2018 ᠤᠨ ᠳᠤ᠂ ᠮᠠᠨ ᠤ ᠤᠯᠤᠰ ᠤᠨ ᠵᠠᠷᠢᠮ ᠳᠠᠸᠠᠷ ᠤᠨ ᠪᠤᠭᠤᠮᠳᠠ ᠶᠢᠨ ᠭᠠᠶᠢᠯᠢ ᠶᠢ ᠤᠯᠠᠮ ᠨᠢᠭᠡ | ᠠᠯᠬᠤᠮ ᠪᠠᠭᠤᠷᠠᠭᠤᠯᠵᠤ᠂ ᠳᠤᠮᠳᠠᠴᠢ ᠭᠠᠶᠢᠯᠢ ᠶᠢᠨ ᠨᠤᠷᠮ᠎ᠠ ᠨᠢ 17.3% ᠠᠴᠠ ᠪᠠᠭᠤᠷᠠᠭᠠᠳ 7.7% ᠪᠤᠯᠪᠠ᠃ | ᠤᠯᠤᠰ ᠤᠨ ᠡᠳ᠋ ᠤᠨ ᠵᠠᠰᠠᠭ ᠤᠨ ᠶᠠᠮᠤᠨ ᠠᠴᠠ ᠥᠢᠯᠠᠭᠠᠭᠰᠠᠨ ᠢᠶᠠᠷ᠂ ᠳᠤᠰ ᠤᠳᠠᠭᠠᠨ ᠤ ᠭᠠᠶᠢᠯᠢ | ᠪᠠᠭᠤᠷᠠᠭᠤᠯᠤᠭᠰᠠᠨ ᠬᠡᠪᠴᠢᠶ᠎ᠠ ᠨᠢ ᠢᠳᠡᠭᠡᠨ ᠤ ᠵᠥᠢᠯᠡᠰ᠂ ᠡᠷᠡᠭᠦᠯᠵᠢᠯ ᠤᠨ ᠡᠳ᠋᠂ ᠡᠮ᠂ ᠡᠳᠤᠷ ᠳᠤᠳᠤᠮ ᠤᠨ | ᠬᠡᠷᠡᠭᠯᠡᠭᠡᠨ ᠤ ᠵᠥᠢᠯᠡᠰ᠂ ᠬᠤᠪᠴᠠᠰᠤ ᠬᠤᠨᠠᠷ᠂ ᠭᠡᠷ ᠤᠨ ᠬᠡᠷᠡᠭᠰᠡᠯ᠂ ᠰᠤᠶᠤᠯ ᠵᠤᠭᠠᠴᠠᠯ᠂ ᠪᠥᠷᠢᠨ ᠪᠠᠷᠠᠭ᠎ᠠ ᠵᠡᠷᠭᠡ | 187 ᠲᠥᠷᠥᠯ ᠤᠨ ᠳᠠᠸᠠᠷ ᠢ ᠪᠠᠭᠳᠠᠭᠠᠪᠠ᠃ ᠳᠡᠭᠡᠪᠡᠯ ᠠᠯᠢ ᠠᠯᠢ ᠳᠠᠸᠠᠷ ᠤᠨ ᠭᠠᠶᠢᠯᠢ ᠨᠢ ᠪᠠᠭᠤᠷᠠᠭᠰᠠᠨ ᠪᠤᠯ︖ | ᠡᠳᠤᠷ ᠳᠤᠳᠤᠮ ᠤᠨ ᠬᠡᠷᠡᠭᠯᠡᠭᠡᠨ ᠤ ᠵᠥᠢᠯᠡᠰ᠄ ᠥᠨᠤᠷᠳᠤ ᠤᠰᠤ᠂ ᠤᠷᠤᠭᠤᠯ ᠤᠨ ᠪᠤᠳᠤᠭ᠂ ᠨᠢᠳᠤᠨ ᠤ ᠴᠢᠮᠡᠭᠯᠡᠯ | ᠵᠡᠷᠭᠡ ᠵᠠᠰᠠᠯ ᠵᠢᠮᠰᠡᠭ ᠤᠨ ᠡᠳ᠋᠂ ᠶᠠᠭᠤᠤ ᠵᠡᠷᠭᠡ ᠡᠳᠤᠷ ᠳᠤᠳᠤᠮ ᠤᠨ ᠬᠡᠷᠡᠭᠯᠡᠭᠡᠨ ᠤ ᠵᠥᠢᠯᠡᠰ ᠤᠨ ᠪᠤᠭᠤᠮᠳᠠ ᠶᠢᠨ | ᠭᠠᠶᠢᠯᠢ 10% ᠠᠴᠠ ᠪᠠᠭᠤᠷᠠᠭᠠᠳ 5% ᠪᠤᠯᠪᠠ᠃ ᠬᠢᠮᠤᠰᠤᠨ ᠳᠤᠰᠤ᠂ ᠥᠰᠥ ᠠᠳᠤᠷᠢᠭᠤᠯᠬᠤ ᠡᠮ᠂ ᠥᠰᠥ | ᠬᠡᠪᠰᠢᠭᠦᠯᠬᠦ ᠡᠳ᠋ ᠤᠨ ᠪᠤᠭᠤᠮᠳᠠ ᠶᠢᠨ ᠭᠠᠶᠢᠯᠢ ᠨᠢ 15% ᠠᠴᠠ ᠪᠠᠭᠤᠷᠠᠭᠠᠳ 5% ᠪᠤᠯᠪᠠ᠃ ᠭᠡᠵᠢᠭᠡ ᠤᠬᠢᠶᠠᠬᠤ | ᠡᠳ᠋᠂ ᠪᠤᠰᠤᠳ ᠵᠢᠰᠤ ᠭᠤᠶᠤᠯᠠᠬᠤ ᠵᠥᠢᠯᠡᠰ ᠪᠤᠶᠤ ᠠᠷᠠᠰᠤ ᠬᠠᠮᠠᠭᠠᠯᠠᠬᠤ ᠡᠳ᠋ ᠵᠡᠷᠭᠡ ᠶᠢᠨ ᠪᠤᠭᠤᠮᠳᠠ ᠶᠢᠨ | ᠭᠠᠶᠢᠯᠢ ᠨᠢ 6.5% ᠠᠴᠠ ᠪᠠᠭᠤᠷᠠᠭᠠᠳ 2% ᠪᠤᠯᠪᠠ᠃ ᠶᠠᠭᠤᠤ᠂ ᠰᠢᠳᠤᠨ ᠤᠳᠠᠰᠤ᠂ ᠪᠡᠶ᠎ᠠ ᠤᠬᠢᠶᠠᠯᠭ᠎ᠠ ᠶᠢᠨ | ᠳᠠᠪᠤᠰᠤ᠂ ᠥᠨᠤᠷ ᠠᠷᠢᠯᠭᠠᠬᠤ ᠡᠳ᠋ ᠵᠡᠷᠭᠡ ᠶᠢᠨ ᠪᠤᠭᠤᠮᠳᠠ ᠶᠢᠨ ᠭᠠᠶᠢᠯᠢ ᠨᠢ 10% ᠠᠴᠠ ᠪᠠᠭᠤᠷᠠᠭᠠᠳ 5% | ᠪᠤᠯᠪᠠ᠃ | | ᠵᠢᠵᠢᠭ ᠴᠠᠬᠢᠯᠭᠠᠨ ᠬᠡᠷᠡᠭᠰᠡᠯ᠄ ᠴᠠᠬᠢᠯᠭᠠᠨ ᠬᠥᠳᠡᠯᠭᠡᠭᠦᠷᠢᠳᠤ ᠰᠠᠬᠠᠯ ᠤᠨ ᠬᠢᠳᠤᠭ᠎ᠠ᠂ ᠴᠠᠬᠢᠯᠭᠠᠨ | ᠬᠥᠳᠡᠯᠭᠡᠭᠦᠷᠢᠳᠤ ᠰᠢᠳᠤᠨ ᠱᠤᠸᠠᠵᠠ ᠶᠢᠨ ᠪᠤᠭᠤᠮᠳᠠ ᠶᠢᠨ ᠭᠠᠶᠢᠯᠢ ᠨᠢ 30% ᠠᠴᠠ ᠪᠠᠭᠤᠷᠠᠭᠠᠳ 10% ᠪᠤᠯᠪᠠ᠃ | ᠡᠯ᠎ᠠ ᠵᠥᠢᠯ ᠤᠨ ᠺᠤᠹᠧ ᠶᠢᠨ ᠮᠠᠰᠢᠨ ᠵᠡᠷᠭᠡ ᠶᠢᠨ ᠪᠤᠭᠤᠮᠳᠠ ᠶᠢᠨ ᠭᠠᠶᠢᠯᠢ ᠨᠢ 32% ᠠᠴᠠ ᠪᠠᠭᠤᠷᠠᠭᠠᠳ 10% | ᠪᠤᠯᠪᠠ᠃ ᠭᠡᠷ ᠤᠨ ᠬᠡᠷᠡᠭᠯᠡᠭᠡᠨ ᠤ ᠠᠦ᠋ᠲ᠋ᠣ᠋ ᠮᠢᠶᠡᠨᠪᠤᠤ ᠶᠢᠨ ᠮᠠᠰᠢᠨ᠂ ᠮᠢᠶᠠᠨᠪᠤᠤ ᠬᠠᠭᠰᠠᠭᠠᠬᠤ ᠮᠠᠰᠢᠨ᠂ ᠤᠤᠭᠤᠬᠤ | ᠤᠰᠤᠨ ᠤ ᠮᠠᠰᠢᠨ ᠵᠡᠷᠭᠡ ᠶᠢᠨ ᠪᠤᠭᠤᠮᠳᠠ ᠶᠢᠨ ᠭᠠᠶᠢᠯᠢ ᠨᠢ 32% ᠠᠴᠠ ᠪᠠᠭᠤᠷᠠᠭᠠᠳ 16% ᠪᠤᠯᠪᠠ᠃ | ᠤᠶᠤᠨᠴᠢ ᠭᠠᠳᠠᠭᠠᠯᠠᠬᠤ ᠳᠠᠳᠠᠭᠠᠯ ᠤᠨ ᠪᠤᠭᠤᠮᠳᠠ ᠶᠢᠨ ᠭᠠᠶᠢᠯᠢ ᠨᠢ 32% ᠠᠴᠠ ᠪᠠᠭᠤᠷᠠᠭᠠᠳ 10% ᠪᠤᠯᠪᠠ᠃ | ᠨᠢᠯᠬ᠎ᠠ ᠬᠡᠤᠬᠡᠳ ᠤᠨ ᠬᠡᠷᠡᠭᠯᠡᠭᠡᠨ ᠤ ᠵᠥᠢᠯᠡᠰ᠄ ᠰᠢᠭᠡᠰᠤᠨ ᠪᠥᠰ᠂ ᠰᠢᠭᠡᠰᠤᠨ ᠥᠮᠤᠳᠤ ᠶᠢᠨ ᠪᠤᠭᠤᠮᠳᠠ ᠶᠢᠨ | ᠭᠠᠶᠢᠯᠢ ᠨᠢ 7.5% ᠪᠠᠶᠢᠭᠰᠠᠨ ᠠᠴᠠ ᠭᠠᠶᠢᠯᠢ ᠬᠡᠯᠳᠤᠷᠢᠭᠦᠯᠬᠦ ᠪᠤᠯᠭᠠᠪᠠ᠃ ᠰᠢᠬᠢᠷ ᠥᠭᠡᠶᠢᠳᠡᠭᠦᠯᠥᠭᠰᠡᠨ ᠨᠢᠯᠬ᠎ᠠ | ᠬᠡᠤᠬᠡᠳ ᠤᠨ ᠤᠨᠴᠠᠭᠠᠢ ᠰᠥᠨ ᠳᠠᠯᠬ᠎ᠠ ᠪᠠ ᠠᠮᠢᠨ ᠬᠥᠴᠢᠯ ᠤᠨ ᠨᠠᠶᠢᠷᠠᠯᠭ᠎ᠠ ᠲᠠᠢ ᠵᠤᠷ ᠵᠡᠷᠭᠡ ᠰᠢᠮ᠎ᠠ ᠳᠡᠵᠢᠭᠡᠯᠳᠤ | ᠡᠳ᠋ ᠤᠨ ᠪᠤᠭᠤᠮᠳᠠ ᠶᠢᠨ ᠭᠠᠶᠢᠯᠢ ᠨᠢ 7.5% ᠪᠠᠶᠢᠭᠰᠠᠨ ᠠᠴᠠ ᠭᠠᠶᠢᠯᠢ ᠬᠡᠯᠳᠤᠷᠢᠭᠦᠯᠬᠦ ᠪᠤᠯᠭᠠᠪᠠ᠃ ᠨᠢᠯᠬ᠎ᠠ | ᠬᠡᠤᠬᠡᠳ ᠤᠨ ᠵᠢᠳᠬᠦᠬᠦᠷ ᠳᠡᠷᠭᠡᠨ ᠤ ᠪᠤᠭᠤᠮᠳᠠ ᠶᠢᠨ ᠭᠠᠶᠢᠯᠢ ᠨᠢ 20% ᠠᠴᠠ ᠪᠠᠭᠤᠷᠠᠭᠠᠳ 10% ᠪᠤᠯᠪᠠ᠃ | ᠪᠤᠰᠤᠳ ᠨᠢᠯᠬ᠎ᠠ ᠬᠡᠤᠭᠡᠳ ᠤᠨ ᠵᠢᠵᠢᠭᠯᠡᠨ ᠬᠤᠳᠠᠯᠳᠤᠬᠤ ᠪᠤᠭᠤᠯᠳᠠ ᠲᠠᠢ ᠢᠳᠡᠭᠡᠨ ᠤ ᠪᠤᠭᠤᠮᠳᠠ ᠶᠢᠨ ᠭᠠᠶᠢᠯᠢ ᠨᠢ | 15% ᠠᠴᠠ ᠪᠠᠭᠤᠷᠠᠭᠠᠳ 2% ᠪᠤᠯᠪᠠ᠃ ᠢᠳᠡᠭᠡᠨ ᠤ ᠵᠥᠢᠯᠡᠰ᠄ ᠬᠥᠯᠳᠡᠭᠡᠭᠰᠡᠨ ᠵᠢᠭᠠᠰᠤ ᠵᠡᠷᠭᠡ ᠶᠢᠨ | ᠪᠤᠭᠤᠮᠳᠠ ᠶᠢᠨ ᠭᠠᠶᠢᠯᠢ ᠨᠢ 10% ᠠᠴᠠ ᠪᠠᠭᠤᠷᠠᠭᠠᠳ 5% ᠪᠤᠯᠪᠠ᠃ ᠡᠯ᠎ᠠ ᠵᠥᠢᠯ ᠤᠨ ᠨᠤᠨᠳᠠᠭᠯᠠᠭᠰᠠᠨ ᠳᠠᠷᠠᠭ᠂ | ᠪᠤᠯᠪᠠᠰᠤᠷᠠᠭᠤᠯᠤᠭᠰᠠᠨ ᠳᠠᠷᠠᠭ ᠵᠡᠷᠭᠡ ᠶᠢᠨ ᠪᠤᠭᠤᠮᠳᠠ ᠶᠢᠨ ᠭᠠᠶᠢᠯᠢ ᠨᠢ 12% ᠠᠴᠠ ᠪᠠᠭᠤᠷᠠᠭᠠᠳ 8% ᠪᠤᠯᠪᠠ᠃ | ᠪᠷᠠᠽᠢᠯ ᠵᠢᠮᠢᠰ᠂ ᠪᠥᠭᠡᠷᠡᠨ ᠵᠢᠮᠢᠰ᠂ ᠨᠤᠭᠤᠭᠠᠨ ᠵᠢᠮᠢᠰ᠂ ᠰᠤᠷᠭᠤᠭ ᠵᠢᠮᠢᠰ ᠪᠤᠶᠤ ᠬᠠᠳᠠᠭᠠᠭᠰᠠᠨ ᠠᠯᠢᠮ᠎ᠠ | ᠵᠡᠷᠭᠡ ᠶᠢᠨ ᠪᠤᠭᠤᠮᠳᠠ ᠶᠢᠨ ᠭᠠᠶᠢᠯᠢ ᠨᠢ ᠴᠥᠮ 7% ᠪᠤᠯᠪᠠ᠃ ᠸᠢᠰᠺᠢ ᠠᠷᠢᠬᠢ᠂ ᠨᠡᠷᠡᠮᠡᠯ ᠥᠵᠥᠮ ᠤᠨ | ᠠᠷᠢᠬᠢ ᠪᠠᠷ ᠨᠡᠷᠡᠭᠰᠡᠨ ᠭᠷᠠᠳᠦ᠋ᠰ ᠠᠷᠢᠬᠢᠨ ᠤ ᠪᠤᠭᠤᠮᠳᠠ ᠶᠢᠨ ᠭᠠᠶᠢᠯᠢ ᠨᠢ 10% ᠠᠴᠠ ᠪᠠᠭᠤᠷᠠᠭᠠᠳ 5% ᠪᠤᠯᠪᠠ | ᠃ ᠬᠤᠪᠴᠠᠰᠤ ᠬᠤᠨᠠᠷ᠄ ᠡᠷᠡᠭᠳᠡᠢ ᠡᠮᠡᠭᠳᠡᠢ ᠶᠢᠨ ᠳ᠋ᠠᠴᠠᠩ᠂ ᠡᠸᠦ᠋ᠷᠥᠫᠠ ᠬᠤᠪᠴᠠᠰᠤ᠂ ᠡᠯ᠎ᠠ ᠵᠥᠢᠯ ᠤᠨ ᠡ᠊ ᠡᠭ ᠤᠨ | ᠬᠤᠪᠴᠠᠰᠤ᠂ ᠳᠤᠯᠤᠭᠠᠢ ᠶᠢᠨ ᠠᠯᠴᠢᠭᠤᠷ ᠵᠡᠷᠭᠡ ᠶᠢᠨ ᠪᠤᠭᠤᠮᠳᠠ ᠶᠢᠨ ᠭᠠᠶᠢᠯᠢ ᠨᠢ 10% ᠠᠴᠠ ᠪᠠᠭᠤᠷᠠᠭᠠᠳ | 5% ᠪᠤᠯᠪᠠ᠃ ᠤᠰᠤ ᠰᠡᠷᠭᠡᠶᠢᠯᠡᠬᠦ ᠱᠠᠬᠠᠢ ᠭᠤᠳᠤᠯ᠂ ᠠᠷᠠᠰᠤᠨ ᠴᠢᠷᠥᠭᠦᠯ ᠱᠠᠬᠠᠢ ᠵᠡᠷᠭᠡ ᠶᠢᠨ ᠪᠤᠭᠤᠮᠳᠠ ᠶᠢᠨ | ᠭᠠᠶᠢᠯᠢ ᠨᠢ 24% ᠠᠴᠠ ᠪᠠᠭᠤᠷᠠᠭᠠᠳ 12% ᠪᠤᠯᠪᠠ᠃ | | |