ᠰᠦᠯᠵᠢᠶ᠎ᠠ ᠪᠠᠷ ᠱᠠᠯᠢᠭ ᠵᠠᠪᠬᠠᠢ ᠵᠦᠢᠯᠠᠰ ᠢ ᠲᠠᠮᠵᠢᠭᠤᠯᠪᠠᠯ ᠡᠷᠡᠬᠦᠦ ᠶᠢᠨ ᠬᠠᠷᠢᠭᠤᠴᠠᠯᠭ᠎ᠠ ᠨᠡᠭᠡᠮᠵᠢᠯᠠᠨ᠎ᠠ
ᠨᠡᠶᠢᠲᠡᠯᠡᠭᠰᠡᠨ ᠴᠠᠭ᠄
2018-06-25
   ︽ᠰᠦᠯᠵᠢᠶᠠᠨ ᠤ ᠡᠭᠦᠯᠡᠨ ᠲᠠᠪᠠᠭ ᠢ ᠠᠰᠢᠬᠯᠠᠨ ᠱᠠᠯᠢᠭ ᠵᠠᠪᠬᠠᠢ ᠡᠯᠧᠺᠳ᠋ᠷᠤᠨ ᠮᠡᠳᠡᠭᠡ ᠵᠠᠩᠬᠢ ᠦᠢᠯᠡᠳᠬᠦ᠂ ᠬᠠᠭᠤᠯᠪᠦᠷᠢᠯᠠᠬᠤ᠂ ᠠᠷᠠᠯᠵᠢᠶᠠᠯᠠᠬᠤ ᠵᠢᠴᠢ ᠳᠠᠮᠵᠢᠭᠤᠯᠵᠦ ᠠᠰᠢᠭ ᠬᠤᠨᠵᠢᠪᠤᠷᠢ ᠤᠯᠬᠤ ᠠᠵᠢᠯᠯᠠᠭ᠎ᠠ ᠳᠤ ᠶᠠᠯ᠎ᠠ ᠲᠤᠭᠲᠠᠭᠠᠵᠦ ᠡᠷᠡᠬᠦᠦ ᠰᠢᠳᠬᠡᠯ ᠤᠯᠭᠤᠬᠤ ᠳᠤᠬᠠᠢ ᠠᠷᠠᠳ ᠤᠨ ᠳᠡᠭᠡᠳᠤ ᠰᠢᠬᠦᠬᠦ ᠬᠤᠷᠢᠶ᠎ᠠ ᠠᠷᠠᠳ ᠤᠨ ᠳᠡᠭᠡᠳᠤ ᠪᠠᠶᠢᠴᠠᠭᠠᠬᠤ ᠬᠤᠷᠢᠶ᠎ᠠ ᠶᠢᠨ ᠴᠤᠬᠤᠯᠠᠪᠤᠷᠢ︾ ᠶᠢ 2017 ᠤᠨ ᠤ 12 ᠰᠠᠷ᠎ᠠ ᠶᠢᠨ 1 ᠤ ᠡᠳᠤᠷ ᠠᠴᠠ ᠡᠬᠢᠯᠡᠨ ᠬᠡᠷᠡᠭᠵᠢᠭᠦᠯᠪᠠ᠃ ᠲᠤᠰ ︽ᠴᠤᠬᠤᠯᠠᠪᠤᠷᠢ︾ ᠶᠢ ᠦᠨᠳᠦᠰᠦᠯᠡᠪᠡᠯ᠂ ᠠᠰᠢᠭ ᠬᠤᠨᠵᠢᠪᠤᠷᠢ ᠤᠯᠬᠤ ᠵᠤᠷᠢᠯᠭ᠎ᠠ ᠪᠠᠷ ᠰᠦᠯᠵᠢᠶᠠᠨ ᠤ ᠡᠭᠦᠯᠡᠨ ᠲᠠᠪᠠᠭ ᠢ ᠠᠰᠢᠬᠯᠠᠨ ᠱᠠᠯᠢᠭ ᠵᠠᠪᠬᠠᠢ ᠡᠯᠧᠺᠳ᠋ᠷᠤᠨ ᠮᠡᠳᠡᠭᠡ ᠵᠠᠩᠬᠢ ᠦᠢᠯᠡᠳᠬᠦ᠂ ᠬᠠᠭᠤᠯᠪᠦᠷᠢᠯᠠᠬᠤ᠂ ᠠᠷᠠᠯᠵᠢᠶᠠᠯᠠᠬᠤ ᠵᠢᠴᠢ ᠲᠠᠮᠵᠢᠭᠤᠯᠤᠭᠰᠠᠨ ᠦᠢᠯᠡ ᠠᠵᠢᠯᠯᠠᠭ᠎ᠠ ᠠᠴᠠ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠬᠦ ᠡᠰᠡᠬᠦ ᠳᠤ ︽ᠡᠷᠡᠭᠦᠦ ᠶᠢᠨ ᠬᠠᠤᠯᠢ︾ ᠪᠠ ︽ᠢᠨᠲ᠋ᠧᠷ ᠰᠦᠯᠵᠢᠶ᠎ᠠ᠂ ᠰᠢᠯᠵᠢᠬᠡ ᠴᠢᠮᠡᠭᠡ ᠬᠤᠯᠪᠤᠭ᠎ᠠ᠂ ᠳᠠᠭᠤ ᠴᠢᠮᠡᠭᠡ ᠶᠢᠨ ᠲᠠᠪᠴᠠᠩ ᠢ ᠠᠰᠢᠬᠯᠠᠨ ᠱᠠᠯᠢᠭ ᠵᠠᠪᠬᠠᠢ ᠡᠯᠧᠺᠳ᠋ᠷᠤᠨ ᠰᠤᠷᠠᠭ ᠵᠠᠩᠬᠢ ᠦᠢᠯᠡᠳᠬᠦ᠂ ᠬᠠᠭᠤᠯᠪᠦᠷᠢᠯᠠᠬᠤ᠂ ᠬᠡᠪᠯᠡᠬᠦ᠂ ᠠᠷᠠᠯᠵᠢᠶᠠᠯᠠᠬᠤ ᠵᠢᠴᠢ ᠳᠠᠮᠵᠢᠭᠤᠯᠬᠤ ᠡᠷᠡᠭᠦᠦ ᠶᠢᠨ ᠬᠡᠷᠡᠭ ᠢ ᠰᠢᠢᠳᠪᠤᠷᠢᠯᠡᠬᠦ ᠳᠤ ᠪᠤᠲᠠᠲᠠᠢ ᠬᠡᠷᠡᠭᠵᠢᠬᠦᠯᠬᠦ ᠬᠠᠤᠯᠢ ᠴᠠᠭᠠᠵᠠ ᠶᠢᠨ ᠠᠰᠠᠭᠤᠳᠠᠯ ᠤᠳ ᠤᠨ ᠲᠤᠬᠠᠢ ᠠᠷᠠᠳ ᠤᠨ ᠳᠡᠭᠡᠳᠦ ᠰᠢᠬᠦᠬᠦ ᠬᠤᠷᠢᠶ᠎ᠠ᠂ ᠠᠷᠠᠳ ᠤᠨ ᠳᠡᠭᠡᠳᠦ ᠪᠠᠶᠢᠴᠠᠭᠠᠬᠤ ᠬᠤᠷᠢᠶ᠎ᠠ ᠶᠢᠨ ᠲᠠᠶᠢᠯᠪᠦᠷᠢ︾ ᠵᠡᠷᠭᠡ ᠶᠢᠨ ᠬᠠᠮᠢᠶ᠎ᠠ ᠪᠦᠬᠦᠢ ᠲᠤᠭᠲᠠᠭᠠᠯ ᠢ ᠬᠡᠷᠡᠭᠵᠢᠬᠦᠯᠦᠨ᠎ᠠ᠃ ᠡᠳᠡᠭᠡᠷ ᠬᠠᠤᠯᠢ ᠴᠠᠭᠠᠵᠠ ᠶᠢᠨ ᠳᠤᠭᠳᠠᠭᠠᠯ ᠢ ᠦᠨᠳᠦᠰᠦᠯᠡᠪᠡᠯ᠂ ᠠᠰᠢᠭ ᠬᠤᠨᠵᠢᠪᠤᠷᠢ ᠤᠯᠬᠤ ᠵᠤᠷᠢᠯᠭ᠎ᠠ ᠪᠠᠷ᠂ ᠢᠨᠲ᠋ᠧᠷ ᠰᠦᠯᠵᠢᠶ᠎ᠠ᠂ ᠰᠢᠯᠵᠢᠬᠡ ᠴᠢᠮᠡᠭᠡ ᠬᠤᠯᠪᠤᠭ᠎ᠠ᠂ ᠳᠠᠭᠤ ᠴᠢᠮᠡᠭᠡ ᠶᠢᠨ ᠲᠠᠪᠴᠠᠩ ᠢ ᠠᠰᠢᠬᠯᠠᠨ ᠱᠠᠯᠢᠭ ᠵᠠᠪᠬᠠᠢ ᠡᠯᠧᠺᠳ᠋ᠷᠤᠨ ᠮᠡᠳᠡᠭᠡ ᠵᠠᠩᠬᠢ ᠦᠢᠯᠡᠳᠬᠦ᠂ ᠬᠠᠭᠤᠯᠪᠦᠷᠢᠯᠠᠬᠤ᠂ ᠠᠷᠠᠯᠵᠢᠶᠠᠯᠠᠬᠤ ᠵᠢᠴᠢ ᠳᠠᠮᠵᠢᠭᠤᠯᠤᠭᠰᠠᠨ ᠠᠭᠤᠯᠭ᠎ᠠ ᠳᠤ ᠪᠦᠬᠦᠯᠢ 14 ᠨᠠᠰᠤ ᠬᠦᠷᠦᠭᠡᠳᠦᠢ ᠨᠠᠰᠤᠨ ᠳᠤ ᠦᠯᠦ ᠬᠦᠷᠦᠭᠰᠡᠳ ᠤᠨ ᠱᠠᠯᠢᠭ ᠵᠠᠪᠬᠠᠢ ᠡᠯᠧᠺᠳ᠋ᠷᠤᠨ ᠮᠡᠳᠡᠭᠡ ᠵᠠᠩᠬᠢ ᠪᠠᠶᠢᠪᠠᠯ᠂ ᠳᠤᠤᠷᠠᠬᠢ ᠪᠠᠶᠢᠳᠠᠯ ᠤᠨ ᠨᠢᠭᠡ ᠨᠢ ᠪᠠᠶᠢᠪᠠᠯ ᠡᠷᠡᠭᠦᠦ ᠶᠢᠨ ᠬᠠᠤᠯᠢ ᠶᠢᠨ ᠭᠤᠷᠪᠠᠨ ᠵᠠᠭᠤ ᠵᠢᠷᠠᠨ ᠭᠤᠷᠪᠠᠳᠤᠭᠠᠷ ᠵᠦᠢᠯ ᠤᠨ ᠨᠢᠭᠡᠳᠦᠭᠡᠷ ᠵᠤᠷᠪᠤᠰ ᠤᠨ ᠲᠤᠭᠲᠠᠭᠠᠯ ᠶᠤᠰᠤᠭᠠᠷ ᠱᠠᠯᠢᠭ ᠵᠠᠪᠬᠠᠢ ᠵᠦᠢᠯᠡᠰ ᠢ ᠦᠢᠯᠡᠳᠴᠦ᠂ ᠬᠠᠭᠤᠯᠪᠦᠷᠢᠯᠠᠵᠤ᠂ ᠬᠡᠪᠯᠡᠵᠦ᠂ ᠠᠷᠠᠯᠵᠢᠶᠠᠯᠠᠵᠤ᠂ ᠳᠠᠮᠵᠢᠭᠤᠯᠵᠦ ᠠᠰᠢᠭ ᠤᠯᠤᠭᠰᠠᠨ ᠶᠠᠯ᠎ᠠ ᠪᠠᠷ ᠰᠢᠳᠬᠡᠨ᠎ᠠ᠄ ᠱᠠᠯᠢᠭ ᠵᠠᠪᠬᠠᠢ ᠺᠢᠨᠣ᠋᠂ ᠲᠤᠭᠯᠠᠯᠲᠠ᠂ ᠺᠠᠷᠲ᠋ᠤᠨ ᠵᠢᠷᠤᠭ ᠵᠡᠷᠭᠡ ᠸᠢᠳᠢᠣ᠋ ᠪᠢᠴᠢᠯᠭᠡ ᠶᠢ ᠠᠷᠪᠠ ᠠᠴᠠ ᠳᠡᠭᠡᠭᠰᠢ ᠦᠢᠯᠡᠳᠴᠦ᠂ ᠬᠠᠭᠤᠯᠪᠦᠷᠢᠯᠠᠵᠤ᠂ ᠬᠡᠪᠯᠡᠵᠦ᠂ ᠠᠷᠠᠯᠵᠢᠶᠠᠯᠠᠵᠤ᠂ ᠳᠠᠮᠵᠢᠭᠤᠯᠤᠭᠰᠠᠨ︔ ᠱᠠᠯᠢᠭ ᠵᠠᠪᠬᠠᠢ ᠳᠠᠭᠤ ᠰᠢᠩᠭᠡᠭᠡᠯᠲᠡ ᠶᠢ ᠲᠠᠪᠤ ᠠᠴᠠ ᠳᠡᠭᠡᠭᠰᠢ ᠦᠢᠯᠡᠳᠴᠦ᠂ ᠬᠠᠭᠤᠯᠪᠦᠷᠢᠯᠠᠵᠤ ᠂ ᠬᠡᠪᠯᠡᠵᠦ᠂ ᠠᠷᠠᠯᠵᠢᠶᠠᠯᠠᠵᠤ᠂ ᠳᠠᠮᠵᠢᠭᠤᠯᠤᠭᠰᠠᠨ︔ ᠱᠠᠯᠢᠭ ᠵᠠᠪᠬᠠᠢ ᠡᠯᠧᠺᠳ᠋ᠷᠤᠨ ᠨᠤᠮ᠂ ᠵᠢᠷᠤᠭ ᠰᠡᠭᠦᠳᠡᠷ᠂ ᠪᠢᠴᠢᠭ ᠮᠠᠲ᠋ᠧᠷᠢᠶᠠᠯ ᠵᠡᠷᠭᠡ ᠶᠢ ᠵᠠᠭᠤ ᠠᠴᠠ ᠳᠡᠭᠡᠭᠰᠢ ᠦᠢᠯᠡᠳᠴᠦ᠂ ᠬᠠᠭᠤᠯᠪᠦᠷᠢᠯᠠᠵᠤ᠂ ᠬᠡᠪᠯᠡᠵᠦ᠂ ᠠᠷᠠᠯᠵᠢᠶᠠᠯᠠᠵᠤ᠂ ᠳᠠᠮᠵᠢᠭᠤᠯᠤᠭᠰᠠᠨ︔ ᠱᠠᠯᠢᠭ ᠵᠠᠪᠬᠠᠢ ᠡᠯᠧᠺᠳ᠋ᠷᠤᠨ ᠮᠡᠳᠡᠭᠡ ᠵᠠᠩᠬᠢ ᠶᠢ ᠦᠢᠯᠡᠳᠴᠦ᠂ ᠬᠠᠭᠤᠯᠪᠦᠷᠢᠯᠠᠵᠤ᠂ ᠬᠡᠪᠯᠡᠵᠦ ᠂ ᠠᠷᠠᠯᠵᠢᠶᠠᠯᠠᠵᠤ᠂ ᠳᠠᠮᠵᠢᠭᠤᠯᠤᠭᠠᠳ ᠪᠤᠲᠠᠲᠠᠢ ᠳᠠᠷᠤᠮ ᠤᠨ ᠲᠤᠭ᠎ᠠ ᠨᠢ ᠲᠠᠪᠤᠨ ᠮᠢᠩᠭ᠎ᠠ ᠠᠴᠠ ᠲᠡᠭᠡᠭᠰᠢ ᠬᠦᠷᠦᠭᠰᠡᠨ︔ ᠱᠠᠯᠢᠭ ᠵᠠᠪᠬᠠᠢ ᠡᠯᠧᠺᠳ᠋ᠷᠤᠨ ᠮᠡᠳᠡᠭᠡ ᠵᠠᠩᠬᠢ ᠶᠢ ᠦᠢᠯᠡᠳᠴᠤ᠂ ᠬᠠᠭᠤᠯᠪᠦᠷᠢᠯᠠᠵᠤ᠂ ᠬᠡᠪᠯᠡᠵᠦ᠂ ᠠᠷᠠᠯᠵᠢᠶᠠᠯᠠᠵᠤ᠂ ᠳᠠᠮᠵᠢᠭᠤᠯᠤᠭᠰᠠᠨ ᠭᠡᠰᠢᠭᠦᠨ ᠪᠤᠯᠬᠤ ᠳᠦᠷᠢᠮ ᠤᠨ ᠬᠡᠯᠪᠡᠷᠢ ᠪᠠᠷ ᠪᠦᠷᠢᠳᠭᠡᠭᠦᠯᠦᠭᠰᠡᠨ ᠭᠡᠰᠢᠭᠦᠳ ᠢ ᠵᠠᠭᠤᠨ ᠬᠦᠮᠦᠨ ᠠᠴᠠ ᠳᠡᠭᠡᠭᠰᠢ ᠬᠦᠷᠦᠭᠰᠡᠨ︔ ᠱᠠᠯᠢᠭ ᠵᠠᠪᠬᠠᠢ ᠡᠯᠧᠺᠳ᠋ᠷᠤᠨ ᠮᠡᠳᠡᠭᠡ ᠵᠠᠩᠬᠢ ᠶᠢ ᠠᠰᠢᠬᠯᠠᠨ ᠵᠠᠷ ᠮᠡᠳᠡᠭᠡᠨ ᠤ ᠰᠦᠢᠳᠭᠡᠯ᠂ ᠭᠡᠰᠢᠭᠦᠳ ᠤᠨ ᠳᠠᠩᠰᠠᠯᠠᠵᠦ ᠪᠦᠷᠢᠳᠭᠡᠭᠦᠯᠦᠭᠰᠡᠨ ᠰᠦᠢᠳᠭᠡᠯ ᠪᠤᠶᠤ ᠪᠤᠰᠤᠳ ᠰᠦᠢᠳᠭᠡᠯ ᠢ ᠬᠤᠷᠢᠶᠠᠭᠠᠳ ᠬᠠᠤᠯᠢ ᠪᠤᠰᠤ ᠪᠠᠷ 5000 ᠲᠦᠭᠦᠷᠢᠭ ᠠᠴᠠ ᠳᠡᠭᠡᠭᠰᠢ ᠠᠰᠢᠭ ᠤᠯᠤᠭᠰᠠᠨ ᠵᠡᠷᠭᠡ᠃ ᠠᠰᠢᠭ ᠬᠤᠨᠵᠢᠪᠦᠷᠢ ᠤᠯᠬᠤ ᠪᠠᠷ ᠵᠤᠷᠢᠯᠭ᠎ᠠ ᠪᠤᠯᠭᠠᠵᠦ ᠱᠠᠯᠢᠭ ᠵᠠᠪᠬᠠᠢ ᠡᠯᠧᠺᠳ᠋ᠷᠤᠨ ᠮᠡᠳᠡᠭᠡ ᠵᠠᠩᠬᠢ ᠦᠢᠯᠡᠳᠴᠦ᠂ ᠬᠠᠭᠤᠯᠪᠦᠷᠢᠯᠠᠵᠤ᠂ ᠬᠡᠪᠯᠡᠵᠦ᠂ ᠠᠷᠠᠯᠵᠢᠶᠠᠯᠠᠵᠦ᠂ ᠳᠠᠮᠵᠢᠭᠤᠯᠤᠭᠰᠠᠨ ᠶᠠᠯ᠎ᠠ ᠬᠢᠭᠰᠡᠳ ᠲᠤ᠂ ᠠᠷᠠᠳ ᠤᠨ ᠰᠢᠭᠦᠬᠦ ᠬᠤᠷᠢᠶ᠎ᠠ ᠠᠴᠠ ᠶᠠᠯ᠎ᠠ ᠬᠢᠵᠦ ᠤᠯᠤᠭᠰᠠᠨ ᠬᠠᠤᠯᠢ ᠪᠤᠰᠤ ᠤᠷᠤᠯᠭ᠎ᠠ᠂ ᠨᠡᠶᠢᠭᠡᠮ ᠳᠤ ᠦᠵᠡᠭᠦᠯᠦᠭᠰᠡᠨ ᠬᠤᠤᠷ ᠨᠦᠯᠦᠭᠡ ᠵᠡᠷᠭᠡ ᠪᠠᠶᠢᠳᠠᠯ ᠢ ᠶᠡᠷᠦᠩᠬᠡᠶᠢᠯᠡᠨ ᠪᠤᠳᠤᠯᠬᠢᠯᠠᠵᠦ᠂ ᠬᠠᠤᠯᠢ ᠶᠤᠰᠤᠭᠠᠷ ᠵᠤᠭᠤᠰ ᠢᠶᠠᠷ ᠲᠤᠷᠭᠠᠬᠤ ᠪᠤᠶᠤ ᠡᠳ᠋ ᠬᠦᠷᠦᠩᠭᠡ ᠶᠢ ᠨᠢ ᠬᠤᠷᠢᠶᠠᠮᠵᠢᠯᠠᠨ ᠠᠪᠬᠤ ᠪᠠᠷ ᠰᠢᠳᠭᠡᠨ᠎ᠠ᠃ ᠲᠤᠷᠭᠠᠬᠤ ᠵᠤᠭᠤᠰ ᠤᠨ ᠲᠤᠭ᠎ᠠ ᠨᠢ ᠶᠡᠷᠦ ᠳᠤ ᠪᠠᠨ ᠬᠠᠤᠯᠢ ᠪᠤᠰᠤ ᠪᠠᠷ ᠤᠯᠤᠭᠰᠠᠨ ᠤᠷᠤᠯᠭ᠎ᠠ ᠶᠢᠨ ᠬᠢᠨᠢ ᠨᠢᠭᠡ ᠲᠠᠬᠢᠨ ᠠᠴᠠ ᠳᠡᠭᠡᠭᠰᠢ ᠲᠠᠪᠤᠨ ᠲᠠᠬᠢᠨ ᠠᠴᠠ ᠳᠤᠷᠤᠭᠰᠢ ᠪᠠᠶᠢᠳᠠᠭ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号