ᠽᠠᠠᠳᠠᠨ ᠬᠦᠷᠠᠩ
ᠨᠡᠶᠢᠲᠡᠯᠡᠭᠰᠡᠨ ᠴᠠᠭ᠄
2018-07-27
 ᠽᠠᠠᠳᠠᠨ ᠬᠦᠷᠠᠩ①※ ᠽᠠᠠᠳᠠᠨ ᠬᠦᠷᠠᠩ ᠢᠶᠠᠨ ᠤᠨᠤᠶ᠎ᠠ ᠳ᠋ᠤᠤ \ ᠽᠠᠠᠳᠠᠨ ᠵᠤᠤ ᠳᠤ ᠪᠠᠨ ᠮᠦᠷᠬᠦᠶ᠎ᠠ᠂     ᠽᠠᠮᠪᠤᠲᠢᠪ ᠤᠨ ᠠᠮᠢᠳᠠᠨ \ ᠠᠮᠤᠷ ᠵᠢᠷᠭᠠᠬᠤ ᠪᠤᠯᠳᠤᠭᠠᠢ᠃※ ᠵᠤᠷᠢᠭ ᠰᠠᠶᠢᠳᠤ ᠵᠡᠭᠡᠷᠳᠠ ᠪᠠᠨ \ ᠵᠤᠭᠰᠤᠭᠠᠯ ᠦᠭᠡᠢ ᠤᠨᠤᠶ᠎ᠠ ᠳ᠋ᠤᠤ᠂     ᠵᠤᠤ ︵ᠯᠠ︶ ᠪᠤᠭᠳᠠ ᠶᠢᠨ ᠭᠡᠭᠡᠨ ᠳᠤ ᠪᠠᠨ \ ᠵᠤᠷᠢᠭᠯᠠᠨ ᠪᠠᠶᠢᠵᠦ ᠮᠦᠷᠬᠦᠶ᠎ᠠ ᠳ᠋ᠤᠤ᠃     ᠠᠯᠳᠠᠨ ᠲᠤᠪᠴᠢ ᠪᠠᠶᠢᠳᠠᠯ᠎ᠠ \ ᠠᠯᠳᠠᠷᠠᠳᠠᠭ ᠨᠢ ᠶᠠᠭᠤᠨ ᠠᠴᠠ ᠪᠤᠢ᠂     ᠠᠳᠠᠯᠢᠬᠠᠨ ᠦᠷ᠎ᠠ ᠪᠠᠶᠢᠳᠠᠯ᠎ᠠ \ ᠢᠯᠭᠠᠨ ᠰᠠᠯᠭᠠᠳᠠᠭ ᠨᠢ ᠶᠠᠭᠤᠨ ᠠᠴᠠ ᠪᠤᠢ᠃     ᠮᠦᠩᠭᠦᠨ ᠲᠤᠪᠴᠢ ᠪᠠᠶᠢᠳᠠᠯ᠎ᠠ \ ᠮᠦᠯᠳᠦᠷᠡᠳᠡᠭ ᠨᠢ ᠶᠠᠭᠤᠨ ᠠᠴᠠ ᠪᠤᠢ᠂     ᠮᠦᠨ ︵ᠴᠦ︶ ᠦᠷ᠎ᠠ ᠪᠠᠶᠢᠳᠠᠯ᠎ᠠ \ ᠢᠯᠭᠠᠨ ᠰᠠᠨᠠᠳᠠᠭ ᠨᠢ ᠶᠠᠭᠤᠨ ᠠᠴᠠ ᠪᠤᠢ᠃     ᠬᠠᠰ ᠲᠤᠪᠴᠢ ᠪᠠᠶᠢᠳᠠᠯ᠎ᠠ \ ᠬᠠᠨᠵᠠᠷᠠᠨ᠎ᠠ ᠭᠡᠭᠴᠢ ᠶᠠᠭᠤᠨ ᠠᠴᠠ ᠪᠤᠢ᠂     ᠬᠠᠶᠢᠷᠠᠳᠤ ᠦᠷ᠎ᠠ ᠴᠢᠨᠢ ᠪᠠᠶᠢᠳᠠᠯ᠎ᠠ \ ᠢᠯᠭᠠᠨ ᠰᠠᠨᠠᠳᠠᠭ ᠨᠢ ᠶᠠᠭᠤᠨ ᠠᠴᠠ ᠪᠤᠢ᠃     ᠵᠠᠰ ᠲᠤᠪᠴᠢ ᠪᠠᠶᠢᠳᠠᠯ᠎ᠠ \ ᠵᠢᠪᠠᠷᠠᠨ᠎ᠠ ᠭᠡᠭᠴᠢ ᠶᠠᠭᠤᠨ ᠠᠴᠠ ᠪᠤᠢ᠂     ᠵᠢᠩᠬᠢᠨᠢ ᠦᠷ᠎ᠠ ᠪᠠᠶᠢᠳᠠᠯ᠎ᠠ \ ᠢᠯᠭᠠᠨ ᠰᠠᠨᠠᠳᠠᠭ ᠨᠢ ᠶᠠᠭᠤᠨ ᠠᠴᠠ ᠪᠤᠢ᠃     ᠠᠳᠠᠷ ᠲᠡᠭᠡᠬᠦᠷ ᠬᠦᠶᠦᠳᠠᠯ ᠲᠠᠢ \ ᠠᠯᠠᠭ ᠴᠤᠬᠤᠷ ᠮᠤᠷᠢ ᠮᠢᠨᠢ᠂     ᠠᠯᠳᠠ ᠮᠦᠩᠭᠦ ᠪᠠᠷ ᠴᠢᠮᠡᠭᠰᠠᠨ \ ᠭᠡᠤᠭᠡᠨ ᠦᠷ᠎ᠠ ᠮᠢᠨᠢ ᠬᠦᠮᠦᠨ ᠤ ᠳᠤ᠃     ᠬᠠᠳᠠᠨ ᠲᠡᠭᠡᠬᠦᠷ ᠬᠦᠶᠦᠳᠠᠯ ᠲᠠᠢ \ ᠬᠠᠯᠢᠭᠤᠨ ᠴᠤᠬᠤᠷ ᠮᠤᠷᠢ ᠮᠢᠨᠢ᠂     ᠬᠠᠮᠪᠤ ᠲᠤᠷᠭ᠎ᠠ ᠪᠠᠷ ᠴᠢᠮᠡᠭᠰᠠᠨ \ ᠭᠡᠤᠭᠡᠨ ᠦᠷ᠎ᠠ ᠬᠦᠮᠦᠨ ᠤ ᠳᠤ᠃     ᠮᠠᠩᠬᠠᠨ ᠲᠡᠭᠡᠬᠦᠷ ᠬᠦᠶᠦᠳᠠᠯ ᠲᠠᠢ \ ᠮᠠᠩᠨᠠᠢ ᠬᠠᠯᠵᠠᠨ ᠮᠤᠷᠢ ︵ᠯᠠ︶ ᠮᠢᠨᠢ᠂     ᠮᠠᠩᠨᠤᠭ ᠲᠤᠷᠭ᠎ᠠ ᠪᠠᠷ ᠴᠢᠮᠡᠭᠰᠠᠨ \ ᠭᠡᠤᠭᠡᠨ ᠦᠷ᠎ᠠ ᠬᠦᠮᠦᠨ ᠤ ᠳᠤ᠃     ᠮᠦᠰᠤᠨ ᠲᠡᠭᠡᠬᠦᠷ ᠬᠦᠶᠦᠯᠭᠡᠳᠡᠭ \ ᠮᠦᠩᠭᠦᠨ ᠴᠤᠬᠤᠷ ᠮᠤᠷᠢ ᠮᠢᠨᠢ᠂     ᠮᠦᠩᠬᠦ ᠱᠢᠷᠤ ᠪᠠᠷ ᠴᠢᠮᠡᠭᠰᠠᠨ \ ᠭᠡᠤᠭᠡᠨ ᠦᠷ᠎ᠠ ᠬᠦᠮᠦᠨ ᠤ ᠳᠤ᠃     ᠰᠤᠭᠤᠯ ᠲᠡᠭᠡᠬᠦᠷ ᠬᠦᠶᠦᠯᠭᠡᠳᠡᠭ \ ᠰᠤᠬᠠᠢ ᠵᠡᠭᠡᠷᠳᠠ ᠮᠤᠷᠢ ᠮᠢᠨᠢ᠂     ᠰᠤᠪᠤᠳ ᠱᠢᠷᠤ ᠪᠠᠷ ᠴᠢᠮᠡᠭᠰᠠᠨ \ ᠭᠡᠤᠭᠡᠨ ᠦᠷ᠎ᠠ ᠬᠦᠮᠦᠨ ᠤ ᠳᠤ᠃     ᠠᠭᠤᠯᠠ ᠲᠡᠭᠡᠬᠦᠷ ᠭᠠᠷᠬᠤ ᠳᠤ \ ᠤᠰᠤ ᠪᠤᠯᠠᠭ ᠤᠷᠤᠰᠤᠨ᠎ᠠ᠂     ᠤᠷᠳᠤᠰ ᠵᠢᠷᠭᠤᠭᠠᠨ ᠬᠤᠰᠢᠭᠤ ᠮᠢᠨᠢ \ ᠢᠯᠭᠠᠷᠠᠵᠦ ᠬᠠᠷᠠᠭᠳᠠᠨ᠎ᠠ᠃     ᠠᠯᠳᠠᠨ ᠪᠦᠷᠢᠶ᠎ᠠ ᠪᠠᠨ ᠲᠠᠳᠠᠨᠠᠮ \ ᠠᠰᠢᠳᠠ ᠶᠢᠨ ᠬᠤᠷᠠᠯ ᠢᠶᠠᠨ ᠬᠤᠷᠠᠶ᠎ᠠ᠂     ᠠᠷᠪᠠᠨ ᠵᠦᠭ ᠤᠨ ᠠᠮᠢᠳᠠᠨ \ ᠠᠮᠤᠷ ᠵᠢᠷᠭᠠᠬᠤ ᠪᠤᠯᠳᠤᠭᠠᠢ᠃※ ᠮᠦᠩᠬᠦᠨ ᠪᠦᠷᠢᠶ᠎ᠠ ᠪᠠᠨ ᠲᠠᠳᠠᠨᠠᠮ \ ᠮᠦᠩᠭᠡ ᠬᠤᠷᠠᠯ ᠢᠶᠠᠨ ᠬᠤᠷᠠᠶ᠎ᠠ᠂     ᠮᠦᠩᠭᠡ ᠲᠦᠮᠠᠨ ᠠᠮᠢᠳᠠᠨ \ ᠮᠠᠠᠳᠤ ᠵᠢᠷᠭᠠᠬᠤ ᠪᠤᠯᠳᠤᠭᠠᠢ᠃※ ᠵᠠᠰ ᠪᠦᠷᠢᠶ᠎ᠠ ᠪᠠᠨ ᠲᠠᠳᠠᠨᠠᠮ \ ᠵᠢᠯ ᠤᠨ ᠬᠤᠷᠠᠯ ᠢᠶᠠᠨ ᠬᠤᠷᠠᠶ᠎ᠠ᠂     ᠠᠯᠢ ︵ᠴᠤ︶ ᠭᠡᠶᠢᠳ ᠤᠨ ᠱᠠᠪᠢ ᠨᠠᠷ \ ᠠᠮᠤᠷ ᠵᠢᠷᠭᠠᠬᠤ ᠪᠤᠯᠳᠤᠭᠠᠢ᠃※ ᠠᠯᠳᠠᠨ ᠪᠤᠮᠪᠠ ᠲᠠᠢ ᠷᠠᠰᠢᠶᠠᠨ \ ᠠᠷᠪᠢᠵᠢᠬᠤ ᠪᠤᠯᠳᠤᠭᠠᠢ᠂     ᠠᠯᠳᠠᠨ ᠭᠡᠶᠢᠳ ᠤᠨ ᠱᠠᠪᠢ ᠨᠠᠷ \ ᠠᠮᠤᠷ ᠵᠢᠷᠭᠠᠬᠤ ᠪᠤᠯᠳᠤᠭᠠᠢ᠃※ ᠮᠦᠩᠭᠦᠨ ᠪᠤᠮᠪᠠ ᠲᠠᠢ ᠷᠠᠰᠢᠶᠠᠨ \ ᠮᠦᠩᠭᠡᠷᠡᠬᠦ ᠪᠤᠯᠳᠤᠭᠠᠢ᠂     ᠮᠦᠩᠭᠡ ᠵᠤᠤ ᠶᠢᠨ ᠱᠠᠪᠢ ᠨᠠᠷ \ ᠠᠮᠤᠷ ᠵᠢᠷᠭᠠᠬᠤ ᠪᠤᠯᠳᠤᠭᠠᠢ᠃     ᠤᠷᠤᠭ᠎ᠠ ᠭᠠᠯᠵᠠᠭᠤ ᠬᠦᠶᠦᠳᠠᠯ ᠲᠠᠢ \ ᠤᠳᠤᠨ ᠴᠤᠬᠤᠷ ᠮᠤᠷᠢ ᠮᠢᠨᠢ᠂     ᠤᠭ᠍ᠶᠤ ᠱᠢᠷᠦ ᠪᠠᠷ ᠴᠢᠮᠡᠭᠰᠠᠨ \ ᠭᠡᠤᠭᠡᠨ ᠦᠷ᠎ᠠ ᠬᠦᠮᠦᠨ ᠤ ᠳᠤ᠃     ᠡᠩᠬᠦᠷᠠᠶᠢᠯᠠᠵᠦ ᠦᠰᠭᠡᠭᠰᠡᠨ \ ᠡᠵᠢ ᠮᠢᠨᠢ ᠰᠠᠨᠠᠭᠳᠠᠭᠠᠳ᠂     ᠡᠵᠢ ᠠᠪᠤ ᠪᠠᠨ ᠪᠤᠳᠤᠬᠤᠯ᠎ᠠ \ ᠡᠩᠭᠡᠷ ᠲᠦᠬᠦᠷᠠᠩ ᠨᠢᠯᠪᠤᠰᠤ᠃     ᠠᠯᠠᠭ ᠮᠤᠷᠢ ᠮᠢᠨᠢ ᠦᠰᠪᠠᠯ \ ᠠᠶᠠᠨ ᠵᠠᠮ ᠳᠤ ᠪᠠᠨ ᠵᠠᠶᠠᠭᠠᠳᠠᠢ᠂     ᠠᠩᠭ᠎ᠠ ᠭᠡᠤᠭᠡᠳ ᠴᠢᠨᠢ ᠦᠰᠪᠠᠯ \ ᠠᠶᠢᠯ ᠤᠨ ᠡᠬᠦᠳᠠᠨ ᠳᠤ ᠵᠠᠶᠠᠭᠠᠳᠠᠢ᠃     ᠬᠠᠷ᠎ᠠ ᠮᠤᠷᠢ ᠮᠢᠨᠢ ᠦᠰᠪᠠᠯ \ ᠬᠠᠩᠭᠠᠢ ᠵᠠᠮ ᠳᠤ ᠪᠠᠨ ᠵᠠᠶᠠᠭᠠᠳᠠᠢ᠂     ᠬᠠᠷ᠎ᠠ ᠪᠠᠭ᠎ᠠ ᠶᠢᠨ ᠪᠢᠳᠠᠨ ᠴᠢᠨᠢ \ ᠬᠠᠷᠢ ᠭᠠᠵᠠᠷ ᠵᠠᠶᠠᠭᠠᠳᠠᠢ᠃     ᠬᠦᠷᠠᠩ ᠵᠡᠭᠡᠷᠳᠠ ᠮᠢᠨᠢ ᠦᠰᠪᠠᠯ \ ᠬᠦᠠᠳᠠᠢ ᠵᠠᠮ ᠳᠤ ᠪᠠᠨ ᠵᠠᠶᠠᠭᠠᠳᠠᠢ᠂     ᠬᠡᠣᠬᠡᠨ ᠪᠢᠳᠠᠨ ᠴᠢᠨᠢ ᠦᠰᠪᠡᠯ  \  ᠬᠦᠮᠦᠨ ᠤ ᠭᠠᠵᠠᠷ ᠵᠠᠶᠠᠭᠠᠳᠠᠢ᠃         ᠡᠮᠨᠢᠭ ᠬᠡᠬᠡᠷ ᠮᠣᠷᠢ ᠮᠢᠨᠢ \ ᠡᠮᠡᠭᠡᠯ ᠶᠠᠭᠤᠳᠠᠢ ᠵᠣᠬᠢᠰᠳᠠᠢ᠂     ᠡᠷᠢᠩᠭᠡ ᠳᠤ ᠪᠠᠨ ᠵᠣᠬᠢᠷᠠᠭᠰᠠᠨ \ ᠣᠯᠠᠨ ᠲᠦᠮᠡᠨ ᠬᠤᠸᠠᠷᠠᠭ᠃     ᠪᠣᠷᠣ ᠮᠣᠷᠢ ᠪᠠᠨ ᠣᠨᠣᠶ᠎ᠠ ᠳ᠋ᠣᠣ \ ᠪᠣᠭᠳᠠ ᠡᠵᠡᠨ ᠳᠤ ᠪᠠᠨ ᠮᠦᠷᠭᠦᠶ᠎ᠠ᠂     