ᠤᠷᠳᠤᠰ ᠪᠥᠭᠡ ᠶᠢᠨ ᠲᠤᠬᠠᠢ
ᠨᠡᠶᠢᠲᠡᠯᠡᠭᠰᠡᠨ ᠴᠠᠭ᠄
2018-07-24
ᠬᠠᠳᠠᠬᠢᠨ ᠶᠠᠩ ᠲᠤᠯᠸ᠎ᠠ                     ᠤᠷᠳᠤᠰ ᠪᠥᠭᠡ ᠶᠢᠨ ᠲᠤᠬᠠᠢ     ᠪᠦᠭᠡ ᠭᠡᠳᠡᠭ ᠨᠢ ᠬᠦᠮᠦᠨ ᠤ ᠡᠷᠡᠬᠦᠯ ᠴᠢᠬᠢᠷᠠᠭ᠂ ᠵᠤᠷᠢᠭ ᠰᠦᠰᠤ᠂ ᠠᠷᠭ᠎ᠠ ᠰᠠᠮᠪᠠᠭ᠎ᠠ᠂ ᠬᠦᠴᠦ ᠴᠢᠳᠠᠯ᠂ ᠮᠡᠭᠡ ᠮᠡᠷᠭᠡᠵᠢᠯ ᠢ ᠶᠡᠷᠦᠩᠭᠡᠢ ᠳᠤ ᠨᠢ ᠬᠠᠮᠤᠷᠴᠤ ᠭᠡᠯᠡᠭᠰᠡᠨ ᠨᠠᠷ᠎ᠠ ᠪᠤᠯᠤᠨ᠎ᠠ᠃ ᠮᠤᠩᠭᠤᠯᠴᠤᠳ᠂ ᠤᠷᠤᠨ ᠨᠤᠳᠤᠭ᠂ ᠪᠠᠶᠢᠭᠠᠯᠢ ᠶᠢᠨ ᠤᠷᠴᠢᠨ ᠲᠤᠭᠤᠷᠢᠨ ᠤ ᠨᠦᠬᠦᠴᠠᠯ ᠠᠴᠠ ᠪᠤᠯᠵᠦ᠂ ᠡᠷᠳᠡ ᠢᠵᠠᠭᠤᠷ ᠠᠴᠠ ᠪᠠᠨ ᠮᠠᠯ ᠠᠵᠦ ᠠᠬᠤᠢ ᠪᠠᠷ ᠭᠤᠤᠯᠯᠠᠨ᠂ ᠠᠩ ᠬᠦᠷᠦᠭᠡ ᠬᠢᠬᠦ ᠪᠠᠷ ᠬᠠᠪᠰᠤᠷᠭᠠᠭᠰᠠᠨ ᠨᠠᠬᠦᠳᠠᠯ ᠠᠮᠢᠳᠤᠷᠠᠯ ᠬᠢᠳᠡᠭ ᠪᠠᠶᠢᠪᠠ᠃ ᠡᠮᠨᠢᠭ ᠲᠤᠭᠰᠢᠨ ᠠᠳᠤᠭᠤ ᠮᠠᠯ ᠲᠠᠢ ᠨᠤᠴᠤᠯᠳᠤᠵᠦ᠂ ᠠᠩ ᠬᠦᠷᠦᠭᠡ ᠬᠢᠬᠦ ᠪᠤᠯ ᠲᠠᠳᠠᠨᠤᠰ ᠤᠨ ᠡᠳᠤᠷ ᠲᠤᠳᠤᠮ ᠤᠨ ᠠᠮᠢᠳᠤᠷᠠᠯ ᠤᠨ ᠴᠢᠬᠤᠯᠨ ᠠᠭᠤᠯᠭ᠎ᠠ ᠪᠠ ᠬᠦᠳᠡᠯᠭᠡᠭᠡᠨ ᠨᠢ ᠪᠤᠯᠵᠦ ᠪᠠᠶᠢᠵᠠᠢ᠃     ᠦᠡᠭᠭᠡᠷᠡᠭᠰᠡᠨ ᠳᠤ ᠨᠤᠳᠤᠭ ᠤᠨ ᠠᠬᠠᠮᠠᠳ ᠪᠤᠭᠤᠷᠤᠯᠴᠤᠳ ᠪᠠ ᠤᠯᠠᠨ ᠲᠦᠮᠠᠨ ᠤ ᠲᠤᠮᠳᠠ ᠪᠦᠭᠡ ᠶᠢᠨ ᠰᠦᠢᠯᠭ᠎ᠠ ᠪᠤᠯᠪᠠᠰᠤᠷᠠᠯ ᠤᠨ ᠲᠠᠯ᠎ᠠ ᠪᠠᠷ ᠤᠯᠠᠨ ᠦᠯᠢᠭᠡᠷ ᠶᠠᠷᠢᠶ᠎ᠠ ᠪᠠᠶᠢᠵᠦ᠂ ᠠᠪᠤᠷᠭᠤ ᠪᠦᠭᠡᠴᠢᠨ ᠨᠠᠮᠵᠢᠯ ᠤᠨ ᠰᠦᠢᠯᠭ᠎ᠠ ᠪᠤᠯᠪᠠᠰᠤᠷᠠᠯ ᠪᠤᠯ ᠨᠢᠭᠡᠨ ᠪᠤᠳᠠᠳᠠᠢ ᠵᠢᠱᠢᠶ᠎ᠡ ᠪᠤᠯᠤᠨ᠎ᠠ᠃ ᠡᠶᠢᠮᠦ ᠠᠴᠠ ᠨᠤᠳᠤᠭ ᠤᠨ ᠪᠦᠭᠡᠴᠢᠨ ᠲᠤᠭᠤᠯ ᠢ ᠪᠠᠭ᠎ᠠ ᠠᠴᠠ ᠡᠳᠦᠷ ᠪᠦᠷᠢ ᠲᠠᠪᠠᠷᠢᠨ ᠬᠠᠨ᠎ᠠ ᠪᠠᠷ ᠭᠠᠷᠭᠠᠵᠦ ᠪᠢᠷᠠᠭᠤ ᠪᠤᠯᠳᠠᠯ᠎ᠠ ᠲᠠᠪᠠᠷᠢᠨ᠎ᠠ᠃ ᠦᠷᠮᠦᠭ ᠤᠨ ᠰᠤᠮᠠᠯ ᠳᠤ ᠮᠠᠩᠬ᠎ᠠ ᠬᠢᠵᠦ ᠡᠳᠤᠷ ᠪᠦᠷᠢ ᠪᠠᠭ᠎ᠠ ᠨᠠᠮᠠᠯᠳᠠ ᠬᠢᠵᠦ ᠰᠤᠮᠠᠯ ᠢ ᠲᠦᠬᠦᠷᠭᠡᠬᠦ ᠭᠡᠮᠵᠢᠶ᠎ᠠ ᠬᠦᠷᠳᠠᠯ᠎ᠠ ᠡᠨᠡ ᠬᠦ ᠰᠤᠮᠠᠯ ᠲᠠᠢ ᠮᠠᠩᠬ᠎ᠠ ᠪᠠᠨ ᠲᠠᠰᠢᠬᠤ᠂ ᠡᠬᠦᠷᠬᠦ᠂ ᠭᠤᠶᠠᠳᠠᠬᠤ ᠵᠡᠷᠭᠡ ᠶᠢᠨ ᠬᠦᠳᠡᠯᠭᠡᠭᠡᠨ ᠢ ᠬᠢᠵᠦ ᠨᠢᠭᠡ ᠰᠤᠮᠠᠯ ᠮᠠᠩᠬ᠎ᠠ ᠶᠢ ᠠᠮᠠᠷᠬᠠᠨ ᠬᠦᠳᠡᠯᠭᠡᠵᠦ ᠴᠢᠳᠠᠬᠤ ᠭᠡᠮᠵᠢᠶ᠎ᠠ ᠳᠤ ᠬᠦᠷᠭᠡᠨ᠎ᠠ᠃ ᠡᠨᠡ ᠨᠢ ᠬᠦᠴᠦᠨ ᠤ ᠪᠤᠯᠪᠠᠰᠤᠷᠠᠯ ᠪᠠ ᠲᠠᠰᠪᠤᠷᠢ ᠶᠢᠨ ᠪᠤᠯᠪᠠᠰᠤᠷᠠᠯ ᠪᠤᠯᠬᠤ ᠶᠤᠮ᠃ ᠮᠠᠯᠵᠢᠬᠤ ᠤᠷᠤᠨ ᠳᠤ ᠮᠤᠷᠢ ᠤᠷᠭᠠᠯᠠᠬᠤ ᠵᠡᠷᠭᠡ ᠶᠢᠨ ᠠᠵᠢᠯᠯᠠᠭ᠎ᠠ ᠨᠢ ᠬᠤᠷᠳᠤᠴᠠ ᠪᠤᠯᠤᠨ ᠬᠦᠴᠤᠨ ᠤ ᠪᠤᠯᠪᠠᠰᠤᠷᠠᠯ ᠪᠤᠯᠵᠦ ᠮᠠᠯᠴᠢᠳ ᠲᠤᠩ ᠲᠤᠷᠠᠳᠠᠢ ᠤᠷᠤᠯᠴᠠᠳᠠᠭ ᠪᠦᠭᠡᠳ ᠵᠤᠨ ᠤ ᠡᠬᠢᠨ ᠴᠠᠭ ᠪᠤᠯᠬᠤ ᠳᠤ ᠮᠠᠯᠵᠢᠬᠤ ᠤᠷᠤᠨ ᠳᠤ ᠮᠤᠷᠢ ᠲᠠᠯᠯᠠᠬᠦ᠂ ᠮᠠᠯ ᠳᠤ ᠢᠮ ᠲᠠᠮᠠᠭ᠎ᠠ ᠲᠠᠯᠪᠢᠬᠤ᠂ ᠡᠮᠨᠢᠭ ᠰᠤᠷᠭᠠᠬᠤ᠂ ᠦᠭᠡᠷ ᠪᠢᠷᠠᠭᠤ ᠬᠦᠡᠭᠭᠡᠯᠡᠬᠦ ᠳᠤ ᠵᠠᠯᠠᠭᠤᠴᠤᠳ ᠢᠳᠡᠪᠬᠢᠳᠠᠢ ᠤᠷᠤᠯᠴᠠᠨ ᠬᠦᠴᠦ ᠴᠢᠳᠠᠯ᠂ ᠬᠤᠷᠳᠤᠴᠠ ᠪᠠᠨ ᠰᠢᠯᠭᠠᠳᠠᠭ ᠪᠢᠯᠠ᠃ ᠡ᠊ᠨᠡ ᠨᠢ ᠪᠦᠷ ᠪᠦᠭᠡ ᠪᠠᠷᠢᠯᠳᠤᠯᠭ᠎ᠠ ᠶᠢᠨ ᠰᠠᠭᠤᠷᠢ ᠪᠤᠯᠪᠠᠰᠤᠷᠠᠯ ᠪᠤᠯᠬᠤ ᠶᠤᠮ᠃ ᠴᠢᠯᠦᠭᠡᠯᠡᠭᠳᠡᠬᠦ ᠠᠴᠠ ᠡᠮᠦᠨ᠎ᠠ ᠪᠦᠭᠡ ᠶᠢᠨ ᠰᠤᠷᠢᠶ᠎ᠠ ᠪᠤᠯᠪᠠᠰᠤᠷᠠᠯ ᠪᠠᠷᠤᠭ ᠪᠠᠶᠢᠭᠰᠠᠨ ᠦᠭᠡᠢ᠃ ᠭᠤᠤᠯᠳᠠᠭᠤ ᠰᠦᠮ᠎ᠠ ᠭᠡᠶᠢᠳ ᠤᠨ ᠭᠠᠵᠠᠷ ᠲᠦᠪᠯᠡᠷᠡᠨ ᠰᠠᠭᠤᠭᠰᠠᠨ ᠯᠠᠮᠨ ᠨᠠᠷ ᠤᠨ ᠲᠤᠳᠤᠷ᠎ᠠ ᠠᠴᠠ ᠪᠦᠭᠡ ᠪᠠᠷᠢᠯᠳᠤᠭᠰᠠᠨ ᠬᠦᠮᠦᠨ ᠤᠯᠠᠨ ᠰᠤᠨᠤᠰᠳᠠᠨ᠎ᠠ᠃ ᠹᠸᠤᠳᠠᠯ ᠤᠨ ᠶᠤᠰᠤᠨ ᠤ ᠬᠢᠵᠠᠭᠠᠷᠯᠠᠯ ᠪᠤᠯᠤᠨ ᠸᠠᠩ ᠬᠦᠩ ᠭᠡᠭᠡᠨ ᠬᠤᠳᠤᠭᠳᠤ ᠶᠢᠨ ᠬᠢᠵᠠᠭᠠᠷᠯᠠᠯ ᠢᠶᠠᠷ ᠬᠠᠷᠠᠴᠤ ᠬᠦᠮᠦᠨ ᠤ ᠪᠦᠭᠡ ᠶᠢᠨ ᠰᠤᠷᠢᠶ᠎ᠠ ᠪᠤᠯᠪᠠᠰᠤᠷᠠᠯ ᠪᠠ ᠤᠷᠤᠯᠳᠤᠭᠠᠨ ᠳᠤ ᠤᠷᠤᠯᠴᠠᠬᠤ ᠪᠤᠯᠤᠯᠴᠠᠭ᠎ᠠ ᠲᠤᠩ ᠪᠠᠭ᠎ᠠ ᠪᠠᠶᠢᠪᠠ᠃     ᠤᠷᠳᠤᠰ ᠪᠦᠭᠡ ᠶᠢᠨ ᠪᠤᠯᠪᠠᠰᠤᠷᠠᠯ ᠢ ᠠᠭᠤᠯᠭ᠎ᠠ ᠶᠢᠨ ᠲᠠᠯ᠎ᠠ ᠪᠠᠷ᠄ ᠬᠦᠴᠦ ᠪᠤᠯᠪᠠᠰᠤᠷᠠᠬᠤ᠂ ᠲᠠᠰᠪᠤᠷᠢ ᠪᠤᠯᠪᠠᠰᠤᠷᠠᠬᠤ᠂ ᠮᠡᠷᠭᠡᠵᠢᠯ ᠪᠤᠯᠪᠠᠰᠤᠷᠠᠬᠤ᠂ ᠬᠤᠷᠳᠤᠴᠠ ᠪᠤᠯᠪᠠᠰᠤᠷᠠᠬᠤ᠂ ᠰᠠᠷᠠᠯᠳᠠ ᠰᠠᠳᠠᠯᠳᠠ ᠶᠢᠨ ᠤᠬᠠᠭᠠᠨ ᠤ ᠪᠤᠯᠪᠠᠰᠤᠷᠠᠬᠤ ᠭᠡᠵᠦ ᠶᠡᠭᠡ ᠲᠦᠯᠦᠪ ᠠᠩᠬᠢᠯᠠᠳᠠᠭ᠃     1. ᠬᠦᠴᠦ ᠪᠤᠯᠪᠠᠰᠤᠷᠠᠬᠤ᠄ ᠠᠷᠠᠳ ᠤᠨ ᠦᠭᠡᠨ ᠳᠤ ︽ᠪᠠᠶ᠎ᠠ ᠴᠢᠳᠠᠯ ᠬᠤᠶᠠᠷ ᠪᠤᠯ ᠪᠦᠭᠡ ᠬᠦᠮᠦᠨ ᠤ ᠬᠦᠷᠦᠩᠭᠡ︾ ᠭᠡᠳᠡᠭ᠃ ᠡ᠊ᠨᠡ ᠨᠢ ᠪᠦᠭᠡ ᠬᠦᠮᠦᠨ ᠳᠤ ᠬᠦᠴᠦ ᠴᠢᠳᠠᠯ ᠨᠢ ᠬᠢᠷᠢ ᠵᠡᠷᠭᠡ ᠶᠢᠨ ᠴᠢᠬᠤᠯᠨ ᠭᠡᠳᠡᠭ ᠤᠨ ᠤᠨᠤᠪᠴᠢᠳᠠᠢ ᠬᠤᠷᠢᠶᠠᠩᠭᠤᠢᠢᠯᠠᠯ ᠮᠦᠨ᠃ ᠬᠦᠴᠦ ᠲᠠᠢ ᠲᠡᠭᠡᠷ᠎ᠠ ᠪᠠᠨ ᠮᠠᠷᠭᠡᠵᠢᠯ ᠲᠠᠢ ᠪᠤᠯᠪᠠᠯ ᠰᠠᠶ᠋ᠢ ᠪᠦᠭᠡ ᠪᠤᠯᠬᠤ ᠶᠤᠮ᠃     2. ᠲᠠᠰᠪᠤᠷᠢ ︵ᠠᠮᠢᠰᠬᠤᠯ ᠠᠭᠤᠵᠢᠷᠠᠭᠤᠯᠬᠤ︶ ᠪᠤᠯᠪᠠᠰᠤᠷᠠᠯ᠄ ᠪᠦᠭᠡ ᠶᠢᠨ ᠪᠠᠷᠢᠯᠳᠤᠬᠤ ᠴᠠᠭ ᠤᠷᠳᠤ ᠪᠤᠯᠬᠤᠷ ᠲᠠᠰᠪᠤᠷᠢ ᠲᠤᠩ ᠴᠢᠬᠤᠯᠠᠴᠢᠯᠠᠭᠳᠠᠳᠠᠭ᠃     3. ᠮᠠᠷᠭᠡᠵᠢᠯ ᠪᠤᠯᠪᠠᠰᠤᠷᠠᠬᠤ᠄ ᠮᠡᠭᠡ ᠮᠠᠷᠭᠡᠵᠢᠯ ᠪᠤᠯ ᠪᠦᠭᠡ ᠪᠤᠯᠬᠤ ᠳᠤ ᠭᠤᠤᠯ ᠡᠵᠡᠮᠰᠢᠬᠦ ᠲᠦᠷᠦᠯ ᠵᠦᠢᠯ ᠶᠤᠮ᠃ ᠬᠦᠴᠦ ᠪᠠᠶᠢᠭᠠᠳ ᠮᠡᠭᠡ ᠦᠭᠡᠢ ᠪᠤᠯ ᠪᠠᠰᠠ ᠪᠤᠯᠬᠤ ᠦᠭᠡᠢ᠂ ᠨᠢᠭᠡ ᠲᠦᠷᠦᠯ ᠤᠨ ᠪᠦᠭᠡ ᠶᠢᠨ ᠮᠡᠷᠭᠡᠵᠢᠯ ᠢ ᠰᠤᠷᠴᠤ ᠡᠵᠡᠮᠰᠢᠬᠦ ᠠᠴᠠ ᠡᠯ᠎ᠠ ᠲᠦᠷᠦᠯ ᠤᠨ ᠪᠦᠭᠡ ᠶᠢᠨ ᠮᠡᠭᠡ ᠶᠢ ᠰᠤᠷᠴᠤ ᠡᠵᠡᠮᠰᠢᠬᠦ ᠨᠢ ᠲᠤᠩ ᠴᠢᠬᠤᠯᠨ ᠪᠤᠯᠤᠨ᠎ᠠ᠃ ᠨᠢᠭᠡ ᠲᠦᠷᠦᠯ ᠤᠨ  ᠮᠡᠭᠡ ᠶᠢ ᠲᠡᠬᠢᠨ ᠲᠠᠪᠳᠠᠨ ᠬᠢᠵᠦ ᠡᠵᠡᠮᠰᠢᠨ ᠲᠡᠬᠢᠨ ᠨᠢᠭᠡ ᠲᠦᠷᠦᠯ ᠤᠨ ᠪᠦᠭᠡ ᠶᠢᠨ ᠮᠡᠭᠡ ᠰᠤᠷᠴᠤ ᠡᠵᠡᠮᠰᠢᠬᠦ ᠱᠠᠭᠠᠷᠳᠠᠯᠭ᠎ᠠ ᠱᠠᠭᠠᠷᠳᠠᠭᠳᠠᠳᠠᠭ ᠪᠠᠶᠢᠨ᠎ᠠ᠃     4. ᠬᠤᠷᠳᠤᠴᠠ ᠪᠤᠯᠪᠠᠰᠤᠷᠠᠬᠤ᠄ ᠬᠦᠴᠦ ᠴᠢᠳᠠᠯ᠂ ᠠᠮᠢᠰᠬᠤᠯ ᠲᠠᠪᠴᠢᠶᠠᠷᠢ᠂ ᠮᠡᠷᠭᠡᠵᠢᠯ ᠪᠠᠶᠢᠭᠠᠳ ᠬᠤᠷᠳᠤᠴᠠ ᠦᠭᠡᠢ ᠪᠤᠯ ᠮᠡᠷᠭᠡᠵᠢᠯ ᠬᠢᠯ᠎ᠠ ᠭᠡᠳ ᠠᠮᠠᠷᠬᠠᠨ ᠬᠠᠷᠢᠭᠤᠯᠤᠭᠳᠠᠳᠠᠭ᠃ ᠡᠶᠢᠮᠦ ᠠᠴᠠ ᠮᠡᠷᠭᠡᠵᠢᠯ ᠪᠤᠯᠪᠠᠰᠤᠷᠠᠬᠤ ᠳᠤ ᠵᠠᠪᠠᠯ ᠬᠤᠷᠳᠤᠴᠠ ᠶᠢ ᠪᠤᠯᠪᠠᠰᠤᠷᠠᠬᠤ ᠭᠡᠷᠡᠭᠳᠠᠢ᠃     5. ᠰᠠᠷᠠᠯᠳᠠ ᠰᠠᠳᠠᠯᠳᠠ ᠶᠢᠨ ᠤᠬᠠᠭᠠᠨ ᠢ ᠪᠤᠯᠪᠠᠰᠤᠷᠠᠬᠤ᠄ ᠬᠢᠴᠠ ᠮᠡᠷᠭᠡᠵᠢᠯ ᠬᠢᠭᠰᠡᠨ ᠴᠤ ᠲᠠᠷᠨ᠂ ᠬᠠᠷᠢᠭᠤ ᠮᠠᠷᠭᠡᠵᠢᠯ ᠭᠡᠭᠰᠡᠨ ᠴᠤ ᠲᠠᠷᠨ᠂ ᠪᠦᠬᠦᠨ ᠢ ᠬᠠᠷᠠᠵᠦ ᠪᠠᠶᠢᠭᠠᠳ ᠬᠢᠬᠦ ᠪᠤᠶᠤ ᠬᠠᠷᠢᠭᠤᠯᠬᠤ ᠳᠤ ᠪᠡᠷᠭᠡ ᠪᠠᠶᠢᠳᠠᠭ᠃ ᠵᠠᠷᠢᠮ ᠦᠶ᠎ᠠ ᠳᠤ ᠰᠠᠷᠠᠯᠳᠠ ᠰᠠᠳᠠᠯᠳᠠ ᠪᠠᠷ ᠢᠶᠠᠨ ᠬᠢᠬᠦ ᠪᠤᠶᠤ ᠬᠠᠷᠢᠭᠤᠯᠬᠤ ᠱᠠᠭᠠᠷᠳᠠᠭᠳᠠᠳᠠᠭ᠃ ᠰᠠᠷᠠᠯᠳᠠ ᠰᠠᠳᠠᠯᠳᠠ ᠪᠠᠷ ᠪᠠᠷᠢᠯᠳᠤᠬᠤ ᠪᠤᠯ ᠨᠢᠭᠡ ᠪᠦᠭᠡ ᠶᠢᠨ ᠪᠤᠯᠪᠠᠰᠤᠷᠠᠯ ᠤᠨ ᠭᠡᠮᠵᠢᠶ᠎ᠠ ᠶᠢ ᠵᠢᠭᠠᠬᠤ ᠴᠢᠬᠤᠯᠨ ᠪᠠᠷᠢᠮᠵᠢᠶ᠎ᠠ ᠶᠤᠮ᠃ ᠪᠦᠭᠡ ᠪᠠᠷᠢᠯᠳᠤᠬᠤ ᠦᠶ᠎ᠠ ᠳᠤ ᠤᠨᠤᠭ᠎ᠠ ᠶᠢᠨ ᠮᠡᠷᠭᠡᠵᠢᠯ᠂ ᠪᠠᠷᠢᠯᠳᠤᠬᠤ ᠠᠷᠭ᠎ᠠ ᠮᠠᠶ᠋ᠢᠭ ᠢ ᠤᠢᠢᠯᠠᠭᠠᠵᠦ᠂ ᠵᠤᠬᠢᠬᠤ ᠠᠷᠭ᠎ᠠ ᠮᠠᠷᠭᠡᠵᠢᠯ ᠢᠶᠠᠨ ᠲᠤᠭᠳᠠᠭᠠᠳᠠᠭ ᠨᠢ ᠲᠠᠷᠤᠢ ᠰᠠᠷᠠᠯᠳᠠ ᠰᠠᠳᠠᠯᠳᠠ ᠶᠢᠨ ᠤᠬᠠᠭᠠᠨ ᠪᠤᠯᠤᠨ᠎ᠠ᠃ ᠡ᠊ᠨᠡ ᠨᠢ ᠨᠢᠭᠡ ᠪᠦᠭᠡ ᠶᠢᠨ ᠪᠤᠯᠪᠠᠰᠤᠷᠠᠯ ᠤᠨ ᠬᠢᠷᠢ ᠭᠡᠮᠵᠢᠶ᠎ᠠ ᠪᠠ ᠮᠠᠷᠭᠡᠵᠢᠯ ᠢ ᠡᠵᠡᠮᠰᠢᠵᠦ ᠪᠠᠶᠢᠭ᠎ᠠ ᠶᠢᠨ ᠪᠤᠳᠠᠳᠤ ᠢᠯᠠᠷᠠᠯ ᠪᠤᠯᠬᠤ ᠶᠤᠮ᠃     ᠤᠷᠳᠤᠰ ᠪᠦᠭᠡ ᠪᠤᠯ ᠮᠠᠨ ᠤ ᠤᠷᠳᠤᠰᠴᠤᠳ ᠦᠶ᠎ᠠ ᠤᠯᠠᠷᠢᠨ ᠬᠠᠶᠢᠷᠠᠯᠠᠨ ᠬᠠᠮᠠᠭᠠᠯᠠᠵᠦ ᠬᠦᠭᠵᠢᠬᠦᠯᠦᠭᠰᠡᠭᠡᠷ ᠢᠷᠡᠭᠰᠡᠨ ᠲᠠᠷᠬᠠᠨ ᠰᠤᠶᠤᠯ ᠮᠦᠨ᠃ ᠪᠢᠳᠠ ᠡ᠊ᠨᠡ ᠬᠦ ᠰᠤᠶᠤᠯ ᠢᠶᠠᠨ ᠤᠯᠠᠮ ᠢᠯᠡᠬᠦᠦ ᠬᠠᠶᠢᠷᠠᠯᠠᠨ ᠬᠠᠮᠠᠭᠠᠯᠠᠵᠦ ᠬᠦᠭᠵᠢᠬᠦᠯᠬᠦ ᠪᠤᠯ ᠪᠢᠳᠠᠨ ᠤ ᠡᠬᠦᠷᠭᠡ ᠶᠤᠮ᠃ ᠪᠢᠳᠠ ᠤᠳᠤ ᠰᠢᠨ᠎ᠠ ᠡᠷᠢᠨ ᠤ ᠬᠤᠪᠢ ᠳᠤ ᠡ᠊ᠨᠡ ᠬᠦ ᠲᠠᠷᠬᠠᠨ ᠰᠤᠶᠤᠯ ᠢᠶᠠᠨ ᠭᠡᠷᠬᠢᠨ ᠬᠠᠮᠠᠭᠠᠯᠠᠵᠦ ᠬᠦᠭᠵᠢᠬᠦᠯᠬᠦ ᠲᠤᠬᠠᠢ ᠢᠯᠡᠬᠦᠭᠡᠨ ᠪᠤᠳᠤᠯᠬᠢᠯᠠᠵᠦ᠂ ᠪᠦᠭᠡ ᠶᠢᠨ ᠮᠡᠷᠭᠡᠵᠢᠯ ᠢ ᠲᠡᠭᠡᠭᠰᠢᠯᠡᠬᠦᠯᠬᠦ᠂ ᠪᠦᠭᠡ ᠶᠢᠨ ᠴᠢᠨᠠᠷ ᠴᠢᠠᠰᠠᠭ᠎ᠠ ᠶᠢ ᠰᠠᠶᠢᠵᠢᠷᠠᠭᠤᠯᠬᠤ ᠲᠠᠯ᠎ᠠ ᠪᠠᠷ ᠲᠤᠷᠰᠢᠯᠭ᠎ᠠ ᠪᠠᠨ ᠳ᠋ᠦᠡᠭᠨᠠᠨ ᠪᠤᠰᠤᠳ ᠠᠴᠠ ᠰᠤᠷᠤᠯᠴᠠᠬᠤ ᠴᠢᠬᠤᠯᠠᠳᠠᠢ ᠪᠠᠶᠢᠨ᠎ᠠ᠃
 
ᠢᠷᠡᠯᠲᠡ᠄ ︽ᠵᠢᠷᠠᠨ ᠬᠠᠶᠢᠯᠠᠰᠤ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号