ᠥ᠊᠂ ᠨᠠᠷᠠᠨᠪᠠᠳᠤ | ᠮᠤᠩᠭᠤᠯ ᠬᠡᠯᠡ ᠰᠤᠳᠤᠯᠤᠯ ᠤᠨ ᠲᠡᠥᠭᠡᠨ ᠱᠠᠳᠤ ᠥᠶ᠎ᠡ ᠶᠢ ᠠᠩᠬᠢᠯᠠᠬᠤ ᠲᠤᠬᠠᠢ ᠠᠰᠠᠭᠤᠳᠠᠯ ᠳᠤ | ᠮᠤᠩᠭᠤᠯ ᠭᠡᠯᠡᠨ ᠤ ᠰᠤᠳᠤᠯᠤᠯ ᠪᠤᠯ ᠮᠤᠩᠭᠤᠯ ᠰᠤᠳᠤᠯᠤᠯ ᠤᠨ ᠮᠠᠰᠢ ᠴᠢᠬᠤᠯᠠ ᠪᠥᠷᠢᠯᠳᠥᠭᠦᠨ ᠭᠡᠰᠡᠭ ᠪᠤᠯᠬᠤ | ᠪᠥᠭᠡᠳ ᠲᠡᠭᠦᠨ ᠤ ᠲᠡᠥᠭᠡᠨ ᠳᠤ ᠢᠮᠠᠭᠳᠠ ᠮᠠᠩᠯᠠᠢ ᠪᠠᠶᠢᠷᠢ ᠡᠵᠡᠯᠡᠭᠰᠡᠭᠡᠷ ᠢᠷᠡᠭᠰᠡᠨ ᠪᠡᠶ᠎ᠡ ᠲᠠᠭᠠᠭᠠᠭᠰᠠᠨ ᠰᠢᠨᠵᠢᠯᠡᠭᠦ | ᠤᠬᠠᠭᠠᠨ ᠶᠤᠮ᠃ ᠲᠡᠭᠡᠭᠦ ᠳᠤ ᠮᠤᠩᠭᠤᠯ ᠰᠤᠳᠤᠯᠤᠯ ᠭᠡᠳᠡᠭ ᠡᠨᠡ ᠨᠡᠷ᠎ᠡ ᠲᠤᠮᠢᠶ᠎ᠠ᠂ ᠥᠷᠥᠨᠠᠳᠠᠬᠢᠨ ᠤ | ᠰᠢᠨᠵᠢᠯᠡᠯᠭᠡᠳᠡᠳ ᠤᠨ ᠵᠠᠩᠰᠢᠯ ᠢᠶᠠᠷ ᠪᠤᠯ ᠲᠤᠷᠤᠨᠠᠳᠠᠬᠢᠨ ᠤ ᠰᠤᠳᠤᠯᠤᠯ ᠤᠨ ᠨᠢᠭᠡᠨ ᠰᠠᠯᠪᠤᠷᠢ ᠭᠡᠰᠡᠨ ᠤᠬᠠᠭᠳᠠᠬᠤᠨ | ᠢᠶᠠᠷ ᠭᠡᠷᠡᠭᠯᠡᠭᠳᠡᠳᠡᠭ ᠪᠠ ᠲᠠᠷᠠ ᠨᠢ ᠬᠢᠳᠡᠳ ᠰᠤᠳᠤᠯᠤᠯ᠂ ᠲᠥᠪᠡᠳ ᠰᠤᠳᠤᠯᠤᠯ᠂ ᠲᠢᠶᠥᠷᠺ ᠰᠤᠳᠤᠯᠤᠯ ᠵᠡᠷᠭᠡ ᠲᠠᠢ | ᠮᠥᠷᠥ ᠵᠡᠷᠭᠡᠴᠡᠭᠦ ᠰᠢᠨᠵᠢᠯᠡᠯᠭᠡᠨ ᠪᠤᠯᠬᠤ ᠪᠥᠭᠡᠳ ᠮᠤᠩᠭᠤᠯ ᠤᠭᠰᠠᠭᠠᠳᠠᠨ ᠤ ᠪᠤᠢ ᠪᠥᠭᠦᠢ ᠤᠯᠠᠨ ᠲᠠᠯ᠎ᠠ ᠶᠢ | ᠬᠠᠮᠤᠷᠤᠨ ᠰᠤᠳᠤᠯᠳᠠᠭ ᠲᠡᠯᠡᠭᠡᠢ ᠨᠡᠶᠢᠳᠡ ᠶᠢᠨ ᠴᠢᠨᠠᠷᠳᠠᠢ ᠰᠢᠨᠵᠢᠯᠡᠯᠭᠡᠨ ᠪᠤᠯᠤᠨ ᠭᠥᠭᠵᠢᠭᠰᠡᠨ᠂ ᠡᠭᠦᠨ ᠳᠤ | ᠮᠤᠩᠭᠤᠯᠴᠤᠳ ᠥᠪᠡᠷ ᠢᠶᠠᠨ ᠴᠤ ᠮᠤᠩᠭᠤᠯ ᠰᠤᠳᠤᠯᠤᠯ ᠭᠡᠵᠤ ᠨᠡᠷᠡᠯᠠᠵᠤ ᠲᠠᠳᠤᠭᠠᠳ ᠨᠠᠯᠢᠶᠡᠳ ᠤᠳᠠᠵᠠᠢ᠃ | ᠡᠷᠳᠡᠮ ᠰᠢᠨᠵᠢᠯᠡᠯᠭᠡᠨ ᠤ ᠲᠡᠥᠭᠡᠨ ᠥᠨᠡᠨ ᠪᠠᠶᠢᠳᠠᠯ ᠢ ᠠᠵᠢᠭᠯᠠᠪᠠᠯ᠂ ᠮᠤᠩᠭᠤᠯ ᠭᠡᠯᠠᠨ ᠤ ᠰᠤᠳᠤᠯᠤᠯ ᠨᠢ ᠮᠤᠩᠭᠤᠯ | ᠰᠤᠳᠤᠯᠤᠯ ᠤᠨ ᠠᠯᠢ ᠴᠤ ᠨᠢᠭᠡ ᠰᠠᠯᠪᠤᠷᠢ ᠤᠬᠠᠭᠠᠨ ᠠᠴᠠ ᠪᠥᠷ ᠡᠷᠳᠡ ᠡᠬᠢᠯᠡᠭᠰᠡᠨ ᠨᠢ ᠶᠡᠭᠡ ᠲᠤᠷᠠᠳᠠᠢ ᠪᠥᠭᠡᠳ | ᠡᠨᠡ ᠨᠢ ᠥᠨᠳᠥᠰᠥᠳᠡᠨ ᠤ ᠰᠤᠶᠤᠯ ᠤᠨ ᠭᠥᠭᠵᠢᠯᠳᠡ ᠳᠤ ᠭᠡᠯᠡ ︵ᠪᠢᠴᠢᠭ︶ ᠭᠡᠳᠡᠭ ᠭᠡᠷᠡᠭᠯᠡᠭᠦᠷ ᠲᠡᠷᠢᠭᠦᠨ ᠪᠠᠶᠢᠷᠢ | ᠡᠵᠡᠯᠡᠳᠡᠭ ᠶᠡᠷᠥᠳᠡ ᠶᠢᠨ ᠵᠥᠢ ᠲᠤᠭᠳᠠᠯ ᠲᠠᠢ ᠥᠯᠡᠮᠵᠢ ᠬᠤᠯᠪᠤᠭᠠᠳᠠᠢ ᠪᠠᠶᠢᠳᠠᠭ ᠠᠴᠠ ᠰᠢᠯᠳᠠᠭᠠᠯᠠᠭᠳᠠᠭᠰᠠᠨ ᠨᠢ | ᠶᠠᠷᠢᠶᠠᠨ ᠥᠭᠡᠢ᠃ | ᠮᠤᠩᠭᠤᠯ ᠭᠡᠯᠡᠨ ᠤ ᠰᠤᠳᠤᠯᠤᠯ ᠤᠨ ᠭᠥᠷᠢᠶᠡᠨ ᠳᠤ ᠬᠠᠮᠤᠷᠬᠤ ᠠᠭᠤᠯᠭ᠎ᠠ ᠲᠤᠩ ᠤᠯᠠᠨ᠃ ᠶᠠᠭᠤᠨ ᠤ | ᠡᠮᠥᠨ᠎ᠡ ᠴᠠᠭ ᠡᠷᠡᠨ ᠤ ᠲᠠᠯ᠎ᠠ ᠪᠠᠷ ᠠᠪᠴᠤ ᠭᠡᠯᠡᠪᠡᠯ ᠡᠷᠳᠡᠨ ᠤ ᠮᠤᠩᠭᠤᠯ ᠭᠡᠯᠡᠨ ᠤ ᠪᠠ ᠤᠷᠴᠢᠨ ᠴᠠᠭ ᠤᠨ | ᠮᠤᠩᠭᠤᠯ ᠭᠡᠯᠡᠨ ᠤ ᠰᠤᠳᠤᠯᠤᠯᠭ᠎ᠠ ᠭᠡᠵᠤ ᠠᠩᠬᠢᠯᠠᠵᠤ ᠪᠤᠯᠬᠤ ᠪᠥᠭᠡᠳ ᠪᠥᠳᠥᠴᠠ ᠪᠠᠶᠢᠭᠤᠯᠤᠮᠵᠢ ᠶᠢᠨ ᠬᠤᠪᠢ ᠳᠤ | ᠮᠤᠩᠭᠤᠯ ᠭᠡᠯᠡᠨ ᠤ ᠠᠪᠢᠶ᠎ᠠ ᠵᠥᠢ᠂ ᠬᠡᠯᠡ ᠵᠥᠢ᠂ ᠥᠭᠡᠰ ᠤᠨ ᠰᠠᠩ ᠤᠨ ᠵᠥᠢ᠂ ᠨᠠᠶᠢᠷᠠᠭᠤᠯᠭ᠎ᠠ ᠵᠥᠢ ᠭᠡᠭᠦ | ᠮᠡᠳᠥᠴᠢᠯᠡᠨ ᠠᠩᠬᠢᠯᠠᠵᠤ ᠪᠤᠯᠤᠨ᠎ᠠ᠃ ᠴᠢᠨᠠᠭᠰᠢᠯᠠᠭᠠᠳ ᠠᠩᠬᠢ ᠲᠥᠷᠥᠯ ᠤᠨ ᠬᠤᠯᠪᠤᠭ᠎ᠠ ᠪᠠᠷ ᠨᠢ ᠨᠤᠳᠤᠭ ᠤᠨ | ᠠᠶᠠᠯᠭᠤᠨ ᠤ ᠪᠠ ᠮᠤᠩᠭᠤᠯ ᠲᠥᠷᠥᠯ ᠭᠡᠯᠡᠨ ᠤ ᠰᠤᠳᠤᠯᠤᠯᠭ᠎ᠠ ᠭᠡᠭᠦ ᠮᠡᠳᠤᠴᠢᠯᠠᠨ ᠬᠤᠪᠢᠶᠠᠵᠤ ᠪᠤᠯᠳᠠᠭ ᠪᠤᠯ | ᠰᠤᠳᠤᠯᠬᠤ ᠠᠷᠭ᠎ᠠ ᠶᠢᠨ ᠡᠭᠦᠳᠡᠨ ᠠᠴᠠ ᠤᠯᠠᠮᠵᠢᠯᠠᠯᠳᠤ ᠠᠷᠭ᠎ᠠ ᠪᠠᠷ ᠰᠤᠳᠤᠯᠤᠭᠰᠠᠨ᠂ ᠰᠢᠨ᠎ᠡ ᠠᠷᠭ᠎ᠠ ᠪᠠᠷ | ᠰᠤᠳᠤᠯᠤᠭᠰᠠᠨ ᠭᠡᠵᠤ ᠬᠤᠪᠢᠶᠠᠭᠠᠳ ᠰᠢᠨ᠎ᠡ ᠠᠷᠭ᠎ᠠ ᠶᠢᠨ ᠲᠤᠳᠤᠷ᠎ᠠ ᠪᠠᠨ ᠬᠠᠷᠢᠴᠠᠭᠤᠯᠤᠭᠰᠠᠨ ᠰᠤᠳᠤᠯᠤᠯ᠂ | ᠲᠤᠳᠤᠷᠬᠠᠶᠢᠯᠠᠭᠰᠠᠨ ᠰᠤᠳᠤᠯᠤᠯ ᠭᠡᠭᠦ ᠮᠡᠳᠥᠴᠢᠯᠡᠨ ᠢᠯᠭᠠᠵᠤ ᠪᠤᠯᠬᠤ ᠪᠠᠶᠢᠨ᠎ᠠ᠃ ᠤᠶᠢᠷ᠎ᠠ ᠶᠢᠨ ᠥᠶ᠎ᠡ ᠳᠤ | ᠪᠥᠳᠥᠴᠡ ᠭᠡᠯᠡ ᠰᠢᠨᠵᠢᠯᠡᠯ ᠤᠨ ᠠᠷᠭ᠎ᠠ ᠤᠨᠤᠯ᠂ ᠪᠠᠰᠠ ᠪᠤᠰᠤᠳ ᠰᠢᠨ᠎ᠡ ᠰᠤᠨᠢᠨ ᠠᠷᠭ᠎ᠠ ᠪᠠᠷ ᠮᠤᠩᠭᠤᠯ ᠭᠡᠯᠡ ᠶᠢ | ᠰᠤᠳᠤᠯᠵᠤ ᠪᠤᠢ ᠨᠢ ᠴᠤ ᠮᠥᠨ ᠨᠢᠭᠡ ᠶᠤᠰᠤᠨ ᠤ ᠠᠭᠤᠯᠭ᠎ᠠ ᠪᠤᠯᠤᠨ ᠪᠥᠷᠢᠯᠳᠤᠵᠤ ᠪᠠᠶᠢᠨ᠎ᠠ᠃ ᠲᠡᠭᠦᠨᠴᠢᠯᠡᠨ | ᠮᠤᠩᠭᠤᠯ ᠭᠡᠯᠡᠨ ᠤ ᠵᠥᠪ ᠲᠠᠭᠤᠳᠠᠬᠤ ᠵᠥᠢ᠂ ᠮᠤᠩᠭᠤᠯ ᠥᠰᠥᠭ ᠤᠨ ᠲᠡᠥᠭᠡ᠂ ᠮᠤᠩᠭᠤᠯ ᠭᠡᠯᠡᠨ ᠭᠥᠭᠵᠢᠯ ᠤᠨ | ᠲᠡᠥᠭᠡ᠂ ᠮᠤᠩᠭᠤᠯ ᠪᠢᠴᠢᠭ ᠤᠨ ᠲᠤᠷᠠᠰᠬᠠᠯᠳᠤ ᠵᠥᠢᠯ ᠤᠨ ᠰᠤᠳᠤᠯᠤᠯᠭ᠎ᠠ ᠭᠡᠭᠦ ᠮᠡᠳᠥᠴᠢᠯᠡᠨ ᠡᠳᠥᠢ ᠲᠡᠳᠥᠢ | ᠰᠤᠳᠤᠯᠤᠯᠭᠠᠨ ᠤ ᠰᠡᠳᠥᠪ ᠪᠤᠯᠳᠤ ᠪᠠᠷ ᠢᠶᠠᠨ ᠪᠥᠷ ᠮᠤᠩᠭᠤᠯ ᠭᠡᠯᠡᠨ ᠤ ᠰᠤᠳᠤᠯᠤᠯ ᠤᠨ ᠴᠠᠷᠠᠭ᠎ᠠ ᠭᠥᠷᠢᠶᠡᠨ ᠳᠤ | ᠪᠠᠭᠳᠠᠭᠳᠠᠵᠤ ᠪᠤᠯᠤᠨ᠎ᠠ᠃ ᠮᠠᠨ ᠤ ᠵᠤᠷᠢᠯᠭ᠎ᠠ ᠪᠤᠯ ᠡᠳᠡᠭᠡᠷ ᠤᠯᠠᠨ ᠲᠠᠯ᠎ᠠ ᠶᠢᠨ ᠰᠤᠳᠤᠯᠤᠯᠭᠠᠨ ᠤ ᠪᠠᠶᠢᠳᠠᠯ ᠢ | ᠪᠥᠭᠦᠯᠢ ᠳᠤ ᠨᠢ ᠰᠢᠨᠵᠢᠯᠡᠨ ᠥᠵᠡᠵᠤ ᠲᠡᠭᠦᠨ ᠤ ᠲᠡᠥᠭᠡᠴᠢᠯᠡᠭᠰᠡᠨ ᠲᠥᠯᠥᠪ ᠢ ᠭᠠᠷᠭᠠᠬᠤ ᠳᠤ ᠴᠢᠭᠯᠡᠭᠳᠡᠨᠡ᠃ | ᠮᠤᠩᠭᠤᠯ ᠭᠡᠯᠡ ᠶᠢ ᠰᠤᠳᠤᠯᠤᠭᠰᠠᠨ ᠲᠡᠥᠭᠡ ᠶᠢ ᠲᠤᠷᠠᠳᠪᠠᠯ ᠥᠨᠢ ᠤᠳᠠᠭᠠᠨ ᠪᠤᠯᠵᠠᠢ᠃ ᠮᠠᠨ ᠤ ᠥᠶ᠎ᠡ | ᠭᠥᠷᠳᠡᠯ᠎ᠡ ᠤᠯᠠᠮᠵᠢᠯᠠᠭᠳᠠᠵᠤ ᠢᠷᠡᠭᠰᠡᠨ ᠭᠡᠯᠡ ᠰᠤᠳᠤᠯᠤᠯᠭᠠᠨ ᠤ ᠪᠢᠴᠢᠭ ᠵᠤᠬᠢᠶᠠᠯ ᠵᠢᠴᠢ ᠡᠷᠳᠡᠮ ᠰᠢᠨᠵᠢᠯᠡᠯᠭᠡᠨ ᠤ | ᠮᠡᠳᠡᠭᠡ ᠰᠠᠯᠳᠠ ᠨᠦᠭᠦᠳ ᠢ ᠥᠨᠳᠥᠰᠥᠯᠡᠪᠡᠯ ᠮᠤᠩᠭᠤᠯ ᠭᠡᠯᠡᠨ ᠤ ᠰᠤᠳᠤᠯᠤᠯᠭ᠎ᠠ ᠨᠢ ᠪᠥᠷ ᠮᠤᠩᠭᠤᠯ ᠤᠨ ᠲᠡᠥᠭᠡ | ᠶᠢᠨ ᠠᠩᠬᠠᠨ ᠤ ᠥᠶ᠎ᠡ᠂ ᠥᠭᠡᠷ᠎ᠡ ᠪᠠᠷ ᠭᠡᠯᠡᠪᠡᠯ 13 ᠳ᠋ᠤᠭᠠᠷ ᠵᠠᠭᠤᠨ ᠤ ᠡᠬᠢᠨ ᠤ ᠥᠶ᠎ᠡ ᠲᠠᠢ ᠬᠤᠯᠪᠤᠭᠠᠳᠠᠢ | ᠪᠠᠶᠢᠨ᠎ᠠ᠃ ᠶᠠᠭᠠᠬᠢᠭᠠᠳ ᠪᠤᠢ︖ ᠬᠡᠪᠡᠯ᠂ ᠲᠡᠷᠡ ᠥᠶ᠎ᠡ ᠳᠤ ᠮᠤᠩᠭᠤᠯᠴᠤᠳ ᠨᠢᠭᠡᠨᠳᠡ ᠥᠰᠥᠭ ᠪᠢᠴᠢᠭ ᠲᠠᠢ | ᠪᠤᠯᠤᠭᠰᠠᠨ ᠪᠠ ᠥᠰᠥᠭ ᠪᠢᠴᠢᠭ ᠲᠠᠢ ᠪᠤᠯᠤᠯ᠎ᠠ ᠭᠡᠳᠡᠭ ᠮᠠᠨᠢ ᠬᠡᠷᠡᠭ ᠲᠡᠭᠡᠷ᠎ᠡ ᠪᠠᠨ ᠲᠡᠷᠡ ᠲᠤᠬᠠᠢ ᠶᠢᠨ ᠭᠡᠯᠡᠨ ᠤ | ᠰᠤᠳᠤᠯᠤᠯᠭ᠎ᠠ ᠨᠢᠭᠡᠨᠳᠡ ᠵᠤᠬᠢᠬᠤ ᠭᠡᠮᠵᠢᠶ᠎ᠠ ᠪᠠᠷ ᠶᠠᠪᠤᠭᠳᠠᠵᠠᠢ ᠭᠡᠳᠡᠭ ᠢ ᠬᠠᠷᠠᠭᠤᠯᠵᠤ ᠪᠤᠢ ᠭᠡᠷᠡᠭ᠃ ᠥᠰᠥᠭ | ᠪᠢᠴᠢᠭ ᠭᠡᠭᠴᠢ ᠠᠪᠢᠶᠠᠨ ᠤ ᠭᠡᠯᠡᠨ ᠤ ᠲᠤᠬᠢᠶ᠎ᠠ ᠲᠡᠮᠳᠡᠭ ᠮᠥᠨ ᠪᠥᠭᠡᠳ ᠲᠠᠭᠦᠨ ᠢ ᠵᠤᠬᠢᠶᠠᠬᠤ ᠳᠤ ᠭᠡᠯᠡᠨ ᠤ | ᠲᠤᠬᠠᠢ ᠵᠤᠬᠢᠬᠤ ᠰᠤᠳᠤᠯᠤᠯᠭ᠎ᠠ ᠱᠠᠭᠠᠷᠳᠠᠭᠳᠠᠬᠤ ᠨᠢ ᠵᠠᠶᠢᠯᠠᠰᠢ ᠥᠭᠡᠢ᠃ ᠢᠯᠠᠩᠭᠤᠶ᠎ᠠ ᠥᠰᠥᠭ ᠪᠢᠴᠢᠭ ᠤᠨ | ᠭᠡᠳᠥᠨ ᠲᠤᠮᠤ ᠲᠥᠷᠥᠯ ᠤᠨ ᠨᠢᠭᠡ ᠪᠤᠯᠬᠤ ᠠᠪᠢᠶᠠᠨ ᠤ ᠥᠰᠥᠭ ᠢ ᠵᠤᠬᠢᠶᠠᠬᠤ ᠳᠤ ᠲᠡᠷᠡ ᠲᠤᠬᠠᠢ ᠶᠢᠨ ᠭᠡᠯᠡᠨ ᠤ | ᠠᠪᠢᠶᠠᠨ ᠤ ᠲᠤᠭᠳᠠᠴᠠ᠂ ᠭᠡᠯᠡ ᠵᠥᠢ ᠶᠢᠨ ᠪᠠᠶᠢᠭᠤᠯᠤᠯ ᠢ ᠰᠤᠳᠤᠯᠬᠤ ᠥᠭᠡᠢ ᠶᠤᠮ ᠪᠤᠯ ᠲᠡᠷᠡ ᠭᠡᠯᠡᠨ ᠳᠤ ᠪᠠᠨ | ᠲᠤᠬᠢᠷᠠᠭᠰᠠᠨ ᠥᠰᠥᠭ ᠵᠤᠬᠢᠶᠠᠬᠤ ᠭᠡᠳᠡᠭ ᠨᠢ ᠰᠡᠳᠬᠢᠭᠳᠡᠰᠢ ᠥᠭᠡᠢ ᠤᠴᠢᠷ ᠪᠤᠯᠤᠨ᠎ᠠ᠃ ᠲᠡᠭᠡᠭᠡᠳ ᠴᠤ ᠮᠤᠩᠭᠤᠯ | ᠪᠢᠴᠢᠭ ᠠᠪᠢᠶᠠᠨ ᠤ ᠥᠰᠥᠭ ᠪᠤᠯᠤᠭᠰᠠᠨ ᠤ ᠬᠤᠪᠢ ᠳᠤ ᠲᠡᠷᠡ ᠥᠶ᠎ᠡ ᠶᠢᠨ ᠮᠤᠩᠭᠤᠯ ᠭᠡᠯᠡ ᠠᠶᠠᠯᠭᠤᠨ ᠤ ᠪᠠᠶᠢᠳᠠᠯ | ᠢ ᠲᠤᠰᠬᠠᠬᠰᠠᠨ ᠨᠢ ᠡᠷᠡᠭᠡᠯᠵᠡᠰᠢ ᠥᠭᠡᠢ ᠶᠤᠮ᠃ ᠨᠡᠩᠳᠡ ᠲᠡᠷᠡ ᠴᠠᠭ ᠲᠤ ᠭᠥᠩᠭᠠᠵᠠᠯᠼᠠᠨ ᠭᠡᠭᠴᠢ ᠪᠠᠷ ︽ | ᠵᠢᠷᠥᠭᠡᠨ ᠲᠤᠯᠳᠤ︾ ᠭᠡᠮᠡᠭᠦ ᠭᠡᠯᠡ ᠰᠤᠳᠤᠯᠤᠯᠭᠠᠨ ᠤ ᠨᠤᠮ ᠪᠢᠴᠢᠭᠰᠡᠨ ᠨᠢ ᠲᠡᠷᠠ ᠥᠶ᠎ᠡ ᠠᠴᠠ ᠡᠬᠢᠯᠡᠵᠤ ᠮᠤᠩᠭᠤᠯ | ᠭᠡᠯᠡᠨ ᠤ ᠰᠤᠳᠤᠯᠤᠯᠭ᠎ᠠ ᠶᠠᠪᠤᠭᠳᠠᠵᠠᠢ ᠭᠡᠳᠡᠭ ᠮᠠᠨ ᠤ ᠥᠵᠡᠯᠳᠡ ᠪᠠᠨ ᠲᠤᠭᠳᠠᠭᠠᠬᠤ ᠳᠤ ᠬᠠᠮᠤᠭ ᠨᠠᠶᠢᠳᠠᠪᠤᠷᠢᠳᠠᠢ | ᠪᠤᠳᠠ ᠪᠠᠷᠢᠮᠳᠠ ᠪᠤᠯᠵᠤ ᠪᠠᠶᠢᠨ᠎ᠠ᠃ | ᠭᠥᠩᠭᠠᠵᠠᠯᠼᠠᠨ ᠢ ᠭᠡᠷᠪᠡ ᠮᠤᠩᠭᠤᠯ ᠭᠡᠯᠡᠨ ᠤ ᠰᠤᠳᠤᠯᠤᠯᠭᠠᠨ ᠤ ᠠᠩᠬᠠᠨ ᠤ ᠥᠶ᠎ᠡ᠂ ᠲᠡᠭᠡᠭᠦ ᠳᠤ ᠪᠠᠨ ᠪᠥᠷ | ᠡᠬᠢᠯᠡᠯᠳᠡ ᠶᠢᠨ ᠥᠶ᠎ᠡ ᠲᠠᠢ ᠬᠤᠯᠪᠤᠭᠳᠠᠭᠤᠯᠵᠤ ᠥᠵᠡᠪᠡᠯ ᠲᠡᠭᠦᠨ ᠠᠴᠠ ᠵᠠᠭᠤ ᠰᠢᠬᠠᠮ ᠵᠢᠯ ᠤᠨ ᠬᠤᠶᠢᠨ᠎ᠠ | ᠲᠤᠳᠤᠷᠠᠨ ᠭᠠᠷᠴᠤ ᠢᠷᠡᠭᠰᠡᠨ ᠴᠤᠶᠢᠵᠢᠤᠳᠰᠠᠷ ᠭᠡᠭᠴᠢ ᠶᠡᠭᠡ ᠡᠷᠳᠡᠮᠳᠡᠨ ᠮᠤᠩᠭᠤᠯ ᠬᠡᠯᠡᠨ ᠤ ᠰᠤᠳᠤᠯᠤᠯ ᠤᠨ | ᠲᠡᠥᠭᠡᠨᠡ ᠤᠨᠴᠠ ᠪᠠᠶᠢᠷᠢ ᠡᠵᠡᠯᠡᠨ᠎ᠡ᠃ ᠡᠨᠡ ᠬᠤᠶᠠᠷ ᠭᠥᠮᠥᠨ ᠪᠥᠷ ︽ᠵᠢᠷᠥᠭᠡᠨ ᠲᠤᠯᠳᠤ︾ ᠪᠢᠴᠢᠯ᠎ᠡ ᠭᠡᠳᠡᠭ ᠢ | ᠲᠡᠭᠦᠨ ᠠᠴᠠ ᠬᠤᠯᠠ ᠬᠤᠶᠢᠨ᠎ᠠ ᠲᠤᠳᠤᠷᠠᠭᠰᠠᠨ ᠡᠷᠳᠡᠮᠳᠡᠳ ᠨᠤᠳᠠᠯᠠᠵᠠᠢ᠃ ᠰᠡᠭᠦᠯ ᠤᠨ ᠥᠶ᠎ᠡ ᠳᠤ ᠡᠷᠳᠡᠮᠳᠡᠳ | ᠥᠪᠡᠷ ᠥᠪᠡᠷᠰᠡᠳ ᠤᠨ ᠰᠢᠨᠵᠢᠯᠡᠯᠭᠡᠨ ᠤ ᠪᠥᠳᠥᠭᠡᠯ ᠢᠶᠠᠨ ᠲᠤᠭᠤᠷᠪᠢᠬᠤ ᠳᠤ ᠪᠠᠨ ᠴᠥᠮ ᠬᠥᠩᠭᠠᠵᠠᠯᠼᠠᠨ᠂ | ᠴᠤᠶᠢᠵᠢᠤᠳᠰᠠᠷ ᠤᠨ ︽ᠵᠠᠷᠯᠢᠭ ᠲᠤᠷ ᠰᠢᠳᠤᠵᠤ︾ ᠭᠥᠢᠴᠡᠳᠭᠡᠯᠡ ᠭᠡᠭᠦ ᠮᠡᠳᠤ ᠪᠠᠷ ᠲᠡᠮᠳᠡᠭᠯᠡᠭᠰᠡᠨ ᠨᠢ ᠡᠨᠡ ᠬᠤᠶᠠᠷ | ᠭᠥᠮᠥᠨ ᠳᠤ ᠲᠡᠥᠭᠡ ᠶᠢᠨ ᠵᠤᠬᠢᠬᠤ ᠪᠠᠶᠢᠷᠢ ᠰᠠᠭᠤᠷᠢ ᠠᠶᠠᠨᠳᠠᠭᠠᠨ ᠤᠯᠭᠤᠬᠤ ᠳᠤ ᠭᠥᠷᠥᠭᠦᠯᠵᠠᠢ᠃ | ᠬᠥᠩᠭᠠᠵᠠᠯᠼᠠᠨ᠂ ᠴᠤᠶᠢᠵᠢᠤᠳᠰᠠᠷ ᠨᠠᠷ ᠤᠨ ᠠᠮᠢᠳᠤᠷᠠᠵᠤ ᠠᠭᠰᠠᠨ ᠴᠠᠭ ᠥᠶ᠎ᠡ ᠪᠤᠯ ᠡᠷᠳᠡᠨ ᠤ | ᠮᠤᠩᠭᠤᠯᠴᠤᠳ ᠤᠨ ᠮᠠᠨᠳᠤᠵᠤ ᠪᠠᠶᠢᠭᠰᠠᠨ ᠡᠷᠡᠨ ᠠᠵᠠᠢ᠃ ᠢᠩᠬᠢᠭᠦ ᠪᠠᠷ ᠢᠶᠠᠨ ᠮᠤᠩᠭᠤᠯ ᠤᠨ ᠲᠡᠷᠡ ᠥᠶ᠎ᠡ ᠶᠢᠨ | ᠲᠡᠷᠢᠭᠦᠨ ᠨᠠᠷ᠂ ᠭᠠᠭᠴᠠ ᠭᠦ ᠴᠡᠷᠢᠭ ᠲᠠᠶᠢᠨ ᠢᠶᠠᠷ ᠪᠤᠰᠤᠳ ᠢ ᠲᠥᠪᠰᠢᠳᠭᠡᠭᠦ᠂ ᠠᠩ ᠠᠩᠨᠠᠵᠤ ᠴᠡᠩᠭᠡᠯ ᠵᠤᠭ᠎ᠠ | ᠬᠢᠭᠦ ᠶᠢ ᠮᠡᠳᠡᠳᠡᠭ ᠲᠡᠳᠥᠢ ᠪᠢᠰᠢ᠂ ᠬᠠᠷᠢᠨ ᠡᠷᠳᠡᠮᠳᠡᠨ ᠢ ᠭᠥᠨᠳᠥᠳᠭᠡᠨ ᠤᠳᠬ᠎ᠠ ᠰᠤᠶᠤᠯ ᠢ ᠭᠥᠭᠵᠢᠭᠦᠯᠭᠦ ᠶᠢ ᠴᠤ | ᠲᠥᠷᠥ ᠪᠠᠨ ᠵᠠᠰᠠᠬᠤ ᠴᠢᠬᠤᠯᠠ ᠨᠢᠭᠡᠨ ᠠᠭᠤᠯᠭ᠎ᠠ ᠪᠤᠯᠭᠠᠵᠤ ᠪᠠᠶᠢᠭᠰᠠᠨ ᠢ ᠡᠯ᠎ᠡ ᠵᠢᠱᠢᠶ᠎ᠡ ᠪᠠᠷᠢᠮᠳᠠ ᠨᠤᠳᠠᠯᠠᠵᠤ ᠪᠤᠢ᠃ | ᠶᠡᠷᠤ ᠠᠴᠠ ᠲᠤᠬᠠᠢ ᠶᠢᠨ ᠴᠠᠭ ᠤᠨ ᠮᠤᠩᠭᠤᠯᠴᠤᠳ ᠤᠨ ᠶᠡᠭᠡ ᠨᠥᠯᠥᠭᠡ ᠨᠢ ᠵᠥᠪᠭᠡᠨ ᠤᠷᠳᠤ ᠴᠠᠭᠠᠨ ᠭᠡᠷᠡᠮ | ᠠᠴᠠ ᠪᠠᠶᠢᠭᠠᠯ ᠲᠠᠯᠠᠢ᠂ ᠠᠯᠳᠠᠢ ᠲᠡᠭᠷᠢ ᠶᠢᠨ ᠨᠢᠷᠤᠭᠤᠨ ᠠᠴᠠ ᠬᠢᠩᠭᠠᠨ ᠤ ᠰᠢᠭᠤᠶᠢᠳᠤ ᠬᠤᠷᠮᠤᠢ ᠶᠢᠨ ᠬᠤᠭᠤᠷᠤᠨᠳᠤ | ᠯᠠ ᠲᠠᠷᠬᠠᠵᠤ ᠪᠠᠶᠢᠭᠰᠠᠨ ᠪᠤᠰᠤ᠂ ᠬᠠᠷᠢᠨ ᠬᠢᠳᠡᠳ ᠤᠨ ᠵᠥᠩ ᠶᠤᠸᠠᠨ ᠤᠷᠤᠨ᠂ ᠪᠠᠷᠠᠭᠤᠨ ᠵᠥᠭ ᠤᠨ ᠠᠷᠠᠪ ᠤᠨ | ᠶᠢᠷᠳᠢᠨᠴᠤ᠂ ᠲᠡᠨᠳᠡ ᠠᠴᠠ ᠥᠷᠥᠨᠠᠳᠠᠬᠢᠨ ᠤ ᠤᠯᠤᠰ ᠤᠷᠤᠨ ᠳᠤ ᠭᠥᠷᠳᠡᠯ᠎ᠡ ᠲᠥᠭᠡᠵᠤ ᠪᠠᠶᠢᠭᠰᠠᠨ ᠢ ᠮᠤᠩᠭᠤᠯ | ᠭᠡᠯᠡᠨ ᠤ ᠰᠤᠳᠤᠯᠤᠯ ᠤᠨ ᠲᠡᠥᠭᠡ ᠬᠡᠷᠡᠴᠢᠯᠡᠵᠤ ᠪᠠᠶᠢᠳᠠᠭ᠃ ᠮᠠᠨ ᠤ ᠮᠡᠳᠡᠵᠤ ᠪᠤᠢ ᠪᠠᠷᠢᠮᠳᠠ ᠨᠤᠭᠤᠳ ᠠᠴᠠ | ᠥᠵᠡᠪᠡᠯ᠂ ᠲᠤᠷᠠᠳᠤᠭᠳᠠᠵᠤ ᠪᠥᠭᠦᠢ ᠭᠥᠩᠭᠠᠵᠠᠯᠼᠠᠨ᠂ ᠴᠤᠶᠢᠵᠢᠤᠳᠰᠠᠷ ᠨᠠᠷ ᠤᠨ ᠪᠥᠳᠥᠭᠡᠯ ᠤᠳ ᠲᠠᠢ ᠪᠠᠷᠤᠭ | ᠵᠡᠷᠭᠡ ᠪᠤᠶᠤ ᠤᠶᠢᠷᠠᠯᠴᠠᠭ᠎ᠠ ᠴᠠᠭ ᠥᠶ᠎ᠡ ᠳᠤ ᠮᠤᠩᠭᠤᠯ ᠭᠡᠯᠡᠨ ᠤ ᠰᠤᠳᠤᠯᠤᠯ ᠤᠨ ᠥᠭᠡᠷ᠎ᠡ ᠲᠤᠮᠤᠬᠠᠨ ᠪᠥᠳᠥᠭᠡᠯ | ᠤᠳ ᠬᠢᠳᠠᠳ᠂ ᠲᠤᠮᠳᠠᠳᠤ ᠠᠽᠢᠶ᠎ᠠ ᠶᠢᠨ ᠤᠯᠤᠰ ᠤᠷᠤᠨ ᠳᠤ ᠪᠠᠰᠠ ᠭᠠᠷᠴᠤ ᠪᠠᠶᠢᠭᠰᠠᠨ ᠤᠳᠠᠭ᠎ᠠ ᠪᠤᠢ᠃ | ᠲᠤᠬᠠᠶᠢᠯᠠᠪᠠᠯ᠂ ᠬᠢᠳᠠᠳ ᠲᠤ ︽ᡁᠢ ᠶᠤᠸᠠᠨ ᠢ ᠢᠥᠢ︾ ᠮᠡᠳᠤ ᠶᠢᠨ ᠮᠤᠩᠭᠤᠯ ᠭᠡᠯᠡᠨ ᠳᠤ ᠬᠤᠯᠪᠤᠭᠳᠠᠬᠤ ᠲᠤᠯᠢ | ᠪᠢᠴᠢᠭ᠂ ᠠᠷᠠᠪ ᠤᠷᠴᠢᠮ ᠳᠤ ︽ᠮᠥᠺᠠᠳ᠋ᠳᠢᠮᠠᠲ ᠠᠯ — ᠠᠳᠠᠪ︾ ᠭᠡᠮᠡᠭᠦ ᠭᠡᠳᠤ ᠭᠡᠳᠥᠨ ᠭᠡᠯᠡᠨ ᠤ ᠲᠤᠯᠢ | ᠵᠤᠬᠢᠶᠠᠭᠳᠠᠵᠤ ᠪᠠᠶᠢᠵᠠᠢ᠃ ᠰᠤᠶᠤᠯ ᠤᠨ ᠪᠠ ᠤᠯᠤᠰ ᠲᠥᠷᠥ ᠶᠢᠨ ᠥᠷᠭᠡᠨ ᠭᠡᠷᠡᠭᠴᠡᠭᠡᠨ ᠳᠤ ᠵᠤᠬᠢᠴᠠᠵᠤ | ᠠᠶᠢᠬᠤᠪᠳᠤᠷ ᠤᠳᠠᠭᠠᠨ ᠬᠡᠷᠡᠭᠯᠡᠳᠡᠭᠡ ᠥᠭᠡᠢ ᠠᠴᠠ ᠪᠤᠯᠪᠠᠴᠤ ︽ᠤᠯᠤᠰ ᠤᠨ ᠥᠰᠥᠭ︾ ᠭᠡᠵᠤ ᠠᠯᠳᠠᠷᠰᠢᠭᠰᠠᠨ | ᠲᠥᠷᠪᠡᠯᠵᠢᠨ ᠪᠢᠴᠢᠭ ᠢ ᠬᠤᠪᠢᠯᠠᠢ ᠰᠡᠴᠡᠨ ᠤ ᠵᠠᠷᠯᠢᠭ ᠢᠶᠠᠷ ᠫᠠᠭᠪᠠ ᠯᠠᠮᠠ ᠯᠤᠳᠤᠶᠢᠵᠠᠯᠼᠠᠨ ᠪᠠᠷ ᠵᠤᠬᠢᠶᠠᠭᠰᠠᠨ ᠨᠢ | ᠮᠥᠨ ᠴᠤ ᠲᠡᠷᠡ ᠴᠠᠭ ᠤᠨ ᠬᠡᠯᠡ ᠪᠢᠴᠢᠭ ᠤᠨ ᠰᠤᠳᠤᠯᠤᠯᠭᠠᠨ ᠤ ᠴᠠᠷᠠᠭ᠎ᠠ ᠭᠥᠷᠢᠶᠡᠨ ᠳᠤ ᠬᠠᠮᠤᠷᠠᠭᠳᠠᠬᠤ ᠠᠵᠠᠢ᠃ | ᠴᠤᠶᠢᠵᠢᠤᠳᠰᠠᠷ ᠠᠴᠠ ᠬᠤᠶᠢᠰᠢᠬᠢ ᠮᠤᠩᠭᠤᠯ ᠭᠡᠯᠡᠨ ᠤ ᠰᠤᠳᠤᠯᠤᠯᠭᠠᠨ ᠤ ᠲᠡᠥᠭᠡ ᠶᠢ ᠨᠠᠰᠢ ᠲᠠᠪᠰᠢᠭᠤᠯᠤᠨ | ᠬᠢᠨᠠᠵᠤ ᠥᠵᠡᠪᠡᠯ ᠠᠶᠤᠰᠢ ᠭᠥᠥᠰᠢ᠂ ᠲᠠᠨᠵᠠᠨᠳᠠᠭᠪᠠ ᠭᠡᠭᠦ ᠡᠷᠳᠡᠮᠳᠡᠳ ᠤᠨ ᠨᠡᠷ᠎ᠡ ᠲᠠᠢ ᠰᠢᠭᠤᠳ ᠬᠤᠯᠪᠤᠭᠳᠠᠨ᠎ᠠ᠃ | ᠡᠨᠡ ᠬᠤᠶᠠᠷ ᠭᠥᠮᠥᠨ ᠤ ᠨᠢᠭᠡ ᠨᠢ 16 ᠳ᠋ᠤᠭᠠᠷ ᠵᠠᠭᠤᠨ ᠤ ᠰᠠᠭᠦᠯᠴᠢ᠂ ᠨᠥᠭᠦᠭᠡ ᠨᠢ 18 ᠳ᠋ᠤᠭᠠᠷ ᠵᠠᠭᠤᠨ ᠤ | ᠭᠥᠮᠥᠨ ᠪᠤᠯᠤᠨ᠎ᠠ᠃ ᠴᠤᠶᠢᠵᠢᠤᠳᠰᠠᠷ ᠠᠴᠠ ᠬᠤᠶᠢᠰᠢᠬᠢ 300 ᠭᠠᠷᠤᠢ ᠵᠢᠯ ᠤᠨ ᠬᠤᠭᠤᠷᠤᠨᠳᠤ ᠭᠠᠷᠤᠭᠰᠠᠨ | ᠡᠷᠳᠡᠮᠳᠡᠳ ᠠᠴᠠ ᠶᠠᠭᠤ ᠭᠡᠵᠤ ᠡᠨᠡ ᠬᠤᠶᠠᠷ ᠭᠥᠮᠥᠨ ᠢ ᠲᠤᠪᠤᠶᠢᠯᠭᠠᠨ ᠲᠤᠷᠠᠳᠬᠤ ᠪᠤᠢ︖ ᠭᠡᠪᠡᠯ᠂ ᠲᠠᠷᠠ | ᠬᠤᠶᠠᠷ ᠤᠨ ᠪᠥᠳᠥᠭᠡᠯ ᠮᠤᠩᠭᠤᠯ ᠭᠡᠯᠡ ᠪᠢᠴᠢᠭ ᠤᠨ ᠰᠤᠳᠤᠯᠤᠯ ᠤᠨ ᠲᠡᠥᠭᠡᠨ ᠲᠡᠭᠡᠷ᠎ᠡ ᠴᠠᠭ ᠥᠶ᠎ᠡ ᠶᠢ | ᠵᠠᠭᠠᠭᠯᠠᠭᠰᠠᠨ ᠴᠢᠨᠠᠷ ᠲᠠᠢ ᠪᠠᠶᠢᠳᠠᠭ ᠲᠤ ᠤᠷᠤᠰᠢᠨ᠎ᠠ᠃ ᠡᠨᠡ ᠥᠶ᠎ᠡ ᠶᠢ ᠪᠢᠳᠠ ᠮᠤᠩᠭᠤᠯ ᠭᠡᠯᠡᠨ ᠤ ᠰᠤᠳᠤᠯᠤᠯ ᠤᠨ | ᠲᠤᠮᠳᠠᠳᠤ ᠥᠶ᠎ᠡ ᠭᠡᠵᠤ ᠪᠤᠯᠬᠤ ᠪᠠᠷ ᠪᠠᠶᠢᠨ᠎ᠠ᠃ ᠠᠶᠤᠰᠢ ᠭᠥᠥᠰᠢ ᠶᠢᠨ ᠥᠶ᠎ᠡ ᠳᠤ ᠭᠥᠷᠴᠤ ᠢᠷᠡᠭᠦ ᠳᠤ ᠮᠤᠩᠭᠤᠯ | ᠤᠨ ᠨᠡᠶᠢᠭᠡᠮᠯᠢᠭ ᠤᠨ ᠭᠡᠷᠡᠭᠴᠡᠭᠡᠨ ᠳᠤ ᠡᠨᠡᠳᠭᠡᠭ ᠲᠥᠪᠡᠳ ᠤᠨ ᠨᠤᠮ ᠰᠤᠳᠤᠷ ᠤᠨ ᠤᠷᠴᠢᠭᠤᠯᠤᠯᠭ᠎ᠠ ᠲᠤᠩ ᠶᠡᠭᠡ | ᠭᠡᠷᠡᠭ ᠲᠠᠢ ᠪᠤᠯᠵᠠᠢ᠃ ᠬᠠᠷᠠᠴᠢᠨ ᠤ ᠡᠨᠡ ᠥᠶ᠎ᠡ ᠶᠡᠭᠡ ᠪᠢᠴᠢᠭ ᠤᠨ ᠭᠥᠮᠥᠨ ᠲᠡᠥᠭᠡᠨ ᠳᠤ ᠵᠤᠬᠢᠴᠠᠭᠤᠯᠤᠨ ︽ᠠᠯᠢ | ᠭᠠᠯᠢ︾ ᠥᠰᠥᠭ ᠭᠡᠭᠴᠢ ᠶᠢ ᠵᠤᠬᠢᠶᠠᠭᠰᠠᠨ ᠨᠢ ᠤᠶᠢᠭᠤᠷᠵᠢᠨ ᠮᠤᠩᠭᠤᠯ ᠥᠰᠥᠭ ᠤᠨ ᠲᠥᠯᠥᠪᠰᠢᠷᠡᠨ ᠲᠤᠭᠳᠠᠬᠤ | ᠳᠤ ᠴᠢᠬᠤᠯᠠ ᠠᠯᠬᠤᠮ ᠢ ᠭᠥᠢᠴᠡᠳᠭᠡᠭᠰᠡᠨ ᠪᠠ ᠭᠡᠯᠡ ᠰᠢᠨᠵᠢᠯᠡᠯ ᠤᠨ ᠬᠤᠪᠢ ᠳᠤ ᠶᠡᠭᠡᠭᠡᠨ ᠥᠶ᠎ᠡ ᠴᠠᠨ᠎ᠠ ᠲᠠᠢ | ᠪᠥᠳᠥᠭᠡᠯ ᠪᠤᠯᠤᠭᠰᠠᠨ ᠭᠡᠵᠤ ᠰᠡᠭᠦᠯᠴᠢ ᠶᠢᠨ ᠰᠢᠨᠵᠢᠯᠡᠭᠴᠢᠳ ᠲᠡᠮᠳᠡᠭᠯᠡᠳᠡᠭ᠃ | ︽ᠤᠭᠳᠠᠷᠭᠤᠢ ᠶᠢᠨ ᠮᠠᠨᠢ︾ ᠶᠢ ᠪᠢᠴᠢᠭᠰᠡᠨ ᠲᠠᠨᠵᠠᠨᠳᠠᠭᠪᠠ ᠶᠢᠨ ᠭᠠᠪᠢᠶ᠎ᠠ ᠵᠢᠳᠭᠦᠯ ᠨᠡᠩ ᠶᠡᠭᠡ ᠶᠤᠮ᠃ ᠤᠴᠢᠷ | ᠨᠢ᠂ ᠲᠡᠷᠡ ᠪᠠᠷ ᠤᠯᠠᠨ ᠵᠠᠭᠤᠨ ᠵᠢᠯ ᠭᠡᠷᠡᠭᠯᠡᠭᠳᠡᠭᠰᠡᠭᠡᠷ ᠢᠷᠡᠭᠰᠡᠨ ᠤᠶᠢᠭᠤᠷᠵᠢᠨ ᠮᠤᠩᠭᠤᠯ ᠥᠰᠥᠭ ᠤᠨ ᠲᠥᠷᠢᠮ ᠢ | ᠴᠡᠭᠴᠡᠵᠢᠭᠦᠯᠥᠨ ᠪᠤᠯᠪᠠᠰᠤᠷᠠᠭᠤᠯᠤᠭᠰᠠᠨ ᠠᠵᠢᠯ ᠢ ᠳ᠋ᠥᠩᠨᠡᠭᠰᠡᠨ ᠢᠶᠠᠷ ᠥᠯᠥ ᠪᠠᠷᠠᠮ ᠨᠡᠩ ᠴᠢᠬᠤᠯᠠ ᠨᠢ ᠲᠡᠥᠭᠡᠨ | ᠲᠡᠭᠡᠷ᠎ᠡ ᠭᠥᠩᠭᠠᠵᠠᠯᠼᠠᠨ᠂ ᠴᠤᠶᠢᠵᠢᠤᠳᠰᠠᠷ ᠨᠠᠷ ᠲᠤᠰ ᠲᠤᠰ ᠤᠨ ︽ᠵᠢᠷᠥᠭᠡᠨ ᠲᠤᠯᠳᠤ︾ ᠲᠠᠢ ᠪᠠᠶᠢᠭᠰᠠᠨ ᠢ | ᠤᠯᠠᠨ ᠳᠤ ᠮᠡᠳᠡᠭᠡᠯᠡᠭᠡᠳ ᠴᠤᠶᠢᠵᠢᠤᠳᠰᠠᠷ ᠤᠨ ᠵᠤᠬᠢᠶᠠᠯ ᠳᠤ ᠪᠥᠷ ᠲᠡᠯᠭᠡᠷᠡᠩᠭᠦᠢ ᠲᠠᠶᠢᠯᠪᠤᠷᠢ ᠬᠢᠵᠠᠢ᠃ ᠰᠡᠭᠦᠯᠴᠢ | ᠶᠢᠨ ᠭᠥᠮᠥᠰ᠂ ᠬᠡᠷᠪᠡ ᠴᠤᠶᠢᠵᠢᠤᠳᠰᠠᠷ ᠤᠨ ᠭᠤᠤᠯ ᠪᠥᠳᠥᠭᠡᠯ ᠲᠠᠢ ᠲᠠᠨᠢᠯᠴᠠᠯ᠎ᠠ ᠭᠡᠳᠡᠭ ᠪᠤᠯ ᠵᠥᠢ ᠨᠢ ᠲᠡᠷᠡ | ᠭᠠᠪᠢᠶ᠎ᠠ ᠲᠠᠨᠵᠠᠨᠳᠠᠭᠳᠠᠪᠠ ᠶᠢᠨ ᠨᠡᠷ᠎ᠡ ᠲᠡᠭᠡᠷ᠎ᠡ ᠯᠡ ᠲᠡᠮᠳᠡᠭᠯᠡᠭᠳᠡᠭᠦ ᠶᠤᠰᠤᠳᠠᠢ ᠶᠤᠮ᠃ | ᠠᠶᠤᠰᠢ ᠭᠥᠥᠰᠢ ᠠᠴᠠ ᠲᠠᠨᠵᠠᠨᠳᠠᠭᠪᠠ ᠭᠥᠷᠳᠡᠯᠡᠭᠢ ᠬᠤᠭᠤᠴᠠᠭᠠᠨ ᠳᠤ ᠮᠤᠩᠭᠤᠯ ᠭᠡᠯᠡᠨ ᠤ ᠰᠤᠳᠤᠯᠤᠯ ᠤᠨ | ᠲᠡᠥᠭᠡᠨ ᠳᠤ ᠶᠡᠭᠡᠭᠡᠨ ᠠᠬᠢᠯᠳᠠ ᠨᠤᠭᠤᠳ ᠭᠠᠷᠴᠠᠢ᠃ ᠲᠡᠥᠭᠡᠨ ᠲᠡᠭᠡᠷ᠎ᠡ ᠭᠤᠷᠪᠠᠨ ︽ᠵᠢᠷᠥᠭᠡᠨ ᠲᠤᠯᠳᠤ︾ ᠪᠠᠶᠢᠯ᠎ᠠ | ᠭᠡᠳᠡᠭ ᠤᠨ ᠨᠥᠭᠦᠭᠡ ᠨᠢᠭᠡ ᠨᠢ ᠲᠠᠷᠤᠢ ᠭᠥᠩᠭᠠᠠᠤᠳᠰᠠᠷ ᠤᠨ ︽ᠵᠢᠷᠥᠭᠡᠨ ᠲᠤᠯᠳᠤ︾ ᠭᠡᠮᠡᠭᠴᠢ ᠮᠥᠨ ᠪᠥᠭᠡᠳ | ᠲᠤᠰ ᠵᠤᠬᠢᠶᠠᠯ ᠡᠨᠡ ᠥᠶ᠎ᠡ ᠶᠢᠨ ᠪᠥᠳᠥᠭᠡᠯ ᠳᠤ ᠪᠠᠭᠳᠠᠨ᠎ᠠ᠃ ᠤᠶᠢᠷᠠᠳ ᠤᠨ ᠬᠤᠱᠤᠳ ᠤᠪᠤᠭ ᠤᠨ ᠽᠠᠶ᠎ᠠ | ᠪᠠᠨᠳᠢᠳᠠ ᠨᠠᠮᠬᠠᠶᠢᠵᠠᠮᠰᠤ ︽ᠲᠤᠳᠤ ᠥᠰᠥᠭ︾ ᠢ ᠵᠤᠬᠢᠶᠠᠭᠰᠠᠨ᠃ ᠪ᠊ ᠷᠢᠨᠴᠢᠨ ᠤ ᠲᠤᠳᠤᠯᠠᠭᠰᠠᠨ ᠢᠶᠠᠷ ᠬᠠᠯᠬ᠎ᠠ | ᠶᠢᠨ ᠥᠨᠳᠥᠷ ᠭᠡᠭᠡᠨ ᠵᠠᠨᠠᠪᠠᠽᠠᠷ ᠪᠤᠶᠤ ᠢᠰᠢᠳᠤᠷᠵᠢ ︽ᠰᠤᠶᠤᠩᠪᠤ ᠥᠰᠥᠭ︾᠂ ︽ᠬᠡᠪᠳᠡᠭᠡ ᠲᠥᠷᠪᠡᠯᠵᠢᠨ | ᠥᠰᠥᠭ︾ ᠵᠤᠬᠢᠶᠠᠭᠰᠠᠨ ᠶᠠᠪᠤᠳᠠᠯ ᠤᠳ ᠪᠠᠰᠠ ᠴᠤ ᠡᠨᠡ ᠥᠶ᠎ᠡ ᠳᠤ ᠬᠤᠯᠪᠤᠭᠳᠠᠨ᠎ᠠ᠃ ︽ᠠ ᠠᠩᠬ᠎ᠠ︾ ᠮᠡᠳᠤ | ᠶᠢᠨ ᠲᠤᠩ ᠰᠤᠨᠢᠷᠬᠠᠯᠳᠠᠢ ᠭᠡᠯᠡ ᠰᠤᠷᠬᠤ ᠪᠢᠴᠢᠭ ᠵᠤᠬᠢᠶᠠᠵᠤ ᠪᠠᠶᠢᠭᠰᠠᠨ ᠤᠷᠠᠳ ᠤᠨ ᠮᠡᠷᠭᠡᠨ ᠭᠡᠭᠡᠨ ᠮᠥᠨ | ᠲᠠᠨᠵᠠᠨᠳᠠᠭᠪᠠ ᠲᠠᠢ ᠥᠨᠳᠥᠰᠥᠨ ᠳᠤ ᠪᠠᠨ ᠨᠢᠭᠡ ᠴᠠᠭ ᠥᠶ᠎ᠡ ᠶᠢᠨ ᠡᠷᠳᠡᠮᠳᠡᠨ ᠪᠤᠯᠤᠨ᠎ᠠ᠃ ᠮᠤᠩᠭᠤᠯᠴᠤᠳ ᠤᠨ | ᠤᠯᠤᠰ ᠲᠥᠷᠥ᠂ ᠱᠠᠰᠢᠨ ᠰᠢᠳᠥᠯᠭᠡ᠂ ᠰᠤᠶᠤᠯ ᠤᠨ ᠠᠮᠢᠳᠤᠷᠠᠯ ᠤᠨ ᠥᠭᠡᠷᠡᠴᠢᠯᠡᠯᠳᠡ ᠨᠦᠭᠦᠳ ᠲᠠᠢ ᠬᠤᠯᠪᠤᠭᠳᠠᠨ | ᠡᠯᠳᠡᠪ ᠵᠥᠢᠯ ᠤᠨ ᠲᠤᠯᠢ ᠪᠢᠴᠢᠭ ᠵᠤᠬᠢᠶᠠᠬᠤ ᠠᠵᠢᠯ ᠴᠤ ᠡᠨᠡ ᠬᠢᠷᠢ ᠳᠤ ᠰᠢᠨ᠎ᠠ ᠠᠬᠢᠴᠠ ᠲᠠᠢ ᠪᠠᠶᠢᠭᠰᠠᠨ ᠪᠥᠭᠡᠳ | ᠲᠡᠳᠡᠭᠡᠷ ᠤᠨ ᠲᠥᠯᠥᠭᠡᠯᠡᠭᠦ ᠴᠢᠨᠠᠷᠳᠠᠢ ᠶᠢ ᠲᠤᠷᠠᠳᠪᠠᠯ᠄ ︽ᠬᠤᠷᠢᠨ ᠨᠢᠭᠡᠳᠤ︾ ᠭᠡᠵᠤ ᠠᠯᠳᠠᠷᠰᠢᠭᠰᠠᠨ ᠮᠤᠩᠭᠤᠯ | ᠭᠡᠯᠡᠨ ᠤ ᠠᠩᠬᠠᠨ ᠤ ᠲᠠᠶᠢᠯᠪᠤᠷᠢ ᠲᠤᠯᠢ ᠷᠠᠰᠢ ᠲᠡᠷᠢᠭᠦᠳᠡᠢ ᠮᠤᠩᠭᠤᠯ ᠤᠨ ᠪᠢᠴᠢᠭ ᠤᠨ ᠭᠥᠮᠥᠰ ᠤᠨ ᠨᠡᠷ᠎ᠡ ᠲᠠᠢ | ᠬᠤᠯᠪᠤᠭᠳᠠᠨ ᠭᠠᠷᠴᠠᠢ᠃ ᠮᠥᠨ ︽ᠲᠤᠬᠢᠶᠠᠨ ᠤ ᠪᠢᠴᠢᠭ︾ ᠪᠤᠶᠤ ︽ᠲᠠᠭᠶ᠋ᠢᠭ︾ ᠭᠡᠵᠤ ᠲᠡᠮᠳᠡᠭᠯᠡᠭᠳᠡᠳᠡᠭ | ᠲᠥᠪᠡᠳ — ᠮᠤᠩᠭᠤᠯ ︵ᠮᠤᠩᠭᠤᠯ — ᠲᠥᠪᠡᠳ︶ ᠲᠤᠯᠢ ᠪᠢᠴᠢᠭ ᠤᠨ ᠵᠥᠢᠯ ᠡᠨᠡ ᠴᠠᠭ ᠠᠴᠠ ᠡᠬᠢᠯᠡᠵᠤ | ᠭᠠᠷᠤᠭᠰᠠᠨ ᠤ ᠲᠤᠳᠤᠷ᠎ᠠ ︽ᠮᠡᠷᠭᠡᠳ ᠭᠠᠷᠬᠤᠢ ᠶᠢᠨ ᠤᠷᠤᠨ ᠨᠡᠷᠡᠳᠤ ᠲᠠᠭᠶ᠋ᠢᠬᠢᠰ︾ ᠢ ᠬᠠᠭᠤᠴᠢᠨ ᠪᠢᠴᠢᠭ ᠤᠨ | ᠭᠥᠮᠥᠰ ᠪᠠᠷᠤᠭ ᠮᠡᠳᠡᠳᠡᠭ᠃ ᠲᠤᠰ ᠲᠠᠭᠶ᠋ᠢᠭ ᠪᠤᠯ ᠬᠡᠷᠡᠭ ᠲᠡᠭᠡᠷ᠎ᠡ ᠪᠠᠨ ᠲᠥᠪᠡᠳ ᠭᠡᠯᠡᠨ ᠤ ︽ᠭᠠᠨᠵᠤᠤᠷ︾ ᠮᠡᠳᠤ | ᠶᠢᠨ ᠤᠯᠠᠨ ᠵᠤᠬᠢᠶᠠᠯ ᠢ ᠤᠷᠴᠢᠭᠤᠯᠬᠤ ᠶᠠᠪᠤᠴᠠ ᠳᠤ ᠲᠤᠬᠢᠶᠠᠯᠳᠤᠭᠰᠠᠨ ᠲᠥᠪᠡᠳ ᠮᠤᠩᠭᠤᠯ ᠨᠡᠷ᠎ᠡ ᠲᠤᠮᠢᠶᠠᠨ ᠤ | ᠠᠰᠠᠭᠤᠳᠠᠯ ᠢ ᠨᠢᠭᠡᠨ ᠲᠡᠰᠢ ᠪᠤᠯᠭᠠᠨ ᠰᠢᠢᠳᠪᠥᠷᠢᠯᠡᠭᠦ᠂ ᠮᠥᠨ ︽ᠳ᠋ᠠᠨᠵᠤᠤᠷ︾ ᠢ ᠤᠷᠴᠢᠭᠤᠯᠵᠤ ᠭᠥᠢᠴᠡᠳᠭᠡᠭᠦ | ᠪᠡᠯᠡᠳᠭᠡᠯ ᠪᠤᠯᠤᠨ ᠵᠤᠬᠢᠶᠠᠭᠳᠠᠭᠰᠠᠨ ᠵᠥᠢᠯ ᠪᠥᠭᠡᠳ ᠡᠭᠦᠨ ᠳᠤ ᠥᠵᠥᠮᠥᠴᠢᠨ ᠭᠥᠩ ᠭᠤᠮᠪᠤᠵᠠᠪ᠂ ᠤᠷᠠᠳ ᠤᠨ | ᠰᠢᠷᠠᠪᠵᠠᠮᠰᠤ ᠪᠤᠶᠤ ᠪᠢᠯᠢᠭ ᠤᠨ ᠲᠠᠯᠠᠢ ︵ᠪᠢᠯᠢᠭᠦᠨᠳᠠᠯᠠᠢ︶᠂ ᠠᠪᠠᠭ᠎ᠠ ᠶᠢᠨ ᠠᠭᠸᠠᠩᠳᠠᠮᠫᠢᠯ ᠮᠡᠳᠤ ᠶᠢᠨ ᠡᠷᠳᠡᠮᠳᠡᠨ | ᠭᠥᠥᠰᠢ ᠨᠠᠷ ᠤᠨ ᠭᠥᠴᠥᠨ ᠵᠢᠳᠭᠦᠯ ᠬᠤᠯᠪᠤᠭᠳᠠᠵᠤ ᠪᠠᠶᠢᠳᠠᠭ᠃ ᠶᠡᠷᠤ ᠠᠴᠠ ᠠᠶᠤᠰᠢ ᠭᠥᠥᠰᠢ ᠠᠴᠠ | ᠲᠠᠨᠵᠠᠨᠳᠠᠭᠪᠠ ᠭᠥᠷᠳᠡᠯᠡᠭᠢ ᠲᠡᠥᠭᠡᠨ ᠬᠤᠭᠤᠴᠠᠭᠠᠨ ᠤ ᠮᠤᠩᠭᠤᠯ ᠭᠡᠯᠡ ᠰᠤᠳᠤᠯᠤᠯ ᠤᠨ ᠪᠠᠶᠢᠳᠠᠯ ᠨᠢ ᠠᠶᠤᠰᠢ | ᠭᠥᠥᠰᠢ ᠶᠢᠨ ᠡᠮᠥᠨᠡᠬᠢ ᠥᠶ᠎ᠡ ᠶᠢᠨ ᠬᠢ ᠠᠴᠠ ᠨᠡᠯᠢᠶᠡᠳ ᠭᠡᠳᠥᠨ ᠲᠠᠯ᠎ᠠ ᠪᠠᠷ ᠥᠪᠡᠷᠮᠢᠴᠡ ᠤᠨᠴᠠᠯᠢᠭ ᠲᠠᠢ ᠪᠤᠯᠬᠤ | ᠶᠢ ᠲᠤᠷᠠᠳᠴᠤ ᠥᠩᠭᠡᠷᠡᠭᠰᠡᠨ ᠲᠤᠶᠢᠮᠤ ᠬᠠᠷᠠᠭᠤᠯᠵᠤ ᠪᠠᠶᠢᠨ᠎ᠠ᠃ ᠲᠤᠰ ᠬᠤᠭᠤᠴᠠᠭᠠᠨ ᠳᠤ ᠭᠡᠯᠡ ᠰᠤᠳᠤᠯᠤᠯᠭᠠᠨ ᠤ | ᠲᠠᠪᠴᠠᠩ ᠲᠡᠭᠡᠷ᠎ᠡ ᠮᠡᠳᠡᠭᠳᠡᠭᠰᠡᠨ ᠪᠢᠴᠢᠭᠳᠡᠨ ᠮᠡᠷᠭᠡᠳ ᠤᠨ ᠲᠤᠭ᠎ᠠ ᠤᠷᠢᠳᠠᠬᠢ ᠠᠴᠠ ᠤᠯᠠᠨ᠂ ᠵᠤᠬᠢᠶᠠᠭᠳᠠᠭᠰᠠᠨ | ᠪᠥᠳᠥᠭᠡᠯ ᠤᠨ ᠲᠤᠭ᠎ᠠ᠂ ᠲᠥᠷᠥᠯ ᠵᠥᠢᠯ ᠥᠯᠡᠮᠵᠢ ᠪᠠᠶᠢᠨ᠎ᠠ᠃ | ᠲᠠᠨᠵᠠᠨᠳᠠᠭᠪᠠ ᠠᠴᠠ ᠨᠠᠰᠢᠬᠢ ᠶᠢᠨ ᠪᠠᠶᠢᠳᠠᠯ ᠶᠠᠮᠠᠷ ᠪᠠᠶᠢᠬᠤ ᠪᠤᠢ︖ ᠪᠠᠷᠤᠭ ᠭᠡᠨ ᠤ ᠥᠶ᠎ᠡ ᠭᠥᠷᠳᠡᠯ᠎ᠡ ᠪᠡᠰᠠ | ᠨᠢᠭᠡᠨ ᠱᠠᠳᠤ ᠪᠤᠯᠬᠤ ᠪᠤᠢ︖ ᠴᠤᠬᠤᠮ ᠭᠦ ᠮᠤᠩᠭᠤᠯ ᠭᠥᠮᠥᠨ ᠮᠤᠩᠭᠤᠯ ᠭᠡᠯᠡ ᠪᠢᠴᠢᠭ ᠢᠶᠠᠨ ᠰᠤᠳᠤᠯᠤᠭᠰᠠᠨ | ᠲᠡᠥᠭᠡᠨ ᠥᠨᠡᠨ ᠢ ᠠᠪᠴᠤ ᠥᠵᠡᠪᠡᠯ 18 ᠳ᠋ᠤᠭᠠᠷ ᠵᠠᠭᠤᠨ ᠤ ᠲᠠᠨᠵᠠᠨᠳᠠᠭᠪᠠ ᠠᠴᠠ ᠬᠤᠷᠢᠳᠤᠭᠠᠷ ᠵᠠᠭᠤᠨ ᠤ ᠡᠬᠢᠨ | ᠬᠠᠭᠠᠰ ᠲᠤ ᠠᠯᠳᠠᠷ ᠭᠠᠷᠤᠭᠰᠠᠨ ᠱ᠊ ᠯᠤᠪᠰᠠᠩᠸᠠᠩᠳᠠᠨ ᠭᠥᠷᠳᠡᠯᠡᠬᠢ ᠶᠢ ᠮᠤᠩᠭᠤᠯ ᠭᠡᠯᠡᠨ ᠤ ᠰᠤᠳᠤᠯᠤᠯ ᠤᠨ ᠪᠠᠰᠠ | ᠨᠢᠭᠡ ᠲᠡᠥᠭᠡᠨ ᠱᠠᠳᠤ ᠥᠶ᠎ᠡ ᠪᠠᠷ ᠥᠵᠡᠵᠤ ᠪᠤᠯᠤᠨ᠎ᠠ᠃ ᠪᠠᠷᠤᠭ 200 ᠰᠢᠬᠠᠮ ᠵᠢᠯ ᠥᠷᠭᠦᠯᠵᠢᠯᠡᠭᠰᠡᠨ ᠡᠨᠡ | ᠲᠡᠥᠭᠡᠨ ᠬᠤᠭᠤᠴᠠᠭᠠᠨ ᠳᠤ ᠮᠤᠩᠭᠤᠯ ᠭᠡᠯᠡᠨ ᠤ ᠰᠤᠳᠤᠯᠤᠯ ᠤᠨ ᠪᠠᠶᠢᠳᠠᠯ ᠡᠮᠥᠨ᠎ᠡ ᠲᠤᠷᠠᠳᠤᠭᠰᠠᠨ ᠬᠤᠶᠠᠷ ᠱᠠᠳᠤ | ᠥᠶ᠎ᠡ ᠠᠴᠠ ᠤᠯᠠᠮ ᠤᠨᠴᠠᠯᠢᠭ ᠲᠠᠢ ᠠᠬᠢᠵᠠᠢ᠃ ᠡᠨᠡ ᠬᠤᠭᠤᠷᠤᠨᠳᠤ ᠮᠠᠨ ᠤ ᠮᠤᠩᠭᠤᠯ ᠤᠨ ᠥᠪᠡᠷ ᠤᠨ ᠭᠡᠯᠡ | ᠪᠢᠴᠢᠭ ᠤᠨ ᠡᠷᠳᠡᠮᠳᠡᠨ ᠮᠡᠷᠭᠡᠳ ᠲᠠᠰᠤᠷᠠᠯ ᠥᠭᠡᠢ ᠲᠥᠷᠥᠨ ᠭᠠᠷᠴᠤ ᠮᠤᠩᠭᠤᠯ ᠬᠡᠯᠡ ᠪᠢᠴᠢᠭ ᠤᠨ ᠢᠶᠠᠨ | ᠰᠤᠳᠤᠯᠤᠯᠭ᠎ᠠ ᠶᠢ ᠠᠬᠢᠭᠤᠯᠤᠭᠰᠠᠨ ᠢᠶᠠᠷ ᠪᠠᠷᠠᠬᠤ ᠥᠭᠡᠢ᠂ ᠬᠠᠷᠢ ᠥᠨᠳᠥᠰᠥᠳᠡᠨ ᠤ ᠮᠤᠩᠭᠤᠯᠴᠢ ᠡᠷᠳᠡᠮᠳᠠᠠ ᠨᠠᠷ | ᠡᠳᠥᠢ ᠲᠡᠳᠥᠢ ᠭᠠᠷᠴᠤ ᠮᠤᠩᠭᠤᠯ ᠭᠡᠯᠡ ᠪᠠ ᠪᠢᠴᠢᠭ ᠢ ᠰᠤᠳᠤᠯᠵᠠᠢ᠃ ᠡᠭᠦᠨ ᠳᠤ ᠤᠷᠤᠰ ᠵᠥᠪᠯᠡᠯᠳᠤ ᠪᠤᠯᠤᠨ | ᠥᠷᠥᠨ᠎ᠡ ᠵᠥᠭ ᠤᠨ ᠡᠷᠳᠡᠮᠳᠡᠳ᠂ ᠮᠥᠨ ᠶᠠᠫᠤᠨ ᠵᠡᠷᠭᠡ ᠲᠤᠷᠤᠨᠠᠳᠠᠬᠢᠨ ᠤ ᠵᠠᠷᠢᠮ ᠤᠯᠤᠰ ᠤᠨ ᠡᠷᠳᠡᠮᠳᠡᠳ | ᠮᠤᠩᠭᠤᠯ ᠭᠡᠯᠡ ᠪᠢᠴᠢᠭ ᠢ ᠬᠡᠯᠡ ᠰᠢᠨᠵᠢᠯᠡᠯ ᠤᠨ ᠰᠢᠨ᠎ᠡ ᠠᠷᠭ᠎ᠠ ᠮᠠᠶ᠋ᠢᠭ ᠢᠶᠠᠷ ᠰᠤᠳᠤᠯᠬᠤ ᠵᠠᠮ ᠢ ᠨᠡᠭᠡᠭᠡᠭᠰᠡᠨ ᠨᠢ | ᠨᠢᠭᠡᠨ ᠶᠡᠭᠡᠭᠡᠨ ᠤᠨᠴᠠᠯᠢᠭ ᠪᠤᠯᠬᠤ ᠶᠤᠮ᠃ | ᠡᠨᠡ ᠬᠤᠭᠤᠴᠠᠭᠠᠨ ᠳᠤ ᠮᠤᠩᠭᠤᠯ ᠤᠨ ᠰᠡᠭᠡᠭᠡᠳᠡᠳ ᠤᠨ ᠥᠪᠡᠷ ᠤᠨ ᠰᠤᠳᠤᠯᠤᠯ ᠤᠨ ᠪᠠᠶᠢᠳᠠᠯ ᠠᠬᠢᠯᠳᠠᠳᠠᠢ | ᠶᠠᠪᠤᠭᠳᠠᠭᠰᠠᠨ ᠢ ᠲᠤᠶᠢᠮᠤᠴᠢᠯᠡᠨ ᠥᠭᠦᠯᠡᠪᠡᠯ᠂ ᠶᠠᠭᠤᠨ ᠤ ᠡᠮᠥᠨ᠎ᠡ᠂ ︽ᠬᠡᠯᠡᠡ ᠤ ᠴᠢᠮᠡᠭ︾ ᠢ ᠪᠢᠴᠢᠭᠰᠡᠨ ᠠᠯᠠᠱᠠ | ᠶᠢᠨ ᠯᠾᠠᠷᠠᠮᠪᠠ ᠠᠭᠸᠠᠩᠳᠠᠨᠳᠠᠷ᠂ ᠲᠠᠷᠠᠭᠠᠯᠠᠪᠠᠯ ︽ᠪᠥᠭᠦᠳᠡ ᠲᠠᠶᠢᠯᠪᠥᠷᠢ ᠪᠢᠴᠢᠭ︾ ᠢ ᠵᠤᠬᠢᠶᠠᠭᠰᠠᠨ ᠲᠥᠮᠡᠳ ᠤᠨ | ᠶᠡᠭᠡ ᠪᠢᠴᠢᠭ ᠤᠨ ᠭᠥᠮᠥᠨ ᠭᠠᠯᠰᠠᠩ᠂ ︽ᠠᠯᠳᠠᠨ ᠲᠤᠯᠢ︾ ᠶᠢ ᠵᠤᠬᠢᠶᠠᠭᠰᠠᠨ ᠠᠪᠠᠭ᠎ᠠ ᠶᠢᠨ ᠮᠡᠷᠭᠡᠨ | ᠯᠾᠠᠮᠤᠰᠥ᠋ᠷᠥ᠋ᠩ᠂ ︽ᠠᠩᠬᠠᠨ ᠰᠤᠷᠬᠤ ᠤᠯᠤᠰ ᠤᠨ ᠤᠳᠬ᠎ᠠ︾ ᠶᠢ ᠪᠢᠴᠢᠭᠰᠡᠨ ᠷᠤᠯᠭᠠᠷᠵᠠᠪ᠂ ᠭᠡᠰᠢᠩᠭᠡ᠂ ︽ | ᠠᠩᠬᠠᠨ ᠰᠤᠷᠬᠤ ᠬᠥᠪᠡᠭᠦᠳ ᠤᠨ ᠤᠶᠤᠨ ᠢ ᠨᠡᠭᠡᠭᠡᠭᠦ ᠲᠤᠳᠤᠷᠬᠠᠢ ᠲᠤᠯᠢ ᠬᠡᠮᠡᠭᠳᠡᠭᠦ ᠤᠷᠤᠰᠢᠪᠡ︾ ᠶᠢ ᠵᠤᠬᠢᠶᠠᠭᠰᠠᠨ | ᠵᠠᠮᠢᠶᠠᠩ ᠨᠠᠷ ᠤᠨ ᠪᠥᠳᠥᠭᠡᠯ ᠲᠡᠥᠭᠡᠨ ᠳᠤ ᠶᠡᠭᠡᠭᠡᠨ ᠪᠠᠶᠢᠷᠢ ᠡᠵᠡᠯᠡᠭᠦ ᠪᠤᠯᠤᠨ᠎ᠠ᠃ ᠮᠥᠨ ᠡᠨᠡ ᠬᠤᠭᠤᠷᠤᠨᠳᠤ | ᠮᠤᠩᠭᠤᠯ ᠭᠠᠷᠤᠯ ᠲᠠᠢ ᠰᠡᠭᠡᠭᠡᠳᠡᠳ ᠪᠠᠰᠠ ᠤᠯᠠᠨ ᠵᠥᠢᠯ ᠤᠨ ᠲᠤᠯᠢ ᠵᠤᠬᠢᠶᠠᠵᠠᠢ᠃ ᠲᠡᠳᠡᠭᠡᠷ ᠠᠴᠠ ᠪᠢᠳᠠ ᠨᠡᠷᠡᠳᠤ | ᠲᠤᠯᠢᠴᠢ ᠱᠠᠭᠵᠠ ᠶᠢᠨ ᠬᠢᠭᠰᠡᠨ ︽ᠡᠷᠢᠭᠦᠶᠡ ᠬᠢᠯᠪᠡᠷ ᠪᠤᠯᠭᠠᠨ ᠵᠤᠬᠢᠶᠠᠭᠰᠠᠨ ᠮᠤᠩᠭᠤᠯ ᠭᠡᠯᠡᠨ ᠤ ᠲᠠᠶᠢᠯᠪᠤᠷᠢ | ᠴᠢᠨᠳᠠᠮᠤᠨᠢ ᠡᠷᠢᠭᠡ︾᠂ ᠮᠤᠩᠭᠤᠯ ᠭᠡᠪᠯᠡᠯ ᠪᠤᠯᠤᠨ ᠤᠷᠴᠢᠭᠤᠯᠤᠯᠭ᠎ᠠ ᠶᠢᠨ ᠥᠢᠯᠡᠰ ᠲᠤ ᠥᠯᠡᠮᠵᠢ ᠵᠢᠳᠭᠦᠯᠳᠡᠢ | ᠲᠡᠮᠭᠡᠳᠤ ᠶᠢᠨ ᠨᠠᠶᠢᠷᠠᠭᠤᠯᠤᠭᠰᠠᠨ ︽ᠮᠤᠩᠭᠤᠯ ᠨᠠᠩᠬᠢᠶᠠᠳ ᠥᠰᠥᠭ ᠤᠨ ᠲᠤᠯᠢ ᠪᠢᠴᠢᠭ︾᠂ ᠬᠢᠯᠵᠢᠩᠳᠠᠢ ᠶᠢᠨ ︽ | ᠮᠤᠩᠭᠤᠯ ᠨᠠᠩᠬᠢᠶᠠᠳ ᠥᠰᠥᠭ ᠤᠨ ᠲᠤᠯᠢ ᠪᠢᠴᠢᠭ︾᠂ ᠬᠠᠢ ᠱᠠᠨ ᠤ ︽ᠮᠤᠩᠭᠤᠯ ᠬᠢᠳᠠᠳ ᠥᠰᠥᠭ | ᠬᠠᠪᠰᠤᠷᠭᠠᠭᠰᠠᠨ ᠲᠠᠪᠤᠨ ᠵᠥᠭ ᠤᠨ ᠠᠭᠤᠤ ᠠᠶᠠᠯᠭᠤ ᠭᠡᠮᠡᠭᠦ ᠪᠢᠴᠢᠭ︾᠂ ᠠᠭᠸᠠᠩᠳᠠᠨᠳᠠᠷ ᠤᠨ ︽ᠨᠡᠷ᠎ᠡ ᠤᠳᠬ᠎ᠠ | ᠶᠢ ᠲᠤᠳᠤᠳᠬᠠᠭᠴᠢ ᠰᠠᠷᠠᠨ ᠤ ᠭᠡᠷᠡᠯ ᠭᠡᠮᠡᠭᠳᠡᠭᠦ ᠲᠤᠬᠢᠶᠠᠨ ᠤ ᠪᠢᠴᠢᠭ ᠤᠷᠤᠰᠢᠪᠠᠢ︾ ᠵᠡᠷᠭᠡ ᠶᠢ ᠲᠡᠮᠳᠡᠭᠯᠡᠵᠤ | ᠪᠤᠯᠤᠨ᠎ᠠ᠃ ᠮᠥᠨ ᠡᠨᠡ ᠡᠷᠡᠨ ᠳᠤ ᠥᠷᠥᠨ᠎ᠡ ᠵᠥᠭ ᠤᠨ ᠨᠥᠯᠥᠭᠡ ᠶᠢ ᠭᠥᠷᠳᠡᠵᠤ ᠥᠰᠥᠨ ᠪᠤᠶᠢᠵᠢᠭᠰᠠᠨ | ᠮᠤᠩᠭᠤᠯ ᠡᠷᠳᠡᠮᠳᠡᠨ ᠤ ᠲᠤᠭᠠᠨ ᠳᠤ ︽ᠴᠢᠩᠬᠢᠰ ᠤᠨ ᠴᠢᠯᠠᠭᠤᠨ ᠪᠢᠴᠢᠭ︾ ᠢ ᠭᠠᠷᠮᠠᠭᠠᠢ ᠤᠩᠰᠢᠯ᠎ᠠ ᠭᠡᠳᠡᠭ | ᠪᠥᠷᠢᠶᠡᠳ ᠤᠨ ᠲᠤᠷᠵᠢ ᠪᠠᠨᠽᠠᠷᠤᠸ᠋ ᠲᠤ ᠡᠷᠳᠡᠮ ᠰᠢᠨᠵᠢᠯᠡᠯᠭᠡᠨ ᠤ ᠲᠡᠥᠭᠡ ᠶᠢᠨ ᠵᠤᠬᠢᠬᠤ ᠪᠠᠶᠢᠷᠢ ᠤᠯᠭᠤᠬᠤ | ᠶᠤᠰᠤᠳᠠᠢ᠃ | ᠲᠠᠨᠵᠠᠨᠳᠠᠭᠪᠠ ᠠᠴᠠ ᠬᠤᠶᠢᠰᠢ ᠢᠯᠡᠷᠡᠨ ᠭᠠᠷᠤᠭᠰᠠᠨ ᠤᠷᠤᠰ ᠵᠥᠪᠯᠡᠯᠳᠤ ᠶᠢᠨ ᠪᠠ ᠥᠷᠥᠨ᠎ᠡ᠂ ᠲᠤᠷᠤᠨᠠᠳᠠᠬᠢᠨ | ᠤ ᠮᠤᠩᠭᠤᠯᠴᠢ ᠨᠠᠷ ᠤᠨ ᠰᠤᠳᠤᠯᠤᠯᠭ᠎ᠠ ᠨᠢ 19 ᠳ᠋ᠤᠭᠡᠷ ᠵᠠᠭᠤᠨ ᠤ ᠡᠬᠢᠨ ᠬᠠᠭᠠᠰ ᠠᠴᠠ ᠡᠬᠢᠯᠡᠵᠠᠢ᠃ ᠡᠨᠡ ᠲᠡᠥᠭᠡ | ᠨᠢ ᠲᠤᠰ ᠵᠠᠭᠤᠨ ᠤ ᠬᠤᠷᠢᠭᠠᠳ ᠤᠨ ᠤ ᠡᠴᠥᠰ ᠢᠶᠠᠷ ᠪᠠᠶᠢᠭᠤᠯᠤᠭᠳᠠᠭᠰᠠᠨ ᠺᠠᠽᠠᠨ ᠤ ᠶᠡᠭᠡ ᠰᠤᠷᠭᠠᠭᠤᠯᠢ ᠶᠢᠨ | ᠮᠤᠩᠭᠤᠯ ᠭᠡᠯᠡᠨ ᠤ ᠠᠩᠬᠢ ᠶᠢᠨ ᠲᠡᠥᠭᠡ ᠲᠠᠢ ᠨᠢᠭᠳᠠ ᠬᠤᠯᠪᠤᠭᠠᠳᠠᠢ ᠪᠥᠭᠡᠳ ᠡᠨᠡ ᠠᠩᠬᠢ ᠳᠤ ᠪᠠᠭᠰᠢᠯᠠᠵᠤ | ᠥᠩᠭᠡᠷᠡᠭᠰᠡᠨ ᠲᠤᠷᠤᠨᠠᠳᠠᠬᠢᠨ ᠤ ᠰᠤᠳᠤᠯᠤᠯ ᠤᠨ ᠡᠷᠳᠡᠮᠳᠡᠨ᠂ ᠮᠤᠩᠭᠤᠯᠴᠢ ᠱᠮᠢᠳ᠋ᠲ ᠤᠨ ᠥᠢᠯᠡ ᠠᠵᠢᠯᠯᠠᠭ᠎ᠠ ᠪᠠᠷ | ᠡᠬᠢᠨ ᠤ ᠬᠠᠭᠤᠳᠠᠰᠤ ᠪᠠᠨ ᠪᠢᠴᠢᠳᠡᠭ ᠪᠠᠶᠢᠨ᠎ᠠ᠃ ᠱᠮᠢᠳ᠋ᠲ ᠬᠡᠳᠡᠭ ᠭᠥᠮᠥᠨ ᠮᠤᠩᠭᠤᠯ ᠬᠡᠯᠡᠨ ᠤ ᠰᠤᠳᠤᠯᠤᠯ ᠤᠨ | ᠲᠠᠯ᠎ᠠ ᠪᠠᠷ ᠶᠡᠭᠡ ᠠᠵᠢᠯ ᠬᠢᠭᠰᠡᠨ᠂ ᠲᠡᠭᠦᠨ ᠤ ᠲᠥᠯᠥᠭᠡᠯᠡᠭᠴᠢ ᠴᠢᠨᠠᠷ ᠲᠠᠢ ᠪᠥᠳᠥᠭᠡᠯ ᠨᠢ 1832 ᠤᠨ ᠳᠤ | ᠵᠤᠬᠢᠶᠠᠭᠳᠠᠭᠰᠠᠨ ︽ᠮᠤᠩᠭᠤᠯ ᠭᠡᠯᠡᠨ ᠤ ᠵᠥᠢ︾᠂ 1835 ᠤᠨ ᠳᠤ ᠵᠤᠬᠢᠶᠠᠭᠳᠠᠭᠰᠠᠨ ︽ᠮᠤᠩᠭᠤᠯ — | ᠤᠷᠤᠰ — ᠭᠧᠷᠮᠠᠨ ᠲᠤᠯᠢ︾ ᠵᠡᠷᠭᠡ ᠪᠤᠯᠤᠨ᠎ᠠ᠃ ᠱᠮᠢᠳ᠋ᠲ ᠠᠴᠠ ᠨᠠᠰᠢ ᠲᠤᠭᠠᠴᠠᠪᠠᠯ ᠫᠤᠯᠱᠠ ᠪᠤᠯᠤᠨ ᠤᠷᠤᠰ ᠤᠨ | ᠮᠤᠩᠭᠤᠯ ᠤᠨ ᠰᠤᠳᠤᠯᠤᠯ ᠤᠨ ᠲᠥᠯᠥᠭᠡᠯᠡᠭᠴᠢ ᠺᠤᠸᠠᠯᠸᠧᠰᠺᠢ᠂ ᠤᠷᠤᠰ ᠤᠨ ᠨᠡᠷᠡᠳᠤ ᠮᠤᠩᠭᠤᠯᠴᠢ ᠫᠤᠫᠫᠧ᠂ | ᠪᠤᠪᠷᠤᠸ᠋ᠨᠢᠺᠤᠸ᠋᠂ ᠭᠤᠯᠰᠲ᠋ᠥ᠋ᠨᠰᠺᠢ᠂ ᠫᠤᠽᠳ᠋ᠨ᠋ᠶ᠋ᠸᠧ᠂ ᠷᠥᠳ᠋ᠨ᠋ᠸᠧ᠂ ᠮᠥᠨ ᠤᠷᠤᠰ ᠵᠥᠪᠯᠡᠯᠳᠤ ᠬᠤᠶᠠᠷ ᠭᠥᠷᠥᠨ ᠤ | ᠬᠤᠭᠤᠷᠤᠨᠳᠤ ᠠᠮᠢᠳᠤᠷᠠᠵᠤ ᠠᠭᠰᠠᠨ ᠠᠯᠳᠠᠷᠳᠤ ᠸᠯᠠᠳᠢᠮᠢᠷᠼᠤᠸ᠋ ᠵᠢᠴᠢ ᠹᠷᠠᠨᠼᠢ ᠶᠢᠨ ᠫᠧᠯᠯᠢᠤᠲ᠂ ᠪᠧᠯᠬᠢ ᠶᠢᠨ | ᠮᠤᠰᠲ᠋ᠧᠷᠲ᠂ ᠫᠣᠯᠱᠠ ᠶᠢᠨ ᠺᠤᠲᠸᠢᠴᠢ᠂ ᠪᠢᠨᠯᠢᠶᠠᠨᠳ᠋ ᠤᠨ ᠷᠠᠮᠰᠲ᠋ᠧᠳᠠᠲ᠂ ᠪᠠᠷᠠᠭᠤᠨ ᠭᠧᠷᠮᠠᠨ ᠤ ᠾᠢᠢᠨᠢᠰᠢ ᠵᠡᠷᠭᠡ | ᠮᠤᠩᠭᠤᠯ ᠭᠡᠯᠡᠨ ᠤ ᠰᠤᠳᠤᠯᠤᠯ ᠤᠨ ᠲᠡᠥᠭᠡᠨᠡ ᠵᠤᠬᠢᠬᠤ ᠪᠠᠶᠢᠷᠢ ᠡᠵᠡᠯᠡᠭᠦ ᠭᠥᠮᠥᠰ ᠤᠨ ᠤᠯᠠᠩᠬᠢ ᠨᠢ ᠴᠥᠮ ᠡᠨᠡ | ᠥᠶ᠎ᠡ ᠳᠤ ᠬᠤᠯᠪᠤᠭᠳᠠᠨ᠎ᠠ᠃ | ᠡᠨᠡ ᠮᠡᠳᠤ ᠪᠠᠷ ᠲᠠᠨᠵᠠᠨᠳᠠᠭᠪᠠ ᠠᠴᠠ ᠱ᠊ ᠯᠤᠪᠰᠠᠩᠸᠠᠩᠳᠠᠨ ᠭᠥᠷᠳᠡᠯ᠎ᠡ ᠮᠤᠩᠭᠤᠯ ᠤᠨ ᠥᠪᠡᠷ ᠤᠨ ᠪᠠ ᠬᠠᠷᠢ | ᠭᠠᠳᠠᠭᠠᠳᠤ ᠶᠢᠨ ᠡᠳᠥᠢ ᠲᠡᠳᠥᠢ ᠭᠥᠮᠥᠰ ᠮᠤᠩᠭᠤᠯ ᠭᠡᠯᠡᠨ ᠤ ᠰᠤᠳᠤᠯᠤᠯ ᠤᠨ ᠲᠡᠥᠭᠡᠨ ᠳᠤ ᠨᠡᠷ᠎ᠡ ᠠᠯᠳᠠᠷ ᠢᠶᠠᠨ | ᠥᠯᠡᠳᠡᠭᠡᠵᠠᠢ᠃ ᠡᠨᠡ ᠵᠠᠪᠰᠠᠷ ᠤᠨ ᠲᠡᠥᠭᠡ ᠶᠢ ᠪᠢᠳᠠ ᠮᠤᠩᠭᠤᠯᠴᠤᠳ ᠤᠨ ᠥᠪᠡᠷ ᠤᠨ ᠰᠤᠳᠤᠯᠤᠭᠰᠠᠨ᠂ ᠬᠠᠷᠢ | ᠥᠨᠳᠥᠰᠥᠳᠡᠨ ᠤ ᠡᠷᠳᠡᠮᠳᠡᠳ ᠤᠨ ᠰᠤᠳᠤᠯᠤᠭᠰᠠᠨ ᠭᠡᠭᠦ ᠬᠤᠶᠠᠷ ᠪᠥᠯᠥᠭ ᠲᠤ ᠬᠤᠪᠢᠶᠠᠨ ᠥᠭᠦᠯᠡᠵᠤ ᠪᠤᠯᠤᠨ᠎ᠠ᠃ | ᠲᠡᠭᠡᠭᠦ ᠳᠤ ᠶᠠᠭᠤᠨ ᠤ ᠤᠴᠢᠷ ᠠᠴᠠ ᠵᠠᠪᠠᠯ ᠱ᠊ ᠯᠤᠪᠰᠠᠩᠸᠠᠩᠳᠠᠨ ᠢᠶᠠᠷ ᠲᠡᠥᠭᠡ ᠶᠢᠨ ᠨᠢᠭᠡ ᠱᠠᠳᠤ ᠥᠶ᠎ᠡ ᠶᠢᠨ ᠵᠠᠭᠠᠭ | ᠪᠤᠯᠭᠠᠨ᠎ᠠ ᠪᠤᠢ︖ ᠡᠨᠡ ᠤᠴᠢᠷ ᠢ ᠪᠢᠳᠠ ᠤᠳᠤ ᠶᠠᠷᠢᠬᠤ ᠴᠢᠬᠤᠯᠠ ᠲᠠᠢ ᠪᠤᠯᠤᠯ᠎ᠠ᠃ | ᠱ᠊ ᠯᠤᠪᠰᠠᠩᠸᠠᠩᠳᠠᠨ ᠪᠤᠯ ᠮᠤᠩᠭᠤᠯ ᠡᠷᠳᠡᠮᠳᠡᠳ ᠤᠨ ᠲᠤᠳᠤᠷ᠎ᠠ ᠠᠴᠠ ᠤᠷᠴᠢᠨ ᠴᠠᠭ ᠤᠨ ᠭᠡᠯᠡ ᠰᠢᠨᠵᠢᠯᠡᠯ | ᠤᠨ ᠠᠷᠭ᠎ᠠ ᠪᠠᠷ ᠮᠤᠩᠭᠤᠯ ᠭᠡᠯᠡᠨ ᠤ ᠰᠧᠰᠲ᠋ᠧᠮᠳᠠᠢ ᠵᠥᠢ ᠶᠢ ᠪᠢᠴᠢᠵᠤ ᠭᠠᠷᠭᠠᠭᠰᠠᠨ ᠨᠢᠭᠡᠳᠥᠭᠡᠷ ᠭᠥᠮᠥᠨ ᠪᠤᠯᠤᠨ᠎ᠠ᠃ | ᠯᠤᠪᠰᠠᠩᠸᠠᠩᠳᠠᠨ ᠠᠴᠠ ᠡᠮᠥᠨᠡᠬᠢ ᠥᠶ᠎ᠡ ᠶᠢᠨ ᠮᠤᠩᠭᠤᠯ ᠤᠨ ᠥᠪᠡᠷ ᠤᠨ ᠬᠡᠯᠡᠨ ᠤ ᠡᠷᠳᠡᠮᠳᠡᠳ ᠭᠡᠯᠡ ᠪᠠ ᠪᠢᠴᠢᠭ | ᠢᠶᠠᠨ ᠶᠡᠭᠡᠳᠡ ᠰᠤᠳᠤᠯᠤᠭᠰᠠᠨ ᠪᠤᠯᠪᠠᠴᠤ ᠭᠤᠤᠯᠳᠠᠭᠤ ᠤᠯᠮᠠᠯᠵᠢᠯᠠᠯᠳᠤ ᠠᠷᠭ᠎ᠠ — ᠥᠭᠡᠷ᠎ᠡ ᠪᠠᠷ ᠭᠡᠯᠡᠪᠡᠯ | ᠴᠤᠶᠢᠵᠢᠠᠤᠳᠰᠠᠷ ᠮᠠᠶ᠋ᠢᠭ ᠢᠶᠠᠷ ᠰᠤᠳᠤᠯᠵᠠᠢ᠃ ᠲᠤᠷᠵᠢ ᠪᠠᠨᠽᠠᠷᠤᠸ᠋ ᠮᠡᠳᠤ ᠶᠢᠨ ᠯᠤᠪᠰᠠᠩᠸᠠᠩᠳᠠᠨ ᠠᠴᠠ ᠲᠡᠭᠡᠷ᠎ᠡ | ᠥᠶ᠎ᠡ ᠶᠢᠨ ᠡᠷᠳᠡᠮᠳᠡᠨ ᠶᠡᠭᠡᠳᠡ ᠨᠡᠷ᠎ᠡ ᠲᠥᠷᠥ ᠲᠠᠢ ᠰᠤᠳᠤᠯᠤᠯᠭᠠᠨ ᠢ ᠬᠢᠭᠰᠡᠨ ᠨᠢ ᠥᠨᠡᠨ ᠪᠤᠯᠪᠠᠴᠤ ᠲᠡᠳᠡᠨ ᠤ | ᠭᠤᠤᠯ ᠠᠩᠬᠠᠷᠤᠯ ᠥᠭᠡᠷ᠎ᠡ ᠥᠭᠡᠷ᠎ᠡ ᠰᠡᠳᠤᠪ ᠲᠡᠭᠡᠷ᠎ᠡ ᠪᠠᠶᠢᠭᠰᠠᠨ ᠪᠠ ᠮᠤᠩᠭᠤᠯ ᠭᠡᠯᠡᠨ ᠤ ᠰᠢᠰᠲ᠋ᠧᠮ ᠲᠠᠢ ᠵᠥᠢ ᠶᠢ | ᠪᠢᠴᠢᠵᠤ ᠬᠠᠷᠠᠬᠠᠨ ᠠᠮᠵᠢᠭ᠎ᠠ ᠥᠭᠡᠢ ᠥᠩᠭᠡᠷᠡᠵᠠᠢ᠃ ᠨᠥᠭᠦᠭᠡ ᠲᠠᠯ᠎ᠠ ᠪᠠᠷ ᠱᠮᠢᠳ᠋ᠲ᠂ ᠫᠤᠫᠫᠧ᠂ ᠪᠤᠪᠷᠤᠸ᠋ᠨᠢᠺᠤᠸ᠋᠂ | ᠸᠯᠠᠳᠢᠮᠢᠷᠽᠤᠸ᠋ ᠮᠡᠳᠤ ᠡᠷᠳᠡᠮᠳᠡᠳ ᠤᠷᠢᠳ ᠬᠤᠵᠢᠳ ᠮᠥᠨ ᠮᠤᠩᠭᠤᠯ ᠭᠡᠯᠡᠨ ᠤ ᠵᠥᠢ᠂ ᠲᠡᠭᠡᠭᠦ ᠳᠤ ᠪᠠᠨ ᠰᠢᠨ᠎ᠡ | ᠴᠠᠭ ᠤᠨ ᠭᠡᠯᠡ ᠰᠢᠨᠵᠢᠯᠡᠯ ᠤᠨ ᠠᠷᠭ᠎ᠠ ᠪᠠᠷ ᠪᠢᠴᠢᠵᠤ ᠭᠠᠷᠭᠠᠭᠰᠠᠨ ᠪᠤᠯᠪᠠᠴᠤ ᠲᠡᠳᠡ ᠪᠥᠷ ᠮᠤᠩᠭᠤᠯ ᠪᠤᠰᠤ | ᠮᠤᠩᠭᠤᠯᠴᠢ ᠨᠠᠷ ᠪᠤᠯᠤᠨ᠎ᠠ᠃ ᠶᠠᠭ ᠡᠶᠢᠮᠤ ᠤᠴᠢᠷ ᠠᠴᠠ ᠱ᠊ ᠯᠤᠪᠰᠠᠩᠸᠠᠩᠳᠠᠨ ᠠᠪᠤᠭᠠᠢ ᠪᠤᠯᠪᠠᠰᠤ ᠲᠠᠨᠵᠠᠨᠳᠠᠭᠪᠠ | ᠠᠴᠠ ᠨᠠᠰᠢᠬᠢ ᠲᠡᠥᠭᠡᠨᠡ ᠢᠯᠡᠷᠡᠭᠰᠡᠨ ᠴᠠᠭ ᠥᠶ᠎ᠡ ᠶᠢ ᠵᠠᠭᠠᠭᠯᠠᠵᠤ ᠪᠤᠯᠬᠤ ᠭᠡᠯᠨᠨ ᠤ ᠡᠷᠳᠡᠮᠳᠡᠨ ᠤ ᠨᠢᠭᠡᠨ ᠮᠥᠨ | ᠭᠡᠵᠤ ᠥᠵᠡᠭᠦ ᠳᠤ ᠪᠤᠯᠬᠤ ᠥᠭᠡᠢ ᠪᠢᠰᠢ᠃ ᠲᠡᠭᠡᠪᠡᠯ ᠱ᠊ ᠯᠤᠪᠰᠠᠩᠸᠠᠩᠳᠠᠨ ᠤ ︽ᠮᠤᠩᠭᠤᠯ ᠭᠡᠯᠡᠨ ᠤ ᠵᠥᠢ︾ | ᠨᠡᠶᠢᠳᠡᠯᠡᠭᠳᠡᠭᠰᠡᠨ 1939 ᠤᠨ ᠠᠴᠠ ᠬᠤᠶᠢᠰᠢᠬᠢ ᠪᠠᠶᠢᠳᠠᠯ ᠶᠠᠮᠠᠷ ᠪᠤᠢ︖ ᠡᠨᠡ ᠬᠤᠭᠤᠷᠤᠨᠳᠤ ᠲᠡᠥᠭᠡᠨ | ᠬᠤᠭᠤᠴᠠᠭ᠎ᠠ ᠶᠢ ᠪᠢᠳᠠ ᠬᠤᠶᠠᠷ ᠰᠠᠯᠭᠠᠨ ᠰᠢᠨᠵᠢᠵᠤ ᠪᠤᠯᠬᠤ ᠪᠥᠭᠡᠳ 1939 —1959 ᠤᠨ ᠤ ᠤᠯᠠᠨ ᠤᠯᠤᠰ | ᠤᠨ ᠮᠤᠩᠭᠤᠯᠴᠢ ᠡᠷᠳᠡᠮᠳᠡᠨ ᠤ ᠠᠩᠬᠠᠳᠤᠭᠠᠷ ᠶᠡᠭᠡ ᠬᠤᠷᠠᠯ ᠪᠤᠯᠳᠠᠯᠠᠬᠢ ᠬᠤᠷᠢᠨ ᠵᠢᠯ ᠢ ᠨᠢᠭᠡ ᠱᠠᠳᠤ ᠪᠠᠷ᠂ ᠲᠡᠷᠡ | ᠬᠤᠷᠠᠯ ᠠᠴᠠ ᠤᠳᠤ ᠪᠤᠯᠳᠠᠯᠠᠬᠢ ᠶᠢ ᠪᠠᠰᠠ ᠨᠢᠭᠡ ᠱᠠᠳᠤ ᠪᠠᠷ ᠥᠵᠡᠵᠤ ᠪᠤᠯᠤᠨ᠎ᠠ᠃ | 1939 ᠤᠨ ᠠᠴᠠ 1959 ᠤᠨ ᠭᠥᠷᠳᠡᠯᠡᠬᠢ ᠬᠤᠷᠢᠨ ᠵᠢᠯ ᠤᠨ ᠬᠤᠭᠤᠷᠤᠨᠳᠤ ᠱ᠊ ᠯᠤᠪᠰᠠᠩᠸᠠᠩᠳᠠᠨ ᠤ ︽ | ᠮᠤᠩᠭᠤᠯ ᠭᠡᠯᠡᠨ ᠤ ᠵᠥᠢ︾ ᠬᠡᠳᠤ ᠲᠠᠬᠢᠨ ᠵᠠᠰᠠᠭᠳᠠᠵᠤ ᠭᠡᠪᠯᠡᠭᠳᠡᠭᠰᠡᠨ ᠢ ᠭᠠᠷᠭᠠᠪᠠᠯ ᠮᠤᠩᠭᠤᠯ ᠤᠯᠤᠰ ᠲᠤ ᠪ᠊ | ᠷᠢᠨᠴᠢᠨ ᠤ ︽ᠮᠤᠩᠭᠤᠯ ᠭᠡᠯᠡᠨ ᠤ ᠵᠥᠢ ᠶᠢᠨ ᠪᠢᠴᠢᠭ︾᠂ ᠴ᠊ ᠲᠠᠮᠳᠢᠨᠰᠥ᠋ᠷᠥ᠋ᠩ ᠤᠨ ︽ᠮᠤᠩᠭᠤᠯ ᠰᠢᠨ᠎ᠡ ᠥᠰᠥᠭ | ᠲᠥᠷᠢᠮ︾᠂ ᠲ᠊ ᠫᠠᠭᠪᠠ ᠶᠢᠨ ︽ᠬᠡᠯᠡᠨ ᠤ ᠰᠢᠨᠵᠢᠯᠡᠯ ᠤᠨ ᠤᠳᠤᠷᠢᠳᠬᠠᠯ︾᠂ ᠲᠤᠮᠳᠠᠳᠤ ᠤᠯᠤᠰ ᠤᠨ ᠴᠡᠩᠭᠡᠯᠳᠡᠢ | ᠶᠢᠨ ︽ᠮᠤᠩᠭᠤᠯ ᠭᠡᠯᠡᠨ ᠤ ᠵᠥᠢ︾᠂ ᠵᠥᠪᠯᠡᠯᠳᠤ ᠬᠤᠯᠪᠤᠭᠠᠳᠤ ᠤᠯᠤᠰ ᠤᠨ ᠭ᠊᠂ ᠳ᠋᠊᠂ ᠰᠠᠩᠵᠠᠶᠢᠶ᠋ᠸᠧ ᠤᠨ ︽ | ᠪᠥᠷᠢᠶᠡᠳ ᠮᠤᠩᠭᠤᠯ ᠭᠡᠯᠡᠨ ᠤ ᠵᠥᠢ︾᠂ ︽ᠮᠤᠩᠭᠤᠯ ᠭᠡᠯᠡ ᠨᠦᠭᠦᠳ ᠤᠨ ᠬᠠᠷᠢᠴᠠᠭᠤᠯᠤᠭᠰᠠᠨ ᠭᠡᠯᠡᠨ ᠤ | ᠵᠥᠢ︾᠂ ᠪ᠊᠂ ᠭ᠊᠂ ᠲᠤᠳᠠᠶ᠋ᠸᠧᠠ ᠶᠢᠨ ᠪᠢᠴᠢᠭᠰᠡᠨ ︽ᠤᠷᠴᠢᠨ ᠴᠠᠭ ᠤᠨ ᠮᠤᠩᠭᠤᠯ ᠤᠨ ᠤᠳᠬ᠎ᠠ ᠵᠤᠬᠢᠶᠠᠯ ᠤᠨ | ᠭᠡᠯᠡᠨ ᠤ ᠭᠡᠯᠡ ᠵᠥᠢ ᠶᠢᠨ ᠯᠧᠺᠼᠢ︾ ᠭᠡᠭᠦ ᠵᠡᠷᠭᠡ ᠰᠢᠨ᠎ᠡ ᠠᠷᠭ᠎ᠠ ᠪᠠᠷ ᠪᠢᠴᠢᠭᠰᠡᠨ ᠡᠷᠳᠡᠮ ᠰᠢᠨᠵᠢᠯᠡᠯᠭᠡᠨ ᠤ | ᠰᠢᠰᠲ᠋ᠧᠮ ᠲᠠᠢ ᠪᠥᠳᠥᠭᠡᠯ ᠤᠳ ᠭᠠᠷᠴᠤ ᠡᠬᠢᠯᠡᠭᠰᠡᠨ ᠨᠢ ᠮᠤᠩᠭᠤᠯᠴᠤᠳ ᠤᠨ ᠥᠪᠡᠷ ᠤᠨ ᠡᠷᠳᠡᠮᠳᠡᠳ ᠤᠨ ᠨᠡᠷ᠎ᠡ | ᠲᠥᠷᠥ ᠶᠢ ᠥᠨᠳᠥᠷᠵᠢᠭᠦᠯᠵᠠᠢ᠃ ᠡᠨᠡ ᠬᠤᠭᠤᠴᠠᠭᠠᠨ᠎ᠠ ᠪᠠᠰᠠ ᠮᠤᠩᠭᠤᠯ ᠤᠯᠤᠰ ᠲᠤ ᠰᠯᠡᠸ᠋ ᠥᠰᠥᠭ ᠠᠪᠴᠤ | ᠬᠡᠷᠡᠭᠯᠡᠭᠰᠡᠨ ᠲᠤᠮᠤᠬᠠᠨ ᠬᠡᠷᠡᠭ ᠭᠠᠷᠤᠭᠰᠠᠨ ᠪᠠ ᠡᠨᠡ ᠨᠢ ᠲᠥᠴᠢᠭᠡᠳ ᠤᠨ ᠳᠤ ᠬᠤᠯᠪᠤᠭᠳᠠᠨ᠎ᠠ᠃ ᠮᠥᠨ | ᠲᠤᠮᠳᠠᠳᠤ ᠤᠯᠤᠰ ᠪᠠ ᠮᠤᠩᠭᠤᠯ ᠤᠯᠤᠰ ᠲᠤ ᠮᠤᠩᠭᠤᠯ ᠲᠥᠷᠥᠯ ᠭᠡᠯᠡ᠂ ᠮᠤᠩᠭᠤᠯ ᠭᠡᠯᠡᠨ ᠤ ᠨᠤᠳᠤᠭ ᠤᠨ | ᠠᠶᠠᠯᠭᠤ ᠶᠢ ᠪᠠᠶᠢᠴᠠᠭᠠᠭᠰᠠᠨ ᠶᠠᠪᠤᠳᠠᠯ ᠤᠳ ᠭᠠᠷᠤᠭᠰᠠᠨ ᠨᠢ ᠲᠡᠥᠭᠡᠳᠤ ᠤᠳᠬ᠎ᠠ ᠠᠭᠤᠯᠭᠠᠳᠠᠢ ᠠᠵᠢᠯ ᠪᠤᠯᠵᠠᠢ᠃ | ᠲᠤᠯᠢ ᠪᠢᠴᠢᠭ ᠤᠨ ᠲᠠᠯ᠎ᠠ ᠪᠠᠷ ᠮᠤᠩᠭᠤᠯ ᠮᠤᠩᠭᠤᠯᠴᠢ ᠨᠠᠷ ᠠᠴᠠ ᠥᠪᠡᠷ ᠤᠨ ᠭᠡᠯᠡ ᠶᠢ ᠥᠷᠥᠨ᠎ᠡ ᠳ᠋ᠠᠬᠢᠨ ᠤ ᠬᠡᠯᠡ | ᠲᠠᠢ ᠬᠠᠷᠢᠴᠠᠭᠤᠯᠤᠭᠰᠠᠨ ᠪᠥᠳᠥᠭᠡᠯ ᠤᠳ ᠭᠠᠷᠭᠠᠵᠤ ᠡᠬᠢᠯᠡᠭᠰᠡᠨ ᠨᠢ ᠪᠠᠰᠠ ᠤᠨᠴᠠᠯᠢᠭ ᠲᠠᠢ ᠪᠠᠶᠢᠨ᠎ᠠ᠃ | ᠶᠡᠷᠤ ᠠᠴᠠ 39 —59 ᠤᠨ ᠤ ᠬᠤᠭᠤᠷᠤᠨᠳᠤ ᠬᠤᠭᠤᠴᠠᠭᠠᠨ ᠳᠤ ᠮᠤᠩᠭᠤᠯ ᠥᠨᠳᠥᠰᠥᠳᠡᠨ ᠤ ᠥᠪᠡᠷ ᠤᠨ | ᠡᠷᠳᠡᠮᠳᠠᠳ ᠲᠥᠷᠥᠯᠬᠢ ᠬᠡᠯᠡ ᠪᠠᠨ ᠥᠷᠥᠨ᠎ᠡ ᠵᠥᠭ ᠤᠨ ᠰᠢᠨ᠎ᠡ ᠠᠷᠭ᠎ᠠ ᠪᠠᠷ ᠰᠤᠳᠤᠯᠵᠤ ᠡᠬᠢᠯᠡᠭᠰᠡᠨ ᠪᠤᠯᠬᠤᠷ | ᠮᠤᠩᠭᠤᠯ ᠬᠡᠯᠡ ᠰᠤᠳᠤᠯᠤᠯ ᠤᠨ ᠲᠥᠷᠥᠭᠦᠴᠢ ᠶᠢᠨ ᠭᠡᠳᠥᠨ ᠥᠶ᠎ᠡ ᠳᠤ ᠭᠠᠷᠬᠤ ᠪᠤᠯᠤᠮᠵᠢ ᠥᠭᠡᠢ ᠰᠢᠨ᠎ᠡ ᠰᠢᠨ᠎ᠡ | ᠪᠥᠳᠥᠭᠡᠯ ᠤᠳ ᠪᠤᠢ ᠪᠤᠯᠵᠠᠢ᠃ | ᠡᠨᠡ ᠬᠤᠷᠢᠨ ᠵᠢᠯ ᠳᠤ ᠬᠠᠷᠢ ᠥᠨᠳᠥᠰᠥᠳᠡᠨ ᠤ ᠡᠷᠳᠡᠮᠳᠡᠳ ᠤᠨ ᠪᠥᠳᠥᠭᠡᠭᠰᠡᠨ ᠠᠵᠢᠯ ᠪᠠᠰᠠ ᠶᠡᠭᠡ ᠶᠤᠮ᠃ | 1959 ᠤᠨ ᠤ ᠮᠤᠩᠭᠤᠯᠴᠢ ᠡᠷᠳᠡᠮᠳᠡᠨ ᠤ ᠶᠡᠭᠡ ᠬᠤᠷᠠᠯ ᠠᠴᠠ ᠬᠤᠶᠢᠰᠢᠬᠢ ᠪᠠᠶᠢᠳᠠᠯ ᠪᠥᠷ ᠴᠤ ᠶᠡᠭᠡ | ᠬᠤᠪᠢᠷᠠᠯᠳᠠᠳᠠᠢ ᠪᠤᠯᠪᠠ᠃ ᠤᠴᠢᠷ ᠡᠶᠢᠮᠤ ᠠᠴᠠ ᠡᠨᠡ ᠭᠦ ᠱᠠᠳᠤ ᠶᠢ ᠪᠢᠳᠠ ᠠᠰᠠ ᠲᠤ ᠨᠢ ᠥᠭᠦᠯᠡᠭᠦ ᠶᠤᠰᠤᠳᠠᠢ᠃ | ᠡᠨᠡ ᠬᠤᠭᠤᠷᠤᠨᠳᠤ ᠮᠤᠩᠭᠤᠯ ᠭᠡᠯᠡᠨ ᠤ ᠰᠤᠳᠤᠯᠤᠯ ᠤᠨ ᠥᠷᠭᠡᠴᠡ᠂ ᠭᠥᠨᠴᠡ ᠶᠢᠨ ᠭᠡᠮᠵᠢᠶ᠎ᠡ ᠤᠷᠢᠳᠤ ᠤᠷᠢᠳᠤᠬᠢ | ᠠᠴᠠ ᠤᠨᠴᠤᠭᠤᠢ ᠠᠬᠢᠴᠠ ᠲᠠᠢ ᠪᠤᠯᠵᠠᠢ᠃ ᠡᠶᠢᠮᠤ ᠠᠬᠢᠴᠠ ᠲᠠᠢ ᠲᠠᠯ᠎ᠠ ᠨᠢ ᠶᠠᠭᠤᠨ ᠲᠡᠭᠡᠷ᠎ᠡ ᠪᠠᠨ ᠮᠡᠳᠡᠭᠳᠡᠭᠦ ᠪᠤᠢ︖ | ᠬᠡᠪᠡᠯ᠂ ᠡᠨᠡ ᠬᠤᠷᠢᠭᠠᠳ ᠵᠢᠯ ᠤᠨ ᠲᠤᠳᠤᠷ᠎ᠠ ᠰᠤᠳᠤᠯᠤᠯᠭᠠᠨ ᠤ ᠠᠭᠤᠯᠭ᠎ᠠ ᠪᠤᠯᠤᠨ ᠠᠷᠭ᠎ᠠ ᠶᠢᠨ ᠲᠠᠯ᠎ᠠ ᠪᠠᠷ ᠪᠥᠷ | ᠰᠢᠨ᠎ᠡ ᠵᠥᠢᠯ ᠨᠡᠮᠡᠭᠰᠡᠨ᠂ ᠲᠤᠬᠠᠶᠢᠯᠠᠪᠠᠯ ᠠᠭᠤᠯᠭ᠎ᠠ ᠶᠢᠨ ᠬᠤᠪᠢ ᠳᠤ ᠵᠥᠪᠭᠡᠨ ᠮᠤᠩᠭᠤᠯ ᠭᠡᠯᠡᠨ ᠤ ᠭᠡᠯᠡ ᠵᠥᠢ ︵ | ᠠᠪᠢᠶ᠎ᠠ ᠵᠥᠢ ᠶᠢ ᠪᠠᠭᠳᠠᠭᠠᠭᠰᠠᠨ︶ ᠶᠢ ᠯᠠ ᠭᠤᠤᠯᠳᠠᠭᠤᠯᠤᠭᠠᠳ ᠪᠠᠶᠢᠭᠰᠠᠨ ᠥᠭᠡᠢ᠂ ᠪᠠᠰᠠ ᠥᠭᠡᠰ ᠤᠨ ᠰᠠᠩ᠂ | ᠨᠠᠶᠢᠷᠠᠭᠤᠯᠭ᠎ᠠ ᠶᠢᠨ ᠠᠰᠠᠭᠤᠳᠠᠯ᠂ ᠨᠤᠳᠤᠭ ᠤᠨ ᠠᠶᠠᠯᠭᠤ᠂ ᠲᠥᠷᠥᠯ ᠭᠡᠯᠡ᠂ ᠮᠤᠩᠭᠤᠯ ᠭᠡᠯᠡ ᠪᠠ ᠪᠢᠴᠢᠭ ︵ | ᠥᠰᠥᠭ︶ ᠤᠨ ᠭᠥᠭᠵᠢᠯ ᠤᠨ ᠲᠡᠥᠭᠡ᠂ ᠤᠨᠤᠯ ᠭᠡᠯᠡ ᠰᠢᠨᠵᠢᠯᠠᠯ ᠤᠨ ᠠᠰᠠᠭᠤᠳᠠᠯ ᠵᠡᠷᠭᠡ ᠶᠢ ᠲᠠᠯ᠎ᠠ ᠲᠠᠯ᠎ᠠ ᠠᠴᠠ | ᠰᠤᠳᠤᠯᠤᠭᠰᠠᠨ ᠨᠡᠯᠢᠶᠡᠳ ᠰᠧᠰᠲ᠋ᠧᠮᠳᠠᠢ ᠪᠥᠳᠥᠭᠡᠯ ᠤᠳ ᠭᠠᠷᠤᠭᠰᠠᠭᠠᠷ ᠪᠠᠶᠢᠨ᠎ᠠ᠃ ᠰᠤᠳᠤᠯᠬᠤ ᠠᠷᠭ᠎ᠠ ᠶᠢᠨ ᠬᠤᠪᠢ | ᠳᠤ ᠲᠤᠬᠠᠶᠢᠯᠠᠪᠠᠯ᠂ ᠪᠥᠳᠥᠴᠡ ᠭᠡᠯᠡ ᠰᠢᠨᠵᠢᠯᠡᠯ ᠤᠨ ᠠᠷᠭ᠎ᠠ ᠶᠢ ᠮᠤᠩᠭᠤᠯ ᠭᠡᠯᠡᠨ ᠤ ᠰᠤᠳᠤᠯᠤᠯ ᠳᠤ ᠠᠪᠴᠤ | ᠬᠡᠷᠡᠭᠯᠡᠭᠦ ᠤᠷᠤᠯᠳᠤᠯᠭ᠎ᠠ ᠶᠡᠭᠡ ᠲᠥᠭᠡᠮᠡᠯ ᠥᠵᠡᠭᠳᠡᠭᠦ ᠪᠤᠯᠵᠠᠢ᠃ ᠲᠤᠮᠳᠠᠳᠤ ᠤᠯᠤᠰ ᠤᠨ ᠤᠷᠴᠢᠨ ᠴᠠᠭ ᠤᠨ | ᠮᠤᠩᠭᠤᠯ ᠭᠡᠯᠡᠨ ᠤ ᠲᠥᠷᠢᠮᠵᠢᠯ ᠤᠨ ᠠᠰᠠᠭᠤᠳᠠᠯ ᠵᠠᠯᠭᠠᠭ᠎ᠠ ᠪᠠᠷ ᠲᠠᠯᠪᠢᠭᠳᠠᠵᠤ ᠢᠯᠠᠩᠭᠤᠶ᠎ᠠ ᠨᠡᠷ᠎ᠡ ᠲᠤᠮᠢᠶ᠎ᠠ᠂ | ᠰᠠᠭᠤᠷᠢ ᠠᠶᠠᠯᠭᠤ᠂ ᠪᠠᠷᠢᠮᠵᠢᠶ᠎ᠠ ᠠᠪᠢᠶ᠎ᠠ ᠶᠢ ᠲᠤᠭᠳᠠᠭᠠᠬᠤ ᠠᠵᠢᠯ ᠲᠠᠢ ᠤᠶᠠᠯᠳᠤᠨ ᠭᠠᠷᠴᠤ ᠢᠷᠡᠭᠰᠡᠨ ᠡᠳᠥᠢ | ᠲᠡᠳᠥᠢ ᠰᠢᠨ᠎ᠡ ᠠᠰᠠᠭᠤᠳᠠᠯ ᠢ ᠭᠡᠯᠡᠨ ᠤ ᠤᠨᠤᠯ᠂ ᠥᠢᠯᠡᠳᠥᠯᠭᠡ ᠶᠢᠨ ᠬᠤᠪᠢ ᠳᠤ ᠰᠢᠢᠳᠪᠥᠷᠢᠯᠡᠭᠦ ᠪᠠᠷ ᠡᠷᠳᠡᠮᠳᠡᠳ | ᠶᠡᠭᠡ ᠭᠥᠴᠥᠨ ᠵᠢᠳᠭᠦᠯ ᠭᠠᠷᠭᠠᠭᠰᠠᠨ ᠪᠠ ᠭᠠᠷᠭᠠᠭᠰᠠᠭᠠᠷ ᠪᠠᠶᠢᠨ᠎ᠠ᠃ | ᠡᠨᠡ ᠰᠡᠭᠦᠯ ᠤᠨ ᠬᠤᠷᠢᠭᠠᠳ ᠵᠢᠯ ᠳᠤ ᠬᠠᠷᠢ ᠥᠨᠳᠥᠰᠥᠳᠡᠨ ᠤ ᠡᠷᠳᠡᠮᠳᠡᠳ ᠤᠨ ᠰᠤᠳᠤᠯᠤᠯᠭᠠᠨ ᠤ ᠠᠵᠢᠯ | ᠤᠯᠠᠮ ᠡᠷᠴᠢᠮᠳᠠᠢ ᠶᠠᠪᠤᠭᠳᠠᠵᠤ ᠪᠤᠢ ᠶᠢ ᠤᠯᠠᠨ ᠤᠯᠤᠰ ᠤᠨ ᠮᠤᠩᠭᠤᠯᠴᠢ ᠡᠷᠳᠡᠮᠳᠡᠨ ᠤ ᠬᠤᠶᠠᠷ ᠭᠤᠷᠪᠠ | ᠲᠥᠷᠪᠡᠳᠤᠭᠡᠷ ᠤᠳᠠᠭᠠᠨ ᠤ ᠬᠤᠷᠠᠯ ᠤᠨ ᠮᠡᠳᠡᠭᠡ᠂ ᠵᠢᠴᠢ ᠪᠤᠰᠤᠳ ᠮᠠᠲ᠋ᠧᠷᠢᠶᠡᠯ ᠪᠤᠯᠤᠨ ᠮᠡᠳᠡᠭᠡ ᠰᠠᠯᠳᠠ ᠨᠦᠭᠦᠳ | ᠨᠠᠷᠢᠨ ᠲᠤᠳᠤᠷᠬᠠᠢ ᠭᠡᠷᠡᠴᠢᠯᠡᠵᠥ ᠪᠠᠶᠢᠨ᠎ᠠ᠃ | ᠰᠤᠳᠤᠯᠤᠯᠭᠠᠨ ᠤ ᠰᠢᠨ᠎ᠡ ᠴᠠᠭ ᠡᠷᠡᠨ ᠨᠢ ᠡᠷᠳᠡᠮᠳᠡᠳ ᠤᠨ ᠡᠩᠨᠡᠭᠡ ᠶᠢ ᠤᠯᠠᠮ ᠥᠷᠭᠡᠵᠢᠭᠦᠯᠵᠤ᠂ ᠠᠪᠢᠶ᠋ᠰ | ᠪᠥᠳᠥᠭᠡᠯᠳᠡᠢ ᠰᠢᠨ᠎ᠡ ᠰᠤᠳᠤᠯᠤᠭᠴᠢᠳ ᠢ ᠲᠥᠷᠥᠭᠦᠯᠥᠭᠰᠡᠭᠡᠷ ᠪᠠᠶᠢᠭ᠎ᠠ ᠨᠢ ᠭᠡᠨ ᠠᠯᠢᠨ ᠳᠤ ᠴᠤ ᠶᠡᠭᠡ ᠲᠤᠳᠤᠷᠬᠠᠢ᠃ | ᠮᠤᠩᠭᠤᠯᠴᠢ ᠡᠷᠳᠡᠮᠳᠡᠨ ᠤ ᠬᠡᠳᠥ ᠤᠳᠠᠭᠠᠨ ᠤ ᠶᠡᠭᠡ ᠬᠤᠷᠠᠯ ᠤᠨ ᠮᠡᠳᠡᠭᠡ᠂ ᠵᠢᠴᠢ ᠪᠥᠷᠢᠨ ᠪᠤᠰᠤ ᠪᠤᠯᠪᠠᠴᠤ | ᠥᠷᠭᠦᠯᠵᠢᠯᠡᠨ ᠤᠯᠳᠠᠭᠳᠠᠵᠤ ᠪᠤᠢ ᠨᠤᠮ ᠮᠠᠲ᠋ᠧᠷᠢᠶᠡᠯ ᠠᠴᠠ ᠥᠵᠡᠪᠡᠯ ᠭᠡᠯᠡᠨ ᠤ ᠮᠡᠷᠭᠡᠵᠢᠯᠳᠡᠨ ᠨᠠᠷ ᠤᠨ ᠭᠡᠵᠢᠶ᠎ᠡ | ᠶᠠᠵᠢᠶᠠᠨ ᠤ ᠲᠠᠨᠢᠯ ᠲᠠᠰᠤᠯ ᠪᠤᠯᠤᠭᠰᠠᠨ ᠡᠷᠳᠡᠮᠳᠡᠳ ᠠᠴᠠ ᠭᠠᠳᠠᠨ᠎ᠠ ᠰᠡᠭᠦᠯ ᠤᠨ ᠥᠶ᠎ᠡ ᠳᠤ ᠪᠤᠯᠪᠠᠰᠤᠷᠠᠭᠰᠠᠨ | ᠡᠷᠳᠡᠮᠳᠡᠳ ᠪᠠᠰᠠ ᠭᠠᠷᠤᠭᠰᠠᠭᠠᠷ ᠪᠤᠢ ᠶᠢ ᠲᠡᠥᠭᠡᠨᠡ ᠲᠡᠮᠳᠡᠭᠯᠡᠭᠦ ᠴᠢᠬᠤᠯᠠᠳᠠᠢ ᠪᠠᠶᠢᠵᠤ ᠪᠠᠶᠢᠨ᠎ᠠ᠃ ᠲᠤᠮᠳᠠᠳᠤ | ᠤᠯᠤᠰ ᠤᠨ ᠭᠡᠯᠡ ᠰᠢᠨᠵᠢᠯᠡᠯᠴᠢ ᠨᠠᠷ ᠤᠨ ᠪᠠᠶᠢᠳᠠᠯ ᠢᠶᠠᠷ ᠠᠪᠴᠤ ᠬᠡᠯᠡᠭᠦ ᠳᠤ 40 —50 ᠭᠠᠳ ᠤᠨ ᠤ ᠮᠤᠩᠭᠤᠯ | ᠬᠡᠯᠡ ᠪᠢᠴᠢᠭ ᠤᠨ ᠠᠬᠠᠮᠠᠳ ᠠᠵᠢᠯᠳᠠᠨ ᠴᠡᠩᠭᠡᠯᠳᠡᠢ᠂ ᠪᠠ᠊ ᠨᠠᠰᠤᠨᠪᠠᠶᠠᠷ᠂ ᠰᠤᠳᠨᠠᠮᠶᠥ᠋ᠩᠷᠤᠩ᠂ ᠪ᠊ ᠲᠠᠮᠳᠢᠨ᠂ | ᠲᠠᠯᠠᠨᠳᠠᠢ ᠨᠠᠷ ᠠᠴᠠ ᠭᠠᠳᠠᠨ᠎ᠠ ᠭᠤᠤᠯᠳᠠᠭᠤ ᠰᠡᠭᠦᠯ ᠤᠨ ᠭᠤᠴᠢᠭᠠᠳ ᠵᠢᠯ ᠳᠤ ᠪᠤᠯᠪᠠᠰᠤᠷᠠᠭᠰᠠᠨ ᠬ᠊ ᠴᠤᠶᠢᠵᠤᠩᠵᠠᠪ᠂ | ᠪ᠊ ᠬᠠᠰᠡᠷᠳᠡᠨᠢ᠂ ᠪ᠊ ᠲᠥᠷᠭᠡᠨ᠂ ᠠ᠊ ᠪᠤᠤᠰᠢᠶᠠᠩ᠂ ᠰᠢᠨᠡᠳᠭᠡ᠂ ᠲᠡᠭᠰᠢᠳᠥᠭᠦᠷᠡᠩ᠂ ᠲᠤᠪᠤ᠂ ᠵᠠᠭᠤᠠᠨᠠᠰᠤᠳᠤ᠂ | ᠪᠥᠭᠡᠵᠢᠷᠭᠠᠯ᠂ ᠨᠠᠮᠼᠠᠷᠠᠢ᠂ ᠽ᠊ ᠫᠥᠷᠪᠤ᠂ ᠪᠥᠭᠡ ᠨᠠᠷ ᠡᠷᠳᠡᠮ ᠰᠢᠨᠵᠢᠯᠡᠯᠭᠡᠨ ᠤ ᠠᠴᠢ ᠬᠤᠯᠪᠤᠭᠳᠠᠯᠳᠠᠢ ᠵᠤᠬᠢᠶᠠᠯ | ᠥᠭᠦᠯᠡᠯ ᠨᠡᠶᠢᠳᠡᠯᠡᠭᠰᠡᠭᠡᠷ ᠢᠷᠡᠯ᠎ᠡ᠃ ᠬᠢᠳᠡᠳ ᠥᠨᠳᠥᠰᠥᠳᠡᠨ ᠤ ᠮᠤᠩᠭᠤᠯ ᠰᠤᠳᠤᠯᠤᠭᠴᠢ ᠴᠧᠨ ᠨᠠᠢ ᠰᠢᠶᠥ᠋ᠩ᠂ | ᠰᠥᠨ ᠵᠤ᠋ ᠨᠠᠷ ᠮᠥᠨ ᠴᠢᠨᠠᠷᠳᠠᠶᠢᠬᠠᠨ ᠵᠥᠢᠯ ᠨᠡᠶᠢᠳᠡᠯᠡᠭᠦᠯᠥᠭᠰᠡᠭᠡᠷ ᠪᠠᠶᠢᠨ᠎ᠠ᠃ ᠲᠡᠳᠡᠨ ᠠᠴᠠ ᠲᠠᠷᠠᠭᠠᠯᠠᠪᠠᠯ ᠪᠥᠷ | ᠰᠡᠭᠦᠯ ᠤᠨ ᠥᠶ᠎ᠡ ᠳᠤ ᠮᠥᠨ ᠵᠤᠬᠢᠬᠤ ᠠᠮᠵᠢᠯᠳᠠ ᠲᠠᠢ ᠠᠵᠢᠯᠯᠠᠵᠤ ᠪᠠᠶᠢᠭ᠎ᠠ ᠭᠡᠰᠡᠭ ᠭᠥᠮᠥᠰ ᠭᠠᠷᠴᠤ ᠪᠤᠢ᠃ | ᠡᠭᠦᠨ ᠳᠤ ᠥ᠊ ᠮᠠᠨᠳᠤᠬᠤ᠂ ᠪᠠ᠊ ᠲᠠᠸᠠᠳᠠᠭᠪᠠ᠂ ᠽ᠊ ᠨᠤᠷᠵᠢᠨ᠂ ᠨᠠᠳᠮᠢᠳ᠂ ᠰ᠊ ᠬᠢᠴᠢᠶᠡᠯᠳᠤ᠂ ᠲᠡᠳᠭᠡ᠂ | ᠪᠠᠶᠠᠨᠴᠤᠭᠳᠤ᠂ ᠡᠩᠭᠡᠪᠠᠳᠤ᠂ ᠡᠷᠳᠡᠨᠢ᠂ ᠲᠤᠭᠤᠭ᠎ᠠ᠂ ᠴᠤᠭᠳᠤ᠂ ᠭᠤᠩᠴᠤᠭᠰᠥ᠋ᠷᠥᠩ᠂ ᠥ᠊ ᠨᠠᠷᠠᠨᠪᠠᠳᠤ ᠨᠠᠷ ᠢ | ᠲᠤᠷᠠᠳᠴᠤ ᠪᠤᠯᠤᠨ᠎ᠠ᠃ ᠢᠯᠠᠩᠭᠤᠶ᠎ᠠ ᠤᠶᠢᠷ᠎ᠠ ᠶᠢᠨ ᠬᠡᠳᠥᠨ ᠵᠢᠯ ᠳᠤ ᠮᠤᠩᠭᠤᠯ ᠭᠡᠯᠡᠨ ᠤ ᠲᠡᠳ᠋ ᠡᠷᠳᠡᠮᠳᠡᠨ ᠴᠤᠯᠠ | ᠬᠠᠮᠠᠭᠠᠯᠠᠭᠰᠠᠨ ᠭᠡᠰᠡᠭ ᠵᠠᠯᠠᠭᠤᠴᠤᠳ ᠭᠠᠷᠤᠭᠰᠠᠨ ᠨᠢ ᠲᠤᠮᠳᠠᠳᠤ ᠤᠯᠤᠰ ᠤᠨ ᠮᠤᠩᠭᠤᠯ ᠭᠡᠯᠡ ᠰᠤᠳᠤᠯᠤᠯ ᠤᠨ | ᠲᠡᠥᠭᠡᠨ ᠲᠡᠭᠡᠷᠡᠬᠢ ᠰᠢᠨ᠎ᠡ ᠰᠤᠨᠢᠨ ᠶᠠᠪᠤᠳᠠᠯ ᠪᠤᠯᠵᠤ ᠪᠠᠶᠢᠨ᠎ᠠ᠃ | ᠲᠡᠭᠡᠷ᠎ᠡ ᠥᠭᠦᠯᠡᠭᠰᠡᠨ ᠪᠥᠭᠦ ᠪᠠᠶᠢᠳᠠᠯ ᠢ ᠥᠨᠳᠥᠰᠥᠯᠡᠨ ᠤᠳᠤ ᠪᠢᠳᠠ ᠮᠤᠩᠭᠤᠯ ᠭᠡᠯᠡᠨ ᠤ ᠰᠤᠳᠤᠯᠤᠯ ᠤᠨ | 700 ᠭᠠᠷᠤᠢ ᠵᠢᠯ ᠤᠨ ᠲᠡᠥᠭᠡ ᠶᠢ ᠲᠤᠤᠷᠠᠬᠢ ᠮᠡᠳᠤ ᠠᠩᠬᠢᠯᠠᠵᠤ ᠪᠤᠯᠤᠨ᠎ᠠ᠃ | ᠠᠩᠬᠠᠨ ᠤ ᠥᠶ᠎ᠡ᠂ 13 ᠳ᠋ᠤᠭᠠᠷ ᠵᠠᠭᠤᠨ ᠠᠴᠠ 16 ᠳ᠋ᠤᠭᠠᠷ ᠵᠠᠭᠤᠨ ᠤ ᠰᠠᠭᠦᠯᠴᠢ ︵ᠲᠠᠷᠤᠢ | ᠭᠥᠩᠭᠠᠵᠠᠯᠼᠠᠨ ᠠᠴᠠ ᠠᠶᠤᠰᠢ ᠭᠥᠥᠰᠢ ᠭᠥᠷᠳᠡᠯ᠎ᠡ︶᠃ | ᠲᠤᠮᠳᠠᠳᠤ ᠥᠶ᠎ᠡ᠂ 16 ᠳ᠋ᠤᠭᠠᠷ ᠵᠠᠭᠤᠨ ᠤ ᠰᠡᠭᠦᠯᠴᠢ ᠠᠴᠠ 18 ᠳ᠋ᠤᠭᠠᠷ ᠵᠠᠭᠤᠨ ︵ᠲᠠᠷᠤᠢ ᠠᠶᠤᠰᠢ | ᠭᠥᠥᠰᠢ ᠠᠴᠠ ᠲᠠᠨᠵᠠᠨᠳᠠᠭᠳᠠᠭᠪᠠ ᠭᠥᠷᠳᠡᠯ᠎ᠡ︶᠃ | ᠤᠷᠴᠢᠨ ᠥᠶ᠎ᠡ᠂ 19 ᠳ᠋ᠥ᠋ᠭᠡᠷ ᠵᠠᠭᠤᠨ ᠠᠴᠠ 20 ᠳ᠋ᠤᠭᠠᠷ ᠵᠠᠭᠤᠨ ᠤ ᠭᠤᠴᠢᠭᠠᠳ ᠤᠨ ︵ᠥᠭᠡᠷ᠎ᠡ ᠪᠠᠷ | ᠭᠡᠯᠡᠪᠡᠯ ᠲᠠᠨᠵᠠᠨᠳᠠᠭᠪᠠ ᠠᠴᠠ ᠱ᠊ ᠯᠤᠪᠰᠠᠩᠸᠠᠩᠳᠠᠨ ᠭᠥᠷᠳᠡᠯ᠎ᠡ︶᠃ | ᠰᠢᠨ᠎ᠡ ᠥᠶ᠎ᠡ᠂ 1939 ᠤᠨ ᠠᠴᠠ ᠤᠳᠤ ᠭᠥᠷᠳᠡᠯ᠎ᠡ᠃ | | 1982 ᠤᠨ ᠳᠤ |