ᠪᠣᠷᠣ ᠲᠣᠬᠤᠢ ᠶᠢᠨ ᠠᠮᠢᠳᠠᠨ \ ᠠᠮᠣᠷ ᠵᠢᠷᠭᠠᠬᠤ ᠪᠣᠯᠳᠣᠭᠠᠢ᠃     ᠨᠣᠭᠤᠭᠠᠨ ᠲᠠᠯ᠎ᠠ ᠶᠢᠨ ᠡᠬᠢᠨ ᠳᠤ \ ᠨᠣᠭᠤᠭᠠᠨ ᠣᠭ᠍ᠶᠤ ᠡᠷᠳᠡᠨᠢ᠂     ᠨᠣᠮᠳᠣ ᠲᠡᠪᠡᠯ ᠳᠤ ᠪᠠᠨ ᠵᠣᠬᠢᠷᠠᠭᠰᠠᠨ \ ᠣᠯᠠᠨ ᠲᠦᠮᠡᠨ ᠬᠤᠸᠠᠷᠠᠭ᠃     ᠴᠠᠭᠠᠨ ᠲᠠᠯ᠎ᠠ ᠶᠢᠨ ᠡᠬᠢᠨ ᠳᠤ \ ᠴᠠᠭᠠᠨ ᠰᠣᠪᠣᠳ ᠡᠷᠳᠡᠨᠢ᠂     ᠴᠠᠬᠠᠷ ᠨᠠᠢᠮᠠᠨ ᠬᠤᠰᠢᠭᠤᠨ ᠳᠤ \ ᠮᠠᠨ ᠤ ᠨᠦᠭᠦᠳ ᠡᠷᠳᠡᠨᠢ᠃     ᠨᠢᠭᠡ ᠲᠠᠪᠠᠭ᠎ᠠ ᠶᠢ ᠲᠠᠪᠠᠭᠠᠳᠣᠢ \ ᠡᠯᠢᠭᠡ ᠮᠢᠨᠢ ᠰᠢᠮᠰᠢᠷᠡᠨ᠎ᠡ᠂     ᠨᠢᠭᠡᠭᠡᠨ ᠰᠠᠷ᠎ᠠ ᠪᠣᠯᠣᠭᠠᠳᠣᠢ \ ᠡᠵᠢ ᠠᠪᠦ ᠮᠢᠨᠢ ᠪᠣᠳᠣᠭᠳᠠᠨ᠎ᠠ᠃     ᠬᠤᠶᠠᠷ  ᠲᠠᠪᠠᠭ᠎ᠠ ᠶᠢ ᠲᠠᠪᠠᠭᠠᠳᠣᠢ \ ᠬᠤᠷᠮᠣᠢ ᠮᠢᠨᠢ ᠡᠯᠡᠭᠳᠡᠨ᠎ᠡ᠂     ᠬᠤᠶᠠᠷᠬᠠᠨ ᠰᠠᠷ᠎ᠠ ᠪᠣᠯᠣᠭᠠᠳᠣᠢ \ ᠡᠵᠢ  ᠮᠢᠨᠢ ᠪᠣᠳᠣᠭᠳᠠᠨ᠎ᠠ᠃     ᠭᠤᠷᠪᠠᠨ ᠲᠠᠪᠠᠭ᠎ᠠ ᠶᠢ ᠲᠠᠪᠠᠭᠠᠳᠣᠢ \ ᠭᠤᠳᠣᠯ ᠮᠢᠨᠢ ᠡᠯᠡᠭᠳᠡᠨ᠎ᠡ᠂     ᠭᠤᠷᠪᠠᠨ ᠰᠠᠷ᠎ᠠ ᠪᠣᠯᠣᠭᠠᠳᠣᠢ \ ᠡᠵᠢ ᠠᠪᠦ ᠮᠢᠨᠢ ᠪᠣᠳᠣᠭᠳᠠᠨ᠎ᠠ᠃     ᠲᠦᠷᠪᠡᠨ ᠲᠠᠪᠠᠭ᠎ᠠ ᠶᠢ ᠲᠠᠪᠠᠭᠠᠳᠣᠢ \ ᠲᠦᠷᠦᠭᠡ ᠮᠢᠨᠢ ᠡᠯᠡᠭᠳᠡᠨ᠎ᠡ᠂     ᠲᠦᠷᠪᠡᠨ ᠰᠠᠷ᠎ᠠ ᠪᠣᠯᠣᠭᠠᠳᠣᠢ \ ᠡᠵᠢ ᠠᠪᠦ ᠮᠢᠨᠢ ᠰᠠᠨᠠᠭᠳᠠᠨ᠎ᠠ᠃     ᠲᠠᠪᠣᠨ ᠲᠠᠪᠠᠭ᠎ᠠ ᠶᠢ ᠲᠠᠪᠠᠭᠠᠳᠣᠢ \ ᠲᠠᠪᠠᠭ ᠮᠢᠨᠢ ᠡᠯᠡᠭᠳᠡᠨ᠎ᠡ᠂     ᠲᠠᠪᠣᠨ ᠰᠠᠷ᠎ᠠ ᠪᠣᠯᠣᠭᠠᠳᠣᠢ \ ᠡᠵᠢ ᠠᠪᠦ ᠮᠢᠨᠢ ᠰᠠᠨᠠᠭᠳᠠᠨ᠎ᠠ᠃     ᠵᠢᠷᠭᠤᠭᠠᠨ ᠲᠠᠪᠠᠭ᠎ᠠ ᠶᠢ ᠲᠠᠪᠠᠭᠠᠳᠣᠢ \ ᠵᠣᠯᠤᠭ ᠮᠢᠨᠢ ᠡᠯᠡᠭᠳᠡᠨ᠎ᠡ᠂     ᠵᠢᠷᠭᠤᠭᠠᠨ ᠰᠠᠷ᠎ᠠ ᠪᠣᠯᠣᠭᠠᠳᠣᠢ \ ᠡᠵᠢ ᠠᠪᠦ ᠮᠢᠨᠢ ᠪᠣᠳᠣᠭᠳᠠᠨ᠎ᠠ᠃     ᠲᠣᠯᠣᠭᠠᠨ ᠲᠠᠪᠠᠭ᠎ᠠ ᠶᠢ ᠲᠠᠪᠠᠭᠠᠳᠣᠢ \ ᠲᠣᠬᠤᠢ ᠮᠢᠨᠢ ᠡᠯᠡᠭᠳᠡᠨ᠎ᠡ᠂     ᠲᠣᠯᠣᠭᠠᠨ ᠰᠠᠷ᠎ᠠ ᠪᠣᠯᠣᠭᠠᠳᠣᠢ \ ᠡᠵᠢ ᠠᠪᠦ ᠮᠢᠨᠢ ᠪᠣᠳᠣᠭᠳᠠᠨ᠎ᠠ᠃     ᠬᠠᠷ᠎ᠠ ᠶᠣᠩᠬᠤᠷ ᠣᠳᠠᠰᠣ ᠶᠢ \ ᠡᠷᠴᠢᠮᠨᠡᠭᠦ ᠳᠤ ᠪᠠᠨ ᠵᠣᠷᠢᠭᠳᠠᠢ᠂     ᠬᠠᠷ᠎ᠠ ᠪᠠᠭ᠎ᠠ  ᠪᠢᠳᠠ ᠨᠠᠷ \ ᠵᠣᠪᠠᠭ᠋ᠣ ᠳᠤ ᠪᠠᠨ ᠵᠣᠷᠢᠭ ᠲᠠᠢ᠃     ᠬᠠᠷ᠎ᠠ ᠮᠣᠭᠠᠢ ᠶᠢᠨ ᠬᠤᠣᠷ ᠨᠢ \ ᠬᠡᠯᠡᠨ ᠠᠴᠠ ᠪᠠᠨ ᠡᠭᠦᠰᠦᠨ᠎ᠡ᠂     ᠬᠠᠳᠠᠮ ᠡᠭᠡ ᠶᠢᠨ  ᠬᠠᠯᠠ ᠨᠢ \  ᠴᠡᠭᠡᠵᠢᠨ ᠠᠴᠠ ᠪᠠᠨ ᠡᠭᠦᠰᠦᠨ᠎ᠡ᠃     ᠬᠤᠸᠠ ᠮᠤᠭᠠᠢ ᠶᠢᠨ ᠬᠤᠤᠷ ᠨᠢ \ ᠭᠡᠯᠡᠨ ᠠᠴᠠ ᠪᠠᠨ ᠡᠬᠦᠰᠤᠨ᠎ᠠ᠂     ᠬᠤᠶᠢᠳᠤ ᠡᠭᠡ ᠶᠢᠨ ᠬᠠᠯᠠ ᠨᠢ \ ᠴᠡᠭᠡᠵᠢᠨ ᠠᠴᠠ ᠪᠠᠨ ᠡᠬᠦᠰᠤᠨ᠎ᠠ᠃     ᠮᠦᠩᠭᠦᠨ ᠳᠠᠯᠳᠤ ᠪᠠᠨ ᠤᠨᠤᠶ᠎ᠠ ᠳ᠋ᠤᠤ \ ᠮᠦᠩᠭᠡ ᠵᠤᠤ ᠳᠤ ᠪᠠᠨ ᠮᠦᠷᠬᠦᠶ᠎ᠠ ᠳ᠋ᠤᠤ᠂     ᠮᠦᠩᠭᠡ ︵ᠯᠠ︶ ᠲᠢᠪ ᠤᠨ ᠠᠮᠢᠳᠠᠨ \ ᠮᠠᠠᠳᠤ ᠵᠢᠷᠭᠠᠬᠤ ᠪᠤᠯᠳᠤᠭᠠᠢ᠃     ᠲᠡᠭᠷᠢ ᠴᠠᠭᠠᠨ ᠡᠯᠡᠰᠤ \ ᠭᠤᠷᠪᠠᠨ ᠰᠠᠯᠠᠭ᠎ᠠ ᠵᠠᠮ ᠲᠠᠢ᠂     ᠲᠡᠬᠦᠨ ᠤ ᠲᠤᠮᠳᠠᠭᠤᠷ ᠶᠠᠪᠤᠪᠠᠯ \ ᠮᠦᠩᠭᠡ ᠵᠤᠤ ᠶᠢᠨ ᠤᠷᠤᠨ ᠰᠢᠤ᠃     ᠲᠦᠷᠪᠡᠯᠵᠢᠨ ᠶᠡᠭᠡ ᠲᠤᠭᠠᠩ ᠲᠠᠢ \ ᠲᠦᠷᠪᠡᠨ ᠨᠠᠢᠮᠠᠨ ᠠᠰᠠᠷ ᠲᠠᠢ᠂     ᠲᠦᠷᠪᠡᠨ ᠲᠦᠮᠠᠨ ᠬᠤᠸᠠᠷᠠᠭ \ ᠲᠠᠶᠢᠴᠢᠨ ᠨᠤᠮᠴᠢ ᠲᠠᠢ ᠡᠬᠢᠯᠠᠨ᠃     ᠴᠢᠩᠨᠡᠬᠦᠷ② ᠤᠨ ᠴᠢᠨᠢ ᠤᠳᠤᠨ ᠨᠢ \ ᠴᠢᠪᠴᠠᠯᠵᠠᠬᠤ ᠮᠠᠶ᠋ᠢᠭᠳᠠᠢ᠂     ᠴᠡᠭᠡᠵᠢ ᠴᠢᠬᠤᠯ ᠬᠦᠮᠦᠨ ᠨᠢ \ ᠬᠤᠷᠪᠤᠯᠵᠠᠬᠤ ᠶᠠᠩᠵᠦ ᠲᠠᠢ᠃     ① ᠲᠤᠰ ᠲᠠᠭᠤᠤ ᠶᠢᠨ ᠦᠭᠡᠷ᠎ᠠ ᠨᠠᠷ᠎ᠠ ᠨᠢ ︽ᠭᠡᠤᠭᠡᠨ ᠬᠦᠷᠭᠡᠬᠦ ᠲᠠᠭᠤᠤ︾ ᠭᠡᠳᠡᠭ᠃     ② ᠴᠢᠩᠨᠡᠬᠦᠷ — ᠵᠢᠩᠯᠡᠬᠦᠷ᠃
 
ᠢᠷᠡᠯᠲᠡ᠄ ︽ᠣᠷᠳᠣᠰ ᠮᠣᠩᠭᠤᠯ ᠠᠷᠠᠳ ᠤᠨ ᠳᠠᠭᠤᠤ︾ -- ᠣᠲᠤᠭ ᠤᠨ ᠡᠮᠦᠨᠡᠲᠦ ᠬᠤᠰᠢᠭᠤᠨ ᠤ ᠪᠤᠲᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号