ᠬᠠᠪᠤᠷ ᠤᠨ ᠳᠠᠷᠢᠶᠠᠯᠠᠭ᠎ᠠ ᠶᠢᠨ ᠴᠠᠬ ᠢᠶᠠᠷ᠂ ᠦᠤᠰᠢᠨᠵᠤᠤ ᠪᠠᠯᠭᠠᠰᠤ ᠶᠢᠨ ᠪᠠᠶᠠᠨᠳᠤᠯᠤᠭᠠᠢ ᠭᠠᠴᠠᠭᠠᠨ ᠤ ᠮᠠᠯᠴᠢᠨ | ᠬᠤᠪᠢᠰᠬᠠᠯᠴᠡᠴᠡᠭ ᠤᠨ ᠳᠠᠷᠢᠶᠡᠨ ᠭᠠᠵᠠᠷ ᠲᠤ ᠭᠠᠵᠠᠷ ᠡᠷᠬᠢᠬᠦᠯᠬᠦ ᠮᠠᠰᠢᠨ᠂ ᠪᠤᠷᠳᠤᠭᠤᠷ ᠤᠷᠤᠭᠤᠯᠬᠤ ᠮᠠᠰᠢᠨ | ᠡᠷᠴᠢᠮ ᠲᠠᠢ ᠠᠵᠢᠯᠯᠠᠨ᠎ᠠ᠃ ᠡᠨᠡ ᠨᠢ ᠭᠠᠴᠠᠭᠠᠨ ᠤ ᠠᠬᠢᠳᠤ ᠳᠠᠷᠢᠶᠠᠯᠠᠩ ᠤᠨ ᠮᠠᠰᠢᠨ ᠮᠡᠷᠭᠡᠵᠢᠯ ᠤᠨ | ᠦᠢᠯᠡᠴᠢᠯᠡᠬᠡᠨ ᠤ ᠬᠤᠷᠰᠢᠶᠠᠵᠢᠯ ᠠᠴᠠ ᠶᠠᠳᠠᠭᠤ ᠬᠦᠴᠢᠷᠳᠡᠯᠳᠡᠢ ᠡᠷᠦᠬᠡ ᠳᠤ ᠬᠢᠮᠳᠡ ᠦᠨ᠎ᠡ ᠶᠢᠨ ᠳᠠᠷᠢᠶᠠᠯᠠᠩ ᠤᠨ | ᠮᠠᠰᠢᠨ ᠤ ᠦᠢᠯᠡᠴᠢᠯᠡᠭᠡ ᠬᠠᠨᠭ᠍ᠭᠠᠵᠤ ᠪᠠᠶᠢᠬᠤ ᠦᠵᠡᠭᠳᠡᠯ ᠪᠤᠯᠤᠨ᠎ᠠ᠃ ︽ᠬᠤᠷᠰᠢᠶᠠᠵᠢᠯ ᠤᠨ ᠮᠠᠰᠢᠨ ᠨᠢᠳᠤᠨᠤᠨ ᠴᠦ | ᠮᠠᠨ ᠤ ᠳᠤ ᠢᠷᠡᠵᠤ ᠠᠵᠢᠯ ᠬᠢᠵᠤ ᠦᠭᠬᠦᠯ᠎ᠡ᠂ ᠬᠡᠵᠢᠶ᠎ᠡ ᠳᠠᠭᠤᠳᠠᠪᠠᠯ ᠬᠡᠵᠢᠶ᠎ᠡ ᠢᠷᠡᠴᠢᠬᠡᠨ᠎ᠡ᠂ ᠦᠨ᠎ᠡ ᠨᠢ ᠵᠠᠬ᠎ᠠ | ᠳᠡᠯᠬᠡᠬᠦᠷ ᠠᠴᠠ ᠭᠤᠷᠪᠡᠨ ᠤ ᠨᠢᠬᠡ ᠬᠢᠮᠳᠡ᠂ ᠦᠢᠯᠡᠴᠢᠯᠡᠭᠡ ᠴᠤ ᠨᠡᠶᠢᠳᠠᠪᠤᠷᠢᠳᠡᠢ᠂ ᠡᠨᠡ ᠬᠤᠶᠠᠷ ᠵᠢᠯ ᠤᠨ ᠳᠠᠷᠢᠶ᠎ᠡ | ᠳᠦᠮᠦᠰᠦ᠂ ᠡᠪᠡᠰᠦ ᠪᠤᠷᠳᠤᠭ᠎ᠠ ᠴᠤ ᠬᠤᠷᠢᠶᠡᠯᠳᠡ ᠰᠠᠶᠢᠨ ᠪᠤᠯᠵᠠᠢ᠃ ᠭᠠᠳᠠᠨᠠᠬᠢ ᠪᠤᠯ ᠮᠦ ᠪᠦᠷᠢ ᠳᠤ ᠨᠡᠶᠢᠳᠡᠮ 45 | ᠳᠦᠬᠦᠷᠢᠭ᠂ ᠳᠠᠷᠢᠶᠡᠨ ᠭᠠᠵᠠᠷ ᠪᠠᠭ᠎ᠠ ᠠᠶᠢᠯ ᠳᠤ ᠪᠤᠯ 50 ᠳᠦᠬᠦᠷᠢᠭ ᠴᠦ ᠬᠦᠷᠳᠡᠭ︾ ᠬᠡᠵᠤ ᠬᠤᠪᠢᠰᠬᠠᠯᠴᠡᠴᠡᠭ | ᠶᠠᠷᠢᠨ᠎ᠠ᠃ ︽ᠳᠠᠷᠢᠶᠠᠯᠠᠩ ᠤᠨ ᠮᠠᠰᠢᠨ ᠳᠧᠭᠨᠢᠭ ᠤᠨ ᠬᠤᠷᠰᠢᠶᠠᠵᠢᠯ ᠨᠢ ᠬᠡᠰᠢᠬᠦᠨ ᠡᠷᠦᠬᠡ ᠳᠤ ᠪᠤᠯ ᠮᠠᠰᠢᠨ ᠤ | ᠳᠤᠰᠤᠨ ᠰᠦᠢᠳᠬᠡᠯ᠂ ᠵᠢᠯᠤᠭᠤᠴᠢ ᠶᠢᠨ ᠬᠦᠯᠦᠰᠦ ᠯᠡ ᠬᠤᠷᠢᠶᠠᠵᠤ᠂ ᠶᠠᠳᠠᠭᠤ ᠬᠦᠴᠢᠷᠳᠡᠯᠳᠡᠢ ᠡᠷᠦᠬᠡ ᠳᠤ ᠮᠦ | ᠪᠦᠷᠢ ᠳᠤ 14 ᠳᠦᠬᠦᠷᠢᠭ ᠬᠤᠷᠢᠶᠡᠵᠤ ᠡᠬᠦᠨ ᠳᠤ 2 ᠳᠦᠬᠦᠷᠢᠭ ᠨᠢ ᠮᠠᠰᠢᠨ ᠢᠶᠠᠨ ᠠᠷᠠᠴᠢᠯᠠᠬᠤ ᠰᠦᠢᠳᠬᠡᠯ | ᠪᠠᠭᠳᠠᠨ᠎ᠠ︾ ᠬᠡᠵᠤ ᠳᠤᠰ ᠬᠤᠷᠰᠢᠶᠠᠵᠢᠯ ᠢ ᠡᠬᠦᠰᠬᠡᠨ ᠪᠠᠶᠢᠭᠤᠯᠤᠬᠴᠢ ᠳᠦᠬᠦᠷᠡᠩᠮᠠᠨᠳᠤᠯᠠ ᠪᠠᠶᠢᠳᠠᠯ ᠢ | ᠳᠠᠨᠢᠯᠴᠠᠭᠤᠯᠵᠤ ᠪᠠᠶᠢᠯ᠎ᠠ᠃ ᠦᠤᠰᠢᠨᠵᠤᠤ ᠪᠠᠯᠭᠠᠰᠤ ᠶᠢᠨ ᠪᠠᠶᠠᠨᠳᠤᠯᠤᠭᠠᠢ ᠭᠠᠴᠠᠭᠠᠨ ᠤ ᠠᠬᠢᠳᠤ ᠳᠠᠷᠢᠶᠠᠯᠠᠩ ᠤᠨ | ᠮᠠᠰᠢᠨ ᠮᠡᠷᠭᠡᠵᠢᠯ ᠤᠨ ᠦᠢᠯᠡᠴᠢᠯᠡᠬᠡᠨ ᠤ ᠬᠤᠷᠰᠢᠶᠠᠵᠢᠯ 2016 ᠤᠨ ᠳᠤ ᠪᠠᠶᠢᠭᠤᠯᠤᠬᠳᠠᠵᠤ᠂ 24 ᠬᠡᠰᠢᠬᠦᠨ | ᠡᠷᠦᠬᠡ᠂ ᠠᠷᠪᠠᠭᠠᠳ ᠶᠠᠳᠠᠭᠤ ᠬᠦᠴᠢᠷᠳᠡᠯᠳᠡᠢ ᠡᠷᠦᠬᠡ ᠬᠤᠪᠢ ᠤᠷᠤᠵᠤ᠂ 28 ᠳᠦᠮᠡᠨ ᠳᠦᠬᠦᠷᠢᠭ ᠤᠨ | ᠳᠠᠷᠢᠶᠠᠯᠠᠩ ᠤᠨ ᠮᠠᠰᠢᠨ ᠬᠤᠳᠠᠯᠳᠤᠨ ᠠᠪᠴᠤ᠂ ᠪᠤᠰᠤᠳ ᠭᠠᠴᠠᠭ᠎ᠠ ᠶᠢᠨ ᠭᠤᠴᠢᠭᠠᠳ ᠶᠠᠳᠠᠭᠤ ᠬᠦᠴᠢᠷᠳᠡᠯᠳᠡᠢ | ᠡᠷᠦᠬᠡ ᠳᠤ ᠬᠢᠮᠳᠡ ᠦᠨ᠎ᠡ ᠶᠢᠨ ᠳᠠᠷᠢᠶᠠᠯᠠᠩ ᠤᠨ ᠮᠠᠰᠢᠨ ᠤ ᠦᠢᠯᠡᠴᠢᠯᠡᠭᠡ ᠬᠠᠨᠭ᠍ᠭᠠᠵᠤ ᠰᠠᠶᠢᠨ ᠰᠠᠶᠢᠬᠠᠨ ᠡᠬᠢᠯᠡᠯᠳᠡ | ᠲᠠᠢ ᠪᠤᠯᠵᠠᠢ᠃ ᠨᠢᠳᠤᠨᠤᠨ᠂ ᠳᠤᠰ ᠭᠠᠴᠠᠭᠠᠨ ᠤ ᠬᠤᠯᠪᠤᠭ᠎ᠠ ᠪᠠᠶᠢᠭᠤᠯᠤᠨ ᠳᠡᠳᠬᠦᠨ ᠳᠡᠮᠵᠢᠬᠦ ᠪᠠᠶᠢᠭᠤᠯᠭ᠎ᠠ ᠪᠤᠯᠬᠤ | ᠦᠤᠰᠢᠨ ᠬᠤᠰᠢᠭᠤᠨ ᠤ ᠰᠤᠶᠤᠯ ᠤᠨ ᠳᠤᠪᠴᠢᠶ᠎ᠡ ᠪᠠᠶᠢᠴᠠᠭᠠᠨ ᠰᠤᠳᠤᠯᠤᠯᠳᠡ ᠬᠢᠬᠦ ᠳᠤᠮᠳᠠ ᠭᠠᠴᠠᠭ᠎ᠠ ᠳᠤᠰᠬᠤᠨ ᠤ | ᠳᠠᠷᠢᠶᠠᠯᠠᠩ ᠤᠨ ᠮᠠᠰᠢᠨᠴᠢᠯᠡᠯᠳᠡ ᠶᠢᠨ ᠬᠡᠮᠵᠢᠶ᠎ᠡ ᠳᠤᠤᠷ᠎ᠡ᠂ ᠪᠡᠯᠡ ᠮᠦᠡᠭᠬᠦ ᠳᠤᠳᠠᠬᠳᠠᠯ ᠲᠠᠢ ᠪᠠᠶᠢᠳᠠᠯ ᠢ ᠦᠨᠳᠦᠰᠦᠯᠡᠨ | ᠬᠤᠷᠰᠢᠶᠠᠵᠢᠯ ᠤᠨ ᠳᠠᠶᠢᠴᠢᠯᠠᠬᠤ ᠦᠢᠯᠡᠳᠦᠯ ᠢ ᠪᠠᠳᠠᠷᠠᠭᠤᠯᠬᠤ ᠪᠠᠷ ᠬᠠᠮᠢᠶ᠎ᠠ ᠪᠦᠬᠦᠢ ᠪᠠᠶᠢᠭᠤᠯᠭ᠎ᠠ ᠲᠠᠢ ᠵᠤᠬᠢᠴᠠᠵᠤ | ᠮᠠᠰᠢᠨ ᠳᠤᠨᠤᠬ ᠬᠤᠳᠠᠯᠳᠤᠨ ᠠᠪᠬᠤ᠂ ᠬᠦᠮᠦᠷᠬᠡ ᠪᠠᠶᠢᠭᠤᠯᠬᠤ ᠳᠤ 29 ᠳᠦᠮᠡᠨ ᠳᠦᠬᠦᠷᠢᠭ ᠤᠨ ᠨᠦᠬᠦᠪᠦᠷᠢ | ᠤᠯᠭᠤᠵᠤ᠂ ᠮᠠᠰᠢᠨ ᠳᠤᠨᠤᠬ ᠢ ᠨᠢ ᠪᠦᠷᠢᠨ ᠳᠦᠬᠦᠷ ᠪᠤᠯᠭᠠᠵᠤ᠂ ᠤᠨᠢᠨ ᠳᠡᠬᠡᠷ᠎ᠡ ᠨᠢ ᠶᠠᠳᠠᠭᠤ ᠶᠢ ᠳᠡᠳᠬᠦᠬᠦ᠂ ᠠᠵᠤ | ᠦᠢᠯᠡᠰ ᠢᠶᠠᠷ ᠶᠠᠳᠠᠭᠤ ᠶᠢ ᠳᠡᠳᠬᠦᠬᠦ ᠳᠤ ᠳᠦᠯᠬᠢᠬᠦ ᠬᠦᠴᠦᠨ ᠪᠤᠯᠭᠠᠵᠠᠢ᠃ ᠬᠤᠷᠰᠢᠶᠠᠵᠢᠯ ᠨᠢ ᠤᠳᠤᠬᠠᠨ ᠪᠤᠯᠳᠠᠯ᠎ᠠ | ᠳᠤᠰ ᠭᠠᠴᠠᠭᠠᠨ ᠤ ᠵᠢᠷᠠᠭᠠᠳ ᠡᠷᠦᠬᠡ᠂ ᠪᠤᠰᠤᠳ ᠭᠠᠴᠠᠭ᠎ᠠ ᠶᠢᠨ ᠭᠤᠴᠢᠭᠠᠳ ᠶᠠᠳᠠᠭᠤ ᠬᠦᠴᠢᠷᠳᠡᠯᠳᠡᠢ ᠡᠷᠦᠬᠡ ᠶᠢᠨ | 3000 ᠭᠠᠷᠤᠢ ᠮᠦ ᠳᠠᠷᠢᠶᠡᠨ ᠳᠤ ᠠᠷᠪᠠᠭᠠᠳ ᠳᠦᠮᠡᠨ ᠳᠦᠬᠦᠷᠢᠭ ᠤᠨ ᠦᠷᠳᠡᠭ ᠪᠦᠬᠦᠢ ᠳᠠᠷᠢᠶᠠᠯᠠᠩ ᠤᠨ | ᠮᠠᠰᠢᠨ ᠤ ᠦᠢᠯᠡᠴᠢᠯᠡᠭᠡ ᠬᠠᠨᠭ᠍ᠭᠠᠬᠰᠡᠨ ᠪᠠᠶᠢᠨ᠎ᠠ᠃ ︽ᠶᠠᠳᠠᠭᠤ ᠬᠦᠴᠢᠷᠳᠡᠯᠳᠡᠢ ᠡᠷᠦᠬᠡ ᠶᠢᠨ ᠰᠠᠭᠤᠷᠢ | ᠳᠦᠬᠦᠬᠡᠷᠦᠮᠵᠢ ᠶᠢᠨ ᠪᠦᠳᠦᠬᠡᠨ ᠪᠠᠶᠢᠭᠤᠯᠤᠯᠳᠠ ᠳᠤᠳᠠᠮᠠᠬ᠂ ᠮᠦᠨ ᠴᠤ ᠰᠠᠭᠤᠷᠢ ᠳᠦᠬᠦᠬᠡᠷᠦᠮᠵᠢ ᠶᠢᠨ ᠪᠦᠳᠦᠬᠡᠨ | ᠪᠠᠶᠢᠭᠤᠯᠤᠯᠳᠠ ᠶᠢᠨ ᠳᠠᠪᠬᠤᠷᠳᠡᠯ ᠠᠴᠠ ᠵᠠᠶᠢᠯᠠᠰᠬᠢᠵᠤ᠂ ᠬᠤᠷᠰᠢᠶᠠᠵᠢᠯ᠂ ᠳᠤᠯᠤᠭᠠᠢᠢᠯᠠᠭᠴᠢ ᠠᠵᠤ ᠠᠬᠤᠢᠢᠯᠡᠯ ᠢ | ᠳᠡᠮᠵᠢᠬᠦ ᠪᠠᠷ ᠳᠠᠶᠢᠴᠢᠯᠡᠨ ᠳᠠᠭᠠᠭᠤᠯᠬᠤ ᠦᠢᠯᠡᠳᠦᠯ ᠢ ᠨᠢ ᠪᠠᠳᠠᠷᠠᠭᠤᠯᠵᠤ᠂ ᠠᠵᠤ ᠦᠢᠯᠡᠰ ᠢᠶᠠᠷ ᠶᠠᠳᠠᠭᠤ ᠶᠢ | ᠳᠡᠳᠬᠦᠬᠦ ᠶᠢ ᠬᠡᠷᠡᠭᠵᠢᠬᠦᠯᠵᠤ ᠪᠤᠢ︾ ᠬᠡᠵᠤ ᠦᠤᠰᠢᠨ ᠬᠤᠰᠢᠭᠤᠨ ᠤ ᠰᠤᠶᠤᠯ ᠤᠨ ᠳᠤᠪᠴᠢᠶᠡᠨ ᠤ ᠳᠡᠳ᠋ ᠳᠠᠷᠤᠭ᠎ᠠ | ᠰᠤᠶᠤᠯᠳᠤᠬᠳᠠᠬᠤ ᠳᠠᠨᠢᠯᠴᠠᠭᠤᠯᠵᠤ ᠪᠠᠶᠢᠭᠰᠠᠨ ᠪᠢᠯᠡ᠃ | |