠ ᠵᠠᠬᠢᠳᠠᠯ ᠰᠣᠷᠪᠣᠯᠵᠢᠯᠠᠭ᠎ᠠ ᠵᠡᠷᠭᠡ ᠠᠵᠢᠯ ᠦᠷᠨᠢᠬᠦᠯᠬᠦ ᠶᠢ ᠬᠠᠷᠢᠭᠤᠴᠠᠨ᠂ ᠨᠣᠳᠤᠭ ᠪᠡᠯᠴᠢᠭᠡᠷ ᠤᠨ | ᠲᠠᠭᠠᠭᠠᠴᠢᠯᠠᠯᠳᠠ ᠡᠵᠡᠩᠨᠡᠯᠳᠡ ᠶᠢᠨ ᠡᠷᠬᠡ ᠶᠢᠨ ᠵᠢᠭᠤᠷᠠᠯᠳᠣᠭᠠᠨ ᠪᠣᠯᠣᠨ ᠭᠠᠵᠠᠷ ᠰᠢᠷᠣᠢ ᠶᠢᠨ ᠡᠷᠬᠡ ᠶᠢᠨ ᠬᠠᠷᠢᠶᠠᠨ | ᠤ ᠲᠣᠳᠣᠷᠬᠠᠶᠢᠯᠠᠯᠳᠠ ᠳᠤ ᠣᠷᠣᠯᠴᠠᠨ᠎ᠠ︔ ᠪᠣᠰᠣᠳ ᠰᠠᠯᠠᠭ᠎ᠠ ᠮᠦᠴᠢᠷ ᠲᠠᠢ ᠬᠠᠮᠵᠢᠯᠴᠠᠨ ᠭᠠᠵᠠᠷ ᠰᠢᠷᠣᠢ | ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠤᠨ ᠬᠠᠮᠢᠶ᠎ᠠ ᠪᠦᠬᠦᠢ ᠠᠵᠢᠯ ᠢ ᠦᠷᠨᠢᠭᠦᠯᠦᠨ᠎ᠡ︔ ᠬᠠᠮᠳᠦ ᠶᠢᠨ ᠠᠵᠣ | ᠠᠬᠤᠢ ᠶᠢᠨ ᠵᠣᠬᠢᠶᠠᠨ ᠪᠠᠶᠢᠭᠤᠯᠣᠯᠳᠠ ᠶᠢᠨ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠶᠢ ᠬᠠᠮᠢᠶᠠᠷᠬᠤ᠂ ᠬᠡᠷᠡᠭᠯᠡᠬᠦ᠂ | ᠬᠤᠪᠢᠶᠠᠷᠢᠯᠠᠬᠤ᠂ ᠨᠡᠶᠢᠳᠡᠯᠡᠬᠦ ᠵᠡᠷᠭᠡ ᠠᠵᠢᠯ ᠲᠤ ᠣᠷᠣᠯᠴᠠᠨ᠂ ᠬᠢᠨᠠᠯᠳᠠ ᠲᠠᠯᠪᠢᠨ ᠬᠠᠮᠠᠶᠠᠷᠣᠨᠠ᠃ | ᠬᠤᠶᠠᠳᠣᠭᠠᠷ ᠪᠦᠯᠦᠭ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠶᠢᠨ ᠶᠠᠪᠣᠴᠠ | ᠲᠠᠪᠣᠳᠦᠭᠠᠷ ᠵᠣᠶᠢᠯ ᠬᠤᠰᠢᠭᠤ ᠠᠷᠠᠳ ᠤᠨ ᠵᠠᠰᠠᠭ ᠤᠨ ᠣᠷᠳᠣᠨ ᠨᠡᠶᠢᠳᠡ ᠶᠢᠨ ᠠᠰᠢᠭ ᠲᠣᠰᠠ ᠪᠣᠯᠣᠨ | ᠠᠵᠣ ᠠᠬᠤᠢ ᠶᠢᠨ ᠬᠦᠭᠵᠢᠯᠳᠡ ᠶᠢᠨ ᠱᠠᠭᠠᠷᠳᠠᠯᠭ᠎ᠠ ᠶᠢ ᠦᠨᠳᠦᠰᠦᠯᠡᠨ᠂ ᠭᠠᠵᠠᠷ ᠰᠢᠷᠣᠢ ᠲᠠᠳᠠᠪᠦᠷᠢᠯᠠᠬᠤ ᠡᠭᠦᠷᠭᠡ | ᠲᠣᠭᠳᠠᠭᠠᠨ᠎ᠠ᠃ | ᠵᠢᠷᠭᠤᠳᠦᠭᠠᠷ ᠵᠣᠶᠢᠯ ᠡᠯ᠎ᠡ ᠪᠠᠯᠭᠠᠰᠣᠨ ᠤ ᠠᠷᠠᠳ ᠤᠨ ᠵᠠᠰᠠᠭ ᠤᠨ ᠣᠷᠳᠣᠨ ᠭᠠᠵᠠᠷ ᠰᠢᠷᠣᠢ | ᠲᠠᠳᠠᠪᠦᠷᠢᠯᠠᠬᠤ ᠡᠭᠦᠷᠭᠡ ᠶᠢᠨ ᠲᠣᠳᠣᠷᠬᠠᠶᠢᠯᠠᠯᠳᠡ ᠶᠢ ᠦᠨᠳᠦᠰᠦᠯᠡᠨ ᠭᠠᠵᠠᠷ ᠰᠢᠷᠣᠢ ᠲᠠᠳᠠᠪᠦᠷᠢᠯᠠᠬᠤ ᠬᠦᠷᠢᠶ᠎ᠠ | ᠬᠡᠪᠴᠢᠶᠠᠨ ᠳᠤ ᠭᠠᠵᠠᠷ ᠰᠢᠷᠣᠢ ᠲᠠᠳᠠᠪᠦᠷᠢᠯᠠᠬᠤ ᠪᠠᠶᠢᠴᠠᠭᠠᠯᠳᠡ ᠶᠢᠨ ᠠᠵᠢᠯ ᠦᠷᠨᠢᠭᠦᠯᠵᠣ᠂ ᠣᠯᠣᠰ ᠤᠨ ᠭᠠᠵᠠᠷ | ᠰᠢᠷᠣᠢ᠂ ᠮᠡᠯ ᠲᠠᠷᠢᠶᠠᠯᠠᠩ᠂ ᠣᠢ ᠰᠢᠭᠤᠢ ᠵᠡᠷᠭᠡ ᠰᠠᠯᠠᠭ᠎ᠠ ᠮᠦᠴᠢᠷ ᠬᠠᠮᠵᠢᠯᠴᠠᠨ᠎ᠠ᠃ ᠭᠠᠵᠠᠷ ᠰᠢᠷᠣᠢ | ᠲᠠᠳᠠᠪᠦᠷᠢᠯᠠᠬᠤ ᠪᠠᠶᠢᠴᠠᠭᠠᠯᠳᠡ ᠭᠡᠳᠡᠭ ᠨᠢ ᠲᠠᠳᠠᠪᠦᠷᠢᠯᠠᠬᠤ ᠭᠠᠵᠠᠷ ᠤᠨ ᠡᠷᠬᠡ ᠶᠢᠨ ᠬᠠᠷᠢᠶ᠎ᠠ᠂ ᠭᠠᠵᠠᠷ ᠤᠨ ᠲᠦᠷᠦᠯ᠂ | ᠪᠠᠶᠢᠷᠢᠰᠢᠯ᠂ ᠲᠠᠯᠠᠪᠠᠢ᠂ ᠲᠠᠭᠠᠯᠳᠠ ᠪᠣᠳᠠᠰ ᠵᠢᠴᠢ ᠲᠦᠪᠬᠢᠨᠡᠭᠦᠯᠬᠦ ᠬᠦᠮᠦᠰ ᠤᠨ ᠪᠠᠶᠢᠳᠠᠯ ᠢ ᠪᠠᠶᠢᠴᠠᠭᠠᠬᠤ᠂ ᠬᠡᠮᠵᠢᠨ | ᠵᠢᠷᠣᠬᠤ᠂ ᠲᠣᠭᠠᠯᠠᠨ ᠪᠦᠷᠢᠳᠬᠡᠬᠦ᠂ ᠲᠠᠩᠰᠠᠯᠠᠬᠤ ᠠᠵᠢᠯᠯᠠᠭ᠎ᠠ ᠶᠢ ᠵᠢᠭᠠᠨ᠎ᠠ᠃ ᠭᠠᠵᠠᠷ ᠰᠢᠷᠣᠢ ᠲᠠᠳᠠᠪᠦᠷᠢᠯᠠᠬᠤ | ᠪᠠᠶᠢᠴᠠᠭᠠᠯᠳᠠ ᠶᠢᠨ ᠦᠷ᠎ᠡ ᠳ᠋ᠦᠩ ᠢ ᠡᠷᠬᠡᠪᠰᠢ ᠭᠠᠵᠠᠷ ᠰᠢᠷᠣᠢ ᠪᠠᠨ ᠲᠠᠳᠠᠪᠦᠷᠢᠯᠠᠭᠤᠯᠬᠤ ᠬᠠᠮᠳᠦ ᠶᠢᠨ ᠠᠵᠣ ᠠᠬᠤᠢ | ᠶᠢᠨ ᠵᠣᠬᠢᠶᠠᠨ ᠪᠠᠶᠢᠭᠤᠯᠣᠯᠳᠠ᠂ ᠮᠠᠯᠴᠢᠨ ᠲᠠᠷᠢᠶᠠᠴᠢᠨ ᠡᠷᠦᠬᠡ ᠪᠣᠯᠣᠨ ᠲᠠᠭᠠᠯᠳᠠ ᠪᠣᠳᠠᠰ ᠤᠨ ᠦᠮᠴᠢᠯᠡᠯ ᠤᠨ | ᠡᠷᠭᠡᠳᠡᠨ ᠬᠠᠮᠳᠦ ᠪᠠᠷ ᠨᠣᠳᠠᠯᠠᠨ ᠵᠦᠪᠰᠢᠶᠡᠷᠡᠨ᠎ᠡ᠃ ᠡᠬᠦᠨ ᠤ ᠬᠠᠮᠳᠦ᠂ ᠭᠠᠵᠠᠷ ᠰᠢᠷᠣᠢ ᠪᠠᠨ ᠲᠠᠳᠠᠪᠦᠷᠢᠯᠠᠭᠤᠯᠬᠤ | ᠮᠠᠯᠴᠢᠨ ᠲᠠᠷᠢᠶᠠᠴᠢᠨ ᠡᠷᠦᠬᠡ ᠬᠠᠣᠯᠢ ᠳᠤ ᠨᠡᠶᠢᠴᠡᠭᠰᠡᠨ ᠬᠦᠴᠦᠨ ᠪᠦᠬᠦᠢ ᠭᠠᠵᠠᠷ ᠰᠢᠷᠣᠢ ᠵᠢᠴᠢ ᠲᠠᠭᠠᠯᠳᠠ ᠪᠣᠳᠠᠰ | ᠤᠨ ᠦᠮᠴᠢᠯᠡᠯ ᠤᠨ ᠡᠷᠬᠡ ᠶᠢᠨ ᠬᠠᠷᠢᠶᠠᠨ ᠤ ᠭᠡᠷᠡᠴᠢ᠂ ᠪᠡᠶ᠎ᠡ ᠶᠢᠨ ᠦᠨᠡᠮᠯᠡᠯ᠂ ᠪᠠᠩᠬᠢ ᠶᠢᠨ ᠲᠠᠩᠰᠠᠨ ᠡᠷᠦᠬᠡ ᠵᠡᠷᠭᠡ | ᠮᠠᠲ᠋ᠧᠷᠢᠶᠠᠯ ᠢᠶᠠᠨ ᠪᠠᠶᠢᠴᠠᠭᠠᠯᠳᠠ ᠶᠢᠨ ᠰᠠᠯᠠᠭ᠎ᠠ ᠮᠦᠴᠢᠷ ᠲᠤ ᠬᠠᠩᠭᠠᠨ᠎ᠠ᠃ | ᠡᠷᠬᠡ ᠶᠢᠨ ᠬᠠᠷᠢᠶᠠᠨ ᠤ ᠭᠡᠷᠡᠴᠢ ᠳᠤ ︽ᠬᠠᠮᠳᠦ ᠶᠢᠨ ᠭᠠᠵᠠᠷ ᠰᠢᠷᠣᠢ ᠶᠢᠨ ᠦᠮᠴᠢᠯᠡᠯ ᠤᠨ ᠡᠷᠬᠡ ᠶᠢᠨ | ᠦᠨᠡᠮᠯᠡᠯ︾᠂ ︽ᠬᠠᠮᠳᠦ ᠶᠢᠨ ᠭᠠᠵᠠᠷ ᠰᠢᠷᠣᠢ ᠶᠢᠨ ᠬᠡᠷᠡᠭᠯᠡᠯᠳᠡ ᠶᠢᠨ ᠦᠨᠡᠮᠯᠡᠯ︾᠂ ︽ᠣᠯᠣᠰ ᠤᠨ ᠦᠮᠴᠢᠯᠡᠯᠳᠦ | ᠭᠠᠵᠠᠷ ᠰᠢᠷᠣᠢ ᠶᠢᠨ ᠬᠡᠷᠡᠭᠯᠡᠯᠳᠡ ᠶᠢᠨ ᠦᠨᠡᠮᠯᠡᠯ︾᠂ ︽ᠨᠣᠳᠤᠭ ᠪᠡᠯᠴᠢᠭᠡᠷ ᠤᠨ ᠦᠨᠡᠮᠯᠡᠯ ︵ᠨᠣᠳᠤᠭ ᠪᠡᠯᠴᠢᠭᠡᠷ | ᠤᠨ ᠲᠠᠭᠠᠭᠠᠴᠠᠯᠠᠯᠳᠠ ᠶᠢᠨ ᠭᠡᠷ᠎ᠡ ᠪᠢᠴᠢᠭ ᠪᠣᠶᠣ ᠬᠠᠮᠳᠦ ᠶᠢᠨ ᠭᠠᠵᠠᠷ ᠰᠢᠷᠣᠢ ᠶᠢᠨ ᠲᠠᠭᠠᠭᠠᠴᠢᠯᠠᠯᠳᠠ ᠡᠵᠡᠩᠨᠡᠯᠳᠡ | ᠶᠢᠨ ᠡᠷᠬᠡ ᠶᠢᠨ ᠦᠨᠡᠮᠯᠡᠯ︶︾᠂ ︽ᠭᠡᠷ ᠪᠠᠶᠢᠰᠢᠩ ᠤᠨ ᠦᠮᠴᠢᠯᠡᠯ ᠤᠨ ᠡᠷᠬᠡ ᠶᠢᠨ ᠦᠨᠡᠮᠯᠡᠯ︾ ᠪᠣᠯᠣᠨ ︽ᠦᠯᠦ | ᠬᠦᠳᠡᠯᠬᠦ ᠬᠦᠷᠦᠩᠭᠡ ᠶᠢᠨ ᠦᠮᠴᠢᠯᠡᠯ ᠤᠨ ᠡᠷᠬᠡ ᠶᠢᠨ ᠦᠨᠡᠮᠯᠡᠯ︾ ᠢ ᠪᠠᠭᠳᠠᠭᠠᠨ᠎ᠠ᠃ | ᠲᠣᠯᠣᠳᠦᠭᠠᠷ ᠵᠣᠶᠢᠯ ᠬᠤᠰᠢᠭᠤᠨ ᠤ ᠣᠯᠣᠰ ᠤᠨ ᠭᠠᠵᠠᠷ ᠰᠢᠷᠣᠢ ᠡᠬᠢ ᠪᠠᠶᠠᠯᠢᠭ ᠤᠨ ᠲᠣᠪᠴᠢᠶ᠎ᠠ ᠭᠠᠵᠠᠷ | ᠰᠢᠷᠣᠢ ᠲᠠᠳᠠᠪᠦᠷᠢᠯᠠᠬᠤ ᠪᠠᠶᠢᠴᠠᠭᠠᠯᠳᠠ ᠶᠢᠨ ᠦᠷ᠎ᠡ ᠳ᠋ᠦᠩ ᠢ ᠦᠨᠳᠦᠰᠦᠯᠡᠨ᠂ ᠭᠠᠵᠠᠷ ᠰᠢᠷᠣᠢ ᠲᠠᠳᠠᠪᠦᠷᠢᠯᠠᠨ | ᠬᠡᠷᠡᠭᠯᠡᠬᠦ ᠲᠦᠰᠦᠯ ᠲᠣᠭᠳᠠᠭᠠᠵᠣ᠂ ᠬᠤᠰᠢᠭᠤ ᠠᠷᠠᠳ ᠤᠨ ᠵᠠᠰᠠᠭ ᠤᠨ ᠣᠷᠳᠣᠨ ᠳᠤ ᠮᠡᠳᠡᠭᠦᠯᠵᠣ | ᠵᠦᠪᠰᠢᠶᠡᠷᠡᠭᠦᠯᠦᠭᠰᠡᠨ ᠤ ᠲᠠᠷᠠᠭ᠎ᠠ ᠲᠠᠳᠠᠪᠦᠷᠢᠯᠠᠨ ᠬᠡᠷᠡᠭᠯᠡᠬᠦ ᠬᠡᠷᠡᠭᠴᠡᠭᠡ᠂ ᠪᠠᠶᠢᠷᠢᠰᠢᠯ᠂ ᠲᠠᠯᠠᠪᠠᠢ᠂ ᠨᠦᠬᠦᠪᠦᠷᠢ ᠶᠢᠨ | ᠪᠠᠷᠢᠮᠵᠢᠶ᠎ᠠ᠂ ᠲᠦᠪᠬᠢᠨᠡᠭᠦᠯᠬᠦ ᠠᠷᠭ᠎ᠠ ᠮᠠᠶ᠋ᠢᠭ᠂ ᠭᠡᠷᠡᠴᠢᠯᠡᠯᠳᠡ ᠰᠣᠨᠣᠰᠬᠤ ᠡᠷᠬᠡ ᠵᠢᠴᠢ ᠭᠡᠷᠡᠴᠢᠯᠡᠯᠳᠡ ᠰᠣᠨᠣᠰᠬᠤ | ᠭᠠᠵᠠᠷ᠂ ᠴᠠᠭ ᠤᠨ ᠬᠢᠵᠠᠭᠠᠷᠯᠠᠯ ᠵᠡᠷᠭᠡ ᠶᠢ ᠭᠠᠵᠠᠷ ᠰᠢᠷᠣᠢ ᠪᠠᠨ ᠲᠠᠳᠠᠪᠦᠷᠢᠯᠠᠭᠤᠯᠬᠤ ᠮᠠᠯᠵᠢᠬᠤ ᠲᠠᠷᠢᠶᠠᠯᠠᠬᠤ ᠣᠷᠣᠨ | ᠤ ᠬᠠᠮᠳᠦ ᠶᠢᠨ ᠠᠵᠣ ᠠᠬᠤᠢ ᠶᠢᠨ ᠵᠣᠬᠢᠶᠠᠨ ᠪᠠᠶᠢᠭᠤᠯᠣᠯᠳᠠ ᠪᠣᠯᠣᠨ ᠮᠠᠯᠴᠢᠨ ᠲᠠᠷᠢᠶᠠᠴᠢᠨ ᠡᠷᠦᠬᠡ ᠳᠤ ᠪᠢᠴᠢᠭ | ᠤᠨ ᠬᠡᠯᠪᠡᠷᠢ ᠪᠠᠷ ᠮᠡᠳᠡᠭᠳᠡᠨ᠎ᠡ᠃ | ᠨᠠᠢᠮᠳᠦᠭᠠᠷ ᠵᠣᠶᠢᠯ ᠲᠣᠬᠠᠢ ᠶᠢᠨ ᠬᠦᠮᠦᠨ ᠭᠡᠷᠡᠴᠢᠯᠡᠯᠳᠡ ᠰᠣᠨᠣᠰᠬᠤ ᠪᠠᠷ ᠭᠤᠶᠣᠪᠴᠢᠯᠠᠪᠠᠯ᠂ ᠬᠤᠰᠢᠭᠤᠨ | ᠤ ᠣᠯᠣᠰ ᠤᠨ ᠭᠠᠵᠠᠷ ᠰᠢᠷᠣᠢ ᠡᠬᠢ ᠪᠠᠶᠠᠯᠢᠭ ᠤᠨ ᠰᠠᠯᠠᠭ᠎ᠠ ᠮᠦᠴᠢᠷ ︽ᠣᠯᠣᠰ ᠤᠨ ᠭᠠᠵᠠᠷ ᠰᠢᠷᠣᠢ ᠡᠬᠢ | ᠪᠠᠶᠠᠯᠢᠭ ᠤᠨ ᠭᠡᠷᠡᠴᠢᠯᠡᠯᠳᠡ ᠰᠣᠨᠣᠰᠬᠤ ᠲᠣᠭᠳᠠᠭᠠᠯ︾ ᠤᠨ ᠶᠠᠪᠣᠴᠠ ᠲᠠᠷᠠᠭᠠᠯᠠᠯ ᠪᠠ ᠬᠠᠮᠢᠶ᠎ᠠ ᠪᠦᠬᠦᠢ ᠱᠠᠭᠠᠷᠳᠠᠯᠭ᠎ᠠ | ᠶᠢ ᠦᠨᠳᠦᠰᠦᠯᠡᠨ ᠭᠡᠷᠡᠴᠢᠯᠡᠯᠳᠡ ᠰᠣᠨᠣᠰᠬᠤ ᠠᠵᠢᠯ ᠢ ᠵᠣᠬᠢᠶᠠᠨ ᠪᠠᠶᠢᠭᠤᠯᠣᠨ᠎ᠠ᠃ | ᠶᠢᠰᠦᠳᠦᠭᠡᠷ ᠵᠣᠶᠢᠯ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠤᠨ ᠵᠦᠪᠳᠡᠯᠴᠡᠭᠡᠷ | ᠲᠣᠭᠳᠠᠨᠠ᠃ ᠵᠦᠪᠳᠡᠯᠴᠡᠭᠡᠷ ᠲᠣᠭᠳᠠᠨ ᠭᠠᠵᠠᠷ ᠰᠢᠷᠣᠢ ᠪᠠᠨ ᠲᠠᠳᠠᠪᠦᠷᠢᠯᠠᠭᠤᠯᠬᠤ ᠬᠦᠮᠦᠨ ︵ᠬᠠᠮᠳᠦ ᠶᠢᠨ ᠠᠵᠣ | ᠠᠬᠤᠢ ᠶᠢᠨ ᠵᠣᠬᠢᠶᠠᠨ ᠪᠠᠶᠢᠭᠤᠯᠣᠯᠳᠠ ᠪᠣᠯᠣᠨ ᠮᠠᠯᠴᠢᠨ ᠲᠠᠷᠢᠶᠠᠴᠢᠨ᠂ ᠲᠠᠭᠠᠯᠳᠠ ᠪᠣᠳᠠᠰ ᠤᠨ ᠦᠮᠴᠢᠯᠡᠬᠦ ᠡᠷᠬᠡ | ᠶᠢᠨ ᠬᠦᠮᠦᠨ︶ ᠡᠷᠬᠡᠪᠰᠢ ᠬᠠᠣᠯᠢ ᠳᠤ ᠨᠡᠶᠢᠴᠡᠬᠦ ᠬᠦᠴᠦᠨ ᠪᠦᠬᠦᠢ ᠭᠡᠷᠡᠴᠢ ᠦᠨᠡᠮᠯᠡᠯ ᠲᠠᠢ ᠡᠷᠬᠡ ᠶᠢᠨ ᠬᠦᠮᠦᠨ ᠲᠠᠢ | ᠨᠢᠭᠡᠳᠦᠯᠳᠡᠢ ᠪᠠᠶᠢᠬᠤ ᠬᠡᠷᠡᠭᠳᠡᠢ᠃ ᠵᠦᠪᠳᠡᠯᠴᠡᠭᠡᠷ ᠲᠣᠭᠳᠠᠬᠤ ᠳᠤ ᠣᠨᠴᠠᠭᠠᠢ ᠰᠢᠯᠳᠠᠭᠠᠨ ᠠᠴᠠ ᠪᠣᠯᠵᠣ ᠦᠪᠡᠷᠳᠡᠭᠡᠨ | ᠣᠴᠢᠵᠣ ᠲᠡᠶᠢᠯᠬᠦ ᠦᠭᠡᠢ ᠪᠣᠯ᠂ ᠨᠡᠶᠢᠳᠡᠯᠭ᠎ᠠ ᠶᠢᠨ ᠪᠢᠴᠢᠭ ᠲᠣᠰᠢᠶᠠᠨ᠎ᠠ᠃ | ᠠᠷᠪᠠᠳᠦᠭᠠᠷ ᠵᠣᠶᠢᠯ ᠲᠦᠷᠦᠯ ᠵᠣᠶᠢᠯ ᠳᠤ ᠭᠠᠵᠠᠷ ᠰᠣᠩᠭᠤᠨ ᠴᠣᠬᠤᠯᠪᠦᠷᠢᠯᠠᠭᠰᠠᠨ ᠡᠳᠦᠷ ᠠᠴᠠ ᠭᠠᠵᠠᠷ | ᠰᠢᠷᠣᠢ ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠲᠠᠭᠤᠰᠬᠤ ᠪᠣᠯᠳᠠᠯᠡᠬᠢ ᠬᠤᠭᠤᠴᠠᠭᠠᠨ ᠳᠤ᠂ ᠲᠣᠳᠣᠭᠠᠳᠦ ᠶᠢ | ᠬᠠᠮᠠᠭᠠᠯᠠᠬᠤ ᠲᠣᠪᠴᠢᠶ᠎ᠠ᠂ ᠣᠷᠣᠨ ᠰᠠᠭᠤᠴᠠ ᠪᠦᠳᠦᠭᠡᠨ ᠪᠠᠶᠢᠭᠤᠯᠣᠯᠳᠠ ᠶᠢᠨ ᠲᠣᠪᠴᠢᠶ᠎ᠠ᠂ ᠵᠠᠬ᠎ᠠ ᠲᠡᠯᠭᠡᠭᠦᠷ ᠤᠨ | ᠬᠢᠨᠠᠯᠳᠡ ᠬᠠᠮᠢᠶᠠᠷᠣᠯᠳᠠ ᠶᠢᠨ ᠲᠣᠪᠴᠢᠶ᠎ᠠ᠂ ᠮᠠᠯ ᠲᠠᠷᠢᠶᠠᠯᠠᠩ ᠤᠨ ᠲᠣᠪᠴᠢᠶ᠎ᠠ᠂ ᠣᠢ ᠰᠢᠭᠤᠢ ᠶᠢᠨ ᠲᠣᠪᠴᠢᠶ᠎ᠠ᠂ | ᠣᠯᠣᠰ ᠤᠨ ᠭᠠᠵᠠᠷ ᠰᠢᠷᠣᠢ ᠶᠢᠨ ᠲᠣᠪᠴᠢᠶ᠎ᠠ ᠵᠡᠷᠭᠡ ᠰᠠᠯᠠᠭ᠎ᠠ ᠮᠦᠴᠢᠷ ᠭᠠᠵᠠᠷ ᠰᠢᠷᠣᠢ ᠲᠠᠳᠠᠪᠦᠷᠢᠯᠠᠬᠤ ᠬᠡᠪᠴᠢᠶᠡᠨ | ᠲᠣᠳᠣᠷ᠎ᠠ ᠲᠣᠣᠷᠠᠬᠢ ᠮᠡᠳᠦ ᠶᠢᠨ ᠭᠠᠷ ᠭᠦᠢᠴᠡᠳᠬᠡᠯ ᠢ ᠭᠦᠢᠴᠡᠳᠬᠡᠵᠣ ᠪᠣᠯᠬᠤ ᠦᠭᠡᠢ᠃ ᠴᠢᠬᠤᠯᠠ ᠶᠡᠭᠡ ᠲᠦᠷᠦᠯ | ᠵᠣᠶᠢᠯ ᠳᠤ ᠭᠠᠵᠠᠷ ᠰᠣᠩᠭᠤᠭᠰᠠᠨ ᠤ ᠲᠠᠷᠠᠭ᠎ᠠ ᠲᠦᠷᠦᠯ ᠵᠣᠶᠢᠯ ᠢ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠣᠷᠣᠨ | ᠰᠠᠭᠤᠴᠠ ᠪᠦᠳᠦᠭᠡᠨ ᠪᠠᠶᠢᠭᠤᠯᠣᠯᠳᠠ ᠶᠢᠨ ᠲᠣᠪᠴᠢᠶ᠎ᠠ᠂ ᠣᠯᠣᠰ ᠤᠨ ᠭᠠᠵᠠᠷ ᠰᠢᠷᠣᠢ ᠶᠢᠨ ᠲᠣᠪᠴᠢᠶ᠎ᠠ᠂ ᠴᠠᠬᠢᠯᠭᠠᠨ | ᠣᠶᠢᠯᠠᠰ ᠤᠨ ᠬᠤᠪᠢᠶᠠᠷᠢ ᠺᠣᠮᠫᠠᠨᠢ ᠪᠣᠯᠣᠨ ᠡᠯ᠎ᠡ ᠪᠠᠯᠭᠠᠰᠦ ᠲᠠᠢ ᠬᠠᠷᠢᠯᠴᠠᠭ᠎ᠠ ᠪᠠᠨ ᠴᠢᠩᠭᠠᠳᠬᠠᠨ᠂ ᠲᠠᠬᠢᠨ ᠲᠠᠪᠳᠠᠨ | ᠭᠠᠵᠠᠷ ᠰᠣᠩᠭᠤᠬᠤ ᠠᠴᠠ ᠵᠠᠶᠢᠯᠠᠰᠬᠢᠨ᠎ᠠ᠃ | ︵ᠨᠢᠭᠡ︶ ᠰᠢᠨ᠎ᠡ ᠪᠠᠷ ᠣᠷᠣᠨ ᠰᠠᠭᠤᠴᠠ ᠶᠢᠨ ᠭᠠᠵᠠᠷ ᠪᠣᠯᠣᠨ ᠪᠣᠰᠣᠳ ᠪᠠᠶᠢᠭᠤᠯᠣᠯᠳᠠ ᠳᠤ ᠬᠡᠷᠡᠭᠯᠡᠬᠦ | ᠭᠠᠵᠠᠷ ᠴᠣᠬᠤᠯᠠᠪᠦᠷᠢᠯᠠᠬᠤ᠂ ᠭᠡᠷ ᠪᠠᠶᠢᠰᠢᠩ ᠢ ᠰᠢᠨᠡᠳᠬᠡᠨ ᠪᠠᠶᠢᠭᠤᠯᠬᠤ᠂ ᠦᠷᠭᠡᠳᠬᠡᠨ ᠪᠠᠶᠢᠭᠤᠯᠬᠤ ᠪᠣᠶᠣ ᠭᠠᠵᠠᠷ | ᠰᠢᠷᠣᠢ ᠶᠢᠨ ᠬᠡᠷᠡᠭᠴᠡᠭᠡ ᠶᠢ ᠬᠤᠪᠢᠷᠠᠭᠤᠯᠬᠤ︔ | ︵ᠬᠤᠶᠠᠷ︶ ᠲᠦᠷᠦᠬᠦ᠂ ᠬᠤᠷᠢᠮᠯᠠᠬᠤ᠂ ᠴᠡᠷᠢᠭ ᠠᠴᠠ ᠬᠠᠯᠠᠭᠳᠠᠬᠤ ︵ᠴᠡᠷᠢᠭ ᠤᠨ ᠠᠯᠪᠠᠨ ᠠᠴᠠ ᠪᠠᠭᠤᠭᠰᠠᠨ | ︶ ᠪᠣᠶᠣ ᠲᠡᠭᠡᠳᠦ ᠲᠣᠮᠳᠠ ᠵᠡᠷᠭᠡ ᠶᠢᠨ ᠲᠣᠰᠬᠠᠢ ᠮᠡᠷᠭᠡᠵᠢᠯ ᠤᠨ ᠰᠣᠷᠭᠠᠭᠤᠯᠢ ᠠᠴᠠ ᠲᠡᠭᠦᠰᠦᠭᠰᠡᠨ ᠣᠶᠣᠳᠠᠳ ᠠᠴᠠ | ᠭᠠᠳᠠᠨᠠᠬᠢ ᠬᠦᠮᠦᠰ ᠡᠷᠦᠬᠡ ᠠᠮᠠ ᠰᠢᠯᠵᠢᠭᠦᠯᠦᠨ ᠣᠷᠣᠭᠤᠯᠬᠤ︔ | ︵ᠭᠤᠷᠪᠠ︶ ᠲᠠᠳᠠᠪᠦᠷᠢᠯᠠᠬᠤ ᠭᠠᠵᠠᠷ ᠲᠡᠭᠡᠷᠡᠬᠢ ᠭᠡᠷ ᠪᠠᠶᠢᠰᠢᠩ ᠳᠤ ᠣᠶᠢᠯᠠᠳᠪᠦᠷᠢ ᠬᠤᠳᠠᠯᠳᠣᠭᠠᠨ ᠤ | ᠲᠠᠩᠰᠠᠯᠠᠯᠳᠡ ᠡᠵᠡᠩᠨᠡᠯᠳᠡ ᠶᠢᠨ ᠭᠠᠷ ᠭᠦᠢᠴᠡᠳᠬᠡᠯ ᠬᠢᠬᠦ︔ | ︵ᠲᠦᠷᠪᠡ︶ ᠭᠠᠵᠠᠷ ᠰᠢᠷᠣᠢ ᠶᠢᠨ ᠲᠠᠭᠠᠭᠠᠴᠢᠯᠠᠯᠳᠠ ᠡᠵᠡᠩᠨᠡᠯᠳᠡ ᠶᠢᠨ ᠭᠡᠷ᠎ᠡ ᠬᠤᠭᠤᠴᠠᠭ᠎ᠠ ᠲᠣᠯᠣᠭᠰᠠᠨ | ᠠᠴᠠ ᠭᠠᠳᠠᠨᠠᠬᠢ ᠭᠠᠵᠠᠷ ᠰᠢᠷᠣᠢ ᠶᠢᠨ ᠲᠠᠭᠠᠭᠠᠴᠢᠯᠠᠯᠳᠠ ᠡᠵᠡᠩᠨᠡᠯᠳᠡ ᠶᠢᠨ ᠡᠷᠬᠡ ᠪᠠᠨ ᠰᠢᠯᠵᠢᠬᠦᠯᠬᠦ᠃ | | ᠭᠤᠷᠪᠠᠳᠦᠭᠠᠷ ᠪᠦᠯᠦᠭ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠶᠢᠨ ᠪᠠᠷᠢᠮᠵᠢᠶ᠎ᠠ | | ᠠᠷᠪᠠᠨ ᠨᠢᠭᠡᠳᠦᠭᠡᠷ ᠵᠣᠶᠢᠯ ᠬᠠᠮᠳᠦ ᠶᠢᠨ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠶᠢ ᠦᠪᠡᠷᠳᠡᠭᠡᠨ | ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠨᠡᠶᠢᠳᠡᠯᠡᠭᠰᠠᠨ ᠭᠠᠵᠠᠷ ᠰᠢᠷᠣᠢ ᠲᠠᠳᠠᠪᠦᠷᠢᠯᠠᠬᠤ ᠣᠷᠣᠨ | ᠲᠣᠭᠤᠷᠢᠭ ᠤᠨ ᠶᠡᠷᠦᠩᠬᠡᠶᠢᠯᠡᠭᠰᠡᠨ ᠦᠨ᠎ᠡ ᠪᠠᠷ ᠪᠠᠷᠢᠮᠵᠢᠶ᠎ᠠ ᠪᠣᠯᠭᠠᠨ᠎ᠠ᠃ | ᠠᠷᠪᠠᠨ ᠬᠤᠶᠠᠳᠦᠭᠠᠷ ᠵᠣᠶᠢᠯ ᠣᠯᠣᠰ ᠤᠨ ᠦᠮᠴᠢᠯᠡᠯᠳᠦ ᠪᠦᠳᠦᠭᠡᠨ ᠪᠠᠶᠢᠭᠤᠯᠣᠯᠳᠠ ᠶᠢᠨ ᠪᠣᠰᠣ ᠭᠠᠵᠠᠷ ᠢ | ᠪᠣᠴᠠᠭᠠᠨ ᠠᠪᠬᠤ ᠨᠦᠬᠦᠪᠦᠷᠢ ᠳᠤ ᠲᠠᠳᠠᠪᠦᠷᠢᠯᠠᠬᠤ ᠭᠠᠵᠠᠷ ᠤᠨ ᠵᠡᠷᠭᠡᠯᠡᠳᠡᠭᠡ ᠣᠷᠣᠰᠢᠬᠤ ᠬᠠᠮᠳᠦ ᠶᠢᠨ ᠭᠠᠵᠠᠷ | ᠰᠢᠷᠣᠢ ᠶᠢᠨ ᠶᠡᠷᠦᠩᠬᠡᠶᠢᠯᠡᠭᠰᠡᠨ ᠦᠨ᠎ᠡ ᠶᠢᠨ ᠪᠠᠷᠢᠮᠵᠢᠶ᠎ᠠ ᠶᠢ ᠬᠡᠷᠡᠭᠯᠡᠨ᠎ᠡ᠃ | ᠠᠷᠪᠠᠨ ᠭᠤᠷᠪᠠᠳᠦᠭᠠᠷ ᠵᠣᠶᠢᠯ ᠪᠦᠳᠦᠭᠡᠨ ᠪᠠᠶᠢᠭᠤᠯᠣᠯᠳᠠ ᠳᠤ ᠬᠡᠷᠡᠭᠯᠡᠬᠦ ᠬᠠᠮᠳᠦ ᠶᠢᠨ ᠭᠠᠵᠠᠷ ᠰᠢᠷᠣᠢ ᠶᠢ | ᠬᠡᠷᠡᠭᠯᠡᠬᠦ ᠶᠢ ᠵᠦᠪᠰᠢᠶᠡᠷᠡᠭᠡᠳ ᠨᠦᠬᠦᠪᠦᠷᠢᠯᠡᠨ ᠲᠦᠪᠬᠢᠨᠡᠭᠦᠯᠬᠦ ᠴᠢᠬᠤᠯᠠᠳᠠᠢ ᠪᠣᠯᠪᠠᠯ ᠲᠠᠳᠠᠪᠦᠷᠢᠯᠠᠬᠤ ᠣᠷᠣᠨ | ᠲᠣᠭᠤᠷᠢᠭ ᠤᠨ ᠶᠡᠡᠷᠦᠩᠬᠡᠶᠢᠯᠡᠭᠰᠡᠨ ᠦᠨ᠎ᠡ ᠶᠢᠨ ᠪᠠᠷᠢᠮᠵᠢᠶ᠎ᠠ ᠶᠢ ᠬᠡᠷᠡᠭᠯᠡᠨ᠎ᠡ᠃ | ᠠᠷᠪᠠᠨ ᠲᠦᠷᠪᠡᠳᠦᠭᠡᠷ ᠵᠣᠶᠢᠯ ᠭᠠᠵᠠᠷ ᠰᠢᠷᠣᠢ ᠲᠠᠳᠠᠪᠦᠷᠢᠯᠠᠬᠤ ᠣᠷᠣᠨ ᠲᠣᠭᠤᠷᠢᠭ ᠤᠨ ᠶᠡᠷᠦᠩᠬᠡᠶᠢᠯᠡᠭᠰᠡᠨ | ᠭᠠᠵᠠᠷ ᠤᠨ ᠦᠨ᠎ᠡ ︵ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ︶ ᠳᠤ ᠭᠠᠵᠠᠷ ᠤᠨ ᠨᠦᠬᠦᠪᠦᠷᠢ ᠪᠣᠯᠣᠨ | ᠲᠦᠪᠬᠢᠨᠡᠭᠦᠯᠦᠯ ᠤᠨ ᠨᠦᠬᠦᠪᠦᠷᠢ ᠪᠠᠭᠳᠠᠨ᠎ᠠ᠃ ᠵᠣᠭᠤᠰᠣᠨ ᠪᠣᠰᠣ ᠲᠦᠪᠬᠢᠨᠡᠭᠦᠯᠦᠯ ᠢ ᠰᠣᠩᠭᠤᠭᠰᠠᠨ ᠬᠦᠮᠦᠰ ᠤᠨ | ᠲᠦᠪᠬᠢᠨᠡᠭᠦᠯᠦᠯ ᠤᠨ ᠨᠦᠬᠦᠪᠦᠷᠢ ᠶᠢ ᠬᠠᠰᠣᠵᠣ ᠲᠦᠪᠬᠢᠨᠡᠭᠦᠯᠦᠯ ᠤᠨ ᠪᠠᠶᠢᠭᠤᠯᠭ᠎ᠠ ᠳᠤ ᠦᠩᠭᠦᠨᠡ᠃ ᠭᠠᠵᠠᠷ | ᠰᠢᠷᠣᠢ ᠲᠠᠳᠠᠪᠦᠷᠢᠯᠠᠬᠤ ᠨᠦᠬᠦᠪᠦᠷᠢ ᠶᠢ ᠬᠤᠪᠢᠷᠢᠯᠠᠬᠤ ᠠᠷᠭ᠎ᠠ ᠶᠢ ᠭᠠᠵᠠᠷ ᠰᠢᠷᠣᠢ ᠪᠠᠨ ᠲᠠᠳᠠᠪᠦᠷᠢᠯᠠᠭᠤᠯᠬᠤ ᠭᠠᠴᠠᠭ᠎ᠠ | ᠲᠣᠰᠬᠤᠨ ᠤ ᠬᠠᠮᠳᠦ ᠶᠢᠨ ᠠᠵᠣ ᠠᠬᠤᠢ ᠶᠢᠨ ᠵᠣᠬᠢᠶᠠᠨ ᠪᠠᠶᠢᠭᠤᠯᠣᠯᠳᠠ ᠶᠢᠨ ᠭᠡᠰᠢᠭᠦᠳ ᠤᠨ ᠲᠦᠯᠦᠭᠡᠯᠡᠭᠴᠢᠳ | ᠤᠨ ᠬᠤᠷᠠᠯ ᠢᠶᠠᠷ ᠲᠣᠭᠳᠠᠭᠠᠨ᠂ ᠭᠤᠣᠯᠳᠠᠭᠤ ᠭᠠᠵᠠᠷ ᠰᠢᠷᠣᠢ ᠪᠠᠨ ᠲᠠᠳᠠᠪᠦᠷᠢᠯᠠᠭᠤᠯᠬᠤ ᠮᠠᠯᠴᠢᠨ ᠲᠠᠷᠢᠶᠠᠴᠢᠨ ᠳᠤ | ᠬᠡᠷᠡᠭᠵᠢᠭᠦᠯᠦᠨ᠎ᠡ᠃ | ᠠᠷᠪᠠᠨ ᠲᠠᠪᠣᠳᠦᠭᠠᠷ ᠵᠣᠶᠢᠯ ᠲᠣᠣᠷᠠᠬᠢ ᠬᠡᠳᠦᠨ ᠵᠣᠶᠢᠯ ᠤᠨ ᠪᠠᠶᠢᠳᠠᠯ ᠳᠤ ᠨᠦᠬᠦᠪᠦᠷᠢ ᠣᠯᠭᠤᠬᠤ ᠦᠭᠡᠢ᠃ | ︵ᠨᠢᠭᠡ︶ ᠭᠠᠵᠠᠷ ᠰᠢᠷᠣᠢ ᠲᠠᠳᠠᠪᠦᠷᠢᠯᠠᠬᠤ ᠶᠢ ᠮᠡᠳᠡᠭᠳᠡᠭᠰᠡᠨ ᠤ ᠲᠠᠷᠠᠭ᠎ᠠ ᠭᠠᠵᠠᠷ ᠰᠢᠷᠣᠢ ᠪᠠᠨ | ᠲᠠᠳᠠᠪᠦᠷᠢᠯᠠᠭᠤᠯᠬᠤ ᠬᠠᠮᠳᠦ ᠶᠢᠨ ᠠᠵᠣ ᠠᠬᠤᠢ ᠶᠢᠨ ᠵᠣᠬᠢᠶᠡᠨ ᠪᠠᠶᠢᠭᠤᠯᠣᠯᠳᠠ ᠪᠣᠯᠣᠨ ᠮᠠᠯᠴᠢᠨ ᠲᠠᠷᠢᠶᠠᠴᠢᠨ ᠡᠷᠦᠬᠡ | ᠲᠠᠳᠠᠪᠦᠷᠢᠯᠠᠬᠤ ᠭᠠᠵᠠᠷ ᠲᠠᠭᠡᠷ᠎ᠡ ᠠᠮᠵᠢᠨ ᠲᠠᠷᠢᠭᠰᠠᠨ ᠰᠣᠶᠤᠭ᠎ᠠ ᠴᠢᠬᠢ᠂ ᠮᠣᠳᠦ ᠪᠣᠯᠣᠨ ᠵᠠᠪᠳᠣᠨ ᠪᠠᠶᠢᠭᠤᠯᠣᠭᠰᠠᠨ | ᠪᠠᠷᠢᠯᠭ᠎ᠠ ᠳᠤ ᠨᠦᠬᠦᠪᠦᠷᠢ ᠣᠯᠭᠤᠬᠤ ᠦᠭᠡᠢ᠃ | ︵ᠬᠤᠶᠠᠷ︶ ᠬᠠᠣᠯᠢ ᠵᠦᠷᠢᠴᠡᠭᠰᠡᠨ ᠭᠡᠷ ᠪᠠᠶᠢᠰᠢᠩ᠂ ᠪᠠᠷᠢᠯᠭ᠎ᠠ︔ | ︵ᠭᠤᠷᠪᠠ︶ ᠲᠠᠳᠠᠪᠦᠷᠢᠯᠠᠬᠤ ᠭᠠᠵᠠᠷ ᠤᠨ ᠬᠡᠪᠴᠢᠶ᠎ᠡ ᠠᠴᠠ ᠭᠠᠳᠠᠨᠠᠬᠢ ᠬᠦᠮᠦᠨ ᠣᠶᠢᠯᠠᠳᠪᠦᠷᠢᠯᠠᠯ ᠠᠮᠢᠳᠣᠷᠠᠯ ᠢ | ᠨᠦᠯᠦᠭᠡᠯᠡᠭᠰᠡᠨ ᠰᠢᠯᠳᠠᠭᠠᠨ ᠢᠶᠠᠷ ᠨᠦᠬᠦᠪᠦᠷᠢ ᠠᠪᠬᠤ᠃ | ᠠᠷᠪᠠᠨ ᠵᠢᠷᠭᠤᠳᠣᠭᠠᠷ ᠭᠠᠵᠠᠷ ᠰᠢᠷᠣᠢ ᠲᠠᠳᠠᠪᠦᠷᠢᠯᠠᠬᠤ ᠳᠤ ᠵᠦᠪᠰᠢᠶᠡᠷᠡᠯ ᠤᠨ ᠲᠦᠰᠦᠯ ᠢ ᠴᠢᠩᠭ᠎ᠠ | ᠬᠢᠨᠠᠮᠠᠭᠠᠢ ᠬᠡᠷᠭᠵᠢᠭᠦᠯᠬᠦ ᠭᠡᠷᠡᠭᠳᠡᠢ᠃ ᠭᠠᠵᠠᠷ ᠰᠢᠷᠣᠢ ᠲᠠᠳᠠᠪᠦᠷᠢᠯᠠᠬᠤ ᠶᠢ ᠵᠦᠪᠰᠢᠶᠡᠷᠡᠬᠦ ᠠᠴᠠ ᠡᠮᠦᠨ᠎ᠡ᠂ | ᠪᠠᠶᠢᠴᠠᠭᠠᠬᠤ᠂ ᠨᠣᠳᠠᠯᠠᠨ ᠲᠣᠳᠣᠷᠬᠠᠶᠢᠯᠠᠬᠤ᠂ ᠬᠡᠷᠡᠴᠢᠯᠡᠯᠳᠡ ᠰᠣᠨᠣᠰᠬᠤ ᠵᠡᠷᠭᠡ ᠭᠠᠵᠠᠷ ᠰᠢᠷᠣᠢ ᠲᠠᠳᠠᠪᠦᠷᠢᠯᠠᠬᠤ | ᠨᠦᠬᠦᠪᠦᠷᠢ ᠲᠦᠪᠬᠢᠨᠡᠭᠦᠯᠦᠯ ᠶᠢᠨ ᠡᠮᠦᠨᠡᠬᠢ ᠬᠤᠭᠤᠴᠠᠭᠠᠨ ᠤ ᠠᠵᠢᠯ ᠢ ᠰᠠᠶᠢᠳᠦᠷ ᠬᠢᠨ᠎ᠠ᠃ | ᠠᠷᠪᠠᠨ ᠲᠣᠯᠣᠳᠦᠭᠠᠷ ᠵᠣᠶᠢᠯ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠤᠨ ᠮᠠᠷᠭᠤᠭᠠᠨ | ᠭᠠᠵᠠᠷ ᠰᠢᠷᠣᠢ ᠲᠠᠳᠠᠪᠦᠷᠢᠯᠠᠬᠤ ᠲᠦᠰᠦᠯ ᠤᠨ ᠬᠡᠷᠡᠭᠵᠢᠭᠦᠯᠦᠯᠳᠡ ᠶᠢ ᠨᠦᠯᠦᠭᠡᠯᠡᠬᠦ ᠦᠭᠡᠢ᠃ | ᠲᠦᠷᠪᠡᠳᠦᠭᠡᠷ ᠪᠦᠯᠦᠭ ᠭᠠᠵᠠᠷ ᠲᠠᠳᠠᠪᠦᠷᠢᠯᠠᠬᠤ ᠲᠦᠪᠬᠢᠨᠡᠭᠦᠯᠦᠯ ᠤᠨ ᠠᠷᠭ᠎ᠠ | ᠠᠷᠪᠠᠨ ᠨᠠᠢᠮᠠᠳᠦᠭᠠᠷ ᠵᠣᠶᠢᠯ ᠭᠠᠵᠠᠷ ᠲᠠᠳᠠᠪᠦᠷᠢᠯᠠᠭᠰᠠᠨ ᠠᠴᠠ ᠭᠠᠵᠠᠷ ᠨᠣᠳᠤᠭ ᠦᠭᠡᠢ ᠪᠣᠯᠣᠭᠰᠠᠨ ᠮᠠᠯᠴᠢᠨ | ᠲᠠᠷᠢᠶᠠᠴᠢᠨ ᠢ ᠲᠦᠪᠬᠢᠨᠡᠭᠦᠯᠦᠨ᠎ᠡ᠃ | ᠠᠷᠪᠠ ᠶᠢᠰᠦᠳᠦᠭᠡᠷ ᠵᠣᠶᠢᠯ ᠭᠠᠵᠠᠷ ᠰᠢᠷᠣᠢ ᠪᠠᠨ ᠲᠠᠳᠠᠪᠦᠷᠢᠯᠠᠭᠤᠯᠬᠤ ᠮᠠᠯᠴᠢᠨ ᠲᠠᠷᠢᠶᠠᠴᠢᠨ ᠤ ᠰᠠᠶᠢᠨ | ᠲᠣᠷ᠎ᠠ ᠶᠢᠨ ᠣᠷᠢᠳᠠᠯ ᠲᠣᠣᠷ᠎ᠠ᠂ ᠭᠠᠵᠠᠷ ᠰᠢᠷᠣᠢ ᠪᠠᠨ ᠲᠠᠳᠠᠪᠦᠷᠢᠯᠠᠭᠤᠯᠬᠤ ᠬᠠᠮᠳᠦ ᠶᠢᠨ ᠠᠵᠣ ᠠᠬᠤᠢ ᠶᠢᠨ | ᠵᠣᠬᠢᠶᠠᠨ ᠪᠠᠶᠢᠭᠤᠯᠣᠯᠳᠠ ᠪᠣᠯᠣᠨ ᠬᠤᠯᠪᠣᠭᠳᠠᠯ ᠪᠦᠬᠦᠢ ᠰᠠᠯᠠᠭ᠎ᠠ ᠮᠦᠴᠢᠷ ᠬᠠᠮᠳᠣᠷᠠᠨ ᠵᠦᠢ ᠵᠣᠬᠢᠰᠳᠠᠢ ᠬᠦᠴᠣᠨ | ᠪᠦᠬᠦᠢ ᠲᠦᠪᠬᠢᠨᠡᠭᠦᠯᠦᠯ ᠤᠨ ᠠᠷᠭ᠎ᠠ ᠲᠣᠭᠳᠠᠭᠠᠨ᠂ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ | ᠤᠨ ᠵᠦᠪᠳᠡᠯᠴᠡᠭᠡᠷ ᠶᠣᠰᠣᠭᠠᠷ ᠲᠦᠪᠬᠢᠨᠡᠭᠦᠯᠦᠯ ᠤᠨ ᠠᠵᠢᠯ ᠢ ᠶᠠᠪᠣᠭᠳᠠᠭᠤᠯᠣᠨ᠎ᠠ᠃ | ᠬᠤᠷᠢᠳᠦᠭᠠᠷ ᠵᠣᠶᠢᠯ ᠭᠠᠵᠠᠷ ᠨᠣᠳᠤᠭ ᠦᠭᠡᠢ ᠪᠣᠯᠣᠭᠰᠠᠨ ᠮᠠᠯᠴᠢᠨ ᠲᠠᠷᠢᠶᠠᠴᠢᠨ ᠤ ᠬᠤᠶᠢᠰᠢᠳᠡ ᠶᠢᠨ | ᠠᠮᠢᠳᠣᠷᠠᠯ ᠤᠨ ᠲᠦᠪᠰᠢᠨ ᠢ ᠪᠠᠳᠣᠯᠠᠬᠤ ᠶᠢᠨ ᠲᠦᠯᠦᠭᠡ᠂ ᠣᠯᠠᠨ ᠵᠣᠶᠢᠯ ᠤᠨ ᠲᠦᠪᠬᠢᠨᠡᠭᠦᠯᠦᠯ ᠤᠨ ᠠᠷᠭ᠎ᠠ | ᠠᠪᠣᠨ᠎ᠠ᠃ | ︵ᠨᠢᠭᠡ︶ ᠵᠣᠭᠤᠰ ᠮᠦᠩᠭᠦᠨ ᠲᠦᠪᠬᠢᠨᠡᠭᠦᠯᠦᠯ᠃ ᠲᠦᠪᠬᠢᠨᠡᠭᠦᠯᠦᠯ ᠤᠨ ᠨᠦᠬᠦᠪᠦᠷᠢ ᠮᠦᠩᠭᠦ ᠶᠢ ᠰᠢᠭᠤᠳ | ᠭᠠᠵᠠᠷ ᠰᠢᠷᠣᠢ ᠪᠠᠨ ᠲᠠᠳᠠᠪᠦᠷᠢᠯᠠᠭᠤᠯᠬᠤ ᠬᠦᠮᠦᠨ ᠳᠤ ᠦᠭᠴᠦ᠂ ᠲᠡᠳᠡᠨᠦᠰ ᠦᠪᠡᠷᠳᠡᠭᠡᠨ ᠠᠵᠢᠯ ᠣᠯᠵᠣ | ᠲᠦᠪᠬᠢᠨᠡᠬᠦ ᠠᠰᠠᠭᠤᠳᠠᠯ ᠢᠶᠠᠨ ᠰᠢᠢᠳᠪᠦᠷᠢᠯᠡᠨ᠎ᠡ᠃ | ︵ᠬᠤᠶᠠᠷ︶ ᠨᠡᠶᠢᠭᠡᠮ ᠤᠨ ᠲᠠᠭᠠᠳᠬᠠᠯ ᠤᠨ ᠲᠦᠪᠬᠢᠨᠡᠭᠦᠯᠦᠯ᠃ ᠲᠦᠪᠬᠢᠨᠡᠭᠦᠯᠦᠯ ᠤᠨ ᠪᠠᠶᠢᠭᠤᠯᠭ᠎ᠠ ᠪᠣᠯᠣᠨ | ᠬᠤᠪᠢ ᠬᠦᠮᠦᠨ ᠲᠣᠭᠳᠠᠭᠠᠯ ᠶᠣᠰᠣᠭᠠᠷ ᠨᠡᠶᠢᠭᠡᠮ ᠤᠨ ᠲᠠᠭᠠᠳᠬᠠᠯ ᠲᠣᠰᠢᠶᠠᠵᠣ᠂ ᠨᠡᠶᠢᠭᠡᠮ ᠤᠨ ᠪᠠᠳᠣᠯᠠᠭ᠎ᠠ ᠳᠤ | ᠣᠷᠣᠨ᠎ᠠ᠃ | ︵ᠭᠤᠷᠪᠠ︶ ᠮᠠᠯ ᠲᠠᠷᠢᠶᠠᠯᠠᠩ ᠤᠨ ᠣᠶᠢᠯᠠᠰ ᠤᠨ ᠲᠦᠪᠬᠢᠨᠡᠭᠦᠯᠦᠯ᠃ ᠮᠠᠯᠵᠢᠬᠤ ᠲᠠᠷᠢᠶᠠᠯᠠᠬᠤ ᠣᠷᠣᠨ ᠤ | ᠬᠠᠮᠳᠦ ᠶᠢᠨ ᠠᠵᠣ ᠠᠬᠤᠢ ᠶᠢᠨ ᠵᠣᠬᠢᠶᠠᠨ ᠪᠠᠶᠢᠭᠤᠯᠣᠯᠳᠠ ᠦᠯᠡᠳᠡᠭᠡᠵᠣ ᠪᠠᠶᠢᠭᠰᠠᠨ ᠪᠡᠯᠡᠳᠬᠡᠯ ᠭᠠᠵᠠᠷ ᠢᠶᠠᠨ ᠭᠠᠵᠠᠷ | ᠰᠢᠷᠣᠢ ᠪᠠᠨ ᠲᠠᠳᠠᠪᠦᠷᠢᠯᠠᠭᠤᠯᠣᠭᠰᠠ ᠮᠠᠯᠴᠢᠨ ᠲᠠᠷᠢᠶᠠᠴᠢᠨ ᠳᠤ ᠲᠣᠬᠢᠷᠠᠭᠤᠯᠣᠨ ᠦᠭᠴᠦ ᠮᠠᠯ ᠲᠠᠷᠢᠶᠠᠯᠠᠩ ᠤᠨ | ᠣᠶᠢᠯᠠᠰ ᠡᠷᠬᠢᠯᠡᠭᠦᠯᠦᠨ ᠲᠦᠪᠬᠢᠨᠡᠭᠦᠯᠦᠨ᠎ᠡ᠃ | ︵ᠲᠦᠷᠪᠡ︶ ᠲᠠᠬᠢᠨ ᠠᠵᠢᠯ ᠣᠯᠭᠤᠬᠤ ᠲᠦᠪᠬᠢᠨᠡᠭᠦᠯᠦᠯ᠃ ᠮᠡᠷᠭᠡᠵᠢᠯ ᠴᠢᠳᠠᠪᠦᠷᠢ ᠲᠠᠢ ᠪᠣᠶᠣ ᠬᠦᠳᠡᠯᠮᠦᠷᠢ | ᠠᠵᠢᠯ ᠣᠯᠭᠤᠯᠳᠠ ᠶᠢᠨ ᠰᠠᠯᠠᠭ᠎ᠠ ᠮᠦᠴᠢᠷ ᠤᠨ ᠠᠵᠢᠯ ᠮᠡᠷᠭᠡᠵᠢᠯ ᠤᠨ ᠪᠣᠯᠪᠠᠰᠣᠷᠠᠯ ᠢᠶᠠᠷ ᠲᠠᠮᠵᠢᠨ ᠮᠡᠷᠭᠡᠵᠢᠯ | ᠴᠢᠳᠠᠪᠦᠷᠢ ᠡᠵᠡᠮᠰᠢᠭᠰᠡᠨ ᠭᠠᠵᠠᠷ ᠰᠢᠷᠣᠢ ᠪᠠᠨ ᠲᠠᠳᠠᠪᠦᠷᠢᠯᠠᠭᠤᠯᠣᠭᠰᠠ ᠮᠠᠯᠴᠢᠨ ᠲᠠᠷᠢᠶᠠᠴᠢᠨ ᠳᠤ ᠭᠠᠵᠠᠷ ᠰᠢᠷᠣᠢ | ᠳᠠᠲᠠᠪᠦᠷᠢᠯᠠᠬᠤ ᠲᠦᠪᠬᠢᠨᠡᠭᠦᠯᠦᠯ ᠤᠨ ᠶᠠᠪᠣᠴᠠ ᠪᠠᠷ ᠭᠠᠵᠠᠷ ᠬᠡᠷᠡᠭᠯᠡᠭᠰᠡᠨ ᠠᠵᠣ ᠠᠬᠤᠶᠢᠯᠠᠯ ᠠᠴᠠ ᠵᠣᠬᠢᠰᠳᠡᠢ ᠠᠵᠢᠯ | ᠤᠨ ᠪᠠᠶᠢᠷᠢ ᠲᠣᠬᠢᠷᠠᠭᠤᠯᠣᠨ᠎ᠠ᠃ ᠠᠳᠠᠯᠢ ᠨᠦᠭᠦᠴᠡᠯ ᠤᠨ ᠲᠣᠣᠷ᠎ᠠ᠂ ᠭᠠᠵᠠᠷ ᠬᠡᠷᠡᠭᠯᠡᠭᠰᠡᠨ ᠪᠠᠶᠢᠭᠤᠯᠭ᠎ᠠ ᠭᠠᠵᠠᠷ | ᠰᠢᠷᠣᠢ ᠪᠠᠨ ᠲᠠᠳᠠᠪᠦᠷᠢᠯᠠᠭᠤᠯᠣᠭᠰᠠ ᠮᠠᠯᠴᠢᠨ ᠲᠠᠷᠢᠶᠠᠴᠢᠨ ᠢ ᠡᠩ ᠲᠡᠷᠢᠭᠦᠨ ᠳᠤ ᠡᠯᠡᠰᠡᠨ ᠬᠡᠷᠡᠭᠯᠡᠵᠣ ᠠᠵᠢᠯ | ᠣᠯᠭᠤᠯᠳᠠ ᠶᠢᠨ ᠠᠰᠠᠭᠤᠳᠠᠯ ᠢ ᠰᠢᠢᠳᠪᠦᠷᠢᠯᠡᠨ᠎ᠡ᠃ | ︵ᠲᠠᠪᠦ︶ ᠭᠠᠵᠠᠷ ᠦᠯᠡᠳᠡᠭᠡᠨ ᠲᠦᠪᠬᠢᠨᠡᠭᠦᠯᠬᠦ᠃ ᠭᠠᠵᠠᠷ ᠰᠢᠷᠣᠢ ᠶᠢᠨ ᠠᠰᠢᠭᠯᠠᠯᠳᠡ ᠶᠢᠨ ᠶᠡᠷᠦᠩᠬᠡᠢ | ᠲᠦᠯᠦᠪᠵᠢᠭᠦᠯᠭᠡ ᠳᠤ ᠲᠣᠭᠳᠠᠭᠠᠭᠰᠠᠨ ᠬᠤᠳᠠ ᠪᠠᠯᠭᠠᠰᠣᠨ ᠤ ᠪᠠᠶᠢᠭᠤᠯᠣᠯᠳᠠ ᠳᠤ ᠬᠡᠷᠡᠭᠯᠡᠬᠦ ᠭᠠᠵᠠᠷ ᠤᠨ | ᠬᠡᠪᠴᠢᠶᠡᠨ ᠳᠤ ᠭᠠᠵᠠᠷ ᠲᠠᠳᠠᠪᠦᠷᠢᠯᠠᠪᠠᠯ᠂ ᠬᠤᠳᠠ ᠪᠠᠯᠭᠠᠰᠣᠨ ᠤ ᠣᠯᠣᠰ ᠤᠨ ᠦᠮᠴᠢᠯᠡᠯᠳᠦ ᠪᠦᠳᠦᠭᠡᠨ | ᠪᠠᠶᠢᠭᠤᠯᠣᠯᠳᠠ ᠳᠤ ᠬᠡᠷᠡᠭᠯᠡᠬᠦ ᠭᠠᠵᠠᠷ ᠠᠴᠠ ᠭᠠᠵᠠᠷ ᠰᠢᠷᠣᠢ ᠪᠠᠨ ᠳᠠᠳᠠᠪᠦᠷᠢᠯᠠᠭᠤᠯᠣᠭᠰᠠᠨ ᠮᠠᠯᠴᠢᠨ ᠲᠠᠷᠢᠶᠠᠴᠢᠨ ᠳᠤ | ᠡᠵᠡᠩᠨᠡᠯᠳᠡ ᠪᠣᠶᠣ ᠨᠡᠭᠡᠭᠡᠯᠳᠡ ᠶᠢᠨ ᠲᠦᠪᠬᠢᠨᠡᠭᠦᠯᠦᠯ ᠤᠨ ᠭᠠᠵᠠᠷ ᠦᠯᠡᠳᠡᠭᠡᠨ᠎ᠡ᠃ ᠭᠡᠪᠡᠴᠦ ᠡᠷᠬᠡᠪᠰᠢ ᠬᠤᠳᠠ ᠶᠢᠨ | ᠪᠠᠶᠢᠭᠤᠯᠣᠯᠳᠠ ᠶᠢᠨ ᠲᠦᠯᠦᠪᠵᠢᠭᠦᠯᠭᠡ ᠪᠣᠯᠣᠨ ᠬᠠᠮᠢᠶ᠎ᠠ ᠪᠦᠬᠦᠢ ᠲᠣᠭᠳᠠᠭᠠᠯ ᠳᠤ ᠨᠡᠶᠢᠴᠡᠭᠰᠡᠨ ᠪᠠᠶᠢᠬᠤ ᠬᠡᠷᠡᠭᠳᠡᠢ᠃ | ︵ᠵᠢᠷᠭᠤᠭ᠎ᠠ︶ ᠬᠤᠪᠢ ᠣᠷᠣᠭᠤᠯᠬᠤ ᠲᠦᠪᠬᠢᠨᠡᠭᠦᠯᠦᠯ᠃ ᠭᠠᠵᠠᠷ ᠰᠢᠷᠣᠢ ᠪᠠᠨ ᠲᠠᠳᠠᠪᠦᠷᠢᠯᠠᠭᠤᠯᠣᠭᠰᠠᠳ | ᠨᠦᠬᠦᠪᠦᠷᠢ ᠲᠦᠪᠬᠢᠨᠡᠭᠦᠯᠦᠯ ᠢᠶᠠᠷ ᠢᠶᠠᠨ ᠣᠷᠳᠦ ᠬᠤᠭᠤᠴᠠᠭᠠᠨ ᠤ ᠲᠣᠭᠳᠠᠪᠦᠷᠢᠳᠦ ᠠᠰᠢᠭ ᠣᠷᠣᠯᠭ᠎ᠠ ᠲᠠᠢ ᠭᠠᠵᠠᠷ | ᠬᠡᠷᠡᠭᠯᠡᠬᠦ ᠠᠵᠣ ᠠᠬᠤᠶᠢᠯᠠᠯ ᠳᠤ ᠬᠤᠪᠢ ᠣᠷᠣᠭᠤᠯᠵᠣ᠂ ᠭᠡᠷ᠎ᠡ ᠶᠣᠰᠣᠭᠠᠷ ᠲᠣᠰᠬᠠᠢ ᠡᠷᠬᠡᠳᠦ ᠰᠲ᠋ᠣᠺ ᠤᠨ ᠬᠡᠯᠪᠡᠷᠢ | ᠪᠠᠷ ᠠᠰᠢᠭ ᠣᠷᠣᠯᠭ᠎ᠠ ᠣᠯᠬᠤ ᠠᠷᠭ᠎ᠠ ᠵᠠᠮ ᠢᠶᠠᠷ ᠲᠦᠪᠬᠢᠨᠡᠭᠦᠯᠦᠨ᠎ᠡ᠃ | ︵ᠲᠣᠯᠤᠭ᠎ᠠ︶ ᠰᠢᠯᠵᠢᠭᠦᠯᠦᠨ ᠲᠦᠪᠬᠢᠨᠡᠭᠦᠯᠬᠦ᠃ ᠰᠠᠭᠤᠭ᠎ᠠ ᠭᠠᠵᠠᠷ ᠠᠴᠠ ᠦᠨᠳᠦᠰᠦᠨ ᠣᠶᠢᠯᠠᠳᠪᠦᠷᠢᠯᠠᠯ | ᠠᠮᠢᠳᠣᠷᠠᠯ ᠤᠨ ᠨᠦᠭᠦᠴᠡᠯ ᠢ ᠬᠠᠩᠭᠠᠵᠣ ᠲᠡᠶᠢᠯᠬᠦ ᠦᠭᠡᠢ ᠪᠣᠯ ᠵᠠᠰᠠᠭ ᠤᠨ ᠣᠷᠳᠣᠨ ᠠᠴᠠ ᠨᠢᠭᠡᠳᠦᠯᠳᠡᠢ ᠵᠣᠬᠢᠶᠠᠨ | ᠪᠠᠶᠢᠭᠤᠯᠣᠨ᠂ ᠣᠨᠳᠣᠣ ᠭᠠᠵᠠᠷ ᠨᠡᠭᠦᠯᠭᠡᠨ ᠲᠦᠪᠬᠢᠨᠡᠭᠦᠯᠦᠨ᠎ᠡ᠃ | ︵ᠨᠠᠢᠮᠠ︶ ᠣᠷᠣᠨ ᠰᠠᠭᠤᠴᠠ ᠶᠢᠨ ᠲᠦᠪᠬᠢᠨᠡᠭᠦᠯᠦᠯ᠃ ᠭᠠᠵᠠᠷ ᠲᠠᠳᠠᠪᠦᠷᠢᠯᠠᠨ ᠣᠷᠣᠨ ᠰᠠᠭᠤᠴᠠ ᠶᠢ | ᠨᠣᠷᠠᠭᠠᠨ ᠨᠡᠭᠦᠯᠭᠡᠪᠡᠯ ᠣᠶᠢᠷ᠎ᠠ ᠣᠷᠴᠢᠮ ᠤᠨ ᠰᠠᠭᠤᠭᠠᠯᠢ ᠲᠣᠭᠤᠷᠢᠭ᠂ ᠨᠡᠭᠦᠳᠡᠯ ᠠᠷᠠᠳ ᠤᠨ ᠲᠣᠭᠤᠷᠢᠭ ᠪᠣᠶᠣ | ᠬᠤᠳᠠ ᠪᠠᠯᠭᠠᠰᠣᠨ ᠳᠤ ᠣᠷᠣᠨ ᠰᠠᠭᠤᠴᠠ ᠲᠣᠬᠢᠷᠠᠭᠤᠯᠬᠤ ᠲᠦᠪᠬᠢᠨᠡᠭᠦᠯᠦᠯ ᠢ ᠰᠣᠩᠭᠤᠵᠣ ᠪᠣᠯᠣᠨ᠎ᠠ᠃ | ᠲᠠᠪᠣᠳᠣᠭᠠᠷ ᠪᠦᠯᠦᠭ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠶᠢᠨ ᠬᠡᠷᠡᠭᠯᠡᠯᠳᠡ ᠬᠠᠮᠢᠶᠠᠷᠣᠯᠳᠠ | ᠬᠤᠷᠢᠨ ᠨᠢᠭᠡᠳᠦᠭᠡᠷ ᠵᠣᠶᠢᠯ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠶᠢ ᠣᠷᠢᠳᠴᠢᠯᠠᠨ ᠬᠠᠳᠠᠭᠠᠯᠠᠬᠤ | ᠲᠦᠷᠢᠮ ᠢ ᠬᠡᠷᠡᠭᠵᠢᠭᠦᠯᠦᠨ᠎ᠡ᠃ | ᠬᠤᠷᠢᠨ ᠬᠤᠶᠠᠳᠦᠭᠠᠷ ᠵᠣᠶᠢᠯ ᠭᠠᠵᠠᠷ ᠳᠠᠲᠠᠪᠦᠷᠢᠯᠠᠬᠤ ᠨᠦᠬᠦᠪᠦᠷᠢ ᠶᠢᠨ ᠡᠳ᠋ ᠤᠨ ᠵᠠᠰᠠᠭ ᠤᠨ ᠲᠠᠩᠰᠠᠨ | ᠡᠷᠦᠬᠡ ᠪᠠᠶᠢᠭᠤᠯᠣᠨ᠂ ᠲᠣᠰᠬᠠᠢ ᠬᠡᠷᠡᠭᠯᠡᠬᠦ ᠶᠢ ᠪᠠᠳᠣᠯᠠᠨ᠎ᠠ᠃ | ᠬᠤᠷᠢᠨ ᠭᠤᠷᠪᠠᠳᠦᠭᠠᠷ ᠵᠣᠶᠢᠯ ᠡᠯ᠎ᠡ ᠪᠠᠯᠭᠠᠰᠦ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠣᠯᠭᠤᠬᠤ | ᠪᠣᠳᠠᠳᠠᠢ ᠠᠵᠢᠯ ᠢ ᠬᠠᠷᠢᠭᠤᠴᠠᠨ᠎ᠠ᠃ | ᠬᠤᠷᠢᠨ ᠲᠦᠷᠪᠡᠳᠦᠭᠡᠷ ᠵᠣᠶᠢᠯ ᠬᠤᠰᠢᠭᠤᠨ ᠤ ᠬᠢᠨᠠᠨ ᠪᠠᠶᠢᠴᠠᠭᠠᠬᠤ ᠲᠣᠪᠴᠢᠶ᠎ᠠ᠂ ᠬᠢᠨᠠᠨ ᠪᠣᠳᠣᠯᠳᠠ ᠶᠢᠨ | ᠲᠣᠪᠴᠢᠶ᠎ᠠ ᠵᠡᠷᠭᠡ ᠰᠠᠯᠠᠭ᠎ᠠ ᠮᠦᠴᠢᠷ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠶᠢᠨ ᠣᠯᠭᠤᠯᠳᠠ᠂ ᠬᠡᠷᠡᠭᠯᠡᠯᠳᠡ | ᠪᠣᠯᠣᠨ ᠬᠤᠪᠢᠶᠠᠷᠢᠯᠠᠯᠳᠠ ᠶᠢᠨ ᠪᠠᠶᠢᠳᠠᠯ ᠳᠤ ᠬᠢᠨᠠᠯᠳᠠ ᠲᠠᠯᠪᠢᠨ ᠪᠠᠶᠢᠴᠠᠭᠠᠬᠤ ᠶᠢ ᠬᠠᠷᠢᠭᠤᠴᠠᠨ᠎ᠠ᠃ | ᠬᠤᠷᠢᠨ ᠲᠠᠪᠣᠳᠦᠭᠠᠷ ᠵᠣᠶᠢᠯ ᠭᠠᠵᠠᠷ ᠢᠶᠠᠨ ᠲᠠᠳᠠᠪᠦᠷᠢᠯᠠᠭᠤᠯᠠᠭᠰᠠᠨ ᠬᠠᠮᠳᠦ ᠶᠢᠨ ᠠᠵᠣ ᠠᠬᠤᠢ ᠶᠢᠨ | ᠵᠣᠬᠢᠶᠠᠨ ᠪᠠᠶᠢᠭᠤᠯᠣᠯᠳᠠ ᠡᠷᠬᠡᠪᠰᠢ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠶᠢᠨ ᠡᠳ᠋ ᠤᠨ ᠶᠠᠪᠣᠳᠠᠯ ᠤᠨ | ᠲᠣᠰᠬᠠᠢ ᠲᠠᠩᠰᠠᠨ ᠡᠷᠦᠬᠡ ᠪᠠᠶᠢᠭᠤᠯᠵᠣ ᠬᠠᠮᠢᠶᠠᠷᠣᠨ᠂ ᠭᠠᠴᠠᠭᠠᠨ ᠤ ᠶᠠᠪᠣᠳᠠᠯ ᠢ ᠢᠯᠡ ᠪᠣᠯᠭᠠᠬᠤ ᠲᠦᠷᠢᠮ | ᠶᠣᠰᠣᠭᠠᠷ ᠬᠠᠮᠳᠦ ᠶᠢᠨ ᠠᠵᠣ ᠠᠬᠤᠢ ᠶᠢᠨ ᠵᠣᠬᠢᠶᠠᠨ ᠪᠠᠶᠢᠭᠤᠯᠣᠯᠳᠠ ᠶᠢᠨ ᠭᠡᠰᠢᠭᠦᠳ ᠲᠤ ᠭᠠᠵᠠᠷ ᠰᠢᠷᠣᠢ | ᠲᠠᠳᠠᠪᠦᠷᠢᠯᠠᠬᠤ ᠨᠦᠬᠦᠪᠦᠷᠢ ᠣᠯᠣᠭᠰᠠᠨ᠂ ᠵᠠᠷᠣᠭᠰᠠᠨ᠂ ᠬᠡᠷᠡᠭᠯᠡᠭᠰᠡᠨ ᠵᠡᠷᠭᠡ ᠪᠠᠶᠢᠳᠠᠯ ᠢ ᠨᠡᠶᠢᠳᠡᠯᠡᠨ᠎ᠡ᠃ | ᠬᠤᠷᠢᠨ ᠵᠢᠷᠭᠤᠳᠦᠭᠠᠷ ᠵᠣᠶᠢᠯ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠳᠤ ᠭᠠᠵᠠᠷ ᠰᠢᠷᠣᠢ ᠶᠢᠨ | ᠨᠦᠬᠦᠪᠦᠷᠢ᠂ ᠲᠦᠪᠬᠢᠨᠡᠭᠦᠯᠦᠯ ᠤᠨ ᠨᠦᠬᠦᠪᠦᠷᠢ᠂ ᠲᠠᠭᠠᠯᠳᠠ ᠪᠣᠳᠠᠰ ᠤᠨ ᠨᠦᠬᠦᠪᠦᠷᠢ ᠪᠣᠯᠣᠨ ᠰᠣᠶᠤᠭ᠎ᠠ ᠴᠢᠬᠢᠨ | ᠨᠦᠬᠦᠪᠦᠷᠢ ᠶᠢ ᠪᠠᠭᠳᠠᠭᠠᠨ᠎ᠠ᠃ ᠭᠠᠵᠠᠷ ᠰᠢᠷᠣᠢ ᠶᠢᠨ ᠨᠦᠬᠦᠪᠦᠷᠢ ᠶᠢ ᠰᠢᠭᠤᠳ ᠭᠠᠵᠠᠷ ᠰᠢᠷᠣᠢ ᠪᠠᠨ | ᠲᠠᠳᠠᠪᠦᠷᠢᠯᠠᠭᠤᠯᠬᠤ ᠬᠠᠮᠳᠦ ᠶᠢᠨ ᠠᠵᠣ ᠠᠬᠤᠢ ᠶᠢᠨ ᠵᠣᠬᠢᠶᠠᠨ ᠪᠠᠶᠢᠭᠤᠯᠣᠯᠳᠠ ᠳᠤ ᠦᠭᠭᠦᠨ᠎ᠡ᠃ ᠭᠠᠵᠠᠷ ᠰᠢᠷᠣᠢ | ᠪᠠᠨ ᠲᠠᠳᠠᠪᠦᠷᠢᠯᠠᠭᠤᠯᠬᠤ ᠬᠠᠮᠳᠦ ᠶᠢᠨ ᠠᠵᠣ ᠠᠬᠤᠢ ᠶᠢᠨ ᠵᠣᠬᠢᠶᠠᠨ ᠪᠠᠶᠢᠭᠤᠯᠣᠯᠳᠠ ᠬᠠᠮᠢᠶᠠᠷᠣᠯᠳᠠ᠂ ᠬᠡᠷᠡᠭᠯᠡᠯᠳᠡ | ᠪᠣᠯᠣᠨ ᠬᠤᠪᠢᠶᠠᠷᠢᠯᠠᠯᠳᠠ ᠶᠢ ᠬᠠᠷᠢᠭᠤᠴᠠᠨ᠎ᠠ᠃ | ᠲᠦᠪᠬᠢᠨᠡᠭᠦᠯᠦᠯ ᠤᠨ ᠨᠦᠬᠦᠪᠦᠷᠢ ᠶᠢ ᠠᠳᠠᠯᠢ ᠪᠣᠰᠣ ᠲᠦᠪᠬᠢᠨᠡᠭᠦᠯᠬᠦ ᠠᠷᠭ᠎ᠠ ᠵᠠᠮ ᠢ ᠦᠨᠳᠦᠰᠦᠯᠡᠨ᠂ ᠬᠠᠣᠯᠢ | ᠲᠣᠭᠳᠠᠭᠠᠯ ᠶᠣᠰᠣᠭᠠᠷ ᠭᠠᠵᠠᠷ ᠰᠢᠷᠣᠢ ᠪᠠᠨ ᠲᠠᠳᠠᠪᠦᠷᠢᠯᠠᠭᠤᠯᠬᠤ ᠬᠠᠮᠳᠦ ᠶᠢᠨ ᠠᠵᠣ ᠠᠬᠤᠢ ᠶᠢᠨ ᠵᠣᠬᠢᠶᠠᠨ | ᠪᠠᠶᠢᠭᠤᠯᠣᠯᠳᠠ ᠪᠣᠶᠣ ᠪᠠᠶᠢᠭᠤᠯᠭ᠎ᠠ ᠨᠢᠭᠡᠴᠡ ᠳᠤ ᠦᠭᠭᠦᠨ᠎ᠡ︔ ᠨᠢᠭᠡᠳᠦᠯᠳᠡᠢ ᠲᠦᠪᠬᠢᠨᠡᠭᠦᠯᠬᠦ ᠴᠢᠬᠤᠯᠠ ᠦᠭᠡᠢ ᠪᠣᠯ | ᠰᠢᠭᠤᠳ ᠭᠠᠵᠠᠷ ᠰᠢᠷᠣᠢ ᠪᠠᠨ ᠲᠠᠳᠠᠪᠦᠷᠢᠯᠠᠭᠤᠯᠬᠤ ᠬᠦᠮᠦᠨ ᠳᠤ ᠦᠭᠴᠦ᠂ ᠦᠪᠡᠷᠳᠡᠭᠡᠨ ᠠᠵᠢᠯ ᠡᠷᠢᠨ᠎ᠡ᠃ | ᠲᠠᠭᠠᠯᠳᠠ ᠪᠣᠳᠠᠰ ᠪᠣᠯᠣᠨ ᠰᠣᠶᠤᠭ᠎ᠠ ᠴᠢᠬᠢᠨ ᠨᠦᠬᠦᠪᠦᠷᠢ ᠶᠢ ᠰᠢᠭᠤᠳ ᠲᠣᠰ ᠬᠦᠮᠦᠨ ᠳᠤ ᠨᠢ ᠦᠭᠭᠦᠨ᠎ᠡ᠃ | ᠵᠢᠷᠭᠤᠳᠦᠭᠠᠷ ᠪᠦᠯᠦᠭ ᠬᠠᠣᠯᠢ ᠶᠢᠨ ᠬᠠᠷᠢᠭᠤᠴᠠᠯᠭ᠎ᠠ | ᠬᠤᠷᠢᠨ ᠲᠣᠯᠣᠳᠦᠭᠠᠷ ᠵᠣᠶᠢᠯ ᠲᠣᠰ ᠠᠷᠭ᠎ᠠ ᠶᠢᠨ ᠲᠣᠭᠳᠠᠭᠠᠯ ᠢ ᠵᠦᠷᠢᠴᠡᠪᠡᠯ᠂ ︽ᠪᠦᠬᠦᠳᠡ ᠨᠠᠶᠢᠷᠠᠮᠳᠠᠬᠤ | ᠲᠣᠮᠳᠠᠳᠦ ᠠᠷᠠᠳ ᠣᠯᠣᠰ ᠤᠨ ᠭᠠᠵᠠᠷ ᠰᠢᠷᠣᠢ ᠶᠢᠨ ᠬᠠᠮᠢᠶᠠᠷᠣᠯᠳᠠ ᠶᠢᠨ ᠬᠠᠣᠯᠢ︾ ᠪᠣᠯᠣᠨ ︽ᠦᠪᠦᠷ ᠮᠣᠩᠭᠤᠯ | ᠤᠨ ᠦᠪᠡᠷᠳᠡᠭᠡᠨ ᠵᠠᠰᠠᠬᠤ ᠣᠷᠣᠨ ᠤ ︿ᠭᠠᠵᠠᠷ ᠰᠢᠷᠣᠢ ᠶᠢᠨ ᠬᠠᠮᠢᠶᠠᠷᠣᠯᠳᠠ ᠶᠢᠨ ᠬᠠᠣᠯᠢ﹀ ᠶᠢᠨ ᠬᠡᠷᠡᠭᠵᠢᠭᠦᠯᠦᠯᠳᠡ | ᠶᠢᠨ ᠠᠷᠭ᠎ᠠ︾ ᠵᠡᠷᠭᠡ ᠬᠠᠮᠢᠶ᠎ᠠ ᠪᠦᠬᠦᠢ ᠬᠠᠣᠯᠢ ᠲᠣᠭᠳᠠᠭᠠᠯ ᠢ ᠦᠨᠳᠦᠰᠦᠯᠡᠨ ᠬᠠᠣᠯᠢ ᠶᠢᠨ ᠬᠠᠷᠢᠭᠤᠴᠠᠯᠭ᠎ᠠ | ᠨᠡᠬᠡᠮᠵᠢᠯᠡᠨ᠎ᠡ᠃ | ᠬᠤᠷᠢᠨ ᠨᠠᠢᠮᠠᠳᠦᠭᠠᠷ ᠵᠣᠶᠢᠯ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠶᠢ ᠲᠤᠭ᠎ᠠ ᠶᠣᠰᠣᠭᠠᠷ ᠣᠯᠣᠭᠰᠠᠨ | ᠤ ᠲᠠᠷᠠᠭ᠎ᠠ᠂ ᠭᠠᠵᠠᠷ ᠰᠢᠷᠣᠢ ᠪᠠᠨ ᠲᠠᠳᠠᠪᠦᠷᠢᠯᠠᠭᠤᠯᠬᠤ ᠬᠠᠮᠳᠦ ᠶᠢᠨ ᠠᠵᠣ ᠠᠬᠤᠢ ᠶᠢᠨ ᠵᠣᠬᠢᠶᠠᠨ ᠪᠠᠶᠢᠭᠤᠯᠣᠯᠳᠠ᠂ | ᠮᠠᠯᠴᠢᠨ ᠲᠠᠷᠢᠶᠠᠴᠢᠨ ᠪᠣᠯᠣᠨ ᠪᠣᠰᠣᠳ ᠡᠷᠬᠡ ᠠᠰᠢᠭ ᠤᠨ ᠬᠦᠮᠦᠨ ᠲᠣᠭᠳᠠᠭᠰᠠᠨ ᠬᠤᠭᠤᠴᠠᠭᠠᠨ ᠳᠤ ᠪᠠᠨ ᠭᠠᠵᠠᠷ | ᠢᠶᠠᠨ ᠦᠭᠭᠦᠭᠰᠡᠨ ᠦᠭᠡᠢ ᠪᠣᠯ ᠬᠤᠰᠢᠭᠤ ᠠᠷᠠᠳ ᠤᠨ ᠵᠠᠰᠠᠭ ᠤᠨ ᠣᠷᠳᠣᠨ ᠠᠴᠠ ᠬᠤᠭᠤᠴᠠᠭ᠎ᠠ ᠬᠢᠵᠠᠭᠠᠷᠯᠠᠨ | ᠵᠠᠷᠯᠢᠭᠳᠠᠨ᠎ᠠ᠂ ᠬᠤᠭᠤᠴᠠᠭ᠎ᠠ ᠦᠩᠭᠡᠷᠡᠭᠰᠡᠨ ᠤ ᠲᠠᠷᠠᠭ᠎ᠠ ᠮᠦᠨ ᠬᠦ ᠦᠭᠭᠦ ᠦᠭᠡᠢ ᠪᠣᠯ ᠠᠷᠠᠳ ᠤᠨ ᠰᠢᠬᠦᠬᠦ | ᠬᠤᠷᠢᠶᠠᠨ ᠳᠤ ᠭᠤᠶᠣᠴᠢᠯᠠᠨ ᠠᠯᠪᠠᠳᠠᠨ ᠭᠦᠢᠴᠡᠳᠬᠡᠨ᠎ᠡ᠃ | ᠲᠣᠯᠣᠳᠦᠭᠠᠷ ᠪᠦᠯᠦᠭ ᠲᠠᠭᠠᠯᠳᠣᠭᠤᠯᠣᠯ ᠲᠦᠷᠢᠮ | ᠬᠤᠷᠢ ᠶᠢᠰᠦᠳᠦᠭᠡᠷ ᠵᠤᠶᠢᠯ ᠲᠣᠰ ᠠᠷᠭ᠎ᠠ ᠶᠢ ᠬᠤᠰᠢᠭᠤᠨ ᠤ ᠣᠯᠣᠰ ᠤᠨ ᠭᠠᠵᠠᠷ ᠰᠢᠷᠣᠢ ᠡᠬᠢ ᠪᠠᠶᠠᠯᠢᠭ | ᠤᠨ ᠲᠣᠪᠴᠢᠶ᠎ᠠ ᠬᠠᠷᠢᠭᠤᠴᠠᠨ ᠲᠠᠶᠢᠯᠪᠦᠷᠢᠯᠠᠨ᠎ᠠ᠃ | ᠭᠤᠴᠢᠳᠦᠭᠠᠷ ᠵᠣᠶᠢᠯ ᠲᠣᠰ ᠠᠷᠭ᠎ᠠ ᠱᠠᠩᠬᠠᠢ ᠶᠢᠨ ᠰᠦᠮ᠎ᠡ ᠠᠭᠤᠷᠬᠠᠢ ᠶᠢᠨ ᠣᠷᠣᠨ ᠤ ᠴᠦᠮᠦᠷᠡᠭᠰᠡᠨ | ᠣᠷᠣᠨ ᠳᠤ ᠭᠠᠵᠠᠷ ᠰᠢᠷᠣᠢ ᠲᠠᠳᠠᠪᠦᠷᠢᠯᠠᠬᠤ ᠶᠢ ᠪᠠᠭᠳᠠᠭᠠᠬᠤ ᠦᠭᠡᠢ᠃ | ᠭᠤᠴᠢᠨ ᠨᠢᠭᠡᠳᠦᠭᠡᠷ ᠵᠣᠶᠢᠯ ᠲᠣᠰ ᠠᠷᠭ᠎ᠠ ᠶᠢ ᠲᠠᠷᠬᠠᠭᠠᠭᠰᠠᠨ ᠡᠳᠦᠷ ᠠᠴᠠ ᠡᠬᠢᠯᠡᠨ ᠬᠡᠷᠡᠭᠵᠢᠭᠦᠯᠦᠨ᠎ᠡ᠃ | ᠡᠬᠦᠨ ᠤ ᠬᠠᠮᠳᠦ ᠣᠣᠯ ᠤᠨ ᠭᠠᠵᠠᠷ ᠰᠢᠷᠣᠢ ᠲᠠᠳᠠᠪᠦᠷᠢᠯᠠᠬᠤ ᠨᠦᠬᠦᠪᠦᠷᠢ ᠲᠦᠪᠬᠢᠨᠡᠭᠦᠯᠦᠯ ᠤᠨ ᠪᠠᠷᠢᠮᠵᠢᠶᠠᠨ ᠤ | ᠬᠤᠯᠪᠣᠭᠳᠠᠯ ᠪᠦᠬᠦᠢ ᠪᠢᠴᠢᠭ ᠮᠠᠲ᠋ᠧᠷᠢᠶᠠᠯ ᠢ ᠭᠦᠢᠴᠡᠳ ᠦᠭᠡᠢ ᠪᠣᠯᠭᠠᠨ᠎ᠠ᠃ | ᠲᠠᠭᠠᠯᠳᠠ᠄ 1. ᠭᠠᠵᠠᠷ ᠰᠢᠷᠣᠢ ᠲᠠᠳᠠᠪᠦᠷᠢᠯᠠᠬᠤ ᠣᠷᠣᠨ ᠲᠣᠭᠤᠷᠢᠭ ᠤᠨ ᠶᠡᠷᠦᠩᠬᠡᠶᠢᠯᠡᠭᠰᠡᠨ ᠦᠨ᠎ᠡ ᠶᠢᠨ | ᠪᠠᠷᠢᠮᠵᠢᠶ᠎ᠠ ︵ᠣᠳᠤᠭ ᠤᠨ ᠡᠮᠦᠨᠡᠳᠦ ᠬᠤᠰᠢᠭᠤᠨ ᠤ ᠬᠡᠰᠡᠭ︶ | 2. ᠣᠳᠤᠭ ᠤᠨ ᠡᠮᠦᠨᠡᠳᠦ ᠬᠤᠰᠢᠭᠤᠨ ᠤ ᠣᠢ ᠮᠣᠳᠣᠨ ᠤ ᠨᠦᠬᠦᠪᠦᠷᠢ ᠶᠢᠨ ᠪᠠᠷᠢᠮᠵᠢᠶ᠎ᠠ | 3. ᠣᠳᠤᠭ ᠤᠨ ᠡᠮᠦᠨᠡᠳᠦ ᠬᠤᠰᠢᠭᠤᠨ ᠤ ᠲᠠᠭᠠᠯᠳᠠ ᠪᠣᠳᠠᠰ ︵ᠬᠤᠳᠳᠤᠭ︶ ᠤᠨ ᠨᠦᠬᠦᠪᠦᠷᠢ | ᠶᠢᠨ ᠪᠠᠷᠢᠮᠵᠢᠶ᠎ᠠ | 4. ᠣᠳᠤᠭ ᠤᠨ ᠡᠮᠦᠨᠡᠳᠦ ᠬᠤᠰᠢᠭᠤᠨ ᠤ ᠲᠦᠷ ᠴᠠᠭ ᠲᠠᠳᠠᠪᠦᠷᠢᠯᠠᠨ ᠬᠡᠷᠡᠭᠯᠡᠬᠦ ᠭᠠᠵᠠᠷ ᠤᠨ | ᠨᠦᠬᠦᠪᠦᠷᠢ ᠶᠢᠨ ᠵᠢᠯᠣᠭᠤᠳᠬᠤ ᠦᠨ᠎ᠡ | 5. ᠣᠳᠤᠭ ᠤᠨ ᠡᠮᠦᠨᠡᠳᠦ ᠬᠤᠰᠢᠭᠤᠨ ᠤ ᠡᠯ᠎ᠡ ᠪᠠᠯᠭᠠᠰᠣᠨ ᠤ ᠬᠠᠮᠳᠦ ᠶᠢᠨ ᠭᠠᠵᠠᠷ ᠲᠠᠭᠡᠷᠡᠬᠢ | ᠡᠯ᠎ᠡ ᠵᠣᠶᠢᠯ ᠤᠨ ᠭᠡᠷ ᠪᠠᠶᠢᠰᠢᠩ ᠣᠷᠣᠨ ᠰᠠᠭᠤᠴᠠ ᠶᠢᠨ ᠨᠦᠬᠦᠪᠦᠷᠢ ᠶᠢᠨ ᠪᠠᠷᠢᠮᠵᠢᠶ᠎ᠠ | | ᠲᠠᠭᠠᠯᠳᠠ 1 | ᠣᠳᠤᠭ ᠤᠨ ᠡᠮᠦᠨᠡᠳᠦ ᠬᠤᠰᠢᠭᠤᠨ ᠤ ᠭᠠᠵᠠᠷ ᠰᠢᠷᠣᠢ ᠲᠠᠳᠠᠪᠦᠷᠢᠯᠠᠬᠤ ᠣᠷᠣᠨ ᠲᠣᠭᠤᠷᠢᠭ ᠤᠨ | ᠶᠡᠷᠦᠩᠬᠡᠶᠢᠯᠡᠭᠰᠡᠨ ᠦᠨ᠎ᠡ ᠶᠢᠨ ᠬᠦᠰᠦᠨᠦᠭᠳᠦ ︵ᠲᠦᠭᠦᠷᠢᠭ/ ᠮᠣ᠋︶ | ᠣᠷᠣᠨ ᠬᠡᠪᠴᠢᠶ᠎ᠡ/ ᠣᠷᠣᠨ ᠲᠣᠭᠤᠷᠢᠭ ᠤᠨ ᠬᠤᠪᠢᠶᠠᠷᠢᠯᠠᠯᠳᠠ | 1. ᠣᠯᠵᠠᠴᠢ ᠭᠠᠴᠠᠭ᠎ᠠ᠂ ᠣᠯᠵᠠᠴᠢ ᠪᠠᠯᠭᠠᠰᠦ᠂ ᠶᠡᠭᠡ ᠲᠣᠯᠣᠨ ᠲᠣᠰᠬᠤᠨ | ᠶᠡᠷᠦᠩᠬᠡᠢ ᠦᠨ᠎ᠡ ︵ᠲᠦᠭᠦᠷᠢᠭ︶᠄ 11773 | ᠵᠠᠰᠠᠪᠦᠷᠢ ᠣᠷᠣᠭᠤᠯᠭᠰᠠᠨ ᠢᠯᠡᠳᠬᠡᠮᠵᠢ᠄ ᠲᠠᠷᠢᠶ᠎ᠠ᠄ 1.20 | ᠣᠢ ᠮᠣᠳᠦ᠄ 0.47 | ᠪᠡᠯᠴᠢᠭᠡᠷ᠄ 0.40 | 2. ᠪᠠᠯᠠᠩ ᠤᠨ ᠲᠣᠭᠠᠩ ᠲᠣᠰᠬᠤᠨ᠂ ᠴᠠᠭᠠᠨᠪᠠᠯᠭᠠᠰᠦ ᠭᠠᠴᠠᠭ᠎ᠠ᠂ ᠲᠠᠬᠢᠯᠳᠦ ᠶᠢᠨ ᠰᠢᠯᠢ ᠲᠣᠰᠬᠤᠨ᠂ | ᠠᠳᠣᠭᠤᠨ ᠬᠤᠳᠳᠤᠭ ᠲᠣᠰᠬᠤᠨ᠂ ᠬᠡᠴᠡᠭᠦᠣ ᠶᠢᠨ ᠡᠷᠢᠶᠡᠨ ᠲᠣᠰᠬᠤᠨ᠂ ᠭᠤᠷᠪᠠᠨ ᠪᠣᠯᠠᠭ ᠲᠣᠰᠬᠤᠨ᠂ ᠲᠠᠬᠢᠯᠳᠦ | ᠲᠣᠰᠬᠤᠨ᠂ ᠲᠠᠬᠢᠯᠳᠦ ᠨᠡᠶᠢᠭᠡᠮ ᠲᠣᠭᠤᠷᠢᠭ᠂ ᠣᠯᠠᠭᠠᠨᠳᠣᠪᠣᠩ ᠭᠠᠴᠠᠭ᠎ᠠ᠂ ᠶᠡᠭᠡ ᠣᠰᠣ ᠭᠠᠴᠠᠭ᠎ᠠ | ᠶᠡᠷᠦᠩᠬᠡᠢ ᠦᠨ᠎ᠡ ︵ᠲᠦᠭᠦᠷᠢᠭ︶᠄ 7535 | ᠵᠠᠰᠠᠪᠦᠷᠢ ᠣᠷᠣᠭᠤᠯᠭᠰᠠᠨ ᠢᠯᠡᠳᠬᠡᠮᠵᠢ᠄ ᠲᠠᠷᠢᠶ᠎ᠠ᠄ 1.58 | ᠣᠢ ᠮᠣᠳᠦ᠄ 0.60 | ᠪᠡᠯᠴᠢᠭᠡᠷ᠄ 0.51 | 3. ᠬᠦᠷᠢᠶ᠎ᠡ ᠭᠠᠴᠠᠭ᠎ᠠ᠂ ᠮᠢᠩᠭᠠᠢ ᠭᠠᠴᠠᠭ᠎ᠠ᠂ ᠣᠯᠠᠭᠠᠨ ᠬᠤᠰᠢᠭᠤ ᠭᠠᠴᠠᠭ᠎ᠠ᠂ ᠪᠠᠶᠠᠨᠰᠢᠯᠢ ᠭᠠᠴᠠᠭ᠎ᠠ᠂ | ᠮᠣᠭᠠᠶᠢᠳᠦ ᠨᠡᠶᠢᠭᠡᠮ ᠲᠣᠭᠤᠷᠢᠭ᠂ ᠪᠠᠶᠠᠨᠰᠢᠪᠡᠷ ᠭᠠᠴᠠᠭ᠎ᠠ᠂ ᠪᠠᠶᠠᠨᠰᠢᠯᠢ ᠭᠠᠴᠠᠭ᠎ᠠ᠂ ᠪᠣᠷᠣᠪᠠᠯᠭᠠᠰᠦ ᠭᠠᠴᠠᠭ᠎ᠠ᠂ | ᠪᠣᠷᠣᠪᠠᠯᠭᠠᠰᠦ ᠪᠠᠯᠭᠠᠰᠦ᠂ ᠪᠣᠷᠣᠪᠠᠯᠭᠠᠰᠦ ᠡᠯᠡᠰᠦ ᠵᠠᠰᠠᠬᠤ ᠭᠤᠣᠯ ᠦᠷᠳᠡᠭᠡ᠂ ᠪᠣᠷᠣᠲᠣᠯᠣᠭᠠᠢ ᠲᠣᠰᠬᠤᠨ᠂ ᠬᠠᠳ | ᠤᠨ ᠠᠮᠠ ᠲᠣᠰᠬᠤᠨ᠂ ᠶᠡᠭᠡ ᠲᠣᠬᠤᠢ ᠲᠣᠰᠬᠤᠨ᠂ ᠲᠣᠮᠳᠠᠳᠦ ᠭᠠᠴᠠᠭ᠎ᠠ᠂ ᠢᠮᠠᠭᠠᠯᠠᠢ ᠲᠣᠰᠬᠤᠨ᠂ ᠢᠮᠠᠭᠠᠯᠠᠢ | ᠨᠡᠶᠢᠭᠡᠮ ᠲᠣᠭᠤᠷᠢᠭ᠂ ᠢᠮᠠᠭᠠᠯᠠᠢ ᠡᠯᠡᠰᠦ ᠵᠠᠰᠠᠬᠤ ᠭᠤᠣᠯ ᠦᠷᠳᠡᠭᠡ᠂ ᠬᠡᠵᠣᠣᠷ ᠲᠣᠰᠬᠤᠨ᠂ ᠬᠠᠷᠠᠰᠡᠭᠡᠷ ᠭᠠᠴᠠᠭ᠎ᠠ᠂ | ᠬᠦᠭᠡᠲᠣᠯᠣᠭᠠᠢ ᠭᠠᠴᠠᠭ᠎ᠠ᠂ ᠬᠤᠯᠣᠰᠣᠨ ᠨᠠᠭᠤᠷ ᠲᠣᠰᠬᠤᠨ᠂ ᠰᠢᠷ᠎ᠠ ᠵᠠᠳᠠᠭᠠᠢ ᠲᠣᠰᠬᠤᠨ᠂ ᠵᠢᠷᠠ ᠨᠡᠶᠢᠭᠡᠮ | ᠲᠣᠭᠤᠷᠢᠭ᠂ ᠬᠡᠵᠣᠣᠷ ᠲᠣᠰᠬᠤᠨ᠂ ᠬᠡᠵᠣᠣᠷ ᠭᠠᠴᠠᠭ᠎ᠠ᠂ ᠵᠡᠭᠡᠷᠭᠡᠨᠡᠳᠦ ᠲᠣᠰᠬᠤᠨ᠂ ᠣᠪᠣᠭᠠᠨ ᠬᠠᠳᠠᠭᠤ ᠲᠣᠰᠬᠤᠨ᠂ | ᠲᠠᠷᠢᠶᠠᠨ ᠰᠢᠯᠢ ᠭᠠᠴᠠᠭ᠎ᠠ᠂ ᠰᠣᠪᠠᠭ ᠤᠨ ᠵᠠᠳᠠᠭᠠᠢ ᠲᠣᠰᠬᠤᠨ᠂ ᠦᠳᠡ ᠶᠢᠨ ᠰᠢᠪᠡᠷ ᠭᠠᠴᠠᠭ᠎ᠠ᠂ ᠰᠢᠯᠢ ᠭᠠᠴᠠᠭ᠎ᠠ᠂ | ᠰᠢᠯᠢ ᠶᠢᠨ ᠴᠠᠶᠢᠵᠠ ᠭᠠᠴᠠᠭ᠎ᠠ᠂ ᠣᠳᠣᠷ ᠤᠨ ᠬᠤᠭᠤᠯᠠᠢ ᠲᠣᠰᠬᠤᠨ᠂ ᠵᠠᠩᠭᠠᠨ ᠰᠢᠯᠢ ᠲᠣᠰᠬᠤᠨ᠂ ᠵᠣᠤᠬ᠎ᠠ | ᠨᠡᠶᠢᠭᠡᠮ ᠲᠣᠭᠤᠷᠢᠭ᠂ ᠵᠣᠯᠠᠳᠦ ᠭᠠᠴᠠᠭ᠎ᠠ᠂ ᠲᠠᠪᠤᠨᠳᠦᠯᠣᠭᠠᠢ ᠭᠠᠴᠠᠭ᠎ᠠ | ᠶᠡᠷᠦᠩᠬᠡᠢ ᠦᠨ᠎ᠡ ︵ᠲᠦᠭᠦᠷᠢᠭ︶᠄ 5382 | ᠵᠠᠰᠠᠪᠦᠷᠢ ᠣᠷᠣᠭᠤᠯᠭᠰᠠᠨ ᠢᠯᠡᠳᠬᠡᠮᠵᠢ᠄ ᠲᠠᠷᠢᠶ᠎ᠠ᠄ 2.20 | ᠣᠢ ᠮᠣᠳᠦ᠄ 0.72 | ᠪᠡᠯᠴᠢᠭᠡᠷ᠄ 0.60 | 4. ᠠᠷᠠᠯ ᠭᠠᠴᠠᠭ᠎ᠠ᠂ ᠪᠠᠶᠠᠨᠴᠠᠶᠢᠳᠠᠮ ᠭᠠᠴᠠᠭ᠎ᠠ᠂ ᠬᠦᠭᠡᠪᠦᠷ ᠭᠠᠴᠠᠭ᠎ᠠ᠂ ᠨᠠᠩᠰᠦ ᠭᠠᠴᠠᠭ᠎ᠠ᠂ ᠨᠠᠩᠰᠦ | ᠪᠠᠯᠭᠠᠰᠦ᠂ ᠪᠠᠶᠠᠨ ᠬᠤᠷᠬᠤ ᠭᠠᠴᠠᠭ᠎ᠠ᠂ ᠪᠠᠶᠠᠨ ᠣᠰᠣ ᠭᠠᠴᠠᠭ᠎ᠠ᠂ ᠴᠠᠭᠠᠨᠲᠣᠯᠣᠭᠠᠢ ᠣᠢ ᠰᠢᠭᠤᠢ ᠶᠢᠨ ᠲᠠᠯᠠᠪᠠᠢ᠂ | ᠬᠠᠷᠭᠠᠨᠠᠳᠦ ᠭᠠᠴᠠᠭ᠎ᠠ᠂ ᠬᠡᠷᠡᠩᠭᠡᠳᠦ ᠭᠠᠴᠠᠭ᠎ᠠ᠂ ᠮᠠᠯᠠᠳ ᠭᠠᠴᠠᠭ᠎ᠠ᠂ ᠮᠠᠯᠠᠳ ᠨᠡᠶᠢᠭᠡᠮ ᠲᠣᠭᠤᠷᠢᠭ᠂ ᠮᠣᠭᠠᠶᠢᠳᠦ | ᠭᠠᠴᠠᠭ᠎ᠠ᠂ ᠰᠦᠯᠳᠡ ᠭᠠᠴᠠᠭ᠎ᠠ᠂ ᠶᠡᠬᠡᠴᠠᠶᠢᠳᠠᠮ ᠭᠠᠴᠠᠭ᠎ᠠ | ᠶᠡᠷᠦᠩᠬᠡᠢ ᠦᠨ᠎ᠡ ︵ᠲᠦᠭᠦᠷᠢᠭ︶᠄ 4485 | ᠵᠠᠰᠠᠪᠦᠷᠢ ᠣᠷᠣᠭᠤᠯᠭᠰᠠᠨ ᠢᠯᠡᠳᠬᠡᠮᠵᠢ᠄ ᠲᠠᠷᠢᠶ᠎ᠠ᠄ 2.50 | ᠣᠢ ᠮᠣᠳᠦ᠄ 0.80 | ᠪᠡᠯᠴᠢᠭᠡᠷ᠄ 0.65 | 5. ᠠᠯᠳᠠᠢ ᠭᠠᠴᠠᠭ᠎ᠠ᠂ ᠪᠠ ᠢ ᠲᠣᠰᠬᠤᠨ᠂ ᠪᠠᠶᠢᠳᠦ ᠭᠠᠴᠠᠭ᠎ᠠ᠂ ᠱᠠᠭᠠᠵᠠᠩᠳᠦ ᠲᠣᠰᠬᠤᠨ᠂ ᠲᠣᠯᠢ | ᠭᠠᠴᠠᠭ᠎ᠠ᠂ ᠲᠦᠪᠡᠳ ᠭᠠᠴᠠᠭ᠎ᠠ᠂ ᠦᠣᠳᠢ ᠭᠠᠴᠠᠭ᠎ᠠ᠂ ᠪᠣᠯᠠᠭ ᠨᠡᠶᠢᠭᠡᠮ ᠲᠣᠭᠤᠷᠢᠭ᠂ ᠠᠷᠠᠯᠠᠢ ᠭᠠᠴᠠᠭ᠎ᠠ᠂ ᠪᠠᠶᠠᠨ | ᠦᠵᠦᠭᠦᠷ ᠭᠠᠴᠠᠭ᠎ᠠ᠂ ᠬᠦᠨ ᠣᠰᠣ ᠭᠠᠴᠠᠭ᠎ᠠ᠂ ᠬᠠᠰᠢᠶᠠᠳᠦ ᠭᠠᠴᠠᠭ᠎ᠠ᠂ ᠮᠠᠩᠬᠠᠳᠦ ᠭᠠᠴᠠᠭ᠎ᠠ᠂ ᠮᠠᠩᠬᠠᠳᠦ ᠨᠡᠶᠢᠭᠡᠮ | ᠲᠣᠭᠤᠷᠢᠭ᠂ ᠰᠢᠷ᠎ᠠ ᠬᠤᠰᠢᠭᠤ ᠭᠠᠴᠠᠭ᠎ᠠ᠂ ᠱᠠᠩᠬᠠᠢ ᠶᠢᠨ ᠰᠦᠮ᠎ᠡ ᠮᠠᠯᠵᠢᠯ ᠤᠨ ᠲᠠᠯᠠᠪᠠᠢ᠂ ᠱᠠᠩᠬᠠᠢ ᠶᠢᠨ ᠰᠦᠮ᠎ᠡ | ᠪᠠᠯᠭᠠᠰᠦ᠂ ᠪᠣᠯᠠᠭ ᠲᠣᠰᠬᠤᠨ | ᠶᠡᠷᠦᠩᠬᠡᠢ ᠦᠨ᠎ᠡ ︵ᠲᠦᠭᠦᠷᠢᠭ︶᠄ 3000 | ᠵᠠᠰᠠᠪᠦᠷᠢ ᠣᠷᠣᠭᠤᠯᠭᠰᠠᠨ ᠢᠯᠡᠳᠬᠡᠮᠵᠢ᠄ ᠲᠠᠷᠢᠶ᠎ᠠ᠄ 3.40 | ᠣᠢ ᠮᠣᠳᠦ᠄ 0.82 | ᠪᠡᠯᠴᠢᠭᠡᠷ᠄ 0.70 | | | | | | | | | | | ᠲᠠᠭᠠᠯᠳᠡ 2 | ᠣᠳᠤᠭ ᠤᠨ ᠡᠮᠦᠨᠡᠳᠦ ᠬᠤᠰᠢᠭᠤᠨ ᠤ 2017 ᠣᠨ ᠤ ᠲᠠᠷᠠᠮᠠᠭ ᠮᠣᠳᠣᠳᠦ ᠣᠢ ᠶᠢᠨ ᠨᠦᠬᠦᠪᠦᠷᠢ ᠶᠢᠨ | ᠪᠠᠷᠢᠮᠵᠢᠶ᠎ᠠ | | | | | | | | | | |