ᠮᠣᠩᠭᠤᠯ ᠬᠡᠯᠡᠨ ᠤ ᠲᠣᠯᠢ ᠪᠢᠴᠢᠭ ᠤᠨ ᠲᠡᠦᠬᠡᠨ ᠲᠣᠶᠢᠮᠤ | ᠬᠡᠯᠡ ᠰᠤᠳᠤᠯᠤᠯᠭᠠᠨ ᠤ ᠴᠢᠬᠤᠯᠠ ᠨᠢᠭᠡ ᠪᠦᠷᠯᠳᠦᠭᠦᠨ ᠭᠡᠰᠡᠭ ᠪᠤᠯ ᠲᠣᠯᠢ ᠪᠢᠴᠢᠭ ᠤᠨ ᠰᠤᠳᠤᠯᠤᠯ ᠪᠠᠶᠢᠳᠠᠭ | ᠃ ᠶᠠᠮᠠᠷᠪᠠ ᠨᠢᠭᠡ ᠬᠡᠯᠡᠨ ᠤ ᠲᠣᠯᠢ ᠪᠢᠴᠢᠭ ᠰᠤᠳᠤᠯᠤᠯᠭ᠎ᠠ ᠬᠦᠭᠵᠢᠭᠰᠡᠨ ᠡᠰᠡᠬᠦ ᠨᠢ ᠳᠤᠬᠠᠢ ᠶᠢᠨ ᠬᠡᠯᠡᠨ ᠤ | ᠰᠤᠳᠤᠯᠤᠭᠰᠠᠨ ᠬᠡᠮᠵᠢᠶ᠎ᠡ ᠶᠢ ᠬᠠᠷᠠᠭᠤᠯᠬᠤ ᠨᠢᠭᠡ ᠲᠠᠯ᠎ᠠ ᠶᠢᠨ ᠪᠠᠷᠢᠮᠵᠢᠶ᠎ᠠ ᠪᠤᠯᠵᠤ ᠦᠭᠭᠦᠨ᠎ᠡ᠃ ᠳᠡᠯᠡᠬᠡᠢ ᠳ᠋ᠠᠬᠢᠨ᠎ᠠ᠂ | ᠬᠦᠭᠵᠢᠭᠰᠡᠨ ᠬᠡᠯᠡ ᠪᠦᠬᠦᠨ ᠳᠤ ᠲᠣᠯᠢ ᠪᠢᠴᠢᠭ ᠵᠣᠬᠢᠶᠠᠭᠳᠠᠭᠰᠨ ᠨᠢ ᠦᠯᠡᠮᠵᠢ ᠠᠷᠪᠢᠨ ᠪᠦᠭᠡᠳ ᠡᠨᠡ ᠨᠢ ᠲᠡᠳᠡᠭᠡᠷ | ᠬᠡᠯᠡ ᠨᠦᠭᠦᠳ ᠤᠨ ᠲᠤᠬᠠᠢ ᠰᠢᠨᠵᠢᠯᠡᠯ ᠰᠤᠳᠤᠯᠤᠯᠭ᠎ᠠ ᠴᠦ ᠶᠡᠭᠡᠭᠡᠨ ᠦᠷᠨᠢᠭᠰᠡᠨ ᠭᠡᠳᠡᠭ ᠢ ᠬᠠᠷᠠᠭᠤᠯᠵᠤ ᠪᠠᠶᠢᠳᠠᠭ | ᠪᠠᠶᠢᠨ᠎ᠠ᠃ | ᠮᠣᠩᠭᠤᠯ ᠬᠡᠯᠡᠨ ᠤ ᠰᠤᠳᠤᠯᠤᠯ ᠤᠨ ᠲᠡᠤᠬᠡᠨ ᠪᠠᠶᠢᠳᠠᠯ ᠢ ᠠᠵᠢᠭᠯᠠᠪᠠᠯ᠂ ᠲᠤᠯᠢ ᠪᠢᠴᠢᠭ ᠵᠣᠬᠢᠶᠠᠭᠳᠠᠵᠤ | ᠪᠠᠶᠢᠭᠰᠠᠨ ᠶᠠᠪᠤᠳᠠᠯ ᠨᠡᠯᠢᠶᠡᠳ ᠡᠷᠲᠡ ᠳᠡᠭᠡᠷ᠎ᠡ ᠦᠶ᠎ᠡ᠂ ᠲᠤᠬᠠᠶᠢᠯᠠᠪᠠᠯ᠂ ᠳᠤᠮᠳᠠᠳᠤ ᠵᠠᠭᠤᠨ ᠤ ᠦᠶ᠎ᠡ ᠠᠴᠠ | ᠡᠬᠢᠯᠡᠭᠰᠡᠨ ᠨᠢ ᠲᠣᠳᠣᠷᠬᠠᠢ ᠶᠣᠮ᠃ ᠡᠨᠡ ᠨᠢ ᠮᠣᠩᠭᠤᠯ ᠬᠡᠯᠡᠨ ᠤ ᠰᠤᠳᠤᠯᠤᠯᠭᠠᠨ ᠤ ᠡᠬᠢ ᠡᠭᠦᠰᠦᠯᠲᠡ ᠴᠤᠬᠤᠮ | ᠠᠯᠢ ᠦᠶ᠎ᠡ ᠳᠤ ᠪᠤᠢ ᠪᠣᠯᠤᠭᠰᠡᠨ ᠭᠡᠳᠡᠭ ᠢ ᠰᠢᠭᠦᠨ ᠬᠡᠯᠡᠯᠴᠡᠬᠦ ᠳᠤ ᠠᠰᠢᠭᠲᠠᠢ ᠪᠠᠷᠢᠮᠵᠢᠶᠠᠨ ᠤ ᠨᠢᠭᠡ ᠨᠢ ᠮᠥᠨ | ᠭᠡᠵᠦ ᠦᠵᠡᠬᠦ ᠳᠤ ᠤᠰᠤᠯ ᠦᠭᠡᠢ ᠪᠠᠶᠢᠬᠤ ᠡ᠃ ᠮᠠᠨ ᠤ ᠮᠡᠳᠡᠵᠦ ᠪᠠᠶᠢᠭ᠎ᠠ ᠪᠠᠷᠢᠮᠲᠠ ᠨᠤᠭᠤᠳ ᠠᠴᠠ ᠦᠵᠡᠪᠡᠯ᠂ | ᠬᠤᠪᠢᠯᠠᠢ ᠰᠡᠴᠡᠨ ᠬᠠᠭᠠᠨ ᠤ ᠵᠠᠷᠯᠢᠭ ᠢᠶᠠᠷ ᠳᠦᠷᠪᠡᠯᠵᠢᠨ ᠦᠰᠦᠭ ᠵᠣᠬᠢᠶᠠᠭᠰᠠᠨ ᠫᠠᠭᠪᠠ ᠪᠯᠠᠮ᠎ᠠ ᠶᠢᠨ ᠠᠪᠠᠭ᠎ᠠ | ᠪᠯᠠᠮ᠎ᠠ ᠬᠦᠩᠭᠠᠵᠠᠯᠽᠠᠨ ᠤ ᠣᠶᠢᠭᠤᠷᠵᠢᠨ ᠮᠣᠩᠭᠤᠯ ᠦᠰᠦᠭ ᠲᠤ ᠬᠢᠭᠰᠡᠨ ᠰᠠᠶᠢᠵᠢᠷᠠᠭᠤᠯᠤᠯᠲᠠ ᠪᠠ ᠴᠣᠶᠢᠵᠢᠣᠳᠰᠠᠷ | ᠭᠡᠳᠡᠭ ᠣᠶᠢᠭᠤᠷ ᠬᠦᠮᠦᠨ ᠤ ︽ᠵᠢᠷᠦᠬᠡᠨ ᠤ ᠲᠣᠯᠳᠣ︾ ᠬᠡᠮᠡᠭᠴᠢ ᠮᠣᠩᠭᠤᠯ ᠦᠰᠦᠭ᠂ ᠬᠡᠯᠡ ᠶᠢ ᠰᠤᠳᠤᠯᠤᠭᠰᠠᠨ | ᠵᠡᠷᠭᠡ ᠮᠣᠩᠭᠤᠯ ᠬᠡᠯᠡᠨ ᠤ ᠰᠢᠨᠵᠢᠯᠡᠯ ᠤᠨ ᠠᠩᠬᠠᠨ ᠤ ᠨᠣᠮ ᠵᠣᠬᠢᠶᠠᠯ ᠤᠳ ᠲᠠᠢ ᠣᠶᠢᠷᠠᠯᠴᠠᠭ᠎ᠠ ᠴᠠᠭ ᠦᠶ᠎ᠡ ᠪᠠᠷ | ᠳᠤᠮᠳᠠᠳᠤ ᠤᠯᠤᠰ ᠲᠤ ᠳᠠᠷᠤᠢ ︽ᡁᠢ ᠶᠤᠸᠠᠨ ᠢ ᠢᠦᠢ︾ ᠬᠡᠬᠦ ᠮᠡᠲᠦ ᠶᠢᠨ ᠮᠣᠩᠭᠤᠯ ᠬᠡᠯᠡᠨ ᠤ ᠲᠣᠯᠢ ᠪᠢᠴᠢᠭ | ᠵᠣᠬᠢᠶᠠᠭᠳᠠᠭᠰᠠᠨ ᠪᠠᠶᠢᠨ᠎ᠠ᠃ ᠮᠦᠨ ᠴᠦ ᠡᠭᠦᠨ ᠲᠠᠢ ᠪᠠᠷᠤᠭ ᠣᠶᠢᠷᠠᠯᠴᠠᠭ᠎ᠠ ᠴᠠᠭ ᠦᠶ᠎ᠡ ᠳᠤ ᠵᠣᠬᠢᠶ᠋ᠭᠳᠠᠭᠰᠠᠨ | ᠭᠡᠵᠦ ᠬᠡᠯᠡᠵᠦ ᠪᠣᠯᠤᠮᠠᠷ ᠮᠣᠩᠭᠤᠯ ᠬᠡᠯᠡᠨ ᠤ ᠲᠣᠯᠢ ᠪᠢᠴᠢᠭ ᠤᠨ ᠵᠦᠢᠯ ᠳᠤᠮᠳᠠᠳᠤ ᠠᠽᠢᠶ᠎ᠠ ᠶᠢᠨ ᠤᠯᠤᠰ ᠣᠷᠣᠨ | ᠳᠤ ᠪᠠᠰᠠ ᠭᠠᠷᠴᠤ ᠪᠠᠶᠢᠭᠰᠠᠨ ᠶᠠᠪᠤᠳᠠᠯ ᠪᠤᠢ᠃ ᠡᠭᠦᠨ ᠠᠴᠠ ᠦᠵᠡᠪᠡᠯ᠂ ᠮᠣᠩᠭᠤᠯ ᠬᠡᠯᠡᠨ ᠤ ᠲᠣᠯᠢ ᠪᠢᠴᠢᠭ ᠤᠨ | ᠲᠤᠶᠢᠮᠤ ᠶᠢ ᠰᠤᠳᠤᠯᠬᠤ ᠨᠢ ᠰᠤᠶᠤᠯ ᠤᠨ ᠦᠪ ᠬᠦᠷᠦᠩᠭᠡ ᠲᠠᠢ ᠪᠠᠨ ᠲᠠᠨᠢᠯᠴᠠᠬᠤ ᠶᠢᠨ ᠴᠢᠬᠤᠯᠠ ᠨᠢᠭᠡ ᠲᠠᠯ᠎ᠠ | ᠪᠣᠯᠬᠤ ᠪᠠᠷ ᠪᠠᠷᠠᠬᠤ ᠦᠭᠡᠢ᠂ ᠪᠠᠰᠠ ᠮᠤᠩᠭᠤᠯ ᠬᠡᠯᠡᠨ ᠤ ᠰᠢᠨᠵᠢᠯᠡᠯ ᠤᠨ ᠡᠬᠢ ᠡᠭᠦᠰᠦᠯᠲᠠ᠂ ᠬᠦᠭᠵᠢᠯ ᠬᠤᠪᠢᠷᠠᠯ | ᠤᠨ ᠪᠠᠶᠢᠳᠠᠯ ᠢ ᠠᠵᠢᠭᠯᠠᠨ ᠮᠡᠳᠠᠵᠦ᠂ ᠲᠡᠳᠡᠭᠡᠷ ᠢ ᠣᠳᠣ ᠶᠢᠨ ᠮᠠᠨ ᠤ ᠬᠡᠷᠡᠭᠴᠡᠭᠡᠨ ᠳᠤ ᠦᠢᠯᠠᠴᠢᠯᠡᠭᠦᠯᠬᠦ ᠳᠤ ᠶᠡᠭᠡ | ᠠᠰᠢᠭᠲᠠᠢ ᠵᠦᠢᠯ ᠪᠣᠯᠬᠤ ᠨᠢ ᠢᠯᠡᠳᠲᠠ ᠪᠠᠶᠢᠨ᠎ᠠ᠃ | ᠮᠣᠩᠭᠤᠯ ᠬᠡᠯᠡᠨ ᠤ ᠲᠣᠯᠢ ᠪᠢᠴᠢᠭ ᠵᠣᠬᠢᠶᠠᠭᠳᠠᠭᠰᠠᠨ ᠪᠦᠬᠦᠯᠢ ᠲᠡᠦᠬᠡᠨ ᠬᠤᠭᠤᠴᠠᠭ᠎ᠠ ᠶᠢ ᠶᠡᠷᠦᠩᠬᠡᠢ ᠳᠤᠨᠢ | ᠳᠦᠷᠪᠡᠨ ᠱᠠᠲᠤ ᠦᠶ᠎ᠠ ᠬᠤᠪᠢᠶᠠᠮᠠᠷ ᠪᠠᠶᠢᠨ᠎ᠠ᠃ ᠡᠨᠡ ᠨᠢ᠄ 13-15 ᠳ᠋ᠤᠭᠠᠷ ᠵᠠᠭᠤᠨ ᠤ ᠦᠶ᠎ᠡ ᠬᠦᠷᠲᠡᠯᠡᠬᠢ ᠶᠢ | ᠨᠢᠭᠡᠳᠦᠭᠡᠷ ᠦᠶ᠎ᠡ︔ 17-19 ᠳ᠋ᠤᠭᠡᠷ ᠵᠠᠭᠤᠨ ᠤ ᠡᠬᠢ ᠬᠦᠷᠲᠡᠯᠡᠬᠢ ᠶᠢ ᠬᠤᠶᠠᠳᠤᠭᠠᠷ ᠦᠶ᠎ᠡ︔ 19 ᠳ᠋ᠤᠭᠡᠷ | ᠵᠠᠭᠤᠨ ᠤ ᠡᠬᠢ ᠠᠴᠠ 20 ᠳ᠋ᠤᠭᠠᠷ ᠵᠠᠭᠤᠨ ᠤ ᠡᠬᠢ ᠬᠦᠷᠲᠡᠯᠡᠬᠢ ᠶᠢ ᠭᠤᠷᠪᠠᠳᠤᠭᠠᠷ ᠦᠶ᠎ᠡ︔1949 ᠣᠨ ᠠᠴᠠ | ᠨᠠᠭᠠᠰᠢᠬᠢ ᠶᠢ ᠳᠦᠷᠪᠡᠳᠦᠭᠡᠷ ᠦᠶ᠎ᠡ ︵ᠪᠤᠶᠤ ᠰᠢᠨ᠎ᠡ ᠦᠶ᠎ᠡ︶ ᠭᠡᠵᠦ ᠬᠤᠪᠢᠶᠠᠨ᠎ᠠ᠃ | ᠮᠤᠩᠭᠤᠯ ᠬᠡᠯᠡᠨ ᠤ ᠲᠣᠯᠢ ᠪᠢᠴᠢᠭ ᠤᠨ ᠨᠢᠭᠡᠳᠦᠭᠡᠷ ᠦᠶ᠎ᠡ ᠳᠤ ᠲᠣᠯᠢ ᠪᠢᠴᠢᠭ ᠵᠣᠬᠢᠶᠠᠭᠳᠠᠬᠤ ᠠᠵᠢᠯ ᠬᠤᠶᠠᠷ | ᠭᠡᠰᠡᠭ ᠢᠶᠠᠷ ᠶᠠᠪᠤᠭᠳᠠᠵᠤ ᠪᠠᠶᠢᠵᠠᠢ᠃ ᠲᠡᠭᠦᠨ ᠤ ᠨᠢᠭᠡ ᠨᠢ ᠶᠤᠸᠠᠨ ᠤᠯᠤᠰ ᠪᠤᠯᠤᠨ ᠮᠢᠩ ᠤᠯᠤᠰ ᠤᠨ ᠡᠭᠢᠨ ᠤ | ᠦᠶ᠎ᠡ ᠳᠤ ᠬᠠᠮᠢᠶᠠᠷᠤᠭᠳᠠᠬᠤ ︽ᠢ ᠢᠦᠢ︾ ︵译语︶ ᠲᠣᠯᠢ ᠨᠤᠭᠤᠳ ᠪᠤᠯᠤᠨ᠎ᠠ᠃ ᠡᠨᠡ ᠬᠦ ︽ᠢ ᠢᠦᠢ︾ | ᠭᠡᠭᠴᠢ ᠦᠭᠡ ᠪᠤᠯ ︽ᠤᠷᠴᠢᠭᠤᠯᠤᠭᠰᠠᠨ ᠦᠭᠡ︾ ᠭᠡᠳᠡᠭ ᠤᠳᠬ᠎ᠠ ᠲᠠᠢ ᠪᠦᠭᠡᠳ ᠲᠣᠯᠢ ᠪᠢᠴᠢᠭ ᠲᠤ | ᠬᠡᠷᠡᠭᠯᠡᠭᠳᠡᠭᠰᠡᠨ ᠤ ᠪᠠᠨ ᠬᠤᠪᠢ ᠳᠤ ᠣᠷᠴᠢᠭᠤᠯᠭ᠎ᠠ ᠶᠢᠨ ᠲᠣᠯᠢ ᠭᠡᠰᠡᠨ ᠰᠠᠨᠠᠭ᠎ᠠ ᠲᠠᠢ ᠪᠣᠯᠤᠨ᠎ᠠ᠃ ︽ᠢ ᠢᠦᠢ︾ | ᠲᠣᠯᠢ ᠪᠢᠴᠢᠭ ᠤᠨ ᠲᠤᠭᠠᠨ ᠳᠤ ᠲᠤᠬᠠᠶᠢᠯᠠᠪᠠᠯ ︽ᡁᠢ ᠶᠤᠸᠠᠨ ᠢ ᠢᠦᠢ︾᠂ ︽ᠬᠤᠸᠠ ᠢ ᠢ ᠢᠦᠢ︾ ᠬᠡᠬᠦ | ᠲᠣᠯᠢ ᠨᠤᠭᠤᠳ ᠢ ᠳᠤᠷᠠᠳᠴᠤ ᠪᠣᠯᠤᠨ᠎ᠠ᠃ ᠨᠢᠭᠡᠳᠦᠭᠡᠷ ᠦᠶ᠎ᠡ ᠳᠤ ᠬᠤᠯᠪᠤᠭᠳᠠᠬᠤ ᠲᠣᠯᠢ ᠪᠢᠴᠢᠭ ᠤᠨ ᠨᠦᠭᠦᠭᠡ | ᠨᠢᠭᠡ ᠭᠡᠰᠡᠭ ᠨᠢ ᠭᠡᠪᠡᠯ᠂ ᠪᠠᠷᠠᠭᠤᠨ ᠵᠦᠭ ᠠᠷᠠᠪ ᠤᠨ ᠤᠯᠤᠰ ᠣᠷᠣᠨ ᠨᠤᠭᠤᠳ ᠲᠤ ᠵᠣᠬᠢᠶᠠᠭᠳᠠᠵᠤ ᠪᠠᠶᠢᠭᠰᠠᠨ | ᠠᠷᠠᠪ — ᠮᠣᠩᠭᠤᠯ ᠬᠡᠯᠡᠨ ᠤ ᠲᠤᠯᠢ ᠨᠤᠭᠤᠳ ᠪᠤᠯᠤᠨ᠎ᠠ᠃ ᠡᠭᠦᠨ ᠤ ᠵᠢᠱᠢᠶᠠᠨ ᠳᠤ ᠪᠢᠳᠠ ᠠᠯ — | ᠵᠠᠮᠬᠠᠰᠢᠷᠢ ᠭᠡᠳᠡᠭ ᠲᠦᠷᠺ ᠬᠦᠮᠦᠨ ᠤ ᠨᠡᠷ᠎ᠡ ᠲᠠᠢ ᠬᠤᠯᠪᠣᠭᠳᠠᠭᠰᠠᠨ ︽ᠮᠦᠺᠠᠳ᠋ᠳᠢᠮᠠᠲ ᠠᠯ — ᠠᠳᠠᠪ︾ | ᠭᠡᠳᠡᠭ ᠠᠷᠠᠪ — ᠫᠧᠷᠰ — ᠲᠦᠷᠺ — ᠮᠤᠩᠭᠤᠯ ᠳᠦᠷᠪᠡᠨ ᠬᠡᠯᠡᠨ ᠤ ᠲᠣᠯᠢ ᠪᠢᠴᠢᠭ ᠢ ᠲᠦᠯᠦᠭᠡᠯᠡᠭᠦᠯᠦᠨ | ᠳᠤᠷᠠᠳᠴᠤ ᠪᠣᠯᠬᠤ ᠪᠠᠶᠢᠨ᠎ᠠ᠃ ︽ᠬᠤᠸᠠ ᠢ ᠢ ᠢᠦᠢ︾ ᠴᠦ ᠲᠡᠷᠡ᠂ ︽ᠮᠦᠺᠠᠳ᠋ᠳᠢᠮᠠᠲ ᠠᠯ — ᠠᠳᠠᠪ︾ | ᠴᠦ ᠲᠡᠷᠡ᠂ ᠶᠡᠷᠦ ᠠᠴᠠ ᠨᠢᠭᠡᠳᠦᠭᠡᠷ ᠦᠶ᠎ᠡ ᠳᠤ ᠵᠣᠬᠢᠶᠠᠭᠳᠠᠭᠰᠠᠨ ᠲᠣᠯᠢ ᠪᠢᠴᠢᠭ ᠤᠨ ᠵᠦᠢᠯ᠂ ᠰᠡᠭᠦᠯᠴᠢ ᠶᠢᠨ | ᠦᠶ᠎ᠡ ᠨᠦᠭᠦᠳ ᠲᠤ ᠵᠣᠬᠢᠶᠠᠭᠳᠠᠭᠰᠠᠨ ᠮᠤᠩᠭᠤᠯ ᠬᠡᠯᠡᠨ ᠤ ᠲᠣᠯᠢ ᠨᠤᠭᠤᠳ ᠤᠨ ᠰᠠᠭᠤᠷᠢ ᠨᠢ ᠪᠣᠯᠵᠤ ᠦᠭᠴᠠᠢ᠃ | ᠬᠡᠷᠪᠡ ᠬᠡᠯᠡᠨ ᠤ ᠰᠢᠨᠵᠢᠯᠡᠯ ᠤᠨ ᠡᠭᠦᠳᠡᠨ ᠠᠴᠠ ᠦᠵᠡᠪᠡᠯ᠂ ᠲᠡᠷᠡ ᠦᠶ᠎ᠡ ᠶᠢᠨ ᠲᠣᠯᠢ ᠨᠤᠭᠤᠳ᠂ ᠵᠦᠪᠬᠡᠨ ᠡᠷᠳᠡᠨ | ᠤ ᠮᠣᠩᠭᠤᠯ ᠬᠡᠯᠡᠨ ᠤ ᠦᠭᠡᠰ ᠤᠨ ᠰᠠᠩ ᠤᠨ ᠪᠠᠶᠢᠳᠠᠯ ᠢ ᠳᠤᠰᠬᠠᠭᠰᠠᠨ ᠢᠶᠠᠷ ᠪᠠᠷᠠᠬᠤ ᠦᠭᠡᠢ᠂ ᠪᠠᠰᠠ ᠠᠪᠢᠶᠠᠨ ᠤ | ᠰᠢᠨᠵᠢ ᠪᠠᠶᠢᠳᠠᠯ᠂ ᠬᠡᠯᠡᠨ ᠤ ᠵᠦᠢ ᠶᠢᠨ ᠣᠨᠴᠠᠯᠢᠭ ᠢ ᠴᠦ ᠬᠠᠳᠠᠭᠠᠯᠠᠵᠤ ᠪᠠᠶᠢᠭ᠎ᠠ ᠪᠤᠯᠬᠤᠷ ᠶᠡᠭᠡ ᠦᠨ᠎ᠡ ᠪᠠᠨ᠎ᠠ ᠲᠠᠢ | ᠵᠦᠢᠯ ᠪᠤᠯᠬᠤ ᠨᠢ ᠮᠠᠭᠠᠳ ᠲᠠᠢ ᠪᠠᠶᠢᠨ᠎ᠠ᠃ | ᠮᠣᠩᠭᠤᠯ ᠬᠡᠯᠡᠨ ᠤ ᠲᠤᠯᠢ ᠪᠢᠴᠢᠭ ᠤᠨ ᠬᠤᠶᠠᠳᠤᠭᠠᠷ ᠦᠶ᠎ᠡ ᠳᠤ ᠲᠣᠯᠢ ᠪᠢᠴᠢᠭ ᠵᠣᠬᠢᠶᠠᠭᠳᠠᠬᠤ ᠠᠵᠢᠯ ᠪᠠᠰᠠ | ᠴᠤ ᠬᠤᠶᠠᠷ ᠭᠡᠰᠡᠭ ᠢᠶᠠᠷ ᠶᠠᠪᠤᠭᠳᠠᠵᠤ ᠪᠠᠶᠢᠵᠠᠢ᠃ ᠬᠡᠬᠦ ᠳᠤ ᠡᠨᠡ ᠭᠦ ᠬᠤᠶᠠᠷ ᠭᠡᠰᠡᠭ ᠨᠢ ᠨᠢᠭᠡᠳᠦᠭᠡᠷ ᠦᠶ᠎ᠡ ᠶᠢᠨ | ᠬᠤᠶᠠᠷ ᠭᠡᠰᠡᠭ ᠠᠴᠠ ᠠᠭᠤᠯᠭ᠎ᠠ ᠶᠢᠨ ᠬᠤᠪᠢ ᠳᠤ ᠤᠨᠳᠣᠣ ᠪᠠᠶᠢᠨ᠎ᠠ᠃ ᠲᠡᠭᠦᠨ ᠤ ᠨᠢᠭᠡ ᠨᠢ ᠲᠤᠬᠠᠢ ᠶᠢᠨ ᠦᠶ᠎ᠡ | ᠳᠤ ᠮᠠᠨᠵᠤ — ᠮᠣᠩᠭᠤᠯ᠂ ᠨᠠᠩᠭᠢᠶᠠᠳ — ᠮᠣᠩᠭᠤᠯ ᠭᠡᠬᠦ ᠮᠡᠲᠦᠴᠢᠯᠡᠨ ᠮᠤᠩᠭᠤᠯ ᠦᠭᠡᠰ ᠢ ᠮᠠᠨᠵᠤ ᠦᠭᠡᠰ | ᠪᠠ ᠬᠢᠲᠠᠳ ᠦᠰᠦᠭ ᠲᠠᠢ ᠬᠠᠷᠢᠴᠠᠭᠤᠯᠤᠨ ᠨᠠᠶᠢᠷᠠᠭᠤᠯᠭᠰᠠᠨ ᠲᠣᠯᠢ ᠪᠢᠴᠢᠭ ᠣᠯᠠᠨ ᠲᠤᠭ᠎ᠠ ᠪᠠᠷ ᠵᠣᠬᠢᠶᠠᠭᠳᠠᠵᠤ | ᠪᠠᠶᠢᠭᠰᠠᠨ ᠪᠦᠭᠡᠳ ᠨᠦᠭᠦᠭᠡ ᠨᠢᠭᠡ ᠨᠢ ᠲᠦᠪᠡᠳ — ᠮᠣᠩᠭᠤᠯ ᠲᠣᠯᠢ ᠪᠢᠴᠢᠭ ᠤᠨ ᠵᠦᠢᠯ ᠪᠤᠯᠤᠨ᠎ᠠ᠃ ᠮᠠᠨᠵᠤ | — ᠮᠣᠩᠭᠤᠯ᠂ ᠨᠠᠩᠭᠢᠶᠠᠳ — ᠮᠣᠩᠭᠤᠯ᠂ ᠡᠰᠡᠭᠦᠯ᠎ᠡ ᠮᠠᠨᠵᠤ — ᠮᠣᠩᠭᠤᠯ — ᠬᠢᠲᠠᠳ ᠲᠣᠯᠢ | ᠪᠢᠴᠢᠭ ᠭᠠᠷᠴᠤ ᠪᠠᠶᠢᠭᠰᠠᠨ ᠨᠢ ᠭᠤᠣᠯᠳᠠᠭᠤ ᠲᠤᠬᠠᠢ ᠶᠢᠨ ᠦᠶ᠎ᠡ ᠶᠢᠨ ᠵᠠᠰᠠᠭ ᠲᠦᠷᠦ ᠶᠢᠨ ᠪᠠᠶᠢᠳᠠᠯ ᠲᠠᠢ | ᠬᠤᠯᠪᠣᠭᠳᠠᠨ᠎ᠠ᠃ ᠦᠭᠡᠷ᠎ᠡ ᠪᠠᠷ ᠬᠡᠯᠡᠪᠡᠯ ᠳᠤᠷᠠᠳᠤᠭᠰᠠᠨ ᠬᠡᠳᠦᠨ ᠦᠨᠳᠦᠰᠦᠲᠡᠨ ᠤ ᠬᠤᠭᠤᠷᠤᠨᠳᠤᠬᠢ ᠤᠯᠤᠰ | ᠲᠦᠷᠦ᠂ ᠡᠳ᠋ ᠤᠨ ᠵᠠᠰᠠᠭ᠂ ᠰᠤᠶᠤᠯ ᠪᠣᠯᠪᠠᠰᠤᠷᠠᠯ ᠤᠨ ᠵᠠᠶᠢᠯᠠᠰᠢ ᠦᠭᠡᠢ ᠬᠠᠷᠢᠴᠠᠭ᠎ᠠ ᠠᠴᠠ ᠪᠣᠯᠣᠭᠰᠠᠨ ᠪᠠᠶᠢᠨ᠎ᠠ᠃ | ᠡᠶᠢᠮᠦ ᠲᠣᠯᠢ ᠶᠢᠨ ᠵᠢᠱᠢᠶᠠᠨ ᠳᠤ ︽ᠬᠠᠭᠠᠨ ᠤ ᠪᠢᠴᠢᠭᠰᠡᠨ ᠮᠠᠨᠵᠦ ᠮᠣᠩᠭᠤᠯ ᠬᠢᠲᠠᠳ ᠦᠰᠦᠭ ᠭᠤᠷᠪᠠᠨ ᠵᠦᠢᠯ | ᠤᠨ ᠠᠶᠠᠯᠭᠤ ᠨᠡᠶᠢᠯᠡᠭᠰᠠᠨ ᠲᠣᠯᠢ ᠪᠢᠴᠢᠭ︾᠂ ︽ᠬᠠᠭᠠᠨ ᠤ ᠪᠢᠴᠢᠭᠰᠡᠨ ᠳᠦᠷᠪᠡᠨ ᠵᠦᠢᠯ ᠤᠨ ᠦᠰᠦᠭ | ᠬᠠᠪᠰᠤᠷᠤᠭᠰᠠᠨ ᠮᠠᠨᠵᠤ ᠦᠭᠡᠨ ᠤ ᠲᠣᠯᠢ︾ ᠵᠡᠷᠭᠡ ᠨᠠᠭᠠᠳᠣ ᠵᠠᠬ᠎ᠠ ᠨᠢ ᠠᠷᠪᠠᠨ ᠬᠡᠳᠦᠨ ᠵᠦᠢᠯ ᠢ ᠳᠤᠷᠠᠳᠴᠤ | ᠪᠣᠯᠣᠨ᠎ᠠ᠃ ᠲᠡᠭᠡᠬᠦ ᠳᠤ ᠲᠦᠪᠡᠳ — ᠮᠣᠩᠭᠤᠯ ᠲᠣᠯᠢ ᠪᠢᠴᠢᠭ ᠵᠣᠬᠢᠶᠠᠭᠳᠠᠵᠤ ᠪᠠᠶᠢᠭᠰᠠᠨ ᠶᠠᠪᠤᠳᠠᠯ ᠨᠢ ᠡᠭᠦᠨ | ᠠᠴᠠ ᠠᠷᠠᠢ ᠦᠭᠡᠷ᠎ᠡ ᠪᠠᠶᠢᠳᠠᠯ ᠲᠠᠢ ᠪᠠᠶᠢᠭᠰᠠᠨ ᠪᠦᠭᠡᠳ ᠭᠤᠣᠯᠳᠠᠭᠤ ᠱᠠᠰᠢᠨ ᠰᠤᠷᠲᠠᠬᠤᠨ ᠤ ᠬᠠᠷᠢᠴᠠᠭ᠎ᠠ ᠠᠴᠠ | ᠪᠣᠯᠵᠤ ᠪᠠᠶᠢᠵᠠᠢ᠃ ︽ᠲᠣᠬᠢᠶᠠᠨ ᠤ ᠪᠢᠴᠢᠭ︾ ᠭᠡᠵᠦ ᠠᠯᠳᠠᠷᠰᠢᠭᠰᠠᠨ ᠡᠶᠢᠮᠦ ᠲᠣᠯᠢ ᠪᠢᠴᠢᠭ ᠤᠳ᠂ ᠪᠤᠷᠬᠠᠨ ᠤ | ᠱᠠᠰᠢᠨ ᠤ ᠰᠢᠨ᠎ᠡ ᠨᠢᠭᠡᠨ ᠰᠤᠷᠭᠠᠯ ᠪᠤᠯᠬᠤ ᠰᠢᠷ᠎ᠠ ᠶᠢᠨ ᠱᠠᠰᠢᠨ ᠮᠤᠩᠭᠤᠯ ᠭᠠᠵᠠᠷ ᠳᠡᠯᠭᠡᠷᠡᠭᠰᠨ ᠴᠠᠭ ᠠᠴᠠ ᠬᠤᠶᠢᠰᠢ | ᠶᠡᠬᠡᠯ᠎ᠡ ᠵᠣᠬᠢᠶᠠᠭᠳᠠᠵᠣ ᠡᠬᠢᠯᠡᠭᠰᠠᠨ ᠨᠢ ᠶᠠᠭ ᠯᠠ ᠡᠨᠡ ᠦᠶ᠎ᠡ ᠳᠤ ᠬᠤᠯᠪᠣᠭᠳᠠᠨ᠎ᠠ᠃ ᠵᠠᠷᠢᠮ ᠬᠦᠮᠦᠨ ᠤ ᠪᠢᠴᠢᠭᠰᠡᠨ | ᠦᠭᠦᠯᠡᠯ ᠠᠴᠠ ᠦᠵᠡᠪᠡᠯ᠂ ᠡᠶᠢᠮᠦ ᠲᠦᠪᠡᠳ — ᠮᠣᠩᠭᠤᠯ ᠬᠡᠯᠡᠨ ᠤ ᠲᠣᠯᠢ ᠶᠢ ︽ᠳᠣᠬᠢᠶᠠᠨ ᠤ ᠪᠢᠴᠢᠭ︾ | ᠭᠡᠰᠡᠨ ᠤ ᠤᠴᠢᠷ ᠨᠢ ᠲᠦᠪᠡᠳ ᠬᠡᠯᠡᠨ ᠤ ︽ᠲᠠᠶ᠋ᠢᠭ︾ ᠭᠡᠳᠡᠭ ᠢ ᠢᠩᠬᠢᠵᠦ ᠨᠡᠷᠡᠯᠡᠯ᠎ᠡ ᠭᠡᠵᠦ ᠲᠡᠮᠲᠡᠭᠯᠡᠵᠦ ᠪᠤᠢ᠃ | ᠦᠨᠡᠭᠡᠷ ᠴᠦ ︽ᠳᠣᠬᠢᠶᠠᠨ ᠤ ᠪᠢᠴᠢᠭ︾ ᠪᠤᠶᠤ ︽ᠲᠠᠶ᠋ᠢᠭ︾ ᠤᠨ ᠵᠦᠢᠯ ᠳᠤᠷᠠᠳᠤᠭᠳᠠᠭᠰᠠᠨ ᠦᠶ᠎ᠡ ᠠᠴᠠ | ᠬᠤᠶᠢᠰᠢ ᠲᠤᠩ ᠠᠷᠪᠢᠨ ᠭᠠᠷᠴᠠᠢ᠃ | ᠮᠣᠩᠭᠤᠯ ᠬᠡᠯᠡᠨ ᠤ ᠲᠣᠯᠢ ᠪᠢᠴᠢᠭ ᠤᠨ ᠭᠤᠷᠪᠠᠳᠤᠭᠠᠷ ᠦᠶ᠎ᠡ ᠨᠢ ᠬᠤᠶᠠᠳᠤᠭᠠᠷ ᠦᠶ᠎ᠡ ᠲᠠᠢ ᠪᠠᠨ ᠠᠳᠠᠯᠢ | ᠲᠠᠯ᠎ᠠ ᠨᠢᠭᠡ ᠪᠠᠶᠢᠨ᠎ᠠ᠃ ᠲᠤᠬᠠᠶᠢᠯᠠᠪᠠᠯ᠂ ᠲᠦᠪᠡᠳ — ᠮᠣᠩᠭᠤᠯ ᠲᠣᠯᠢ ᠦᠷᠭᠦᠯᠵᠢᠯᠡᠨ ᠵᠣᠬᠢᠶᠠᠭᠳᠠᠵᠤ | ᠪᠠᠶᠢᠭᠰᠠᠨ ᠨᠢ ᠠᠳᠠᠯᠢ ᠶᠤᠮ᠃ ᠭᠡᠪᠡᠴᠦ ᠠᠳᠠᠯᠢ ᠦᠭᠡᠢ ᠪᠣᠯᠣᠭᠰᠠᠨ ᠲᠠᠯ᠎ᠠ ᠬᠤᠶᠠᠷ ᠪᠠᠶᠢᠨ᠎ᠠ᠃ ᠲᠡᠭᠦᠨ ᠤ ᠨᠢᠭᠡ | ᠨᠢ᠂ ᠡᠨᠡ ᠦᠶ᠎ᠡ ᠪᠣᠯᠵᠤ ᠢᠷᠡᠭᠡᠳ ᠮᠠᠨᠵᠤ — ᠮᠣᠩᠭᠤᠯ ᠬᠡᠯᠡᠨ ᠤ ᠲᠣᠯᠢ ᠵᠣᠬᠢᠶᠠᠭᠳᠠᠬᠤ ᠨᠢ ᠬᠠᠷᠢᠴᠠᠩᠭᠤᠢ ᠪᠠᠷ | ᠪᠠᠭᠠᠰᠴᠤ ᠢᠷᠡᠭᠡᠳ᠂ ᠬᠠᠷᠢᠨ ᠬᠢᠲᠠᠳ — ᠮᠣᠩᠭᠤᠯ ᠲᠣᠯᠢ ᠵᠣᠬᠢᠶᠠᠭᠳᠠᠬᠤ ᠨᠢ ᠣᠯᠠᠨ ᠪᠣᠯᠵᠠᠢ᠃ ᠨᠦᠭᠦᠭᠡ | ᠨᠢᠭᠡ ᠨᠢ ᠮᠣᠩᠭᠤᠯ ᠬᠡᠯᠡ ᠶᠢ ᠡᠸᠦ᠋ᠷᠦᠫᠡ ᠶᠢᠨ ᠬᠡᠯᠡ ᠨᠦᠭᠦᠳ ᠲᠠᠢ ᠬᠠᠷᠢᠴᠠᠭᠤᠯᠤᠨ ᠨᠠᠶᠢᠷᠠᠭᠤᠯᠤᠭᠰᠠᠨ ᠲᠣᠯᠢ | ᠶᠡᠭᠡ ᠣᠯᠠᠨ ᠲᠤᠭ᠎ᠠ ᠪᠠᠷ ᠭᠠᠷᠴᠤ ᠢᠷᠡᠭᠰᠠᠨ ᠨᠢ ᠣᠨᠴᠯᠢᠭ ᠲᠠᠢ ᠪᠠᠶᠢᠨ᠎ᠠ᠃ ᠡᠭᠦᠨ ᠳᠤ 1835 ᠣᠨ ᠤ ᠱᠮᠢᠳ᠋ᠲ | ᠤᠨ ᠵᠣᠬᠢᠶᠠᠭᠰᠠᠨ ︽ᠮᠣᠩᠭᠤᠯ — ᠣᠷᠣᠰ — ᠭᠧᠷᠮᠠᠨ ᠲᠣᠯᠢ︾᠂ ᠮᠦᠨ 1840 ᠭᠡᠳ ᠣᠨ ᠤ | ᠺᠤᠸᠠᠯᠸᠧᠰᠺᠧ ᠶᠢᠨ ᠵᠣᠬᠢᠶᠠᠭᠰᠠᠨ ︽ᠮᠤᠩᠭᠤᠯ — ᠣᠷᠣᠰ — ᠹᠷᠠᠨᠼᠢ ᠲᠣᠯᠢ︾ ᠠᠴᠠ ᠠᠪᠤᠭᠠᠳ | ᠬᠤᠷᠢᠳᠤᠭᠠᠷ ᠵᠠᠭᠤᠨ ᠤ ᠦᠶ᠎ᠡ ᠪᠠᠷ ᠵᠣᠬᠢᠶᠠᠭᠳᠠᠭᠰᠠᠨ ᠵᠦᠪᠯᠡᠯᠲᠦ ᠪᠣᠯᠣᠨ ᠡᠸᠦ᠋ᠷᠦᠫᠡ ᠶᠢᠨ ᠪᠤᠰᠤᠳ ᠤᠯᠤᠰ | ᠣᠷᠣᠨ ᠤ ᠡᠷᠳᠡᠮᠲᠡᠨ ᠨᠦᠭᠦᠳ ᠤᠨ ᠲᠣᠯᠢ ᠶᠢ ᠲᠤᠷᠠᠳᠴᠤ ᠪᠤᠯᠤᠨ᠎ᠠ᠃ ᠶᠠᠫᠤᠨ ᠪᠣᠯᠣᠨ ᠠᠮᠧᠷᠢᠺᠠ ᠳᠤ ᠮᠣᠩᠭᠤᠯ | ᠬᠡᠯᠡᠨ ᠤ ᠲᠣᠯᠢ ᠨᠤᠭᠤᠳ ᠬᠡᠪᠯᠡᠭᠳᠡᠵᠤ ᠡᠬᠢᠯᠡᠭᠰᠡᠨ ᠨᠢ ᠮᠦᠨ ᠡᠨᠡ ᠭᠤᠷᠪᠠᠳᠤᠭᠠᠷ ᠦᠶ᠎ᠡ ᠳᠤ ᠬᠠᠮᠢᠶᠠᠷᠤᠭᠳᠠᠨ᠎ᠠ᠃ | ᠡᠸᠦ᠋ᠷᠦᠫᠡ᠂ ᠠᠮᠧᠷᠢᠺᠠ᠂ ᠶᠠᠫᠤᠨ ᠵᠡᠷᠭᠡ ᠤᠯᠤᠰ ᠣᠷᠣᠨ ᠳᠤ ᠭᠠᠷᠤᠭᠰᠠᠨ ᠡᠳᠡᠭᠡᠷ ᠲᠣᠯᠢ ᠨᠤᠭᠤᠳ ᠢ ᠠᠩᠬᠠᠷᠤᠨ | ᠦᠵᠡᠪᠡᠯ᠂ ᠲᠡᠭᠦᠨ ᠳᠤ ᠮᠣᠩᠭᠤᠯ — ᠬᠢᠲᠠᠳ ᠲᠣᠯᠢ᠂ ᠪᠠᠰᠠ ᠲᠠᠶ᠋ᠢᠭ ᠪᠤᠶᠤ ᠮᠣᠩᠭᠤᠯ — ᠲᠦᠪᠡᠳ ᠲᠣᠯᠢ | ᠨᠤᠭᠤᠳ ᠤᠨ ᠦᠷ᠎ᠡ ᠪᠦᠲᠦᠭᠡᠯ ᠢ ᠠᠰᠢᠭᠯᠠᠭᠰᠠᠨ ᠲᠠᠯ᠎ᠠ ᠢᠯᠡᠳᠲᠡ ᠪᠠᠶᠢᠨ᠎ᠠ᠃ | ᠮᠣᠩᠭᠤᠯ ᠬᠡᠯᠡᠨ ᠤ ᠲᠣᠯᠢ ᠪᠢᠴᠢᠭ ᠤᠨ ᠳᠦᠷᠪᠡᠳᠦᠭᠡᠷ ᠦᠶ᠎ᠡ ᠨᠢ ᠬᠤᠷᠢᠳᠤᠭᠠᠷ ᠵᠠᠭᠤᠨ ᠤ ᠰᠢᠨ᠎ᠡ ᠦᠶ᠎ᠡ | ᠪᠣᠯᠤᠨ᠎ᠠ᠃ ᠡᠨᠡ ᠰᠢᠨ᠎ᠡ ᠦᠶ᠎ᠡ ᠳᠤ ᠮᠣᠩᠭᠤᠯ ᠬᠡᠯᠡ ᠪᠢᠴᠢᠭ ᠤᠨ ᠰᠤᠳᠤᠯᠤᠯᠭᠠᠨ ᠤ ᠲᠠᠯ᠎ᠠ ᠪᠠᠷ ᠶᠡᠭᠡ ᠶᠠᠭᠤᠮ᠎ᠠ | ᠭᠠᠷᠤᠭᠰᠠᠨ ᠪᠦᠭᠡᠳ ᠮᠤᠩᠭᠤᠯ ᠬᠡᠯᠡᠨ ᠤ ᠲᠣᠯᠢ ᠪᠢᠴᠢᠭ ᠵᠣᠬᠢᠶᠠᠬᠤ ᠲᠠᠯ᠎ᠠ ᠪᠠᠷ ᠤᠯᠤᠭᠰᠠᠨ ᠤᠯᠤᠯᠲᠠ ᠨᠤᠭᠤᠳ | ᠨᠢ ᠬᠡᠯᠡ ᠪᠢᠴᠢᠭ ᠤᠨ ᠤᠯᠠᠨ ᠲᠠᠯ᠎ᠠ ᠶᠢᠨ ᠰᠤᠳᠤᠯᠤᠯᠭᠠᠨ ᠤ ᠬᠢᠨᠢ ᠴᠢᠬᠤᠯᠠ ᠨᠢᠭᠡᠨ ᠪᠦᠷᠢᠯᠳᠦᠭᠦᠨ ᠭᠡᠰᠡᠭ ᠨᠢ | ᠪᠤᠯᠵᠣ ᠪᠠᠶᠢᠨ᠎ᠠ᠃ ᠡᠨᠡ ᠦᠶ᠎ᠡ ᠳᠤ ᠮᠣᠩᠭᠤᠯ — ᠬᠢᠲᠠᠳ᠂ ᠬᠢᠲᠠᠳ — ᠮᠣᠩᠭᠤᠯ ᠣᠷᠴᠢᠭᠤᠯᠭ᠎ᠠ ᠶᠢᠨ | ᠲᠣᠯᠢ᠂ ᠮᠣᠩᠭᠤᠯ ᠦᠰᠦᠭ ᠤᠨ ᠵᠦᠪ ᠪᠢᠴᠢᠬᠦ ᠲᠣᠯᠢ᠂ ᠲᠤᠰᠬᠠᠢ ᠮᠡᠷᠭᠡᠵᠢᠯ ᠤᠨ ᠲᠤᠯᠢ ᠨᠡᠯᠢᠶᠡᠳ ᠣᠯᠠᠨ ᠲᠤᠭ᠎ᠠ | ᠪᠠᠷ ᠵᠣᠬᠢᠶᠠᠭᠳᠠᠭᠰᠠᠨ ᠪᠠ ᠣᠶᠢᠷ᠎ᠠ ᠶᠢᠨ ᠵᠢᠯ ᠠᠴᠠ ᠪᠠᠰᠠ ᠲᠤᠮᠤᠬᠠᠨ ᠬᠡᠮᠵᠢᠶᠠᠨ ᠤ ᠲᠠᠶᠢᠯᠪᠤᠷᠢ ᠲᠣᠯᠢ ᠵᠣᠬᠢᠶᠠᠬᠤ | ᠠᠵᠢᠯ ᠶᠠᠪᠤᠭᠳᠠᠵᠤ ᠪᠤᠢ᠃ ᠡᠭᠦᠨ ᠤ ᠵᠡᠷᠭᠡᠴᠡᠭᠡ ᠪᠠᠷ ᠪᠠᠰᠠ ᠮᠣᠩᠭᠤᠯ ᠬᠡᠯᠡ ᠪᠢᠴᠢᠭ ᠢᠶᠠᠨ ᠰᠤᠷᠴᠤ | ᠰᠤᠳᠤᠯᠤᠭᠴᠢᠳ ᠲᠤ ᠯᠠᠪᠯᠠᠯᠳᠠ ᠶᠢᠨ ᠮᠡᠲ᠋ᠧᠷᠢᠶᠠᠯ ᠪᠣᠯᠭᠠᠵᠤ ᠤᠯᠤᠰ ᠤᠨ ᠲᠣᠲᠤᠭᠠᠳᠣ ᠭᠠᠳᠠᠭᠠᠳᠣ ᠳᠤ ᠤᠷᠢᠳᠤ | ᠡᠮᠦᠨ᠎ᠡ ᠬᠡᠪᠯᠡᠵᠦ ᠦᠩᠭᠡᠷᠡᠭᠰᠠᠨ ᠲᠣᠯᠢ ᠨᠤᠭᠤᠳ ᠢ ᠲᠠᠬᠢᠨ ᠬᠡᠪᠯᠡᠵᠦ ᠪᠠᠶᠢᠨ᠎ᠠ᠃ ᠡᠨᠡ ᠪᠦᠬᠦ ᠪᠠᠶᠢᠳᠠᠯ ᠨᠢ ᠳᠠᠷᠦᠢ | ᠮᠣᠩᠭᠤᠯ ᠬᠡᠯᠡᠨ ᠤ ᠲᠣᠯᠢ ᠪᠢᠴᠢᠭ ᠵᠤᠬᠢᠶᠠᠭᠳᠠᠬᠤ ᠠᠵᠢᠯ᠂ ᠬᠦᠭᠵᠢᠯ ᠤᠨ ᠢᠶᠠᠨ ᠴᠣ ᠰᠢᠨ᠎ᠡ ᠱᠠᠲᠤ ᠦᠶ᠎ᠡ ᠳᠤ | ᠣᠷᠣᠭᠠᠳ ᠤᠯᠠᠮ ᠤᠯᠠᠮ ᠢᠶᠠᠷ ᠠᠮᠵᠢᠯᠲᠠᠲᠠᠢ ᠶᠠᠪᠤᠭᠳᠠᠵᠤ ᠪᠠᠶᠢᠭ᠎ᠠ ᠶᠢ ᠪᠦᠷᠢᠨ ᠲᠡᠭᠦᠰ ᠬᠠᠷᠠᠭᠤᠯᠵᠤ ᠪᠠᠶᠢᠨ᠎ᠠ᠃ | ᠳᠤᠮᠳᠠᠳᠤ ᠵᠠᠭᠤᠨ ᠤ ᠦᠶ᠎ᠡ ᠠᠴᠠ ᠠᠪᠤᠭᠠᠳ ᠡᠳᠦᠬᠡ ᠬᠦᠷᠲᠡᠯᠠᠬᠢ ᠮᠣᠩᠭᠤᠯ ᠬᠡᠯᠡᠨ ᠤ ᠲᠣᠯᠢ ᠪᠢᠴᠢᠭ ᠤᠨ | ᠬᠦᠭᠵᠢᠯ ᠤᠨ ᠱᠠᠲᠤ ᠦᠶ᠎ᠡ ᠡᠶᠢᠮᠦᠷᠬᠦ ᠪᠠᠶᠢᠨ᠎ᠠ᠃ | ᠲᠡᠭᠡᠪᠠᠯ᠂ ᠡᠳᠦᠢ ᠤᠷᠲᠤ ᠤᠳᠠᠭᠠᠨ ᠬᠤᠭᠤᠴᠠᠭᠠᠨ ᠳᠤ ᠵᠤᠬᠢᠶᠠᠭᠳᠠᠭᠰᠠᠨ ᠮᠣᠩᠭᠤᠯ ᠬᠡᠯᠡᠨ ᠤ ᠲᠣᠯᠢ ᠪᠢᠴᠢᠭ | ᠨᠢ ᠴᠤᠬᠤᠮ ᠭᠡᠴᠢᠨᠠᠨ ᠶᠠᠮᠡᠷ ᠵᠦᠢᠯ ᠪᠠᠶᠢᠬᠤ ᠪᠤᠢ︖ ᠠᠳᠡ ᠪᠢᠳᠠ ᠲᠡᠷᠡ ᠪᠦᠬᠦᠳᠡ ᠶᠢ ᠪᠢᠰᠢ᠂ ᠵᠦᠪᠬᠡᠨ | ᠳᠣᠪᠴᠢ ᠵᠦᠢᠯ ᠢ ᠠᠪᠴᠤ ᠦᠵᠡᠶ᠎ᠡ᠃ | ᠮᠤᠩᠭᠤᠯ ᠬᠡᠯᠡᠨ ᠤ ᠲᠣᠯᠢ ᠪᠢᠴᠢᠭ ᠤᠨ ᠠᠩᠬᠠᠨ ᠤ ᠵᠦᠢᠯ ᠤᠳ ᠠᠴᠠ ᠣᠳᠣ ᠪᠣᠯᠲᠠᠯ᠎ᠠ ᠤᠯᠤᠰ ᠤᠨ | ᠲᠣᠲᠣᠭᠠᠳᠤ ᠭᠠᠳᠠᠭᠠᠳᠣ ᠳᠤ ᠵᠤᠬᠢᠶᠠᠭᠳᠠᠵᠤ ᠢᠷᠡᠭᠰᠠᠨ ᠲᠣᠯᠢ ᠪᠢᠴᠢᠭ ᠢ ᠪᠦᠬᠦᠯᠢ ᠳᠤᠨᠢ ᠠᠩᠬᠠᠷᠪᠠᠯ᠂ ᠲᠠᠶᠢᠯᠪᠤᠷᠢ | ᠲᠣᠯᠢ᠂ ᠣᠷᠴᠢᠭᠤᠯᠭ᠎ᠠ ᠶᠢᠨ ᠲᠣᠯᠢ᠂ ᠵᠦᠪ ᠪᠢᠴᠢᠯᠭᠡ ᠶᠢᠨ ᠲᠣᠯᠢ᠂ ᠵᠦᠢᠯ ᠬᠤᠪᠢᠶᠠᠵᠤ ᠦᠰᠦᠭ | ᠬᠠᠪᠰᠤᠷᠤᠭᠰᠠᠨ ᠲᠤᠯᠢ᠂ ᠨᠤᠲᠤᠭ ᠤᠨ ᠠᠶᠠᠯᠭᠤᠨ ᠤ ᠲᠤᠯᠢ ᠬᠡᠬᠦ ᠬᠡᠳᠦᠨ ᠲᠦᠷᠦᠯ ᠵᠦᠢᠯ ᠳᠤ ᠬᠤᠪᠢᠶᠠᠵᠤ | ᠪᠣᠯᠤᠨ᠎ᠠ᠃ | ᠨᠢᠬᠡ᠂ ᠲᠠᠶᠢᠯᠪᠤᠷᠢ ᠲᠣᠯᠢ | ᠲᠠᠶᠢᠯᠪᠤᠷᠢ ᠲᠣᠯᠢ ᠪᠣᠯ ᠲᠣᠬᠠᠢ ᠶᠢᠨ ᠦᠨᠳᠦᠰᠦᠲᠠᠨ ᠤ ᠬᠡᠯᠡᠨ ᠤ ᠦᠭᠡᠰ ᠢ ᠤᠳᠬ᠎ᠠ ᠶᠢᠨ ᠬᠢᠨᠢ ᠬᠤᠪᠢ ᠳᠤ | ᠲᠣᠲᠣᠷᠬᠠᠢ ᠲᠠᠶᠢᠯᠪᠤᠷᠢ ᠬᠢᠵᠤ ᠦᠭᠳᠡᠭ᠃ ᠮᠤᠩᠭᠤᠯ ᠬᠡᠯᠡᠨ ᠤ ᠲᠠᠶᠢᠯᠪᠤᠷᠢ ᠲᠣᠯᠢ ᠶᠢᠨ ᠲᠣᠭᠠᠨ ᠳᠤ ᠲᠣᠣᠷᠠᠬᠢ | ᠵᠦᠢᠯ ᠢ ᠲᠣᠷᠠᠳᠴᠤ ᠪᠤᠯᠤᠨ᠎ᠠ᠃ | 1. ︽ᠮᠠᠨᠵᠤ — ᠮᠣᠩᠭᠤᠯ ᠲᠣᠯᠢ ᠪᠢᠴᠢᠭ︾ ︵ᠪᠤᠶᠤ ︽ᠬᠠᠭᠠᠨ ᠤ ᠪᠢᠴᠢᠭᠰᠡᠨ ᠮᠠᠨᠵᠤ ᠮᠤᠩᠭᠤᠯ | ᠦᠭᠡᠨ ᠤ ᠲᠣᠯᠢ ᠪᠢᠴᠢᠭ︾︶ ᠄ ᠬᠤᠷᠢᠨ ᠨᠢᠭᠡᠨ ᠲᠡᠪᠲᠡᠷ ᠤᠴᠢᠷ ᠠᠴᠠ ᠶᠡᠷᠦᠳᠡ ᠪᠠᠨ ︽ᠬᠤᠷᠢᠨ ᠨᠢᠭᠡᠲᠦ | ᠲᠠᠶᠢᠯᠪᠤᠷᠢ ᠲᠣᠯᠢ︾ ᠭᠡᠵᠦ ᠨᠡᠷᠡᠯᠡᠳᠡᠭ᠃ ᠲᠣᠰ ᠲᠣᠯᠢ 1710 — 1717 ᠣᠨ ᠤ ᠬᠤᠭᠤᠷᠤᠨᠳᠤ ︵ᠴᠢᠩ | ᠤᠯᠤᠰ ᠤᠨ ᠡᠩᠬᠡ ᠠᠮᠤᠭᠤᠯᠠᠩ ᠤᠨ 49 — 56 ᠳ᠋ᠤᠭᠠᠷ ᠣᠨ︶ ᠵᠤᠬᠢᠶᠠᠭᠳᠠᠵᠠᠢ᠃ ᠬᠡᠳᠦᠢ ᠪᠠᠷ ︽ᠬᠠᠭᠠᠨ | ᠤ ᠪᠢᠴᠢᠭᠰᠡᠨ︾ ᠭᠡᠵᠦ ᠪᠠᠶᠢᠪᠠᠴᠤ ᠵᠣᠬᠢᠶᠠᠭᠴᠢ ᠨᠢ ᠦᠨᠠᠨ ᠳᠡᠭᠡᠨ ᠡᠩᠬᠡ ᠠᠮᠤᠭᠤᠯᠠᠩ ᠬᠠᠭᠠᠨ ᠪᠢᠰᠢ᠂ ᠬᠠᠷᠢᠨ | ᠷᠠᠰᠢ ᠲᠡᠷᠢᠭᠦᠲᠠᠢ ᠨᠡᠯᠢᠶᠠᠳ ᠬᠦᠮᠦᠰ ᠬᠠᠭᠠᠨ ᠤ ᠵᠠᠷᠯᠢᠭ ᠢ ᠬᠦᠯᠢᠶᠠᠨ᠂ ︽ᠬᠠᠭᠠᠨ ᠤ ᠪᠢᠴᠢᠭᠰᠡᠨ ᠮᠠᠨᠵᠤ ᠦᠭᠡᠨ ᠤ | ᠲᠣᠯᠢ ᠪᠢᠴᠢᠭ︾ ︵ᠡᠭᠦᠨ ᠤ ᠵᠤᠬᠢᠶᠠᠭᠴᠢ ᠨᠢ ᠴᠦ ᠬᠠᠭᠠᠨ ᠪᠢᠰᠢ᠂ ᠦᠭᠡᠷ᠎ᠡ ᠬᠦᠮᠦᠨ ᠪᠠᠶᠢᠬᠤ ᠶᠣᠰᠤᠳᠠᠢ︶ ᠲᠤ | ᠮᠣᠩᠭᠤᠯ ᠨᠠᠶᠢᠷᠠᠭᠤᠯᠭ᠎ᠠ ᠨᠡᠮᠡᠵᠦ ᠨᠠᠶᠢᠷᠠᠭᠤᠯᠵᠤ ᠪᠢᠴᠢᠯ᠎ᠠ ᠭᠡᠳᠡᠭ᠃ ᠮᠠᠨᠵᠤ ᠬᠡᠯᠡᠨ ᠤ ᠦᠭᠡ ᠪᠠ ᠮᠣᠩᠭᠤᠯ ᠬᠡᠯᠡᠨ ᠤ | ᠦᠭᠡᠨ ᠳᠤ ᠲᠣᠰ ᠲᠣᠰ ᠲᠠᠶᠢᠯᠪᠤᠷᠢ ᠬᠢᠭᠰᠡᠨ ᠲᠤᠯᠠ ᠲᠡᠭᠦᠨ ᠢ ᠪᠠᠰᠠ ᠴᠦ ᠮᠣᠩᠭᠤᠯ ᠬᠡᠯᠡᠨ ᠤ ᠲᠠᠶᠢᠯᠪᠤᠷᠢ ᠲᠣᠯᠢᠨ | ᠳᠤ ᠪᠠᠭᠲᠠᠭᠠᠨ ᠦᠵᠡᠵᠦ ᠪᠣᠯᠬᠤ ᠪᠦᠭᠡᠳ ᠣᠳᠣ ᠬᠦᠷᠲᠡᠯ᠎ᠡ ᠮᠡᠳᠡᠭᠳᠡᠭᠰᠡᠨ ᠮᠣᠩᠭᠤᠯ ᠬᠡᠯᠡᠨ ᠤ ᠠᠩᠬᠠᠨ ᠤ | ᠲᠠᠶᠢᠯᠪᠤᠷᠢ ᠲᠣᠯᠢ ᠭᠡᠵᠦ ᠪᠣᠯᠣᠨ᠎ᠠ᠃ ᠲᠡᠭᠡᠬᠦ ᠳᠡᠭᠡᠨ ᠮᠣᠩᠭᠤᠯ ᠬᠡᠯᠡᠨ ᠤ ᠲᠠᠶᠢᠯᠪᠤᠷᠢ ᠨᠢ ᠮᠣᠩᠭᠤᠯ ᠢᠶᠠᠷ | ᠪᠢᠴᠢᠭᠳᠡᠭᠰᠡᠨ ᠪᠣᠯᠪᠠᠴᠤ ᠮᠠᠨᠵᠤ ᠬᠡᠯᠡᠨ ᠤ ᠲᠠᠶᠢᠯᠪᠤᠷᠢ ᠶᠢᠨ ᠠᠳᠠᠯᠢ ᠮᠠᠨᠵᠤ ᠦᠰᠦᠭ ᠢᠶᠠᠷ ᠪᠢᠴᠢᠭᠳᠡᠵᠡᠢ᠃ ᠡᠨᠡ ᠨᠢ | ᠲᠤᠬᠠᠢ ᠶᠢᠨ ᠦᠶ᠎ᠡ ᠳᠤ ᠮᠤᠩᠭᠤᠯ ᠦᠭᠡ ᠶᠢ ᠮᠠᠨᠵᠣ ᠦᠰᠦᠭ ᠢᠶᠠᠷ ᠲᠤᠷᠰᠢᠨ ᠪᠢᠴᠢᠵᠦ ᠪᠠᠶᠢᠭᠰᠠᠨ ᠤ ᠨᠢᠭᠡᠨ | ᠪᠠᠷᠢᠮᠳᠠ ᠮᠦᠨ ᠪᠤᠯᠬᠤ ᠶᠤᠮ᠃ | ︽ᠬᠤᠷᠢᠨ ᠨᠢᠭᠡᠲᠦ ᠲᠠᠶᠢᠯᠪᠤᠷᠢ ᠲᠣᠯᠢ︾ ᠨᠢ ᠹᠸᠤᠳᠠᠯ ᠶᠣᠰᠤᠨ ᠤ ᠦᠶ᠎ᠡ ᠳᠤ ᠵᠣᠬᠢᠶᠠᠭᠳᠠᠭᠰᠠᠨ ᠪᠤᠰᠤᠳ | ᠤᠯᠠᠨ ᠲᠣᠯᠢ ᠶᠢᠨ ᠠᠳᠠᠯᠢ ᠪᠠᠷ ᠵᠠᠷᠢᠮ ᠦᠭᠡᠨ ᠳᠤᠨᠢ ᠬᠠᠭᠤᠴᠢᠨ ᠦᠵᠡᠯ ᠪᠠᠷᠢᠮᠲᠠᠯᠠᠯ ᠤᠨ ᠪᠤᠷᠤᠭᠤ ᠲᠠᠶᠢᠯᠪᠤᠷᠢ | ᠰᠢᠩᠭᠡᠭᠰᠡᠨ ᠪᠣᠯᠪᠠᠴᠤ ᠮᠡᠳᠡᠭᠡᠵᠢ ᠪᠠᠷ ᠮᠠᠰᠢ ᠣᠯᠡᠨ ᠦᠭᠡ ᠶᠢ ᠨᠢ ᠵᠦᠪ ᠲᠠᠶᠢᠯᠵᠠᠢ᠃ ᠲᠠᠶᠢᠨ ᠭᠦ ᠬᠤᠵᠢᠮ ᠤᠨ | ᠬᠦᠮᠦᠰ ᠤᠨ ᠲᠣᠯᠢ ᠵᠣᠬᠢᠶᠠᠨ ᠨᠠᠶᠢᠷᠠᠭᠤᠯᠬᠤ ᠶᠠᠪᠤᠴᠠ ᠳᠤ ᠡᠨᠡ ᠲᠣᠯᠢ ᠶᠡᠭᠡᠭᠡᠨ ᠠᠰᠢᠭᠯᠠᠭᠳᠠᠵᠤ ᠢᠷᠡᠭᠰᠡᠨ ᠪᠦᠭᠡᠳ | ᠣᠳᠣ ᠴᠦ ᠭᠡᠰᠡᠨ ᠶᠠᠩᠵᠤ ᠪᠦᠷᠢ ᠶᠢᠨ ᠲᠣᠯᠢ ᠪᠢᠴᠢᠭ ᠵᠣᠬᠢᠶᠠᠭᠴᠢᠳ ᠤᠨ ᠠᠩᠬᠠᠷᠴᠤ ᠬᠠᠷᠠᠳᠠᠭ ᠯᠠᠪᠯᠠᠬᠤ ᠲᠣᠯᠢᠨ | ᠤ ᠨᠢᠭᠡ ᠨᠢ ᠪᠣᠯᠵᠤ ᠪᠠᠶᠢᠨ᠎ᠠ᠃ | 2. ︽ᠭᠤᠴᠢᠨ ᠵᠢᠷᠭᠤᠭᠠᠲᠤ ᠲᠠᠶᠢᠯᠪᠤᠷᠢ ᠲᠣᠯᠢ︾ ︵ᠪᠤᠶᠤ ︽ᠬᠠᠭᠠᠨ ᠤ ᠪᠢᠴᠢᠭᠰᠡᠨ ᠨᠡᠮᠡᠵᠦ | ᠳᠣᠭᠲᠠᠭᠠᠭᠰᠠᠨ ᠮᠠᠨᠵᠤ ᠦᠭᠡᠨ ᠤ ᠲᠣᠯᠢ ᠪᠢᠴᠢᠭ︾︶ ᠄ 1746 ᠣᠨ ᠳᠤ ᠵᠣᠬᠢᠶᠠᠭᠳᠠᠭᠰᠠᠨ ᠪᠦᠭᠡᠳ ᠬᠤᠶᠠᠷ | ᠲᠦᠮᠡ ᠣᠷᠴᠢᠮ ᠦᠭᠡ ᠲᠠᠢ᠃ ᠭᠤᠴᠢᠨ ᠵᠢᠷᠭᠤᠭᠠᠨ ᠲᠡᠪᠲᠡᠷ ᠪᠤᠯᠬᠤᠷ ︽ᠭᠤᠴᠢᠨ ᠵᠢᠷᠭᠤᠭᠠᠲᠣ︾ ᠭᠡᠵᠦ | ᠨᠡᠷᠡᠯᠡᠵᠡᠢ᠃ ᠡᠨᠡ ᠲᠣᠯᠢ ᠶᠢ ᠳᠡᠭᠡᠷ᠎ᠡ ᠳᠤᠷᠠᠳᠤᠭᠰᠠᠨ ︽ᠬᠤᠷᠢᠨ ᠨᠢᠭᠡᠳᠦ︾ ᠲᠣᠯᠢᠨ ᠳᠤ ᠰᠠᠭᠤᠷᠢᠯᠠᠵᠤ ᠪᠢᠴᠢᠭᠰᠡᠨ | ᠪᠦᠭᠡᠳ ᠵᠦᠪᠬᠡᠨ ᠲᠠᠶᠢᠯᠪᠤᠷᠢ ᠲᠣᠯᠢ ᠪᠤᠰᠤ᠂ ᠵᠠᠰᠠᠭ ᠵᠠᠬᠢᠷᠭᠠᠨ ᠤ ᠬᠤᠰᠢᠭᠤᠳ ᠤᠨ ᠨᠡᠷ᠎ᠡ ᠶᠢ ᠬᠦᠷᠲᠡᠯ᠎ᠡ ᠲᠡᠳᠡᠭᠡᠷ | ᠤᠨ ᠡᠭᠦᠰᠦᠭᠰᠡᠨ ᠳᠣᠪᠴᠢ ᠲᠡᠦᠬᠡ ᠶᠢᠨ ᠬᠠᠮᠲᠤ ᠪᠢᠴᠢᠭᠰᠡᠨ ᠢᠶᠠᠷ ᠢᠶᠠᠨ ᠬᠠᠭᠠᠰ ᠨᠡᠪᠲᠡᠷᠬᠡᠢ ᠲᠣᠯᠢ ᠶᠢᠨ ᠴᠢᠨᠠᠷ ᠲᠠᠢ | ᠭᠡᠵᠦ ᠵᠠᠷᠢᠮ ᠬᠦᠮᠦᠨ ᠬᠡᠯᠡᠳᠡᠭ ᠪᠠᠶᠢᠨ᠎ᠠ᠃ | 3. ︽ᠭᠤᠴᠢᠨ ᠵᠢᠷᠭᠤᠭᠠᠲᠤ ᠲᠠᠶᠢᠯᠪᠤᠷᠢ ᠲᠣᠯᠢ︾ ᠶᠢᠨ ᠬᠤᠪᠢᠯᠪᠤᠷᠢ ︽ᠫᠦᠷᠪᠦ ᠭᠦᠩ ᠤᠨ ᠲᠣᠯᠢ︾ | ᠭᠡᠭᠴᠢ ᠶᠢ ᠬᠠᠯᠬ᠎ᠠ ᠶᠢᠨ ᠨᠢᠭᠡᠨ ᠳᠦᠰᠢᠮᠡᠯ ᠫᠦᠷᠪᠦ ᠭᠡᠭᠴᠢ ᠬᠦᠮᠦᠨ 1911— 1921 ᠣᠨ ᠤ ᠬᠤᠭᠤᠷᠤᠨᠳᠤ | ᠵᠣᠬᠢᠶᠠᠵᠠᠢ᠃ ᠲᠣᠰ ᠲᠣᠯᠢ ᠨᠠᠶᠢᠳᠡ 44 ᠲᠡᠪᠲᠡᠷ᠃ | 4. ︽ᠭᠤᠴᠢᠨ ᠵᠢᠷᠭᠤᠭᠠᠲᠤ ᠲᠠᠶᠢᠯᠪᠤᠷᠢ ᠲᠣᠯᠢ︾ ᠶᠢᠨ ᠬᠤᠪᠢᠯᠪᠤᠷᠢ ︽ᠮᠤᠩᠭᠤᠯ ᠦᠭᠡ ᠶᠢᠨ ᠲᠠᠶᠢᠯᠪᠤᠷᠢ | ᠲᠣᠯᠢ︾᠄ 1921—1927 ᠣᠨ ᠤ ᠬᠤᠭᠤᠷᠤᠨᠳᠤ ᠪᠦᠬᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ | ᠰᠢᠨᠵᠢᠯᠡᠬᠦ ᠤᠬᠠᠭᠠᠨ ᠤ ᠬᠦᠷᠢᠶᠠᠯᠡᠩ ᠤᠨ ᠪᠠᠲᠤᠸ᠋ᠴᠢᠷ᠂ ᠮᠢᠰᠢᠭ ᠬᠤᠶᠠᠷ ᠵᠣᠬᠢᠶᠠᠵᠠᠢ᠃ ᠪᠦᠬᠦᠳᠠ 37 ᠲᠡᠪᠲᠡᠷ᠃ | | 5. ᠬᠠᠭᠤᠷᠮᠠᠭ ᠮᠠᠨᠵᠤ ᠶᠢᠨ ᠦᠶ᠎ᠡ ᠳᠤ᠂ ᠦᠪᠦᠷ ᠮᠣᠩᠭᠤᠯ ᠳᠤ ᠲᠦᠮᠡ ᠢᠯᠡᠭᠦᠦ ᠦᠭᠡ ᠲᠠᠢ ᠨᠢᠭᠡ ︽ | ᠲᠠᠶᠢᠯᠪᠤᠷᠢ ᠲᠣᠯᠢ︾ ᠭᠠᠷᠤᠭᠰᠠᠨ ᠨᠢ ᠭᠠᠷ ᠪᠢᠴᠢᠮᠡᠯ ᠢᠶᠠᠷ ᠬᠠᠳᠠᠭᠠᠯᠠᠭᠳᠠᠵᠤ ᠢᠷᠡᠵᠠᠢ᠃ ᠡᠨᠡ ᠲᠣᠯᠢ ᠶᠢ ᠮᠣᠩᠭᠤᠯ | ᠬᠡᠯᠡ ᠪᠢᠴᠢᠭ ᠰᠤᠳᠤᠯᠤᠭᠴᠢᠳ ᠲᠤ ᠬᠢᠨᠠᠯᠲᠠ ᠪᠤᠯᠬᠤ ᠮᠠᠭᠠᠳ ᠦᠭᠡᠢ ᠭᠡᠵᠦ ᠦᠪᠦᠷ ᠮᠤᠩᠭᠤᠯ ᠤᠨ ᠪᠠᠭᠰᠢ ᠶᠢᠨ | ᠳᠡᠭᠡᠳᠦ ᠰᠤᠷᠭᠠᠭᠤᠯᠢ 1973 ᠣᠨ ᠳᠤ ᠳᠤᠰᠤᠨ ᠪᠠᠷ ᠢᠶᠠᠷ ᠦᠷᠡᠵᠢᠭᠦᠯᠦᠨ ᠳᠠᠷᠤᠮᠠᠯᠯᠠᠭᠰᠠᠨ ᠪᠠᠶᠢᠨ᠎ᠠ᠃ | 6. 1927 ᠣᠨ ᠳᠤ ᠮᠣᠩᠭᠤᠯ ᠠᠷᠠᠳ ᠤᠯᠤᠰ ᠤᠨ ᠰ᠊ · ᠱᠠᠭᠵᠠ ︽ᠡᠷᠢᠬᠦᠶᠡ ᠬᠢᠯᠪᠠᠷ ᠪᠤᠯᠭᠠᠨ | ᠵᠤᠬᠢᠶᠠᠭᠰᠠᠨ ᠮᠤᠩᠭᠤᠯ ᠬᠡᠯᠡᠨ ᠤ ᠲᠠᠶᠢᠯᠪᠤᠷᠢ ᠴᠢᠨᠳᠠᠮᠤᠨᠢ ᠡᠷᠢᠬᠡ︾ ᠭᠡᠳᠡᠭ ᠳᠦᠷᠪᠡᠨ ᠲᠡᠪᠲᠡᠷ ᠲᠠᠶᠢᠯᠪᠤᠷᠢ ᠲᠣᠯᠢ | ᠵᠣᠬᠢᠶᠠᠭᠰᠠᠨ ᠨᠢ ᠬᠡᠪᠯᠡᠭᠳᠡᠭᠡ ᠦᠭᠡᠢ᠂ ᠮᠦᠨ ᠯᠠ ᠭᠠᠷ ᠪᠢᠴᠢᠮᠠᠯ ᠬᠡᠪ ᠢᠶᠠᠷ ᠪᠤᠢ᠃ | 7. ᠪᠠᠷᠠᠭᠤᠨ ᠭᠧᠷᠮᠠᠨ ᠤ ᠡᠾᠠᠶᠢᠨᠢᠰᠢ ᠭᠡᠳᠡᠭ ᠬᠦᠮᠦᠨ ︽ᠮᠣᠩᠭᠤᠯ ᠤᠨ ᠨᠢᠭᠤᠴᠠ ᠳᠣᠪᠴᠢᠶᠠᠨ ᠤ ᠲᠣᠯᠢ︾ | ᠭᠡᠭᠴᠢ ᠶᠢ ᠵᠣᠬᠢᠶᠠᠵᠤ 1962 ᠣᠨ ᠳᠤ ᠸᠠᠶᠢᠰᠪᠠᠳᠧᠨ ᠬᠤᠲᠠᠨ᠎ᠠ ᠲᠠᠬᠢᠨ ᠬᠡᠪᠯᠡᠭᠦᠯᠵᠠᠢ᠃ ᠡᠨᠡ ᠲᠣᠯᠢ ᠳᠤ ︽ | ᠨᠢᠭᠤᠴᠠ ᠳᠣᠪᠴᠢᠶᠠᠨ︾ ᠤ ᠭᠤᠷᠪᠠᠨ ᠮᠢᠩᠭ᠎ᠠ ᠰᠢᠬᠠᠮ ᠦᠭᠡ ᠶᠢ ᠭᠧᠷᠮᠠᠨ ᠬᠡᠯᠡ ᠪᠠᠷ ᠲᠠᠶᠢᠯᠵᠤ ᠪᠠᠶᠢᠨ᠎ᠠ᠃ | 8. ᠮᠦᠨ ︽ᠨᠢᠭᠤᠴᠠ ᠳᠣᠪᠴᠢᠶᠠᠨ ᠤ ᠦᠭᠡ ᠶᠢᠨ ᠲᠠᠶᠢᠯᠪᠤᠷᠢ ᠲᠤᠯᠢ︾ ᠭᠡᠳᠡᠭ ᠶᠠᠫᠤᠨ ᠬᠡᠯᠡ ᠪᠠᠷ | ᠲᠠᠶᠢᠯᠤᠭᠰᠠᠨ ᠲᠣᠯᠢ ᠶᠢ ᠶᠠᠫᠤᠨ ᠤ ᠹᠦᠺᠤᠪᠦ᠋ ᠬᠡᠭᠴᠢ ᠬᠦᠮᠦᠨ ᠣᠶᠢᠷ᠎ᠠ ᠶᠢᠨ ᠵᠢᠯ ᠨᠠᠶᠢᠷᠠᠭᠤᠯᠤᠨ ᠭᠠᠷᠭᠠᠵᠠᠢ᠃ | ᠹᠦᠺᠦᠪᠦ᠋ ᠶᠢᠨ ᠡᠨᠡ ᠲᠣᠯᠢ ᠡᠾᠠᠶᠢᠨᠢᠰᠢ ᠶᠢᠨ ᠬᠢ ᠶᠢ ᠪᠤᠳᠤᠪᠠᠯ ︽ᠨᠢᠭᠤᠴᠠ ᠳᠤᠪᠴᠢᠶᠠᠨ︾ ᠤ ᠦᠭᠡ ᠶᠢ | ᠣᠷᠣᠯᠳᠤᠭᠰᠠᠨ ᠣᠯᠠᠨ ᠬᠦᠮᠦᠨ ᠤ ᠪᠦᠲᠦᠭᠡᠯ ᠢ ᠠᠰᠢᠭᠯᠠᠭᠰᠠᠨ ᠲᠤᠯᠠ ᠯᠠᠪᠯᠠᠬᠤ ᠴᠢᠨᠠᠷ ᠢᠶᠠᠷ ᠳᠠᠪᠠᠭᠤ ᠪᠠᠶᠢᠷᠢ ᠶᠢ | ᠡᠵᠡᠯᠡᠨ᠎ᠡ᠃ ᠨᠡᠶᠢᠲᠡ ᠬᠤᠶᠠᠷ ᠲᠡᠪᠲᠡᠷ᠃ | 9. ᠮᠣᠩᠭᠤᠯ ᠤᠯᠤᠰ ᠤᠨ ᠶ᠊ · ᠴᠠᠪᠠᠯ ︽ᠮᠤᠩᠭᠤᠯ ᠬᠡᠯᠡᠨ ᠤ ᠳᠣᠪᠴᠢ ᠲᠠᠶᠢᠯᠪᠤᠷᠢ ᠲᠣᠯᠢ︾ | ᠵᠣᠬᠢᠶᠠᠭᠰᠠᠨ ᠨᠢ 1966 ᠣᠨ ᠳᠤ ᠬᠡᠪᠯᠡᠯ ᠠᠴᠠ ᠭᠠᠷᠴᠠᠢ᠃ ᠭᠤᠷᠪᠠᠨ ᠲᠦᠮᠡ ᠣᠷᠴᠢᠮ ᠦᠭᠡ ᠲᠠᠢ ᠪᠦᠭᠡᠳ | ᠲᠣᠯᠢᠨ ᠳᠠᠬᠢ ᠦᠭᠡ ᠶᠢᠨ ᠲᠡᠰ ᠳᠠᠷᠠᠭ᠎ᠠ ᠶᠢ ᠰᠯᠡᠸ᠋ ᠦᠰᠦᠭ ᠤᠨ ᠴᠠᠭᠠᠨ ᠲᠣᠯᠣᠭᠠᠢ ᠶᠢᠨ ᠲᠡᠰ ᠳᠡᠷᠠᠭ᠎ᠠ ᠪᠠᠷ | ᠵᠢᠭᠰᠠᠭᠠᠭᠰᠠᠨ ᠪᠠᠶᠢᠨ᠎ᠠ᠃ ᠲᠣᠯᠣᠭᠠᠢ ᠦᠭᠡ ᠪᠦᠷᠢ ᠶᠢᠨ ᠲᠠᠶᠢᠯᠪᠤᠷᠢ ᠶᠢᠨ ᠬᠤᠶᠢᠨ᠎ᠡ ᠨᠢ ᠤᠭ ᠦᠭᠡ ᠶᠢ | ᠣᠶᠢᠭᠤᠷᠵᠢᠨ ᠮᠣᠩᠭᠤᠯ ᠦᠰᠦᠭ ᠢᠶᠠᠷ ᠬᠠᠳᠠᠵᠠᠢ᠃ ᠵᠠᠷᠢᠮ ᠡᠷᠳᠡᠮ ᠰᠢᠨᠵᠢᠯᠡᠭᠡᠨ ᠤ ᠦᠭᠦᠯᠡᠯ ᠢ ᠦᠨᠳᠦᠰᠦᠯᠡᠪᠡᠯ | ᠲᠣᠰ ᠲᠣᠯᠢ ᠶᠢᠨ ᠠᠩᠬᠠᠨ ᠤ ᠰᠠᠭᠤᠷᠢ ᠶᠢ ᠦᠭᠡᠷ᠎ᠡ ᠪᠠᠰᠠ ᠬᠡᠳᠦ ᠬᠡᠳᠦᠨ ᠬᠦᠮᠦᠨ ᠠᠯᠢ ᠡᠷᠲᠡ ᠭᠤᠴᠢᠨ ᠬᠡᠳᠦᠨ | ᠣᠨ ᠤ ᠦᠶᠡᠰ ᠡᠪᠯᠡᠯᠴᠡᠵᠦ ᠲᠠᠯᠪᠢᠭᠰᠠᠨ ᠪᠦᠭᠡᠳ ᠲᠡᠭᠡᠬᠦ ᠳᠤ ︽ᠬᠤᠷᠢᠨ ᠨᠢᠭᠡᠲᠦ︾᠂ ︽ᠭᠤᠴᠢᠨ ᠵᠢᠷᠭᠤᠭᠠᠲᠤ︾ | ᠬᠤᠶᠠᠷ ᠲᠣᠯᠢ ᠪᠢᠴᠢᠭ ᠲᠤᠩ ᠶᠡᠭᠡ ᠬᠡᠷᠡᠭ ᠲᠤ ᠬᠦᠷᠦᠭᠰᠠᠨ᠂ ᠬᠤᠵᠢᠮ ᠨᠢ ᠶ᠊ · ᠴᠠᠪᠠᠯ ᠡᠷᠬᠢᠯᠡᠨ ᠠᠷᠪᠠᠭᠠᠳ | ᠵᠢᠯ ᠣᠷᠣᠯᠳᠣᠵᠤ ᠪᠠᠶᠢᠵᠤ ᠭᠠᠷᠭᠠᠭᠰᠠᠨ ᠪᠠᠶᠢᠨ᠎ᠠ᠃ | 10. ᠦᠪᠦᠷ ᠮᠣᠩᠭᠤᠯ ᠤᠨ ᠪᠠᠭᠰᠢ ᠶᠢᠨ ᠳᠡᠭᠡᠳᠦ ᠰᠤᠷᠭᠠᠭᠤᠯᠢ᠂ ᠦᠪᠦᠷ ᠮᠣᠩᠭᠤᠯ ᠤᠨ ᠬᠡᠯᠡ ᠵᠣᠬᠢᠶᠠᠯ | ᠲᠡᠦᠭᠡ ᠰᠤᠳᠤᠯᠬᠤ ᠭᠠᠵᠠᠷ ᠬᠠᠮᠲᠤᠷᠠᠵᠤ ︽ᠮᠤᠩᠭᠤᠯ ᠦᠭᠡᠰ ᠤᠨ ᠲᠠᠶᠢᠯᠪᠤᠷᠢ ᠲᠣᠯᠢ︾ ︵ᠡᠲᠦᠬᠡ ︽ᠮᠤᠩᠭᠤᠯ | ᠬᠡᠯᠡᠨ ᠤ ᠲᠤᠯᠢ︾ ᠨᠡᠷ᠎ᠡ ᠪᠠᠷ ᠬᠡᠪᠯᠡᠭᠳᠡᠭᠡᠳ ᠪᠠᠶᠢᠨ᠎ᠠ︶ ᠭᠡᠳᠡᠭ ᠲᠣᠯᠢ ᠪᠢᠴᠢᠭ ᠢ ᠵᠣᠬᠢᠶᠠᠵᠤ ᠪᠤᠢ᠃ ᠪᠠᠷᠤᠭᠯᠠᠪᠠᠯ | ᠭᠤᠷᠪᠠᠨ ᠲᠦᠮᠡ ᠲᠠᠪᠤᠨ ᠮᠢᠩᠭ᠎ᠠ ᠤᠷᠴᠢᠮ ᠦᠭᠡ ᠲᠠᠢ ᠪᠤᠯᠤᠨ᠎ᠠ᠃ ᠡᠭᠦᠨ ᠤ ᠡᠬᠡ ᠨᠣᠣᠷᠠᠭ ᠢ ᠲᠡᠪᠲᠡᠷ ᠪᠤᠯᠭᠠᠵᠤ | ᠳᠤᠰᠤᠨ ᠪᠠᠷ ᠢᠶᠠᠷ ᠦᠷᠭᠦᠯᠵᠢᠯᠡᠨ ᠳᠠᠷᠤᠮᠠᠯᠯᠠᠵᠤ ᠪᠠᠶᠢᠨ᠎ᠠ᠃ | ᠬᠤᠶᠠᠷ᠂ ᠤᠷᠴᠢᠭᠤᠯᠭ᠎ᠠ ᠶᠢᠨ ᠲᠤᠯᠢ | ᠮᠤᠩᠭᠤᠯ ᠬᠡᠯᠡᠨ ᠤ ᠲᠤᠯᠢ ᠪᠢᠴᠢᠭ ᠤᠨ ᠲᠣᠲᠤᠷ᠎ᠠ ᠤᠷᠴᠢᠭᠤᠯᠭ᠎ᠠ ᠶᠢᠨ ᠲᠤᠯᠢ ᠵᠤᠩᠭᠢᠯᠠᠬᠤ ᠪᠠᠶᠢᠷᠢ ᠶᠢ | ᠡᠵᠡᠯᠡᠨ᠎ᠡ᠃ ᠡᠨᠡ ᠨᠢ ᠮᠤᠩᠭᠤᠯ ᠦᠨᠳᠦᠰᠦᠲᠡᠨ ᠤ ᠠᠷᠠᠳ ᠲᠦᠮᠡᠨ ᠪᠤᠯᠤᠨ ᠮᠠᠨ ᠤ ᠤᠯᠤᠰ ᠤᠨ ᠪᠤᠰᠤᠳ | ᠦᠨᠳᠦᠰᠦᠲᠠᠨ ᠤ ᠠᠷᠠᠳ ᠲᠦᠮᠡᠨ ᠤ ᠬᠤᠭᠤᠷᠤᠨᠳᠤᠬᠢ ᠬᠤᠯᠪᠤᠭ᠎ᠠ᠂ ᠵᠢᠴᠢ ᠮᠤᠩᠭᠤᠯ ᠦᠨᠳᠦᠰᠦᠲᠠᠨ ᠤ ᠳᠡᠯᠡᠬᠡᠢ | ᠳ᠋ᠠᠬᠢᠨ ᠤ ᠡᠯ᠎ᠡ ᠦᠨᠳᠦᠰᠦᠲᠡᠨ ᠲᠠᠢ ᠢᠮᠠᠭᠲᠠ ᠵᠦᠢᠯ ᠵᠦᠢᠯ ᠤᠨ ᠬᠠᠷᠢᠴᠠᠭ᠎ᠠ ᠲᠠᠢ ᠪᠠᠶᠢᠵᠤ᠂ ᠵᠢᠰᠦᠨ ᠪᠦᠷᠢ ᠶᠢᠨ | ᠬᠡᠯᠡᠨ ᠤ ᠬᠤᠭᠤᠷᠤᠨᠳᠣ ᠬᠠᠷᠢᠯᠴᠠᠨ ᠨᠣᠮ ᠵᠣᠬᠢᠶᠠᠯ ᠣᠷᠴᠢᠭᠤᠯᠬᠤ ᠶᠠᠪᠤᠳᠠᠯ ᠱᠠᠭᠠᠷᠳᠠᠭᠳᠠᠵᠤ ᠪᠠᠶᠢᠭᠰᠠᠨ ᠤ ᠤᠯᠠᠮ | ᠠᠴᠠ ᠪᠤᠢ ᠪᠤᠯᠤᠭᠰᠠᠨ ᠬᠡᠷᠡᠭ ᠮᠦᠨ᠃ ᠲᠡᠦᠬᠡ ᠶᠢᠨ ᠪᠤᠳᠠᠲᠤ ᠪᠠᠶᠢᠳᠠᠯ ᠠᠴᠠ ᠦᠵᠡᠪᠡᠯ ᠵᠠᠷᠢᠮ ᠬᠦᠷᠦᠩᠭᠡᠲᠡᠨ | ᠤᠯᠤᠰ ᠪᠤᠶᠤ ᠡᠵᠡᠷᠬᠡᠭ ᠲᠦᠷᠢᠮᠡᠭᠡᠢ ᠤᠯᠤᠰ ᠨᠢ ᠦᠪᠡᠷ ᠤᠨ ᠲᠦᠷᠢᠮᠡᠭᠡᠢ ᠪᠤᠳᠤᠯᠭ᠎ᠠ ᠶᠢᠨ ᠡᠭᠦᠳᠠᠨ ᠠᠴᠠ ᠮᠤᠩᠭᠤᠯ | ᠬᠡᠯᠡ ᠶᠢ ᠰᠤᠳᠤᠯᠵᠤ᠂ ᠨᠤᠮ ᠵᠤᠬᠢᠶᠠᠯ᠂ ᠲᠣᠯᠢ ᠪᠢᠴᠢᠭ ᠵᠤᠬᠢᠶᠠᠭᠰᠠᠭᠠᠷ ᠢᠷᠡᠭᠰᠠᠨ ᠨᠢ ᠴᠦ ᠮᠤᠩᠭᠤᠯ ᠬᠡᠯᠡᠨ ᠤ | ᠲᠣᠯᠢ᠂ ᠢᠯᠠᠩᠭᠤᠶ᠎ᠠ ᠣᠷᠴᠢᠭᠤᠯᠭ᠎ᠠ ᠶᠢᠨ ᠲᠣᠯᠢ ᠨᠡᠮᠡᠭᠳᠠᠬᠦ ᠶᠢᠨ ᠨᠢᠭᠡᠨ ᠰᠢᠯᠲᠠᠭᠠᠨ ᠪᠤᠯᠤᠭᠰᠠᠨ ᠭᠡᠵᠦ ᠦᠵᠡᠯᠳᠠᠢ᠃ | | ᠣᠷᠴᠢᠭᠤᠯᠭ᠎ᠠ ᠶᠢᠨ ᠲᠣᠯᠢᠨ ᠳᠤ ᠤᠯᠠᠨ ᠶᠠᠩᠵᠤ ᠲᠦᠷᠦᠯ ᠪᠠᠶᠢᠬᠤ ᠶᠤᠮ᠃ ᠪᠢᠳᠠ ᠠᠳᠡ ᠶᠡᠭᠡ ᠲᠦᠯᠦᠪ | ᠬᠢᠲᠠᠳ — ᠮᠣᠩᠭᠤᠯ ︵ᠮᠦᠨ ᠮᠤᠩᠭᠤᠯ — ᠬᠢᠲᠠᠳ︶᠂ ᠲᠦᠪᠡᠳ — ᠮᠣᠩᠭᠤᠯ ︵ᠮᠦᠨ ᠮᠣᠩᠭᠤᠯ | — ᠲᠦᠪᠡᠳ︶᠂ ᠪᠤᠰᠤᠳ ᠤᠷᠴᠢᠭᠤᠯᠭ᠎ᠠ ᠶᠢᠨ ᠲᠤᠯᠢ ᠭᠡᠵᠤ ᠭᠤᠷᠪᠠᠨ ᠵᠦᠢᠯ ᠬᠤᠪᠢᠶᠠᠨ ᠲᠠᠨᠢᠯᠴᠠᠭᠤᠯᠤᠶ᠎ᠠ᠃ | Ⅰ ᠬᠢᠲᠠᠳ — ᠮᠤᠩᠭᠤᠯ ︵ᠮᠤᠩᠭᠤᠯ — ᠬᠢᠲᠠᠳ︶ ᠲᠣᠯᠢ ᠪᠢᠴᠢᠭ | 11. ︽ᠬᠤᠸᠠ ᠢ ᠢ ᠢᠦᠢ︾ ᠲᠤᠯᠢ᠄ 1382 ᠣᠨ ᠳᠤ ᠵᠤᠬᠢᠶᠠᠭᠳᠠᠵᠠᠢ᠃ ᠲᠣᠰ ᠲᠣᠯᠢ ᠶᠢᠨ | ᠣᠷᠣᠰᠢᠯ ᠪᠤᠯᠤᠨ ︽ᠮᠢᠩ ᠤᠯᠤᠰ ᠤᠨ ᠮᠠᠭᠠᠳ ᠲᠡᠮᠲᠡᠭᠯᠡᠯ︾ ᠤᠨ 141 ᠳ᠋ᠤᠭᠡᠷ ᠪᠤᠳᠢ ᠳᠤ ᠲᠣᠲᠣᠷᠬᠠᠶᠢᠯᠠᠭᠰᠠᠨ | ᠢᠶᠠᠷ ᠪᠤᠯ ᠡᠨᠡ ᠭᠦ ᠲᠤᠯᠢ ᠶᠢ ᠮᠢᠩ ᠤᠯᠤᠰ ᠤᠨ ᠬᠠᠭᠠᠨ ᠵᠤ᠋ ᠶᠤᠸᠠᠨ ᠵᠠᠩ ᠤᠨ ᠳᠣᠣᠷᠠᠬᠢ ᠳᠦᠰᠢᠮᠡᠯ ᠯᠢᠦ ᠰᠠᠨ ᠦ᠋ | ᠠᠴᠠ ᠾᠦᠸᠧ ᠶᠤᠸᠠᠨ ᠵᠢᠶᠧ᠂ ᠮᠠ ᠰᠠ ᠢ ᠾᠸᠢ ᠭᠡᠳᠡᠭ ᠬᠤᠶᠡᠷ ᠬᠦᠮᠦᠨ ᠳᠤ ᠳᠠᠭᠠᠭᠠᠯᠭᠠᠵᠤ ᠵᠣᠬᠢᠶᠠᠭᠰᠠᠨ | ᠭᠡᠵᠤ ᠪᠠᠶᠢᠨ᠎ᠠ᠃ ᠨᠡᠶᠢᠲᠡ ᠳᠦᠷᠪᠡᠨ ᠲᠡᠪᠲᠡᠷ᠃ | ︽ᠬᠤᠸᠠ ᠢ ᠢ ᠢᠦᠢ︾ ᠲᠣᠯᠢ ᠪᠢᠴᠢᠭ ᠪᠤᠯ ᠮᠠᠨ ᠤ ᠤᠯᠤᠰ ᠲᠤ ᠭᠠᠷᠤᠭᠰᠠᠨ ᠣᠷᠴᠢᠭᠤᠯᠭ᠎ᠠ ᠶᠢᠨ | ᠲᠣᠯᠢ ᠨᠤᠭᠤᠳ ᠤᠨ ᠲᠣᠲᠣᠷᠠᠬᠢ ᠶᠡᠬᠡᠳᠡ ᠨᠡᠷ᠎ᠡ ᠭᠠᠷᠤᠭᠰᠠᠨ ᠤ ᠨᠢᠭᠡ ᠨᠢ ᠪᠦᠭᠡᠳ ᠳᠤᠮᠳᠠᠳᠣ ᠵᠠᠭᠤᠨ ᠤ ᠦᠶ᠎ᠡ | ᠶᠢᠨ ᠮᠣᠩᠭᠤᠯ ᠬᠡᠯᠡᠨ ᠤ ᠰᠤᠳᠤᠯᠤᠯ ᠳᠤ ᠴᠢᠬᠤᠯᠠ ᠠᠴᠢ ᠬᠤᠯᠪᠤᠭᠳᠠᠯ ᠲᠠᠢ ᠲᠤᠯᠠ᠂ ᠲᠣᠲᠣᠭᠠᠳᠤ ᠭᠠᠳᠠᠭᠠᠳᠣ | ᠶᠢᠨ ᠮᠤᠩᠭᠤᠯ ᠬᠡᠯᠡ ᠰᠤᠳᠤᠯᠤᠭᠴᠢᠳ ᠤᠨ ᠠᠩᠬᠠᠷᠣᠯ ᠢ ᠲᠠᠲᠠᠭᠰᠠᠭᠠᠷ ᠢᠷᠡᠵᠠᠢ᠃ ᠤᠤᠯ ᠲᠣᠯᠢ ᠨᠢ ᠮᠤᠩᠭᠤᠯ | ᠦᠭᠡ ᠶᠢ ᠬᠢᠲᠠᠳ ᠦᠰᠦᠭ ᠢᠶᠠᠷ ᠭᠠᠯᠢᠭᠴᠢᠯᠠᠨ ᠲᠡᠮᠲᠡᠭᠯᠠᠵᠦ᠂ ᠪᠠᠰᠠ ᠬᠢᠲᠠᠳ ᠦᠭᠡ ᠪᠠᠷ ᠲᠠᠶᠢᠯᠪᠤᠷᠢᠯᠠᠭᠰᠠᠨ ᠤ | ᠬᠠᠮᠲᠣ᠂ ᠲᠡᠷᠡ ᠦᠶ᠎ᠡ ᠶᠢᠨ ᠠᠯᠪᠠᠨ ᠪᠢᠴᠢᠭ ᠢ ᠬᠦᠷᠲᠡᠯ᠎ᠡ ᠬᠢᠲᠠᠳ ᠦᠰᠦᠭ ᠢᠶᠠᠷ ᠭᠠᠯᠢᠭᠴᠢᠯᠠᠨ ᠲᠡᠮᠲᠡᠭᠯᠡᠵᠦ | ᠳᠠᠭᠠᠭᠤᠯᠤᠭᠰᠠᠨ ᠪᠤᠯᠬᠤᠷ ᠡᠷᠲᠡᠨ ᠤ ᠮᠤᠩᠭᠤᠯ ᠬᠡᠯᠡ ᠶᠢᠨ ᠰᠢᠨᠵᠢ ᠪᠠᠶᠢᠳᠠᠯ ᠢ ᠮᠡᠳᠡᠬᠦ ᠶᠢ ᠭᠦᠰᠡᠭᠴᠢᠳ ᠲᠤ | ᠠᠪᠴᠤ ᠬᠡᠯᠡᠪᠡᠯ ᠭᠠᠭᠴᠠᠬᠠᠨ ᠠᠪᠢᠶ᠎ᠠ᠂ ᠦᠭᠡᠰ ᠤᠨ ᠬᠢᠨᠢ ᠤᠨᠴᠯᠢᠭ ᠢ ᠮᠡᠳᠡᠵᠤ ᠪᠤᠯᠬᠤ ᠪᠠᠷ ᠦᠯᠦ ᠪᠠᠷᠠᠨ᠂ ᠬᠡᠯᠡᠨ | ᠤ ᠵᠦᠢ ᠶᠢᠨ ᠨᠡᠯᠢᠶᠠᠳ ᠤᠯᠠᠨ ᠬᠡᠯᠪᠡᠷᠢ ᠶᠢ ᠴᠤ ᠠᠵᠢᠭᠯᠠᠨ ᠤᠯᠵᠤ ᠪᠤᠯᠬᠤ ᠪᠠᠶᠢᠨ᠎ᠠ᠃ ᠡᠶᠢᠮᠦ ᠤᠴᠢᠷ ᠠᠴᠠ | ᠲᠡᠭᠦᠨ ᠢ ᠪᠢᠳᠠ ᠡᠷᠲᠡᠨ ᠤ ᠬᠡᠯᠡ᠂ ᠦᠰᠦᠭ ᠤᠨ ᠦᠪ ᠤᠯᠠᠮᠵᠢᠯᠠᠯ ᠤᠨ ᠴᠢᠬᠤᠯᠠ ᠵᠦᠢᠯ ᠢᠶᠠᠷ ᠦᠵᠡᠵᠦ | ᠠᠩᠬᠠᠷᠤᠨ ᠰᠤᠳᠤᠯᠪᠠᠯ ᠰᠠᠶᠢᠨ ᠭᠡᠵᠦ ᠪᠤᠳᠤᠨ᠎ᠠ᠃ | 12. ︽ᠮᠣᠩᠭᠤᠯ ᠨᠠᠩᠭᠢᠶᠠᠳ ᠦᠰᠦᠭ ᠤᠨ ᠲᠣᠯᠢ ᠪᠢᠴᠢᠭ︾᠄ ᠳᠤᠮᠳᠠᠳᠤ ᠢᠷᠭᠡᠨ ᠤᠯᠤᠰ ᠤᠨ ᠰᠢᠷ᠎ᠠ ᠯᠤᠤ | ᠤᠨ ︵1928 ᠣᠨ︶ ᠳᠤ ᠪᠡᠭᠡᠵᠢᠩ ᠤᠨ ᠮᠤᠩᠭᠤᠯ ᠪᠢᠴᠢᠭ ᠤᠨ ᠬᠤᠷᠢᠶ᠎ᠠ ᠠᠴᠠ ᠳᠠᠷᠤᠮᠠᠯᠯᠠᠵᠠᠢ᠃ 18000 | ᠣᠷᠴᠢᠮ ᠦᠭᠡ ᠲᠠᠢ᠃ ᠡᠨᠡ ᠲᠣᠯᠢ ᠶᠢ ᠬᠠᠷᠠᠴᠢᠨ ᠪᠠᠷᠠᠭᠤᠨ ᠬᠤᠰᠢᠭᠤᠨ ᠤ ᠲᠡᠮᠬᠡᠲᠤ ︵ᠸᠠᠩ ᠿᠦᠢ ᠴᠠᠩ︶ | ᠭᠡᠳᠡᠭ ᠮᠣᠩᠭᠤᠯ ᠬᠡᠯᠡ ᠵᠣᠬᠢᠶᠠᠯ ᠤᠨ ᠲᠡᠦᠬᠡᠨ ᠳᠡᠭᠡᠷ᠎ᠡ ᠶᠡᠬᠡᠬᠡᠨ ᠠᠯᠳᠠᠷ ᠭᠠᠪᠢᠶ᠎ᠠ ᠲᠠᠢ ᠬᠦᠮᠦᠨ ᠵᠣᠬᠢᠶᠠᠭᠰᠠᠨ | ᠪᠠᠶᠢᠨ᠎ᠠ᠃ ᠵᠤᠬᠢᠶᠠᠭᠰᠠᠨ ᠲᠤᠬᠠᠢ ᠪᠠᠨ ᠬᠡᠯᠡᠬᠦ ᠳᠡᠭᠡᠨ᠄ ︽ᠡᠳᠦᠬᠡ ᠁ ᠬᠢᠲᠠᠳ ᠮᠤᠩᠭᠤᠯ ᠤᠨ ᠬᠠᠷᠢᠯᠴᠠᠨ | ᠶᠠᠪᠤᠯᠴᠠᠬᠤ ᠠᠨᠤ ᠤᠯᠠᠮ ᠤᠶᠢᠷ᠎ᠠ ᠪᠤᠯᠤᠭᠰᠠᠨ ᠲᠤᠯᠠᠳᠠ ᠦᠭᠡ ᠦᠭᠦᠯᠡᠯ ᠤᠳᠬ᠎ᠠ ᠦᠰᠦᠭ ᠤᠨ ᠨᠡᠪᠲᠡᠷᠡᠯᠴᠡᠬᠦ | ᠠᠨᠤ ᠨᠡᠩᠳᠠ ᠴᠢᠬᠤᠯᠠ ᠪᠤᠯᠪᠠᠢ᠂ ᠲᠠᠶᠢᠨ ᠭᠦ ᠿᠦᠢ ᠴᠠᠩ ᠪᠢ ᠤᠷᠢᠳᠠ ᠮᠤᠩᠭᠤᠯ ᠤᠳᠬ᠎ᠠ ᠶᠢᠨ ᠵᠦᠢᠯ | ᠬᠤᠪᠢᠶᠠᠭᠰᠠᠨ ᠲᠣᠯᠢ ᠶᠢ ᠵᠣᠬᠢᠶᠠᠵᠤ᠂ ᠬᠢᠲᠠᠳ ᠪᠢᠴᠢᠭ ᠶᠢ ᠮᠣᠩᠭᠤᠯᠴᠢᠯᠠᠨ ᠤᠷᠴᠢᠭᠤᠯᠬᠤᠶᠠ ᠬᠢᠨᠠᠨ ᠪᠠᠶᠢᠴᠠᠭᠠᠬᠤᠢ | ᠳᠤᠷ ᠢᠷᠠᠭᠤ ᠪᠤᠯᠭᠠᠵᠤ᠂ ᠦᠨᠦ ᠳᠡᠭᠡᠨ ᠮᠤᠩᠭᠤᠯ ᠬᠢᠲᠠᠳ ᠬᠠᠪᠰᠤᠷᠤᠭᠰᠠᠨ ᠲᠣᠯᠢ ᠶᠢ ᠵᠣᠬᠢᠶᠠᠭᠠᠳ ᠮᠣᠩᠭᠤᠯ | ᠠᠴᠠ ᠬᠢᠲᠠᠳ ᠪᠤᠯᠭᠠᠬᠤᠢ ᠳᠤᠷ ᠭᠡᠷᠡᠴᠢ ᠪᠠᠷᠢᠮᠲᠠ ᠲᠠᠢ ᠪᠤᠯᠭᠠᠭᠰᠠᠨ ᠪᠦᠯᠦᠭᠡ︾ ᠭᠡᠵᠠᠢ᠃ ᠲᠡᠮᠬᠡᠲᠦ ᠶᠢᠨ ᠡᠨᠡ | ᠲᠣᠯᠢ ᠢ ᠲᠡᠭᠦᠨ ᠤ ᠤᠷᠢᠳᠠ ᠨᠢ ᠵᠤᠬᠢᠶᠠᠭᠰᠠᠨ ᠵᠦᠢᠯ ᠬᠤᠪᠢᠶᠠᠭᠰᠠᠨ ᠲᠣᠯᠢ ᠯᠤᠭ᠎ᠠ ᠬᠠᠷᠢᠴᠠᠭᠤᠯᠦᠨ ᠦᠵᠡᠪᠡᠯ | ᠨᠡᠯᠢᠶᠡᠳ ᠳᠡᠯᠭᠡᠷᠡᠩᠭᠦᠢ ᠤᠴᠢᠷ ᠠᠴᠠ ᠡᠮᠦᠨᠡᠬᠢ ᠠᠴᠠ ᠪᠠᠨ ᠨᠢᠭᠡ ᠠᠯᠬᠤᠮ ᠳᠠᠪᠰᠢᠯᠲᠠᠲᠠᠢ ᠭᠡᠵᠦ ᠦᠵᠡᠵᠦ ᠪᠤᠯᠤᠨ᠎ᠠ | ᠃ ᠪᠠᠰᠠ ᠣᠶᠢᠭᠤᠷᠵᠢᠨ ᠮᠤᠩᠭᠤᠯ ᠦᠰᠦᠭ ᠤᠨ ᠴᠠᠭᠠᠨ ᠲᠣᠯᠣᠭᠠᠢ ᠶᠢᠨ ᠲᠡᠰ ᠳᠠᠷᠠᠭ᠎ᠠ ᠪᠠᠷ ᠵᠢᠭᠰᠠᠭᠠᠭᠰᠠᠨ ᠨᠢ | ᠡᠷᠢᠬᠦ ᠳᠤ ᠶᠡᠬᠡᠯ᠎ᠡ ᠬᠢᠯᠪᠠᠷ ᠳᠦᠭᠦᠮ ᠪᠠᠶᠢᠨ᠎ᠠ᠃ ᠲᠣᠰ ᠲᠣᠯᠢ ᠬᠤᠶᠠᠷ ᠶᠠᠩᠵᠤ ᠶᠢᠨ ᠪᠠᠶᠢᠬᠤ ᠪᠦᠭᠡᠳ ᠨᠢᠭᠡ ᠨᠢ | ᠱᠤᠭᠤᠯ ᠲᠠᠢ᠂ ᠨᠦᠭᠦᠭᠡ ᠶᠢ ᠨᠢ ᠬᠠᠲᠠᠭᠤ ᠬᠠᠪᠲᠠᠰᠤ ᠪᠠᠷ ᠬᠠᠪᠲᠠᠰᠤᠯᠠᠭᠰᠠᠨ ᠪᠠᠶᠢᠨ᠎ᠠ᠃ | 13. 1938 ᠣᠨ ᠳᠤ ᠬᠢᠯᠵᠢᠩᠲᠠᠢ ᠭᠡᠳᠡᠭ ᠬᠦᠮᠦᠨ ᠤ ᠵᠣᠬᠢᠶᠠᠭᠰᠠᠨ ︽ᠮᠣᠩᠭᠤᠯ ᠨᠠᠩᠭᠢᠶᠠᠳ ᠦᠰᠦᠭ ᠤᠨ | ᠲᠤᠯᠢ ᠪᠢᠴᠭ︾ ᠬᠤᠶᠠᠷ ᠲᠡᠪᠲᠡᠷ ᠢ ᠮᠦᠨ ᠪᠡᠭᠡᠵᠢᠩ ᠤᠨ ᠮᠣᠩᠭᠤᠯ ᠪᠢᠴᠢᠭ ᠤᠨ ᠬᠤᠷᠢᠶᠠᠨ ᠠᠴᠠ ᠳᠠᠷᠤᠮᠠᠯᠯᠠᠵᠠᠢ᠃ | | 14. ︽ᠮᠣᠩᠭᠤᠯ ᠬᠢᠲᠠᠳ ᠦᠰᠦᠭ ᠬᠠᠪᠰᠤᠷᠤᠭᠰᠠᠨ ᠲᠠᠪᠤᠨ ᠵᠦᠭ ᠤᠨ ᠠᠭᠤᠤ ᠠᠶᠠᠯᠭᠤ ᠬᠡᠮᠡᠬᠦ ᠪᠢᠴᠢᠭ︾ | ᠄ ᠳᠤᠮᠳᠠᠳᠤ ᠢᠷᠭᠡᠨ ᠤᠯᠤᠰ ᠤᠨ ᠵᠢᠷᠭᠤᠳᠤᠭᠠᠷ ᠣᠨ ᠪᠤᠶᠤ 1917 ᠤᠨ ᠳᠤ ᠮᠤᠳᠤᠨ ᠪᠠᠷ ᠢᠶᠠᠷ ᠭᠠᠷᠴᠡᠢ᠃ | ᠭᠤᠷᠪᠠᠨ ᠲᠤᠭᠲᠤᠢ᠂ ᠬᠤᠶᠠᠷ ᠶᠠᠩᠵᠤ ᠶᠢᠨ ᠡᠬᠡ ᠪᠤᠢ᠃ ᠬᠠᠷᠠᠴᠢᠨ ᠬᠤᠰᠢᠭᠤᠨ ᠤ ᠬᠠᠢ ᠱᠠᠨ ᠭᠡᠭᠴᠢ ᠬᠦᠮᠦᠨ | ᠵᠣᠬᠢᠶᠠᠭᠰᠠᠨ ᠪᠦᠭᠡᠳ ᠵᠣᠬᠢᠶᠠᠭᠴᠢ ᠶᠢᠨ ᠦᠪᠡᠷ ᠤᠨ ᠬᠢᠨᠢ ᠣᠷᠣᠰᠢᠯ ᠠᠴᠠ ᠭᠠᠳᠠᠨ᠎ᠠ ᠪᠠᠰᠠ ᠦᠭᠡᠷ᠎ᠡ ᠬᠦᠮᠦᠰ ᠤᠨ | ᠪᠢᠴᠢᠭᠰᠡᠨ ᠭᠤᠷᠪᠠᠨ ᠣᠷᠣᠰᠢᠯ ᠲᠠᠢ᠃ ᠲᠡᠳᠡᠭᠡᠷ ᠣᠷᠣᠰᠢᠯ ᠳᠤ ᠦᠭᠦᠯᠡᠭᠰᠠᠨ ᠠᠴᠠ ᠦᠵᠡᠪᠡᠯ᠂ ᠵᠣᠬᠢᠶᠠᠭᠴᠢ ᠬᠠᠢ | ᠱᠠᠨ᠂ ᠬᠢᠲᠠᠳ ︽ᠲᠠᠪᠤᠨ ᠭᠠᠵᠠᠷ ᠤᠨ ᠠᠶᠠᠯᠭᠤ︾ ᠬᠡᠮᠡᠬᠦ ᠨᠢᠭᠡ ᠪᠢᠴᠢᠭ ᠢ ᠠᠪᠴᠤ ᠲᠣᠰ ᠪᠦᠷᠢ ᠮᠣᠩᠭᠤᠯ | ᠦᠰᠦᠭ ᠢᠶᠠᠷ ᠲᠠᠶᠢᠯᠵᠦ ᠣᠷᠴᠢᠭᠤᠯᠤᠭᠠᠳ ᠡᠨᠡ ᠲᠣᠯᠢ ᠶᠢ ᠪᠦᠲᠦᠭᠡᠵᠠᠢ᠃ ᠤᠭ ᠲᠣᠯᠢ ᠶᠢᠨ ᠡᠮᠦᠨ᠎ᠡ ᠨᠢ ᠠᠶᠠᠯᠭᠤ | ᠣᠩᠰᠢᠬᠤ ᠠᠷᠭ᠎ᠠ ᠶᠢ ᠪᠢᠴᠢᠭᠰᠡᠨ ᠪᠠ ᠳᠠᠷᠠᠭ᠎ᠠ ᠨᠢ ᠬᠢᠲᠠᠳ᠂ ᠮᠣᠩᠭᠤᠯ ᠦᠭᠡ ᠪᠠᠨ ᠵᠢᠭᠰᠠᠭᠠᠭᠰᠠᠨ ᠪᠠᠶᠢᠨ᠎ᠠ᠃ | 15. ︽ᠨᠠᠩᠭᠢᠶᠠᠳ ᠮᠤᠩᠭᠤᠯ ᠦᠰᠦᠭ ᠤᠨ ᠲᠣᠯᠢ︾᠄ 1940 — 1945 ᠣᠨ ᠳᠤ ︵ᠶᠠᠫᠤᠨ ᠤ | ᠳᠠᠷᠤᠯᠠᠯ ᠤᠨ ᠦᠶ᠎ᠡ︶ ᠵᠣᠬᠢᠶᠠᠵᠠᠢ ᠭᠡᠵᠦ ᠪᠢᠴᠢᠵᠦ ᠪᠠᠶᠢᠨ᠎ᠠ᠃ ᠨᠠᠶᠢᠷᠠᠭᠤᠯᠣᠭᠰᠠᠨ ᠬᠦᠮᠤᠰ ᠨᠢ ᠸᠠᠩᠴᠢᠨᠳᠣᠷᠵᠢ ᠨᠠᠷ | ᠂ ᠴᠢᠭᠤᠯᠤᠯᠲᠤ ᠬᠠᠭᠠᠯᠭ᠎ᠠ ᠪᠤᠶᠤ ᠵᠠᠩᠴᠢᠭᠦᠦ ᠳᠤ ᠨᠢᠭᠡᠨ ᠲᠤᠭᠲᠤᠢ ᠵᠢᠷᠭᠤᠭᠠᠨ ᠲᠡᠪᠲᠡᠷ ᠪᠤᠯᠭᠠᠨ ︽ᠬᠢᠨᠠᠨ | ᠲᠤᠭᠲᠠᠭᠠᠬᠤᠢ ᠳᠤᠷ ᠬᠡᠷᠡᠭᠯᠡᠬᠦ ᠡᠬᠡ ᠪᠢᠴᠢᠭ︾ ᠬᠡᠮᠡᠨ ᠳᠠᠷᠤᠮᠠᠯᠯᠠᠵᠠᠢ᠃ | 16. ᠮᠠᠨ ᠤ ᠤᠯᠤᠰ ᠪᠠᠶᠢᠭᠤᠯᠤᠭᠳᠠᠬᠤ ᠶᠢᠨ ᠤᠷᠢᠳ ᠵᠢᠯ — 1948 ᠤᠨ ᠳᠤ ᠦᠪᠦᠷ ᠮᠣᠩᠭᠤᠯ ᠤᠨ | ᠬᠡᠯᠡ ᠪᠢᠴᠢᠭ ᠰᠤᠳᠤᠯᠬᠤ ᠭᠡᠷ ᠠᠴᠠ ᠨᠠᠶᠢᠷᠠᠭᠤᠯᠤᠭᠰᠠᠨ ︽ᠬᠢᠲᠠᠳ ᠮᠤᠩᠭᠤᠯ ᠦᠭᠡᠰ ᠤᠨ ᠲᠤᠯᠢ︾ ᠭᠡᠳᠡᠭ | ᠵᠢᠵᠢᠭᠬᠡᠨ ᠲᠤᠯᠢ ᠬᠡᠪᠯᠡᠭᠳᠠᠵᠠᠢ᠃ | 17. ︽ᠲᠠᠸᠠᠷ ᠤᠨ ᠨᠡᠷᠡᠰ ᠤᠨ ᠡᠬᠡ ᠲᠡᠪᠲᠡᠷ︾ ᠬᠡᠮᠡᠭᠴᠢ ᠬᠢᠲᠠᠳ ᠮᠣᠩᠭᠤᠯ ᠨᠡᠷ᠎ᠡ ᠲᠣᠮᠢᠶᠠᠨ ᠤ ᠤᠭ ᠡᠬᠡ | ᠨᠣᠣᠷᠠᠭ ᠣᠳᠣ ᠦᠪᠦᠷ ᠮᠣᠩᠭᠤᠯ ᠤᠨ ᠬᠡᠯᠡ ᠣᠳᠬ᠎ᠠ ᠵᠣᠬᠢᠶᠠᠯ ᠲᠡᠦᠬᠡ ᠰᠤᠳᠤᠯᠬᠤ ᠭᠠᠵᠠᠷ ᠤᠨ ᠨᠤᠮ ᠤᠨ ᠰᠠᠩ | ᠳᠤ ᠪᠤᠢ᠃ ᠡᠭᠦᠨ ᠢ ᠲᠠᠸᠠᠷ ᠤᠨ ᠨᠡᠷᠡᠰ ᠭᠡᠳᠡᠭ ᠨᠡᠷ᠎ᠡ ᠲᠠᠢ ᠪᠠᠷ ᠦᠪᠦᠷ ᠮᠣᠩᠭᠤᠯ ᠤᠨ ᠠᠷᠠᠳ ᠤᠨ ᠬᠡᠪᠯᠡᠯ ᠤᠨ | ᠬᠤᠷᠢᠶ᠎ᠠ ᠠᠴᠠ ᠬᠡᠪᠯᠡᠭᠦᠯᠦᠭᠰᠠᠨ ᠪᠠᠶᠢᠳᠠᠭ᠃ | 18. ᠬᠢᠲᠠᠳ ᠮᠣᠩᠭᠤᠯ ᠢ ᠬᠠᠷᠢᠴᠠᠭᠤᠯᠤᠭᠰᠠᠨ ︽ᠳᠤᠮᠳᠠᠳᠤ ᠪᠠ ᠭᠠᠳᠠᠭᠠᠳᠤ ᠶᠢᠨ ᠭᠠᠵᠠᠷ ᠤᠨ ᠨᠡᠷᠡᠰ︾ ︵ | ᠬᠡᠷᠡᠭ ᠳᠡᠭᠡᠷ᠎ᠡ ᠪᠠᠨ ᠨᠢᠭᠡ ᠶᠣᠰᠣᠨ ᠤ ᠲᠤᠰᠬᠠᠢ ᠮᠡᠷᠭᠡᠵᠢᠯ ᠤᠨ ᠲᠣᠯᠢ︶ ᠢ ᠦᠪᠦᠷ ᠮᠣᠩᠭᠤᠯ ᠤᠨ ᠰᠤᠷᠭᠠᠨ | ᠬᠦᠮᠦᠵᠢᠯ ᠤᠨ ᠬᠡᠪᠯᠡᠯ ᠤᠨ ᠬᠤᠷᠢᠶ᠎ᠠ ᠠᠴᠠ 1963 ᠣᠨ ᠳᠤ ᠨᠠᠶᠢᠷᠠᠭᠤᠯᠤᠨ ᠬᠡᠪᠯᠠᠭᠦᠯᠵᠠᠢ᠃ ᠲᠣᠰ ᠲᠣᠯᠢ ᠳᠤ | ᠳᠤᠮᠳᠠᠳᠣ᠂ ᠪᠠᠭ᠎ᠠ ᠰᠤᠷᠭᠠᠭᠤᠯᠢ ᠶᠢᠨ ᠰᠤᠷᠬᠤ ᠪᠢᠴᠢᠭ ᠲᠠᠬᠢ ᠳᠤᠮᠳᠠᠳᠤ ᠪᠠ ᠭᠠᠳᠠᠭᠠᠳᠤ ᠶᠢᠨ ᠨᠡᠷ᠎ᠡ ᠶᠢ ᠪᠠᠷᠤᠭ | ᠴᠦᠮ ᠪᠠᠭᠲᠠᠭᠠᠭᠰᠠᠨ ᠠᠴᠠ ᠭᠠᠳᠠᠨ᠎ᠠ᠂ ᠶᠡᠷᠦ ᠶᠢᠨ ᠨᠤᠮ ᠪᠢᠴᠢᠭ ᠲᠤ ᠦᠷᠭᠦᠯᠵᠢ ᠲᠣᠬᠢᠶᠠᠯᠳᠦᠳᠠᠭ ᠭᠠᠵᠠᠷ ᠤᠨ | ᠨᠡᠷ᠎ᠡ ᠶᠢ ᠴᠦᠭᠡᠨ ᠪᠣᠰᠤ ᠨᠡᠮᠡᠵᠦ ᠣᠷᠣᠭᠤᠯᠣᠭᠰᠠᠨ ᠨᠢ ᠳᠤᠮᠳᠠᠳᠤ ᠪᠠ ᠭᠠᠳᠠᠭᠠᠳᠤ ᠶᠢᠨ ᠭᠠᠵᠠᠷ ᠤᠨ ᠨᠡᠷ᠎ᠡ ᠶᠢᠨ | ᠪᠢᠴᠢᠯᠭᠡ ᠶᠢ ᠨᠢᠭᠡᠳᠬᠡᠬᠦ᠂ ᠵᠢᠴᠢ ᠮᠣᠩᠭᠤᠯ ᠬᠡᠯᠡ ᠪᠢᠴᠢᠭ ᠤᠨ ᠠᠵᠢᠯᠲᠠᠨ ᠪᠠ ᠳᠤᠮᠳᠠᠳᠤ ᠪᠠᠭ᠎ᠠ ᠰᠤᠷᠭᠠᠭᠤᠯᠢ ᠶᠢᠨ | ᠪᠠᠭᠰᠢ ᠨᠠᠷ ᠤᠨ ᠠᠵᠢᠯ ᠳᠤ ᠶᠡᠭᠡ ᠰᠠᠶᠢᠬᠠᠨ ᠯᠠᠪᠯᠠᠯᠲᠠ ᠶᠢᠨ ᠮᠠᠲ᠋ᠧᠷᠢᠶᠠᠯ ᠪᠤᠯᠤᠭᠰᠠᠨ ᠪᠠᠶᠢᠨ᠎ᠠ᠃ | 19. ︽ᠬᠢᠲᠠᠳ ᠮᠤᠩᠭᠤᠯ ᠲᠤᠪᠴᠢ ᠲᠣᠯᠢ︾᠄ ᠦᠪᠦᠷ ᠮᠣᠩᠭᠤᠯ ᠤᠨ ᠬᠡᠯᠡ ᠤᠳᠬ᠎ᠠ ᠵᠣᠬᠢᠶᠠᠯ ᠲᠡᠦᠬᠡ | ᠰᠤᠳᠤᠯᠬᠤ ᠭᠠᠵᠠᠷ ᠠᠴᠠ 1955 ᠣᠨ ᠳᠤ ᠨᠠᠶᠢᠷᠠᠭᠤᠯᠤᠨ ᠬᠡᠪᠯᠡᠭᠦᠯᠵᠠᠢ᠃ ᠲᠦᠮᠡ ᠵᠷᠭᠤᠭᠠᠨ ᠮᠢᠩᠭ᠎ᠠ ᠣᠷᠴᠢᠮ | ᠦᠭᠡ ᠲᠠᠢ ᠭᠤᠤᠯ ᠨᠢ ᠰᠢᠨ᠎ᠡ ᠦᠭᠡ ᠨᠡᠷ᠎ᠡ ᠲᠣᠮᠢᠶᠠᠨ ᠤ ᠣᠷᠴᠢᠭᠤᠯᠭ᠎ᠠ ᠶᠢ ᠵᠢᠭᠰᠠᠭᠠᠵᠤ᠂ ᠲᠠᠷᠠᠭᠠᠯᠠᠪᠠᠯ ᠡᠩ ᠤᠨ | ᠦᠭᠡᠰ ᠤᠨ ᠣᠷᠴᠢᠭᠤᠯᠭ᠎ᠠ ᠶᠢ ᠴᠦ ᠨᠡᠯᠢᠶᠠᠳ ᠣᠷᠣᠭᠤᠯᠤᠭᠰᠠᠨ ᠪᠠᠶᠢᠨ᠎ᠠ᠃ | ᠠᠳᠡ ᠪᠢᠳᠠ ᠲᠣᠰ ᠲᠣᠯᠢᠨ ᠤ᠂ ᠲᠤᠬᠠᠢ ᠶᠢᠨ ᠦᠶ᠎ᠡ ᠳᠤ ᠦᠷᠭᠡᠨ ᠣᠯᠠᠨ ᠬᠡᠷᠡᠭᠯᠡᠭᠴᠢᠳ ᠤᠨ ᠬᠡᠷᠡᠭᠴᠡᠭᠡ | ᠶᠢ ᠬᠠᠩᠭᠠᠵᠤ ᠵᠣᠬᠢᠬᠤ ᠦᠢᠯᠡᠳᠦᠯ ᠢᠶᠠᠨ ᠦᠵᠡᠭᠦᠯᠦᠭᠰᠠᠨ ᠢ ᠨᠢ ᠲᠡᠮᠲᠡᠭᠯᠡᠬᠦ ᠶᠣᠰᠤᠲᠠᠢ᠃ ᠬᠢᠲᠠᠳ ᠦᠰᠦᠭ ᠤᠨ | ᠵᠢᠷᠤᠭᠠᠰᠤ ᠪᠠ ᠳᠠᠭᠤᠳᠠᠯᠭ᠎ᠠ ᠪᠠᠷ ᠪᠦᠷ ᠡᠷᠢᠵᠦ ᠪᠤᠯᠬᠤ ᠶᠢᠨ ᠬᠠᠮᠲᠤ ᠮᠤᠩᠭᠤᠯ ᠦᠭᠡᠰ ᠤᠨ ᠬᠡᠯᠬᠢᠶᠡᠰᠦ ᠲᠠᠢ | ᠪᠤᠯᠬᠤᠷ ᠮᠣᠩᠭᠤᠯ ᠢᠶᠠᠷ ᠨᠢ ᠦᠭᠡ ᠡᠷᠢᠬᠦ ᠳᠤ ᠪᠠᠰᠠ ᠶᠡᠬᠡᠯ᠎ᠡ ᠲᠦᠬᠦᠮ ᠲᠠᠢ ᠪᠠᠶᠢᠭᠰᠠᠨ ᠶᠣᠮ᠃ ᠭᠡᠪᠡᠴᠦ ᠨᠢᠭᠡ | ᠲᠤᠲᠠᠭᠳᠠᠯ ᠨᠢ ᠭᠡᠪᠡᠯ ᠬᠦᠮᠦᠰ ᠤᠨ ᠵᠠᠷᠢᠮ ᠢᠵᠢᠯ ᠲᠠᠰᠤᠯ ᠪᠤᠯᠤᠭ᠎ᠠ ᠦᠭᠡᠢ ᠡᠸᠦ᠋ᠷᠦᠫᠡ ᠬᠡᠯᠡᠨ ᠤ ᠵᠢᠭᠡᠯᠡᠭᠡ ᠦᠭᠡ | ᠠᠷᠠᠢ ᠤᠯᠠᠨ ᠢ ᠬᠡᠷᠡᠭᠯᠠᠵᠡᠢ᠃ | 20. ︽ᠬᠢᠲᠠᠳ ᠮᠤᠩᠭᠤᠯ ᠲᠣᠯᠢ︾᠂ ᠮᠦᠨ ᠦᠪᠦᠷ ᠮᠤᠩᠭᠤᠯ ᠤᠨ ᠬᠡᠯᠡ ᠤᠳᠬ᠎ᠠ ᠵᠤᠬᠢᠶᠠᠯ ᠲᠡᠦᠬᠡ ᠰᠤᠳᠤᠯᠬᠤ | ᠭᠠᠵᠠᠷ ᠠᠴᠠ ᠨᠠᠶᠢᠷᠠᠭᠤᠯᠤᠨ ᠵᠤᠬᠢᠶᠠᠵᠤ 1964 ᠤᠨ ᠳᠤ ᠬᠡᠪᠯᠡᠭᠦᠯᠵᠠᠢ᠃ ᠡᠭᠦᠨ ᠤ ᠲᠤᠯᠤᠭᠠᠢ ᠦᠰᠦᠭ ᠢ | ᠬᠢᠲᠠᠳ ᠬᠡᠯᠡᠨ ᠤ ︽ᠰᠢᠨ ᠬᠤᠸᠠ ᠦᠰᠦᠭ ᠤᠨ ᠲᠣᠯᠢ︾ ᠪᠠᠷ ᠰᠠᠭᠤᠷᠢ ᠪᠤᠯᠭᠠᠭᠰᠠᠨ ᠪᠦᠭᠡᠳ ᠨᠠᠶᠢᠲᠡ 6686 | ᠲᠣᠯᠤᠭᠠᠢ ᠦᠰᠦᠭ ᠤᠷᠤᠭᠤᠯᠤᠭᠰᠠᠨ ᠪᠠᠶᠢᠨ᠎ᠠ᠃ ᠡᠭᠦᠨ ᠳᠤ 55 ᠣᠨ ᠤ ︽ᠬᠢᠲᠠᠳ ᠮᠤᠩᠭᠤᠯ ᠲᠤᠪᠴᠢ ᠲᠤᠯᠢ︾ | ᠶᠢᠨ ᠲᠤᠲᠠᠭᠳᠠᠯ ᠢ ᠢᠯᠠᠨ ᠳᠠᠪᠠᠭᠰᠠᠨ ᠨᠢ ᠮᠡᠳᠡᠭᠳᠡᠬᠦᠶᠢᠴᠡ ᠪᠠᠶᠢᠨ᠎ᠠ᠃ ᠪᠠᠶᠢᠩᠭᠤ ᠶᠢᠨ ᠦᠭᠡᠰ ᠢ ᠡᠷᠢᠬᠦ ᠳᠤ | ᠤᠪᠤᠤ ᠵᠡᠭᠡᠭᠰᠠᠨ ᠪᠤᠯᠪᠠᠴᠤ ᠶᠠᠭ ᠨᠠᠷᠢᠨ ᠵᠦᠢᠯ᠂ ᠮᠦᠨ ᠵᠠᠷᠢᠮ ᠲᠤᠰᠬᠠᠢ ᠮᠡᠷᠭᠡᠵᠢᠯ ᠤᠨ ᠦᠭᠡᠰ ᠢ ᠡᠷᠢᠬᠦ ᠳᠤ ᠪᠠᠰᠠ | ᠯᠠ ᠤᠯᠳᠠᠳᠠᠭ ᠦᠭᠡᠢ ᠪᠠᠶᠢᠨ᠎ᠠ᠃ ᠬᠡᠳᠦᠢ ᠲᠡᠶᠢᠮᠦ ᠪᠤᠯᠪᠠᠴᠤ ᠡᠨᠡ ᠲᠤᠯᠢ ᠣᠳᠣ ᠳᠤ ᠬᠦᠷᠲᠡᠯ᠎ᠡ ᠮᠠᠰᠢ ᠤᠯᠠᠨ | ᠬᠦᠮᠦᠨ ᠤ᠂ ᠢᠯᠠᠩᠭᠤᠶ᠎ᠠ ᠬᠢᠲᠠᠳ ᠮᠤᠩᠭᠤᠯ ᠬᠡᠯᠡ ᠪᠠᠷ ᠶᠠᠭᠤᠮ᠎ᠠ ᠣᠷᠴᠢᠭᠤᠯᠳᠠᠭ ᠬᠦᠮᠦᠰ ᠤᠨ ᠪᠠᠷᠤᠭ ᠭᠠᠷ ᠤᠨ | ᠠᠪᠤᠯᠭ᠎ᠠ ᠨᠢ ᠪᠤᠯᠤᠭᠰᠠᠭᠠᠷ ᠪᠠᠶᠢᠨ᠎ᠠ᠃ | ᠡᠨᠡ ᠭᠦ ᠲᠤᠯᠢ ᠶᠢ ᠮᠦᠨ ᠤᠭ ᠵᠤᠬᠢᠶᠠᠭᠰᠠᠨ ᠭᠠᠵᠠᠷ ᠠᠴᠠ ᠨᠢ ᠬᠤᠶᠠᠷ ᠶᠠᠩᠵᠤ ᠶᠢᠨ ᠲᠤᠯᠢ ᠪᠤᠯᠭᠠᠵᠤ | ᠵᠠᠰᠠᠵᠤ ᠪᠤᠢ ᠪᠦᠭᠡᠳ ᠨᠢᠭᠡ ᠨᠢ ᠶᠤᠰᠤᠲᠠᠢ ︽ᠰᠢᠨ ᠬᠤᠸᠠ ᠦᠰᠦᠭ ᠤᠨ ᠲᠤᠯᠢ︾ ᠶᠢᠨ ᠦᠭᠡ ᠳᠠᠷᠠᠭᠠᠯᠠᠭᠰᠠᠨ | ᠣᠷᠴᠢᠭᠤᠯᠭ᠎ᠠ᠂ ᠨᠦᠭᠦᠭᠡ ᠨᠢ ᠤᠤᠯ ᠲᠤᠯᠢ ᠶᠢᠨ ᠢᠶᠠᠨ ᠶᠡᠬᠡᠳᠬᠡᠭᠰᠠᠨ ᠤᠷᠴᠢᠭᠤᠯᠭ᠎ᠠ ᠪᠤᠯᠤᠨ᠎ᠠ᠃ | 21. ︽ᠬᠢᠲᠠᠳ ᠮᠤᠩᠭᠤᠯ ᠬᠡᠪᠰᠢᠭᠰᠡᠨ ᠦᠭᠡ ᠶᠢᠨ ᠲᠤᠯᠢ︾ ︵ᠲᠤᠷᠰᠢᠨ ᠬᠡᠷᠡᠭᠯᠡᠬᠦ ᠲᠡᠪᠲᠡᠷ︶᠄ | ᠵᠤᠬᠢᠶᠠᠭᠰᠠᠨ ᠨᠢ ᠪᠤᠯᠠᠭ᠂ 1973 ᠤᠨ ᠳᠤ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠠᠴᠠ | ᠬᠡᠪᠯᠡᠭᠦᠯᠵᠠᠢ᠃ 3576 ᠬᠡᠪᠰᠢᠮᠡᠯ ᠦᠭᠡ ᠲᠠᠢ᠃ | ᠪᠤᠯᠠᠭ ᠨᠦᠬᠦᠷ ᠤᠨ ᠡᠨᠡ ᠲᠤᠯᠢᠨ ᠤ ᠰᠠᠶᠢᠨ ᠲᠠᠢ ᠲᠠᠯ᠎ᠠ ᠨᠢ ᠭᠡᠪᠡᠯ᠂ ᠬᠢᠲᠠᠳ ᠬᠡᠯᠡᠨ ᠤ ᠬᠡᠪᠰᠢᠮᠡᠯ ᠦᠭᠡ ᠶᠢ | ᠮᠣᠩᠭᠤᠯ ᠬᠡᠯᠡᠨ ᠳᠤ ᠣᠷᠴᠢᠭᠤᠯᠬᠤ ᠳᠠᠭᠠᠨ ᠴᠤᠬᠤᠮ ᠦᠰᠦᠭ ᠤᠨ ᠬᠢᠨᠢ ᠳᠠᠭᠠᠦ ᠮᠢᠬᠠᠴᠢᠯᠠᠨ ᠣᠷᠴᠢᠭᠤᠯᠬᠤ | ᠶᠤᠰᠤ ᠶᠢ ᠪᠠᠷᠢᠮᠲᠠᠯᠠᠬᠤ ᠦᠦ᠂ ᠡᠰᠡᠭᠦᠯ᠎ᠡ ᠮᠤᠩᠭᠤᠯ ᠬᠡᠯᠡᠨ ᠤ ᠪᠠᠨ ᠤᠳᠬ᠎ᠠ ᠨᠢ ᠳ᠋ᠦᠢᠬᠦ ᠲᠡᠶᠢᠮᠦ ᠬᠡᠪᠰᠢᠮᠡᠯ ᠦᠭᠡ | ᠪᠤᠶᠤ ᠲᠡᠶᠢᠮᠦ ᠰᠠᠨᠠᠭ᠎ᠠ ᠪᠦᠬᠦᠢ ᠦᠭᠡ ᠪᠠᠷ ᠤᠳᠬᠠᠴᠢᠯᠠᠨ ᠣᠷᠴᠢᠭᠤᠯᠬᠤ ᠶᠢ ᠪᠠᠷᠢᠮᠲᠠᠯᠠᠬᠤ ᠶᠢ ᠠᠩᠬᠠᠷᠤᠭᠰᠠᠨ | ᠪᠠᠶᠢᠨ᠎ᠠ᠃ | 22. ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠬᠤᠷᠢᠶᠠᠨ ᠠᠴᠠ ᠨᠠᠶᠢᠷᠠᠭᠤᠯᠤᠭᠰᠠᠨ ︽ᠮᠤᠩᠭᠤᠯ — | ᠬᠢᠲᠠᠳ ᠦᠭᠡ ᠶᠢᠨ ᠲᠤᠯᠢ︾ ᠡᠳᠦᠬᠡ ᠨᠢᠭᠡᠨᠲᠡ ᠬᠡᠪᠯᠡᠭᠳᠡᠬᠦ ᠶᠠᠪᠤᠴᠠ ᠳᠠᠭᠠᠨ ᠪᠠᠶᠢᠨ᠎ᠠ᠃ | 23. ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠬᠢᠵᠤ ᠪᠠᠶᠢᠭ᠎ᠠ ︽ᠮᠤᠩᠭᠤᠯ — ᠬᠢᠲᠠᠳ ᠲᠤᠯᠢ | ᠪᠢᠴᠢᠭ︾ ᠡᠳᠦᠬᠡ ᠪᠠᠰᠠ ᠬᠡᠪᠯᠡᠭᠳᠡᠬᠦ ᠶᠠᠪᠤᠴᠠ ᠳᠠᠭᠠᠨ ᠪᠠᠶᠢᠨ᠎ᠠ᠃ | Ⅱ ᠲᠦᠪᠡᠳ — ᠮᠤᠩᠭᠤᠯ ︵ᠮᠤᠩᠭᠤᠯ — ᠲᠦᠪᠡᠳ︶ ᠲᠣᠯᠢ ᠪᠢᠴᠢᠭ | ︽ ᠲᠤᠬᠢᠶᠠᠨ ᠤ ᠪᠢᠴᠢᠭ︾ ᠪᠤᠶᠤ ︽ᠲᠠᠶ᠋ᠢᠭ︾ ᠭᠡᠵᠦ ᠠᠯᠳᠠᠷᠰᠢᠭᠰᠠᠨ ᠲᠦᠪᠡᠳ — ᠮᠤᠩᠭᠤᠯ ︵ | ᠮᠤᠩᠭᠤᠯ — ᠲᠦᠪᠡᠳ︶ ᠲᠤᠯᠢ ᠪᠢᠴᠢᠭ ᠤᠨ ᠵᠦᠢᠯ ᠲᠤᠩ ᠠᠷᠪᠢᠨ ᠪᠤᠢ᠃ ᠠᠳᠡ ᠬᠡᠳᠦᠬᠡᠨ ᠢ ᠳᠤᠷᠠᠳᠤᠶ᠎ᠠ᠃ | 24. ︽ᠲᠦᠪᠡᠳ ᠦᠭᠡ ᠬᠢᠯᠪᠠᠷ ᠰᠤᠷᠬᠤ ᠬᠡᠮᠡᠬᠦ ᠭᠤᠷᠪᠠᠨᠲᠠ ᠰᠢᠭᠦᠵᠤ ᠵᠠᠰᠠᠭᠰᠠᠨ ᠣᠷᠤᠰᠢᠪᠠᠢ︾᠄ ᠡᠨᠡ | ᠲᠠᠶ᠋ᠢᠭ ᠢ ᠦᠵᠦᠮᠦᠴᠢᠨ ᠭᠦᠩ ᠭᠤᠮᠪᠤᠵᠠᠪ ᠭᠡᠭᠴᠢ ᠬᠦᠮᠦᠨ ᠴᠢᠩ ᠤᠯᠤᠰ ᠤᠨ ᠱᠧᠩᠽᠦ ᠬᠤᠸᠠᠩᠳᠢ ᠶᠢᠨ ᠦᠶ᠎ᠡ | ᠳᠤ ︵1722 ᠤᠨ ᠠᠴᠠ ᠡᠮᠦᠨ᠎ᠡ︶ ᠵᠤᠬᠢᠶᠠᠭᠰᠠᠨ ᠪᠦᠭᠡᠳ ︽ᠳ᠋ᠠᠩᠴᠡᠭᠴᠤᠶᠢᠳᠤᠷ᠂ ᠯᠣᠪᠰᠠᠩᠴᠡᠷᠡᠨ᠂ | ᠠᠭᠸᠠᠩᠫᠤᠩᠴᠤᠭ ᠨᠠᠷ ᠪᠢᠴᠢᠪᠠᠢ᠃︾ ᠮᠤᠳᠤᠨ ᠪᠠᠷ ᠤᠨ ᠬᠡᠪᠯᠡᠯ᠃ ᠡᠭᠦᠨ ᠳᠤ ᠶᠤᠭᠲᠠ ᠨᠡᠷ᠎ᠡ ᠶᠢ ᠲᠤᠰᠬᠠᠢ | ᠬᠠᠪᠰᠤᠷᠤᠭᠰᠠᠨ ᠪᠠ ᠪᠠᠰᠠ ᠭᠡᠰᠡᠭ ᠲᠡᠭᠦᠪᠦᠷᠢ ᠨᠡᠷᠡᠰ ᠢ ᠬᠠᠮᠲᠤᠳᠬᠠᠨ ︽ᠮᠡᠳᠡᠬᠦᠢ ᠳᠤᠷ ᠬᠢᠮᠳᠠ ᠪᠤᠯᠭᠠᠨ ᠪᠢᠴᠢᠪᠠᠢ︾ | ᠭᠡᠵᠠᠢ᠃ ᠣᠷᠣᠰ ᠲᠤ ᠤᠳᠠᠭᠠᠨ ᠵᠢᠯ ᠰᠠᠭᠤᠵᠤ ᠮᠤᠩᠭᠤᠯ ᠬᠡᠯᠡ ᠰᠤᠳᠤᠯᠤᠭᠰᠠᠨ ᠱᠮᠢᠳ᠋ᠲ ᠭᠡᠭᠴᠢ ᠡᠷᠳᠡᠮᠲᠡᠨ | 1841 ᠤᠨ ᠳᠤ ᠬᠡᠪᠯᠡᠭᠦᠯᠦᠭᠰᠠᠨ ᠲᠦᠪᠡᠳ ᠮᠣᠩᠭᠤᠯ ᠲᠤᠯᠢ ᠳᠠᠭᠠᠨ ᠭᠤᠮᠪᠤᠵᠠᠪ ᠤᠨ ᠲᠠᠶ᠋ᠢᠭ ᠢ ᠠᠰᠢᠭᠯᠠᠭᠰᠠᠨ | ᠭᠡᠳᠡᠭ᠃ | 25. ︽ᠨᠡᠷ᠎ᠡ ᠤᠳᠬ᠎ᠠ ᠶᠢ ᠲᠣᠲᠣᠳᠬᠠᠭᠴᠢ ᠰᠠᠷᠠᠨ ᠤ ᠭᠡᠷᠡᠯ ᠬᠡᠮᠡᠭᠳᠠᠬᠦ ᠲᠤᠬᠢᠶᠠᠨ ᠤ ᠪᠢᠴᠢᠭ ᠣᠷᠣᠰᠢᠪᠠᠢ︾ | ᠄ ᠡᠭᠦᠨ ᠢ ᠠᠯᠠᠱᠠ ᠶᠢᠨ ᠯᠾᠠᠷᠠᠮᠪᠠ ᠠᠭᠸᠠᠩᠳᠠᠨᠳᠠᠷ ᠦᠪᠡᠷ ᠤᠨ ᠨᠠᠶᠠᠨ ᠨᠠᠰᠤᠨ ᠪᠠᠶᠠᠷ ᠳᠡᠭᠡᠷ᠎ᠡ ᠴᠢᠩ ᠤᠯᠤᠰ ᠤᠨ | ᠲᠦᠷᠦ ᠭᠡᠷᠡᠯᠲᠦ ᠶᠢᠨ ᠠᠷᠪᠠᠨ ᠨᠡᠢᠮᠠᠨ ᠤᠨ᠂ ᠠᠷᠪᠠᠨ ᠳᠦᠳᠦᠭᠡᠷ ᠷᠠᠪᠵᠤᠩ ᠤᠨ ᠰᠢᠷ᠎ᠠ ᠨᠤᠬᠠᠢ ᠵᠢᠯ᠂ 1838 | ᠣᠨ ᠳᠤ ᠵᠤᠬᠢᠶᠠᠵᠠᠢ᠃ ᠡᠷᠳᠡᠮ ᠰᠢᠨᠵᠢᠯᠡᠭᠡᠨ ᠤ ᠦᠭᠦᠯᠡᠯ ᠤᠨ ᠮᠡᠳᠡᠭᠡ ᠶᠢ ᠦᠨᠳᠦᠰᠦᠯᠡᠪᠡᠯ ᠡᠨᠡ ᠲᠠᠶ᠋ᠢᠭ | ᠭᠤᠮᠪᠤᠵᠠᠪ ᠤᠨ ᠲᠠᠶ᠋ᠢᠭ ᠢ ᠪᠣᠳᠤᠪᠠᠯ ᠨᠡᠯᠢᠶᠠᠳ ᠤᠯᠠᠨ ᠦᠭᠡ ᠲᠠᠢ ᠪᠦᠭᠡᠳ ᠦᠭᠡ ᠦᠰᠦᠭ ᠢᠨᠦ ᠠᠯᠳᠠᠭ᠎ᠠ | ᠮᠡᠳᠠᠭ ᠦᠭᠡᠢ᠂ ᠲᠦᠪᠡᠳ ᠦᠰᠦᠭ ᠤᠨ ᠲᠡᠰ ᠳᠠᠷᠠᠭ᠎ᠠ ᠪᠠᠷ ᠵᠣᠬᠢᠶᠠᠭᠰᠠᠨ ᠭᠡᠨ᠎ᠡ᠃ ᠬᠢᠲᠠᠳ ᠮᠤᠳᠤᠨ ᠪᠠᠷ ᠤᠨ | ᠬᠡᠪᠯᠠᠯ᠃ | 26. ︽ᠲᠦᠪᠡᠳ ᠮᠤᠩᠭᠤᠯ ᠲᠣᠬᠢᠶᠠᠨ ᠤ ᠪᠢᠴᠢᠭ ᠨᠡᠷ᠎ᠡ ᠦᠭᠡ ᠤᠳᠬ᠎ᠠ ᠭᠤᠷᠪᠠᠨ ᠢ ᠲᠣᠳᠣᠷᠠᠭᠤᠯᠤᠨ | ᠬᠠᠷᠠᠩᠭᠤᠢ ᠶᠢ ᠠᠷᠢᠯᠭᠠᠭᠴᠢ ᠵᠤᠯᠠ ᠨᠡᠷᠡᠲᠦ︾᠄ ᠡᠨᠡ ᠲᠠᠶ᠋ᠢᠭ ᠢ ᠪᠦᠷᠢᠶᠠᠳ ᠰᠦᠮᠡᠲᠠᠢ ᠷᠠᠳᠨ᠎ᠠ ᠪᠤᠶᠤ | ᠯᠣᠪᠰᠠᠩᠷᠢᠨᠴᠢᠨ᠂ ᠠᠷᠪᠠᠨ ᠲᠠᠪᠤᠳᠤᠭᠠᠷ ᠵᠢᠷᠠᠨ ᠤ ᠤᠯᠠᠭᠴᠢᠨ ᠦᠬᠡᠷ ᠵᠢᠯ 1877 ᠣᠨ ᠳᠤ ᠵᠣᠬᠢᠶᠠᠵᠠᠢ᠃ ᠭᠠᠷ | ᠪᠢᠴᠢᠮᠡᠯ᠂ ᠮᠢᠩᠭ᠎ᠠ ᠭᠠᠷᠤᠢ ᠬᠠᠭᠤᠳᠠᠰᠤ ᠪᠦᠬᠦᠢ ᠲᠤᠮᠤ ᠰᠤᠳᠤᠷ ᠪᠦᠭᠡᠳ ᠦᠭᠡ ᠨᠢ ᠣᠯᠠᠨ᠂ ᠲᠠᠶᠢᠯᠪᠤᠷᠢ ᠶᠡᠭᠡ | ᠲᠠᠢ᠂ ᠲᠦᠪᠡᠳ ᠦᠭᠡ ᠶᠢ ᠲᠦᠪᠡᠳ ᠦᠰᠦᠭ ᠢᠶᠠᠷ ᠲᠠᠶᠢᠯᠪᠤᠷᠢᠯᠠᠭᠰᠠᠨ ᠪᠠ ᠮᠣᠩᠭᠤᠯ ᠢᠶᠠᠷ ᠴᠦ ᠲᠠᠶᠢᠯᠪᠤᠷᠢᠯᠠᠭᠰᠠᠨ | ᠨᠢ ᠪᠤᠢ᠃ | ᠡᠨᠡ ᠭᠦ ᠲᠠᠶ᠋ᠢᠭ ᠢ ᠭᠠᠳᠠᠭᠠᠳᠤ ᠶᠢᠨ ᠵᠠᠷᠢᠮ ᠬᠦᠮᠦᠨ ᠦᠨᠳᠦᠷ ᠢᠶᠠᠷ ᠦᠨᠡᠯᠡᠵᠦ᠂ ᠡᠭᠦᠨ ᠠᠴᠠ ᠠᠪᠴᠤ | ᠬᠡᠷᠡᠭᠯᠡᠵᠦ ᠪᠠᠶᠢᠭᠰᠠᠨ ᠶᠠᠪᠤᠳᠠᠯ ᠪᠤᠢ ᠭᠡᠳᠡᠭ᠃ | 27. ︽ᠮᠡᠷᠭᠡᠳ ᠭᠠᠷᠬᠤ ᠶᠢᠨ ᠣᠷᠣᠨ ᠨᠡᠷᠡᠲᠦ ᠲᠠᠭᠶ᠋ᠢᠰ︾᠄ 1924 ᠣᠨ ᠳᠤ ᠮᠣᠩᠭᠤᠯ ᠠᠷᠠᠳ ᠤᠯᠤᠰ | ᠤᠨ ᠰᠤᠳᠤᠷ ᠪᠢᠴᠢᠭ ᠤᠨ ᠬᠦᠷᠢᠶᠠᠯᠡᠩ ᠠᠴᠠ ᠪᠠᠷ ᠢ ᠨᠢ ᠰᠡᠶᠢᠯᠡᠭᠦᠯᠵᠠᠢ᠃ | 28. ︽ᠲᠦᠪᠡᠳ ᠮᠣᠩᠭᠤᠯ ᠲᠣᠬᠢᠶᠠᠨ ᠤ ᠪᠢᠴᠢᠭ ᠨᠡᠷ᠎ᠡ ᠦᠭᠡ ᠤᠳᠬ᠎ᠠ ᠭᠤᠷᠪᠠᠨ ᠢ ᠲᠣᠳᠣᠳᠬᠠᠭᠴᠢ | ᠣᠷᠣᠰᠢᠪᠠᠢ︾᠄ ᠡᠭᠦᠨ ᠢ ︽ᠬᠢᠷᠢᠲᠢ ᠪᠠᠵᠠᠷ ᠳᠠᠮᠪᠠᠳᠣᠷᠵᠢ ᠪᠠᠷ ᠲᠡᠭᠦᠵᠦ ᠪᠢᠴᠢᠪᠠᠢ︾ ᠭᠡᠰᠡᠨ ᠪᠦᠭᠡᠳ ᠪᠦᠷᠢᠶᠠᠳ | ᠲᠤ ᠬᠡᠪᠯᠡᠭᠰᠠᠨ ᠪᠠᠶᠢᠨ᠎ᠠ᠃ | Ⅲ ᠪᠤᠰᠤᠳ ᠤᠷᠴᠢᠭᠤᠯᠭ᠎ᠠ ᠶᠢᠨ ᠲᠤᠯᠢ | 29. ︽ᠮᠦᠺᠠᠳ᠋ᠳᠢᠮᠡᠲ ᠠᠯ — ᠠᠳᠠᠪ︾ ᠲᠣᠯᠢ᠄ ᠤᠭ ᠡᠬᠡ ᠨᠢ ᠠᠷᠠᠪ — ᠫᠧᠷᠰ — ᠲᠦᠷᠺ | — ᠮᠣᠩᠭᠤᠯ ᠳᠦᠷᠪᠡᠨ ᠬᠡᠯᠡᠨ ᠤ ᠲᠣᠯᠢ᠂ 1938 ᠣᠨ ᠳᠤ ᠫᠤᠫᠫᠧ᠂ ᠮᠤᠰᠺᠸᠠ ᠳᠤ ᠬᠡᠪᠯᠡᠭᠦᠯᠬᠦ ᠳᠡᠭᠡᠨ | ᠮᠣᠩᠭᠤᠯ — ᠲᠦᠷᠺ ᠬᠤᠶᠠᠷ ᠬᠡᠯᠡᠨ ᠤ ᠬᠢ ᠶᠢ ᠨᠢ ᠠᠪᠤᠭᠠᠳ ᠨᠦᠭᠦᠭᠡ ᠠᠷᠠᠪ — ᠫᠧᠷᠰ ᠬᠡᠯᠡᠨ ᠤ ᠬᠢ ᠶᠢ | ᠨᠢ ᠣᠷᠣᠭᠤᠯᠤᠭᠰᠠᠨ ᠦᠭᠡᠢ ᠪᠠᠶᠢᠨ᠎ᠠ᠃ ᠫᠤᠫᠫᠧ ᠶᠢᠨ ᠬᠡᠪᠯᠡᠭᠦᠯᠤᠭ᠍ᠰᠠᠨ ᠡᠨᠡ ᠬᠦ ᠲᠤᠯᠢ ᠡᠮᠦᠨ᠎ᠡ ᠨᠢ ᠤᠷᠤᠰᠢᠯ᠂ | ᠤᠳᠤᠷᠢᠳᠬᠠᠯ᠂ ᠠᠷᠤ ᠳᠤᠨᠢ ᠲᠦᠷᠺ ᠦᠭᠡ ᠶᠢ ᠰᠤᠳᠤᠯᠤᠭᠰᠠᠨ ᠬᠠᠪᠰᠤᠷᠤᠯᠲᠠ ᠲᠠᠢ ᠪᠠ ᠭᠤᠤᠯ ᠵᠤᠬᠢᠶᠠᠯ ᠨᠢ | ᠬᠤᠶᠠᠷ ᠪᠦᠯᠦᠭ ᠠᠴᠠ ᠪᠦᠷᠢᠯᠳᠦᠨ᠎ᠠ᠃ ᠨᠢᠭᠡᠳᠦᠭᠡᠷ ᠪᠦᠯᠦᠭ ᠨᠢ ᠲᠣᠰ ᠲᠤᠯᠢ ᠳᠤ ᠣᠷᠣᠭᠰᠠᠨ ᠮᠤᠩᠭᠤᠯ ᠦᠭᠡᠰ | ᠤᠨ ᠠᠪᠢᠶᠠᠨ ᠤ ᠵᠦᠢ ᠪᠠ ᠦᠭᠡ ᠶᠢᠨ ᠵᠦᠢ ᠶᠢᠨ ᠣᠨᠴᠠᠯᠢᠭ ᠤᠨ ᠲᠤᠬᠠᠢ ᠫᠤᠫᠫᠧ ᠶᠢᠨ ᠦᠪᠡᠷ ᠤᠨ ᠰᠤᠳᠤᠯᠤᠯ᠂ | ᠬᠤᠶᠠᠳᠤᠭᠠᠷ ᠪᠦᠯᠦᠭ ᠨᠢ ᠮᠤᠩᠭᠤᠯ — ᠲᠦᠷᠺ ᠲᠤᠯᠢ ᠪᠤᠯᠤᠨ᠎ᠠ᠃ | ᠫᠤᠫᠫᠧ ᠶᠢᠨ ᠬᠡᠯᠡᠭᠰᠠᠨ ᠢ ᠦᠨᠳᠦᠰᠦᠯᠡᠪᠡᠯ ︽ᠮᠦᠺᠠᠳ᠋ᠳᠢᠮᠡᠲ ᠠᠯ — ᠠᠳᠠᠪ︾ ᠭᠡᠳᠡᠭ ᠲᠣᠯᠢ ᠶᠢ | ᠮᠦᠺᠠᠳ᠋ᠳᠢᠮᠡᠲ ᠠᠯ — ᠠᠳᠠᠪ ᠭᠡᠰᠡᠨ ᠬᠦᠮᠦᠨ ᠵᠣᠬᠢᠶᠠᠭᠰᠠᠨ ᠪᠢᠰᠢ᠂ ᠬᠠᠷᠢᠨ 1143 ᠤᠨ ᠠᠴᠠ ᠡᠮᠦᠨ᠎ᠡ | ᠪᠠᠶᠢᠭᠰᠠᠨ ᠲᠦᠷᠺ ᠶᠢᠨ ᠠᠯ — ᠵᠠᠮᠠᠭᠰᠢᠷᠡᠢ ᠭᠡᠭᠴᠢ ᠬᠦᠮᠦᠨ ᠤ ᠬᠢᠭᠰᠡᠨ ᠠᠷᠠᠪ — ᠫᠧᠷᠰ ︵ᠰᠡᠭᠦᠯ ᠳᠤᠨᠢ | ᠲᠦᠷᠺ ᠦᠭᠡᠨ ᠤ ᠭᠡᠰᠡᠭ ᠨᠡᠮᠡᠭᠳᠡᠭᠰᠠᠨ︶ ᠬᠡᠯᠡᠨ ᠤ ᠲᠤᠯᠢ ᠪᠢᠴᠭ ᠲᠤ 1492 ᠤᠨ ᠠᠴᠠ ᠡᠮᠦᠨ᠎ᠡ ᠨᠡᠷ᠎ᠡ ᠶᠢ ᠨᠢ | ᠦᠯᠦ ᠮᠡᠳᠡᠬᠦ ᠬᠦᠮᠦᠨ ᠮᠤᠩᠭᠤᠯ ᠦᠭᠡ ᠨᠡᠮᠡᠵᠦ ᠤᠷᠤᠭᠤᠯᠤᠭᠰᠠᠨ ᠠᠴᠠ ᠡᠶᠢᠮᠦ ᠳᠦᠷᠪᠡᠨ ᠬᠡᠯᠡᠨ ᠤ ᠲᠤᠯᠢ ᠪᠢᠴᠢᠭ | ᠤᠳᠤ ᠳᠤ ᠬᠦᠷᠲᠡᠯ᠎ᠡ ᠳᠠᠮᠵᠢᠭᠳᠠᠵᠤ ᠢᠷᠡᠵᠠᠢ᠃ ᠶᠠᠭᠤ ᠴᠦ ᠭᠡᠰᠡᠨ ᠡᠨᠡ ᠲᠤᠯᠢᠨ ᠳᠤ ᠤᠷᠤᠭᠰᠠᠨ ᠮᠣᠩᠭᠤᠯ | ᠦᠭᠡᠰ ᠨᠢ ᠳᠤᠮᠳᠠᠳᠤ ᠵᠠᠭᠤᠨ ᠤ ᠦᠶ᠎ᠡ ᠶᠢᠨ ᠮᠤᠩᠭᠤᠯ ᠬᠡᠯᠡᠨ ᠤ ᠣᠨᠴᠠᠯᠢᠭ ᠢ ᠬᠠᠳᠠᠭᠠᠯᠠᠭᠰᠠᠨ ᠨᠢ ᠲᠤᠲᠤᠷᠬᠠᠢ | ᠪᠦᠭᠡᠳ ᠦᠭᠡᠷ᠎ᠡ ᠪᠠᠷ ᠬᠡᠯᠡᠪᠠᠯ ᠮᠠᠨ ᠤ ᠤᠯᠤᠰ ᠲᠤ ᠵᠤᠬᠢᠶᠠᠭᠳᠠᠭᠰᠠᠨ ︽ᠬᠤᠸᠠ ᠢ ᠢ ᠢᠦᠢ︾ ᠲᠤᠯᠢ ᠲᠠᠢ | ᠪᠠᠷᠤᠭ ᠨᠢᠭᠡ ᠴᠠᠭ ᠦᠶ᠎ᠡ ᠶᠢᠨ ᠪᠦᠲᠦᠭᠡᠭᠳᠡᠭᠦᠨ ᠪᠤᠯᠦᠨ᠎ᠠ᠃ ᠲᠠᠶᠢᠮᠦ ᠴᠦ ᠤᠴᠢᠷ ᠠᠴᠠ ᠲᠡᠷᠡ ᠨᠢ ᠮᠤᠩᠭᠤᠯ | ᠬᠡᠯᠡᠨ ᠤ ᠰᠤᠳᠤᠯᠤᠯᠭᠠᠨ ᠳᠤ ᠶᠡᠭᠡᠬᠡᠨ ᠴᠢᠬᠤᠯᠠ ᠠᠴᠢ ᠬᠤᠯᠪᠤᠭᠳᠠᠯ ᠪᠦᠬᠦᠢ ᠮᠠᠲ᠋ᠧᠷᠢᠶᠠᠯ ᠤᠨ ᠲᠤᠭᠠᠨ ᠳᠤ | ᠤᠷᠤᠳᠠᠭ ᠪᠠᠶᠢᠨ᠎ᠠ᠃ | 30. ︽ᠮᠤᠩᠭᠤᠯ — ᠤᠷᠤᠰ — ᠭᠧᠷᠮᠠᠨ ᠲᠤᠯᠢ︾᠄ 1835 ᠤᠨ ᠳᠤ ᠱᠮᠢᠳ᠋ᠲ ᠵᠤᠬᠢᠶᠠᠵᠤ | ᠫᠧᠲ᠋ᠧᠷᠪᠦᠷᠢᠭ ︵ᠪᠤᠶᠤ ᠯᠧᠨᠢᠩᠭᠷᠠᠳ᠋︶ ᠲᠤ ᠬᠡᠪᠯᠡᠭᠦᠯᠵᠠᠢ᠃ ᠨᠢᠭᠡᠨ ᠪᠤᠲᠢ᠂ ᠲᠦᠮᠡ ᠭᠤᠷᠪᠠᠨ ᠮᠢᠩᠭ᠎ᠠ ᠤᠷᠴᠢᠮ | ᠦᠭᠡ ᠲᠠᠢ᠃ ᠠᠷᠤ ᠳᠤᠨᠢ ᠤᠷᠤᠰ᠂ ᠭᠧᠷᠮᠠᠨ ᠦᠭᠡᠰ ᠤᠨ ᠬᠡᠯᠬᠢᠶᠠᠰᠤ ᠶᠢ ᠳᠠᠭᠠᠯᠳᠤᠭᠤᠯᠵᠠᠢ᠃ | 31. ︽ᠮᠤᠩᠭᠤᠯ — ᠤᠷᠤᠰ — ᠹᠷᠠᠨᠼᠢ ᠲᠤᠯᠢ︾ ᠫᠤᠯᠱᠠ ᠶᠢᠨ ᠮᠤᠩᠭᠤᠯᠴᠢ ᠡᠷᠳᠡᠮᠲᠡᠨ | ᠺᠤᠸᠠᠯᠸᠧᠰᠺᠢ ᠵᠣᠬᠢᠶᠠᠵᠤ 1844 —1849 ᠣᠨ ᠤ ᠬᠤᠭᠤᠷᠤᠨᠳᠤ ᠤᠷᠣᠰ ᠤᠨ ᠺᠠᠽᠠᠨ ᠬᠤᠲᠠᠨ ᠳᠤ | ᠬᠡᠪᠯᠡᠭᠦᠯᠵᠠᠢ᠃ ᠨᠠᠶᠢᠲᠠ ᠭᠤᠷᠪᠠᠨ ᠪᠤᠲᠢ᠃ ᠮᠦᠨ ᠲᠤᠯᠢ ᠶᠢ 1933 ᠣᠨ ᠳᠤ ᠮᠠᠨ ᠤ ᠤᠯᠤᠰ ᠤᠨ ᠱᠠᠩᠬᠠᠢ | ᠳᠤ ᠲᠠᠬᠢᠨ ᠬᠡᠪᠯᠡᠵᠠᠢ᠃ | ᠺᠤᠸᠠᠯᠸᠧᠰᠺᠢ ᠶᠢᠨ ᠡᠨᠡ ᠲᠤᠯᠢ ᠬᠠᠭᠤᠴᠢᠨ ᠪᠢᠴᠢᠭ ᠤᠨ ᠬᠡᠯᠡᠨ ᠤ ᠨᠡᠯᠢᠶᠡᠳ ᠰᠠᠶᠢᠨ ᠲᠤᠯᠢᠨ ᠳᠤ ᠲᠤᠭᠠᠴᠠᠭᠳᠠᠬᠤ | ᠪᠦᠭᠡᠳ ᠯᠤᠪᠰᠠᠩᠭᠠᠯᠰᠠᠩ ᠤᠨ ᠲᠦᠪᠡᠳ ᠮᠤᠩᠭᠤᠯ ᠲᠤᠬᠢᠶᠠᠨ ᠤ ᠪᠢᠴᠢᠭ ᠵᠡᠷᠭᠡ ᠶᠢ ᠪᠠᠰᠠ ᠠᠰᠢᠭᠯᠠᠭᠰᠠᠨ ᠪᠤᠯᠬᠤᠷ | ᠵᠠᠷᠢᠮ ᠦᠭᠡᠰ ᠤᠨ ᠠᠷᠤ ᠳᠤᠨᠢ ᠡᠨᠡᠳᠬᠡᠭ᠂ ᠲᠦᠪᠡᠳ ᠤᠳᠬ᠎ᠠ ᠶᠢ ᠬᠠᠳᠠᠭᠰᠠᠨ ᠪᠠᠶᠢᠨ᠎ᠠ᠃ ᠬᠤᠯᠪᠤᠭᠳᠠᠯ ᠪᠦᠬᠦᠢ | ᠪᠢᠴᠢᠭ ᠵᠤᠬᠢᠶᠠᠯ ᠤᠨ ᠮᠡᠳᠡᠭᠡ ᠪᠠᠷᠢᠮᠲᠠ ᠠᠴᠠ ᠦᠵᠡᠪᠡᠯ᠂ ᠡᠾᠡᠶᠢᠨᠢᠰᠢ ᠶᠢᠨ ᠤᠷᠤᠯᠳᠤᠭᠰᠠᠨ ︽ᠮᠤᠩᠭᠤᠯ ᠤᠨ | ᠨᠢᠭᠤᠴᠠ ᠲᠤᠪᠴᠢᠶᠠᠨ ᠤ ᠲᠤᠯᠢ︾᠂ ᠶᠠᠫᠤᠨ ᠤ ︽ᠮᠤᠩᠭᠤᠯ ᠬᠡᠯᠡᠨ ᠤ ᠶᠡᠭᠡ ᠲᠤᠯᠢ ᠪᠢᠴᠢᠭ︾ ᠨᠢ ᠪᠦᠷ | ᠺᠤᠸᠠᠯᠸᠧᠰᠺᠢ ᠶᠢᠨ ᠲᠤᠯᠢ ᠶᠢ ᠠᠰᠢᠭᠯᠠᠭᠰᠠᠨ ᠪᠠᠶᠢᠨ᠎ᠠ᠃ | 32. ︽ᠬᠠᠯᠢᠮᠠᠭ — ᠭᠧᠷᠮᠠᠨ ᠲᠤᠯᠢ︾᠄ ᠹᠢᠨᠯᠶᠡᠨ᠋ᠳ᠋ ᠤᠨ ᠡᠷᠳᠡᠮᠲᠡᠨ ᠷᠠᠮᠰᠲ᠋ᠧᠳ᠋ᠲ 1935 ᠣᠨ ᠳᠤ | ᠨᠡᠶᠢᠲᠡᠯᠡᠭᠦᠯᠦᠭᠰᠠᠨ᠃ ᠡᠨᠡ ᠲᠤᠯᠢ ᠪᠢᠴᠢᠭ ᠨᠢ ᠬᠠᠯᠢᠮᠠᠭ ᠬᠡᠯᠡᠨ ᠤ ᠡᠩ ᠲᠡᠷᠢᠭᠦᠨ ᠤ ᠡᠷᠳᠡᠮ ᠰᠢᠨᠵᠢᠯᠡᠭᠡᠨ ᠤ ᠲᠤᠯᠢ | ᠪᠢᠴᠢᠭ ᠪᠤᠯᠬᠤ ᠲᠡᠲᠤᠢ ᠦᠭᠡᠢ ᠦᠨᠡᠨ ᠴᠢᠨᠠᠷ ᠳᠡᠭᠡᠷ᠎ᠡ ᠪᠠᠨ ᠮᠤᠩᠭᠤᠯ᠂ ᠲᠦᠷᠺ᠂ ᠲᠦᠩᠭᠦᠰ᠂ ᠰᠤᠯᠤᠩᠭᠤᠰ | ᠵᠡᠷᠭᠡ ᠠᠯᠲᠠᠢ ᠬᠡᠯᠡᠨ ᠤ ᠦᠭᠡᠰ ᠢ ᠲᠡᠦᠬᠡ ᠶᠢᠨ ᠡᠭᠦᠳᠡᠨ ᠠᠴᠠ ᠬᠠᠷᠢᠴᠠᠭᠤᠯᠤᠨ ᠰᠢᠨᠵᠢᠯᠡᠭᠰᠠᠨ ᠲᠤᠯᠢ ᠪᠢᠴᠢᠭ | ᠪᠤᠯᠤᠭᠰᠠᠨ ᠭᠡᠳᠡᠭ᠃ ᠲᠦᠮᠡ ᠬᠤᠶᠠᠷ ᠮᠢᠩᠭ᠎ᠠ ᠤᠷᠴᠢᠮ ᠦᠨᠳᠦᠰᠦᠨ ᠦᠭᠡ ᠶᠢ ᠪᠠᠭᠲᠠᠭᠠᠭᠰᠠᠨ ᠨᠢ ᠦᠭᠡ ᠶᠢᠨ | ᠲᠤᠭ᠎ᠠ ᠬᠡᠳᠦᠶᠢᠪᠡᠷ ᠴᠦᠭᠡᠨ ᠮᠡᠲᠦ ᠪᠤᠯᠪᠠᠴᠤ ᠲᠠᠶᠢᠯᠪᠤᠷᠢᠯᠠᠨ ᠪᠤᠯᠪᠠᠰᠤᠷᠠᠭᠤᠯᠤᠭᠰᠠᠨ ᠨᠢ ᠨᠠᠷᠢᠨ ᠨᠢᠭᠲᠠ ᠤᠴᠢᠷ | ᠡᠷᠳᠡᠮ ᠰᠢᠨᠵᠢᠯᠡᠭᠡᠨ ᠤ ᠬᠤᠪᠢ ᠳᠤ ᠶᠡᠭᠡ ᠠᠴᠢ ᠬᠤᠯᠪᠤᠭᠳᠠᠯᠲᠠᠢ ᠪᠤᠯᠤᠨ᠎ᠠ ︵ᠯᠤᠪᠰᠠᠩᠸᠠᠩᠳᠠᠨ ︽ᠤᠷᠴᠢᠨ ᠴᠠᠭ | ᠤᠨ ᠮᠤᠩᠭᠤᠯ ᠬᠡᠯᠡ︾︶᠃ | 33. ︽ᠮᠤᠩᠭᠤᠯ — ᠤᠷᠤᠰ ᠲᠤᠯᠢ︾᠄ 1894 ᠠᠴᠠ1898 ᠤᠨ ᠳᠤ ᠭᠤᠯᠰᠲ᠋ᠦ᠋ᠨᠰᠺᠧ ᠵᠣᠬᠢᠶᠠᠵᠤ | ᠫᠧᠲ᠋ᠧᠷᠪᠦᠷᠢᠭ ᠲᠤ ᠬᠡᠪᠯᠡᠭᠦᠯᠦᠭᠰᠠᠨ᠃ ᠭᠤᠷᠪᠠᠨ ᠪᠤᠳᠢ᠃ | 34. ︽ᠮᠤᠩᠭᠤᠯ — ᠤᠷᠤᠰ ᠲᠤᠯᠢ︾᠄ ᠴᠧᠷᠧᠮᠢᠰᠤᠸ᠋᠂ ᠷᠦᠮᠢᠶᠡᠨᠼᠸᠧ ᠬᠤᠶᠠᠷ ᠤᠨ ᠵᠣᠬᠢᠶᠠᠭᠰᠠᠨ᠂ | 1937 ᠣᠨ ᠳᠤ ᠯᠧᠨᠢᠩᠭᠷᠠᠳ᠋ ᠳᠤ ᠬᠡᠪᠯᠡᠭᠦᠯᠵᠠᠢ᠃ | 35. ︽ᠤᠷᠤᠰ — ᠮᠤᠩᠭᠤᠯ ᠲᠤᠯᠢ︾᠄ 1942 ᠤᠨ ᠳᠤ ᠴ᠊ · ᠳᠡᠮᠳᠢᠨᠰᠦ᠋ᠷᠦᠩ᠂ ᠱ᠊ · | ᠯᠣᠪᠰᠠᠩᠸᠠᠩᠳᠠᠨ ᠵᠤᠬᠢᠶᠠᠵᠤ ᠬᠡᠪᠯᠡᠭᠦᠯᠵᠠᠢ᠃ | 36. ︽ᠪᠦᠷᠢᠶᠡᠳ ᠮᠤᠩᠭᠤᠯ — ᠣᠷᠣᠰ ᠲᠤᠯᠢ︾᠄ ᠴᠧᠷᠧᠮᠢᠰᠤᠸ᠋ ᠵᠤᠬᠢᠶᠠᠵᠤ 1951 ᠤᠨ ᠳᠤ | ᠮᠤᠰᠺᠸᠠ ᠳᠤ ᠬᠡᠪᠯᠡᠵᠠᠢ᠃ ᠡᠨᠡ ᠲᠤᠯᠢ ︽ᠪᠦᠷᠢᠶᠡᠳ — ᠣᠷᠣᠰ ᠲᠣᠯᠢ︾ ᠭᠡᠳᠡᠭ ᠨᠡᠷ᠎ᠡ ᠪᠠᠷ 1973 ᠤᠨ | ᠳᠤ ᠲᠠᠬᠢᠨ ᠬᠡᠪᠯᠡᠭᠳᠡᠭᠰᠠᠨ ᠪᠦᠭᠡᠳ ᠤᠤᠯ ᠤᠨ ᠬᠤᠶᠠᠷ ᠲᠦᠮᠡ ᠲᠠᠪᠤᠨ ᠮᠢᠩᠭᠠᠭᠠᠳ ᠦᠭᠡ ᠲᠠᠢ ᠪᠠᠶᠢᠭᠰᠠᠨ ᠠᠴᠠ | ᠪᠠᠨ ᠤᠳᠤ ᠳᠦᠷᠪᠡᠨ ᠲᠦᠮᠡ ᠭᠠᠷᠤᠢ ᠦᠭᠡ ᠲᠠᠢ ᠪᠤᠯᠵᠠᠢ᠃ | 37. ︽ᠮᠤᠩᠭᠤᠯ — ᠤᠷᠤᠰ ᠲᠤᠪᠴᠢ ᠲᠤᠯᠢ︾᠄ ᠠ᠊ · ᠷᠢᠨᠴᠢᠨ ᠵᠤᠬᠢᠶᠠᠵᠤ ᠭᠡ᠊ · ᠳ᠋᠊ · | ᠰᠠᠩᠵᠢᠶ᠋ᠸᠧ ᠬᠢᠨᠠᠵᠡᠢ᠃ 1947 ᠳᠤ ᠮᠤᠰᠺᠸᠠ ᠳᠤ ᠲᠠᠬᠢᠨ ᠬᠡᠪᠯᠡᠭᠰᠠᠨ᠂ 1960 ᠣᠨ ᠳᠤ ᠲᠠᠬᠢᠨ ᠬᠡᠪᠯᠡᠵᠠᠢ᠃ | ᠲᠦᠮᠡ ᠭᠤᠷᠪᠠᠨ ᠮᠢᠩᠭ᠎ᠠ ᠤᠷᠴᠢᠮ ᠦᠭᠡ ᠲᠠᠢ᠂ ᠠᠷᠤ ᠳᠤᠨᠢ ᠬᠡᠯᠡᠨ ᠤ ᠵᠦᠢ ᠶᠢᠨ ᠲᠤᠪᠴᠢ ᠦᠭᠦᠯᠡᠯ ᠢ | ᠲᠠᠭᠠᠯᠳᠤᠭᠤᠯᠵᠠᠢ᠃ | 38. ︽ᠤᠷᠤᠰ — ᠪᠦᠷᠢᠶᠡᠳ ᠮᠤᠩᠭᠤᠯ ᠲᠤᠯᠢ︾᠄ ᠴᠠᠳᠠᠨᠳᠠᠮᠪᠡᠶ᠋ᠸᠧ ᠵᠣᠬᠢᠶᠠᠵᠤ 1954 ᠤᠨ ᠳᠤ | ᠮᠤᠰᠺᠸᠠ ᠳᠤ ᠬᠡᠪᠯᠡᠵᠠᠢ᠃ ᠳᠦᠷᠪᠡᠨ ᠲᠦᠮᠡ ᠣᠷᠴᠢᠮ ᠦᠭᠡ ᠲᠠᠢ᠃ | 39. ︽ᠮᠤᠩᠭᠤᠯ — ᠤᠷᠤᠰ ᠲᠤᠯᠢ︾᠄ 1957 ᠤᠨ ᠳᠤ ᠮᠤᠰᠺᠸᠠ ᠳᠤ ᠬᠡᠪᠯᠡᠭᠳᠡᠭᠰᠠᠨ ᠪᠦᠭᠡᠳ | ᠯᠣᠪᠰᠠᠩᠳᠠᠨᠳᠠᠪ ᠶᠡᠷᠦᠩᠬᠡᠶᠢᠯᠡᠨ ᠨᠠᠶᠢᠷᠠᠭᠤᠯᠵᠠᠢ᠃ ᠬᠤᠶᠠᠷ ᠲᠦᠮᠡ ᠬᠤᠶᠠᠷ ᠮᠢᠩᠭ᠎ᠠ ᠤᠷᠴᠢᠮ ᠦᠭᠡ ᠲᠠᠢ᠃ ᠡᠨᠡ | ᠲᠤᠯᠢ᠂ ᠲᠤᠯᠢ ᠪᠢᠴᠢᠭ ᠨᠠᠶᠢᠷᠠᠭᠤᠯᠤᠭᠴᠢᠳ ᠪᠠ ᠤᠷᠤᠰ ᠬᠡᠯᠡ ᠰᠤᠷᠤᠭᠴᠢᠳ ᠲᠤ ᠶᠡᠬᠡᠬᠡᠨ ᠬᠡᠷᠡᠭ ᠲᠠᠢ ᠵᠦᠢᠯ | ᠪᠤᠯᠤᠭᠰᠠᠨ ᠪᠠᠶᠢᠨ᠎ᠠ᠃ | 40. ︽ᠤᠷᠤᠰ — ᠮᠤᠩᠭᠤᠯ ᠲᠤᠯᠢ︾᠄ 1960 ᠳᠤ ᠮᠤᠰᠺᠸᠠ ᠳᠤ ᠬᠡᠪᠯᠡᠭᠳᠠᠪᠡ᠃ ᠳ᠋ᠠᠮᠪᠠᠷᠢᠨᠴᠢᠨ ᠨᠠᠷ | ᠵᠤᠬᠢᠶᠠᠵᠤ ᠰᠡᠩᠵᠢᠶ᠋ᠸᠧ ᠬᠢᠨᠠᠵᠠᠢ᠃ ᠭᠤᠷᠪᠠᠨ ᠲᠦᠮᠡ ᠤᠷᠴᠢᠮ ᠦᠭᠡ ᠲᠠᠢ᠃ | 41. ᠲᠦᠮᠡᠨ ᠦᠭᠡ ᠲᠠᠢ ︽ᠮᠤᠩᠭᠤᠯ — ᠬᠠᠰᠠᠭ ᠲᠤᠯᠢ︾ 1954 ᠤᠨ ᠳᠤ ᠭᠠᠷᠤᠭᠰᠠᠨ ᠮᠡᠳᠡᠭᠡ | ᠪᠤᠢ᠃ | 42. ︽ᠮᠤᠩᠭᠤᠯ ᠬᠡᠯᠡᠨ ᠤ ᠶᠡᠭᠡ ᠲᠤᠯᠢ︾᠄ ᠡᠨᠡ ᠪᠤᠯ ᠮᠤᠩᠭᠤᠯ ᠶᠠᠫᠤᠨ ᠲᠤᠯᠢ ᠪᠤᠯᠤᠨ᠎ᠠ᠃ ᠶᠠᠫᠤᠨ ᠤ | ᠰᠢᠶᠤᠤᠸᠠ ᠶᠢᠨ ᠨᠠᠢᠮᠠᠳᠤᠭᠠᠷ ᠤᠨ ︵1933 ᠣᠨ︶ ᠳᠤ ᠶᠠᠫᠤᠨ ᠬᠦᠮᠦᠨ ᠼᠢᠶᠠᠮᠠ ᠨᠠᠷ ᠨᠠᠶᠢᠷᠠᠭᠤᠯᠦᠨ | ᠲᠠᠷᠬᠠᠭᠠᠵᠠᠢ᠃ ᠲᠤᠰ ᠲᠤᠯᠢ ᠶᠢ ᠶᠠᠫᠤᠨ ᠤ ᠬᠠᠭᠤᠷᠠᠢ ᠵᠠᠮ ᠤᠨ ᠴᠡᠷᠢᠭ ᠠᠴᠠ ᠬᠢᠯᠭᠡᠭᠰᠠᠨ ᠭᠡᠳᠡᠭ᠃ ᠳᠡᠭᠡᠳᠤ᠂ | ᠳᠤᠮᠳᠠᠳᠤ᠂ ᠳᠣᠣᠷᠠᠳᠣ ᠭᠤᠷᠪᠠᠨ ᠲᠡᠪᠲᠡᠷ ᠠᠴᠠ ᠳᠡᠭᠡᠳᠦ᠂ ᠳᠤᠮᠳᠠᠳᠤ ᠬᠤᠶᠠᠷ ᠢ ᠨᠢ ᠮᠤᠩᠭᠤᠯ — ᠶᠠᠫᠤᠨ᠂ | ᠳᠤᠤᠷᠠᠳᠤ ᠨᠢ ᠶᠠᠫᠤᠨ — ᠮᠤᠩᠭᠤᠯ ᠪᠤᠯᠤᠨ᠎ᠠ᠃ ᠮᠠᠨ ᠤ ᠤᠯᠤᠰ ᠲᠤ ᠡᠬᠢᠨ ᠤ ᠬᠤᠶᠠᠷ ᠲᠡᠪᠲᠡᠷ ᠢ ᠭᠡᠷᠡᠯ | ᠵᠢᠷᠤᠭ ᠢᠶᠠᠷ ᠬᠡᠪᠯᠡᠭᠰᠠᠨ ᠪᠠᠶᠢᠨ᠎ᠠ᠃ | 43. ︽ᠮᠤᠩᠭᠤᠯ — ᠤᠷᠤᠰ — ᠨᠢᠫᠫᠤᠨ ᠦᠭᠡᠰ ᠤᠨ ᠲᠤᠯᠢ︾᠄ ᠨᠢᠭᠡᠨ ᠲᠡᠪᠲᠡᠷ᠃ ᠪᠢᠦᠨᠢᠨ | ᠭᠡᠭᠴᠢ ᠬᠦᠮᠦᠨ ᠵᠤᠬᠢᠶᠠᠵᠤ ᠶᠠᠫᠤᠨ ᠤ ᠰᠢᠶᠤᠤᠸᠠ ᠶᠢᠨ ᠠᠷᠪᠠᠨ ᠲᠠᠪᠤᠳᠤᠭᠠᠷ ᠤᠨ ︵1940 ᠤᠨ︶ ᠳᠤ | ᠬᠡᠪᠯᠠᠵᠠᠢ᠃ | 44. ︽ᠮᠤᠩᠭᠤᠯ — ᠶᠠᠫᠤᠨ ᠲᠤᠯᠢ︾᠄ ᠶᠠᠫᠤᠨ ᠤ ᠠᠪᠧᠮᠠᠼᠢ ᠨᠠᠷ ᠵᠤᠬᠢᠶᠠᠵᠤ ᠰᠢᠤᠤᠸᠠ ᠶᠢᠨ ᠠᠷᠪᠠ | ᠶᠢᠰᠦᠳᠦᠭᠡᠷ ᠤᠨ ᠳᠤ ᠬᠡᠪᠯᠡᠭᠦᠯᠦᠭᠰᠠᠨ ᠪᠦᠭᠡᠳ ᠲᠦᠮᠡ ᠵᠢᠷᠭᠤᠭᠠᠨ ᠮᠢᠩᠭ᠎ᠠ ᠤᠷᠴᠢᠮ ᠦᠭᠡ ᠪᠦᠬᠦᠢ᠂ ᠮᠤᠩᠭᠤᠯ | ᠦᠭᠡᠨ ᠤ ᠲᠠᠭᠤᠳᠠᠯᠭ᠎ᠠ ᠶᠢ ᠯᠠᠲ᠋ᠢᠨ ᠭᠠᠯᠢᠭ ᠢᠶᠠᠷ ᠬᠠᠲᠠᠭᠰᠠᠨ ᠲᠤᠯᠢ᠃ | 45. ︽ᠮᠤᠩᠭᠤᠯ — ᠠᠩᠭ᠍ᠯᠢ ᠦᠭᠡᠰ ᠤᠨ ᠲᠤᠯᠢ︾᠄ ᠵᠤᠬᠢᠶᠠᠭᠴᠢ ᠨᠢ ᠸᠤᠯᠭᠡ ᠪᠤᠪᠠᠷᠢ᠂ 1954 | ᠤᠨ ᠳᠤ ᠰᠲ᠋ᠤᠺᠭᠤᠯᠮ ᠬᠤᠲᠠᠨ᠎ᠠ ᠬᠡᠪᠯᠡᠭᠳᠠᠵᠠᠢ᠃ | 46. ︽ᠮᠤᠩᠭᠤᠯ — ᠠᠩᠭ᠍ᠯᠢ ᠬᠡᠷᠡᠭᠴᠡᠭᠡᠨ ᠤ ᠲᠤᠯᠢ︾᠄ 1945 ᠤᠨ ᠠᠴᠠ 1953 ᠤᠨ ᠳᠤ | ᠵᠤᠬᠢᠶᠠᠭᠳᠠᠵᠠᠢ᠃ ᠠᠩᠭ᠍ᠯᠢ ᠦᠭᠡᠰ ᠤᠨ ᠬᠡᠯᠬᠢᠶᠠᠰᠤ ᠲᠠᠢ᠃ ᠠᠾᠤᠷᠲ᠋ᠤᠷᠢ ᠨᠠᠷ ᠤᠨ ᠨᠠᠶᠢᠷᠠᠭᠤᠯᠤᠭᠰᠠᠨ ᠭᠡᠵᠤ | ᠡᠮᠦᠨ᠎ᠡ ᠨᠢ ᠪᠢᠴᠢᠵᠤ ᠪᠠᠶᠢᠨ᠎ᠠ᠃ | 47. ︽ᠮᠤᠩᠭᠤᠯ — ᠠᠩᠭ᠍ᠯᠢ ᠲᠤᠯᠢ︾᠄ ᠠᠮᠧᠷᠢᠺᠠ ᠳᠤ ᠪᠠᠶᠢᠭ᠎ᠠ ᠭᠤᠮᠪᠣᠵᠠᠪ ᠭᠡᠳᠡᠭ ᠬᠦᠮᠦᠨ ᠯᠢᠽᠧᠨ ᠤ | ᠬᠠᠮᠲᠤ ᠵᠤᠬᠢᠶᠠᠭᠰᠠᠨ ᠪᠦᠭᠡᠳ ᠬᠤᠶᠠᠷ ᠲᠦᠮᠡ ᠢᠯᠡᠭᠦᠦ ᠦᠭᠡ ᠲᠠᠢ᠃ ᠡᠨᠡ ᠲᠤᠯᠢᠨ ᠳᠤ ᠮᠤᠩᠭᠤᠯ ᠬᠡᠯᠡᠨ ᠳᠤ | ᠤᠷᠤᠭᠰᠠᠨ ᠵᠢᠭᠡᠯᠡᠯᠭᠡ ᠦᠭᠡ ᠨᠦᠭᠦᠳ ᠢ ᠳᠣᠣᠷ᠎ᠠ ᠨᠢ ᠶᠠᠮᠠᠷ ᠭᠠᠷᠤᠯ ᠲᠠᠢ ᠭᠡᠵᠦ ᠲᠣᠲᠣᠯᠠᠵᠤ ᠪᠢᠴᠢᠭᠰᠡᠨ ᠨᠢ | ᠪᠤᠰᠤᠳ ᠲᠤᠯᠢ ᠨᠤᠭᠤᠳ ᠲᠤ ᠪᠠᠶᠢᠭ᠎ᠠ ᠦᠭᠡᠢ ᠣᠨᠴᠠᠯᠢᠭ ᠭᠡᠵᠦ ᠬᠡᠯᠡᠵᠦ ᠪᠤᠯᠦᠨ᠎ᠠ᠃ | ᠭᠤᠷᠪᠠ᠂ ᠵᠦᠪ ᠪᠢᠴᠢᠯᠭᠡ ᠶᠢᠨ ᠲᠤᠯᠢ | 48. ︽ᠮᠤᠩᠭᠤᠯ ᠦᠰᠦᠭ ᠤᠨ ᠳᠦᠷᠢᠮ ᠤᠨ ᠲᠣᠯᠢ ᠪᠢᠴᠢᠭ︾᠄ ᠱᠠᠭᠵᠠ ᠶᠢᠨ ᠲᠤᠯᠢ ︵ᠪᠤᠶᠤ ᠬᠦᠬᠡ | ᠭᠠᠳᠠᠷ ᠲᠠᠢ ᠪᠠᠶᠢᠭᠰᠠᠨ ᠲᠤᠯᠠ ︽ᠬᠦᠬᠡ ᠲᠤᠯᠢ︾ ᠴᠦ ᠭᠡᠳᠡᠭ︶ ᠬᠡᠮᠡᠨ ᠨᠡᠷᠡᠰᠢᠭᠰᠡᠨ ᠡᠨᠡ ᠭᠦ ᠲᠣᠯᠢ ᠪᠢᠴᠢᠭ | ᠬᠤᠶᠠᠷ ᠲᠦᠮᠡ ᠳᠤᠯᠤᠭᠠᠨ ᠮᠢᠩᠭᠠᠨ ᠦᠭᠡ ᠲᠠᠢ ᠪᠦᠭᠡᠳ 1951 ᠣᠨ ᠳᠤ ᠮᠠᠨ ᠤ ᠤᠯᠤᠰ ᠲᠤ ᠲᠠᠬᠢᠨ | ᠬᠡᠪᠯᠡᠵᠠᠢ᠃ ᠤᠳᠤ ᠶᠢᠨ ᠬᠡᠷᠡᠭᠯᠡᠵᠤ ᠪᠠᠶᠢᠭ᠎ᠠ ᠤᠶᠢᠭᠤᠷᠵᠢᠨ ᠮᠤᠩᠭᠤᠯ ᠦᠰᠦᠭ ᠤᠨ ᠠᠯᠢ ᠨᠢᠭᠡ ᠶᠢ ᠨᠢ ᠶᠠᠭᠠᠬᠢᠵᠤ | ᠪᠢᠴᠢᠳᠡᠭ ᠪᠢᠯᠡ ᠭᠡᠪᠡᠯ ᠪᠠᠷᠤᠭ ᠤᠨ ᠬᠦᠮᠦᠨ ᠡᠨᠡ ᠬᠦ ᠬᠦᠬᠡ ᠲᠤᠯᠢ ᠶᠢ ᠡᠷᠢᠳᠡᠭ ᠪᠠᠶᠢᠨ᠎ᠠ᠃ ᠲᠤᠰ ᠲᠤᠯᠢ ᠶᠢ | ᠵᠠᠷᠢᠮ ᠨᠢᠭᠡᠨ ᠤ ᠬᠢᠨᠢ ᠪᠤᠷᠤᠭᠤ ᠲᠠᠶᠢᠯᠪᠤᠷᠢ ᠶᠢ ᠭᠠᠷᠭᠠᠪᠠᠯ ᠶᠡᠷᠦᠩᠬᠡᠢ ᠳᠡᠭᠡᠨ ᠵᠦᠭᠡᠷ ᠰᠠᠶᠢᠨ ᠲᠤᠯᠢᠨ ᠳᠤ ᠲᠤᠭᠠᠨ | ᠳᠤ ᠤᠷᠤᠭᠤᠯᠵᠤ ᠪᠤᠯᠬᠤ ᠶᠤᠮ᠃ | 49. ᠮᠤᠩᠭᠤᠯ ᠤᠯᠤᠰ ᠲᠤ ᠰᠯᠠᠸ᠋ ᠦᠰᠦᠭ ᠤᠨ ᠵᠦᠪ ᠪᠢᠴᠢᠬᠦ ᠲᠦᠷᠢᠮ ᠤᠨ ᠲᠣᠯᠢ 1952 ᠣᠨ ᠳᠤ | ᠬᠡᠪᠯᠡᠭᠳᠡᠭᠰᠠᠨ᠃ | 50. ︽ᠵᠦᠪ ᠪᠢᠴᠢᠯᠭᠡ ᠶᠢᠨ ᠲᠤᠰᠠᠯᠠᠮᠵᠢ︾᠄ ᠦᠪᠦᠷ ᠮᠤᠩᠭᠤᠯ ᠤᠨ ᠪᠠᠭᠰᠢ ᠶᠢᠨ ᠳᠡᠭᠡᠳᠦ ᠰᠤᠷᠭᠠᠭᠤᠯᠢ | ᠶᠢᠨ ᠪᠠ᠊ · ᠳᠠᠮᠳᠢᠨ ᠨᠠᠶᠢᠷᠠᠭᠤᠯᠵᠤ᠂ 1963 ᠤᠨ ᠳᠤ ︽ᠦᠪᠦᠷ ᠮᠤᠩᠭᠤᠯ ᠤᠨ ᠪᠠᠭᠰᠢ ᠶᠢᠨ ᠳᠡᠭᠡᠳᠦ | ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ︾ ︵ᠮᠤᠩᠭᠤᠯ ᠬᠡᠯᠡ ᠤᠳᠬ᠎ᠠ ᠵᠤᠬᠢᠶᠠᠯ ᠤᠨ ᠳᠤᠰᠬᠠᠢ ᠬᠡᠪᠯᠡᠯ | ︶ ᠤᠨ ᠨᠢᠭᠡᠳᠤᠭᠡᠷ ᠬᠤᠭᠤᠴᠠᠭᠠᠨ ᠳᠤ ᠨᠠᠶᠢᠲᠡᠯᠡᠵᠠᠢ᠃ ᠲᠤᠰ ᠲᠤᠯᠢ ᠨᠢ ᠲᠠᠪᠤᠨ ᠮᠢᠩᠭ᠎ᠠ ᠭᠠᠷᠦᠢ ᠪᠠᠶᠢᠩᠭᠤ | ᠬᠡᠷᠡᠭᠯᠡᠳᠡᠭ ᠦᠭᠡ ᠶᠢ ᠰᠤᠩᠭᠤᠨ ᠤᠷᠤᠭᠤᠯᠵᠤ᠂ ᠢᠵᠠᠭᠤᠷ ᠦᠭᠡ︔ ᠲᠦᠷᠰᠦ ᠢᠯᠭᠠᠬᠤ ᠵᠠᠷᠴᠢᠮᠲᠤ ᠦᠭᠡᠰ︔ | ᠪᠢᠴᠢᠯᠭᠡ ᠢᠵᠢᠯ᠂ ᠤᠳᠬ᠎ᠠ᠂ ᠲᠠᠭᠤᠳᠠᠯᠭ᠎ᠠ ᠦᠭᠡᠷ᠎ᠡ ᠦᠭᠡ ᠨᠦᠭᠦᠳ ᠵᠡᠷᠭᠡ ᠭᠤᠷᠪᠠᠨ ᠭᠡᠰᠡᠭ ᠠᠴᠠ | ᠪᠦᠷᠢᠯᠳᠦᠭᠰᠠᠨ ᠪᠦᠭᠡᠳ ᠪᠠᠰᠠ ᠬᠤᠪᠢᠯᠤᠭᠴᠢ ᠦᠰᠦᠭ ᠢᠶᠠᠷ ᠤᠶᠢᠯᠡ ᠦᠭᠡ ᠨᠦᠭᠦᠳ ᠪᠠ ᠦᠭᠡ ᠪᠦᠲᠦᠭᠡᠬᠦ᠂ | ᠬᠤᠪᠢᠯᠭᠠᠬᠤ ᠳᠠᠭᠠᠪᠤᠷᠢ ᠨᠤᠭᠤᠳ ᠢ ᠵᠢᠭᠰᠠᠭᠠᠨ ᠳᠠᠭᠠᠯᠳᠤᠭᠤᠯᠤᠭᠰᠠᠨ ᠪᠠᠶᠢᠨ᠎ᠠ᠃ ᠡᠭᠦᠨ ᠢ ᠲᠤᠰᠬᠠᠢ ᠲᠡᠪᠲᠡᠷ | ᠪᠤᠯᠭᠠᠨ ᠲᠤᠲᠤᠭᠠᠳᠤ ᠳᠠᠭᠠᠨ ᠲᠠᠷᠬᠠᠭᠠᠭᠰᠠᠨ ᠨᠢ ᠪᠠᠰᠠ ᠪᠤᠢ᠃ ᠢᠵᠠᠭᠤᠷ ᠦᠭᠡ ᠨᠦᠭᠦᠳ ᠤᠨ ᠵᠦᠪ ᠪᠢᠴᠢᠯᠭᠡ᠂ | ᠢᠯᠠᠩᠭᠤᠶ᠎ᠠ ᠲᠦᠷᠰᠦ ᠢᠯᠭᠠᠬᠤ ᠵᠠᠷᠴᠢᠮᠲᠤ ᠦᠭᠡᠰ ᠢ ᠪᠢᠴᠢᠭᠰᠡᠨ ᠨᠢ ᠨᠡᠯᠢᠶᠠᠳ ᠤᠨᠤᠪᠴᠢᠲᠠᠢ᠂ ᠶᠡᠭᠡ | ᠠᠪᠰᠠᠭᠠᠷᠬᠠᠨ ᠬᠢᠭᠰᠡᠨ ᠲᠤᠯᠢ ᠪᠤᠯᠤᠭᠰᠠᠨ ᠪᠦᠭᠡᠳ ᠤᠯᠠᠨ ᠲᠤᠭ᠎ᠠ ᠪᠠᠷ ᠦᠷᠡᠵᠢᠭᠦᠯᠦᠨ ᠬᠡᠪᠯᠡᠵᠤ ᠨᠡᠶᠢᠬᠡᠮ ᠨᠡᠶᠢᠲᠡ | ᠶᠢᠨ ᠬᠦᠷᠲᠡᠭᠡᠯ ᠪᠤᠯᠭᠠᠵᠤ ᠪᠤᠯᠬᠤᠶᠢᠴᠠ ᠵᠦᠭᠡᠷ ᠲᠤᠯᠢ ᠭᠡᠵᠦ ᠪᠤᠯᠤᠨ᠎ᠠ᠃ | ᠳᠦᠷᠪᠡ᠂ ᠵᠦᠢᠯ ᠬᠤᠪᠢᠶᠠᠵᠤ ᠦᠰᠦᠭ ᠬᠠᠪᠰᠤᠷᠤᠭᠰᠠᠨ ᠲᠤᠯᠢ | ᠵᠦᠢᠯ ᠬᠤᠪᠢᠶᠠᠵᠤ ᠦᠰᠦᠭ ᠬᠠᠪᠰᠤᠷᠤᠭᠰᠠᠨ ᠲᠤᠯᠢ ᠪᠤᠯ ᠦᠨᠡᠨ ᠳᠡᠭᠡᠨ ᠨᠢᠭᠡ ᠶᠤᠰᠤᠨ ᠤ ᠤᠷᠴᠢᠭᠤᠯᠭ᠎ᠠ | ᠶᠢᠨ ᠲᠤᠯᠢ ᠶᠤᠮ᠃ ᠬᠤᠶᠠᠷ᠂ ᠭᠤᠷᠪᠠ᠂ ᠳᠦᠷᠪᠡ᠂ ᠴᠢᠨᠠᠭᠰᠢᠯᠠᠪᠠᠯ ᠲᠠᠪᠤᠨ ᠬᠡᠯᠡ ᠬᠠᠪᠰᠤᠷᠤᠭᠰᠠᠨ ᠬᠦᠷᠲᠡᠯ᠎ᠡ | ᠪᠦᠷ ᠪᠠᠶᠢᠳᠠᠭ᠃ | 51. ︽ᠬᠠᠭᠠᠨ ᠤ ᠪᠢᠴᠢᠭᠰᠡᠨ ᠮᠠᠨᠵᠤ ᠮᠤᠩᠭᠤᠯ ᠬᠢᠲᠠᠳ ᠦᠰᠦᠭ ᠭᠤᠷᠪᠠᠨ ᠵᠦᠢᠯ ᠤᠨ ᠠᠶᠠᠯᠭᠤ | ᠨᠡᠶᠢᠯᠡᠭᠰᠠᠨ ᠲᠤᠯᠢ ᠪᠢᠴᠢᠭ︾᠄ ᠲᠡᠭᠷᠢ ᠲᠡᠳᠭᠦᠭᠴᠢ ᠶᠢᠨ ᠲᠦᠴᠢᠨ ᠳᠦᠷᠪᠡᠳᠦᠭᠡᠷ ᠣᠨ ᠳᠤ ᠨᠠᠶᠢᠷᠠᠭᠤᠯᠵᠤ | ᠳᠠᠭᠤᠰᠴᠢ᠃ 31 ᠲᠡᠪᠲᠡᠷ 285 ᠵᠦᠢᠯ ᠲᠠᠢ ᠪᠦᠭᠡᠳ ᠲᠦᠮᠡ ᠭᠤᠷᠪᠠᠨ ᠮᠢᠩᠭ᠎ᠠ ᠤᠷᠴᠢᠮ ᠦᠭᠡᠰ ᠢ | ᠪᠠᠭᠲᠠᠭᠠᠭᠰᠠᠨ ᠪᠠᠶᠢᠨ᠎ᠠ᠃ | 52. ︽ᠬᠠᠭᠠᠨ ᠤ ᠪᠢᠴᠢᠭᠰᠡᠨ ᠳᠦᠷᠪᠡᠨ ᠵᠦᠢᠯ ᠤᠨ ᠦᠰᠦᠭ ᠬᠠᠪᠰᠤᠷᠤᠭᠰᠠᠨ ᠮᠠᠨᠵᠤ ᠦᠭᠡᠨ ᠤ ᠲᠤᠯᠢ | ᠪᠢᠴᠢᠭ︾᠄ 1779 ᠤᠨ ᠤ ᠤᠷᠴᠢᠮ ᠵᠤᠬᠢᠶᠠᠭᠳᠠᠭᠰᠠᠨ ᠪᠤᠯᠤᠯᠲᠠᠢ᠃ ᠡᠨᠡ ᠪᠤᠯ ᠮᠠᠨᠵᠤ᠂ ᠮᠤᠩᠭᠤᠯ᠂ | ᠲᠦᠪᠡᠳ᠂ ᠬᠢᠲᠠᠳ ᠳᠦᠷᠪᠠᠨ ᠵᠦᠢᠯ ᠤᠨ ᠦᠰᠦᠭ ᠤᠨ ᠲᠤᠯᠢ᠂ ᠨᠠᠶᠢᠲᠡ 34 ᠲᠡᠪᠲᠡᠷ᠂ 318 ᠵᠦᠢᠯ ᠲᠠᠢ | ᠪᠦᠭᠡᠳ ᠲᠦᠮᠡ ᠨᠠᠢᠮᠠᠨ ᠮᠢᠩᠭ᠎ᠠ ᠰᠢᠬᠠᠮ ᠦᠭᠡ ᠲᠠᠢ᠃ | 53. ︽ᠲᠠᠪᠤᠨ ᠵᠦᠢᠯ ᠤᠨ ᠦᠰᠦᠭ ᠢᠶᠠᠷ ᠬᠠᠪᠰᠤᠷᠤᠭᠰᠠᠨ ᠮᠠᠨᠵᠤ ᠦᠭᠡᠨ ᠤ ᠲᠤᠯᠢ ᠪᠢᠴᠢᠭ︾᠄ ᠲᠡᠭᠷᠢ | ᠲᠡᠳᠭᠦᠭᠴᠢ ᠶᠢᠨ ᠦᠶ᠎ᠡ ᠳᠤ ᠵᠤᠬᠢᠶᠠᠭᠳᠠᠭᠠᠳ ᠭᠠᠷ ᠪᠢᠴᠢᠮᠡᠯ ᠢᠶᠠᠷ ᠪᠡᠭᠡᠵᠢᠩ ᠤᠨ ᠨᠢᠭᠡᠨ ᠨᠤᠮ ᠤᠨ ᠰᠠᠩ ᠳᠤ | ᠬᠠᠳᠠᠭᠠᠯᠠᠭᠳᠠᠵᠤ ᠪᠠᠶᠢᠭᠰᠠᠨ ᠢ 1957 ᠣᠨ ᠳᠤ ᠲᠦᠪ ᠤᠨ ᠦᠨᠳᠦᠰᠦᠲᠡᠨ ᠤ ᠬᠡᠪᠯᠡᠯ ᠤᠨ ᠬᠤᠷᠢᠶᠠᠨ ᠠᠴᠠ | ᠭᠡᠷᠡᠯ ᠵᠢᠷᠤᠭ ᠢᠶᠠᠷ ᠬᠡᠪᠯᠡᠵᠠᠢ᠃ ᠮᠠᠨᠵᠤ — ᠲᠦᠪᠡᠳ — ᠮᠤᠩᠭᠤᠯ — ᠤᠶᠢᠭᠤᠷ — ᠬᠢᠲᠠᠳ ᠲᠠᠪᠤᠨ | ᠵᠦᠢᠯ ᠤᠨ ᠦᠰᠦᠭ ᠬᠠᠪᠰᠤᠷᠤᠭᠰᠠᠨ ᠨᠠᠶᠢᠲᠡ ᠭᠤᠷᠪᠠᠨ ᠲᠤᠮᠤ ᠪᠤᠲᠢ ᠲᠤᠯᠢ᠃ ᠲᠦᠪᠡᠳ ᠦᠰᠦᠭ ᠢ ᠮᠠᠨᠵᠤ | ᠦᠰᠦᠭ ᠢᠶᠠᠷ ᠦᠰᠦᠭᠯᠠᠨ ᠭᠠᠯᠢᠭᠴᠢᠯᠠᠭᠠᠳ᠂ ᠮᠦᠨ ᠮᠠᠨᠵᠤ ᠦᠰᠦᠭ ᠢᠶᠠᠷ ᠲᠠᠭᠤᠳᠠᠯᠭ᠎ᠠ ᠶᠢ ᠪᠠᠭᠤᠯᠭᠠᠨ | ᠭᠠᠯᠢᠭᠴᠢᠯᠠᠭᠰᠠᠨ ᠪᠠ ᠤᠶᠢᠭᠤᠷ ᠦᠭᠡ ᠶᠢ ᠪᠠᠰᠠ ᠮᠠᠨᠵᠤ ᠦᠰᠦᠭ ᠢᠶᠠᠷ ᠪᠠᠭᠤᠯᠭᠠᠨ ᠭᠠᠯᠢᠭᠴᠢᠯᠠᠭᠰᠠᠨ ᠪᠠᠶᠢᠨ᠎ᠠ᠃ | ᠡᠨᠡ ᠬᠦ ᠲᠤᠯᠢ ᠲᠤᠷᠠᠲᠤᠭᠰᠠᠨ ᠬᠡᠯᠡ ᠨᠦᠭᠦᠳ ᠤᠨ ᠬᠠᠷᠢᠴᠠᠭᠤᠯᠤᠭᠰᠠᠨ ᠰᠤᠳᠤᠯᠤᠯᠭ᠎ᠠ ᠬᠢᠬᠦ ᠬᠦᠮᠦᠨ᠂ ᠮᠥᠨ | ᠣᠷᠴᠢᠭᠤᠯᠭ᠎ᠠ ᠶᠢᠨ ᠠᠵᠢᠯ ᠬᠢᠬᠦ ᠬᠦᠮᠦᠨ ᠳᠤ ᠨᠡᠯᠢᠶᠠᠳ ᠰᠠᠶᠢᠨ ᠯᠠᠪᠯᠠᠯᠲᠠ ᠶᠢᠨ ᠨᠤᠮ ᠪᠤᠯᠵᠤ ᠦᠭᠭᠦᠨ᠎ᠡ᠃ | 54. ︽ᠮᠤᠩᠭᠤᠯ ᠤᠳᠬ᠎ᠠ ᠶᠢᠨ ᠵᠦᠢᠯ ᠬᠤᠪᠢᠶᠠᠭᠳᠠᠭᠰᠠᠨ ᠲᠤᠯᠢ ᠪᠢᠴᠢᠭ︾᠄ ᠡᠭᠦᠨ ᠢ ︽ᠲᠠᠪᠤᠨ ᠵᠦᠢᠯ | ᠤᠨ ᠦᠰᠦᠭ ᠢᠶᠠᠷ ᠬᠠᠪᠰᠤᠷᠤᠭᠰᠠᠨ ᠮᠠᠨᠵᠤ ᠦᠭᠡᠨ ᠤ ᠲᠤᠯᠢ ᠪᠢᠴᠢᠭ︾ ᠲᠤ ᠲᠤᠯᠭᠠᠭᠤᠷᠢᠯᠠᠵᠤ᠂ ᠲᠡᠮᠬᠡᠲᠦ | ᠨᠠᠶᠢᠷᠠᠭᠤᠯᠦᠨ 1926 ᠤᠨ ᠳᠤ ᠪᠡᠭᠡᠵᠢᠩ ᠤᠨ ᠮᠤᠩᠭᠤᠯ ᠪᠢᠴᠢᠭ ᠤᠨ ᠬᠤᠷᠢᠶᠠᠨ ᠠᠴᠠ ᠬᠡᠪᠯᠡᠨ ᠭᠠᠷᠭᠠᠵᠠᠢ᠃ | 1956 ᠤᠨ ᠳᠤ ᠲᠦᠪ ᠤᠨ ᠦᠨᠳᠦᠰᠦᠲᠠᠨ ᠤ ᠬᠡᠪᠯᠡᠯ ᠤᠨ ᠬᠤᠷᠢᠶᠠᠨ ᠠᠴᠠ ᠲᠠᠬᠢᠨ ᠬᠡᠪᠯᠡᠭᠰᠠᠨ ᠪᠠᠶᠢᠨ᠎ᠠ᠃ | 55. ︽ᠮᠠᠨᠵᠤ᠂ ᠮᠤᠩᠭᠤᠯ᠂ ᠬᠢᠲᠠᠳ ᠭᠤᠷᠪᠠᠨ ᠵᠦᠢᠯ ᠤᠨ ᠦᠭᠡ ᠬᠠᠲᠠᠮᠠᠯ ᠦᠵᠡᠬᠦᠢ ᠳᠤᠷ ᠬᠢᠯᠪᠠᠷ | ᠪᠤᠯᠭᠠᠭᠰᠠᠨ ᠪᠢᠴᠢᠭ︾᠄ ᠲᠡᠭᠷᠢ ᠲᠡᠳᠭᠦᠭᠴᠢ ᠶᠢᠨ ᠴᠠᠭᠠᠨ ᠬᠤᠯᠤᠭᠠᠨ᠎ᠠ ᠵᠢᠯ ︵1780 ᠤᠨ︶ ᠹᠦᠭᠢᠶᠦ᠋ᠨ | ᠭᠡᠳᠡᠭ ᠬᠦᠮᠦᠨ ᠵᠣᠬᠢᠶᠠᠪᠠ᠃ 12 ᠲᠡᠪᠲᠡᠷ᠂ ᠲᠦᠮᠡ ᠬᠤᠶᠠᠷ ᠮᠢᠩᠭ᠎ᠠ ᠤᠷᠴᠢᠮ ᠦᠭᠡ ᠲᠠᠢ᠃ | ᠲᠠᠪᠤ᠂ ᠨᠤᠲᠤᠭ ᠤᠨ ᠠᠶᠠᠯᠭᠤᠨ ᠤ ᠲᠤᠯᠢ | 56. ︽ᠮᠤᠩᠭᠤᠯ ᠲᠤᠤᠨ ︵ᠲᠤᠳᠤ︶ ᠦᠰᠦᠭ ᠢᠶᠠᠷ ᠨᠠᠶᠢᠯᠠᠯᠳᠦᠭᠦᠯᠦᠭᠰᠠᠨ ᠴᠤᠭᠯᠠᠯᠭᠠ︾᠄ ᠰᠠᠶᠢᠰᠢᠶᠠᠯᠲᠤ | ᠢᠷᠦᠭᠡᠯᠲᠦ ᠶᠢᠨ ᠤᠯᠠᠭᠴᠢᠨ ᠮᠤᠭᠠᠢ ᠵᠢᠯ ︵1797 ᠤᠨ︶ ᠹᠦᠭᠢᠶᠦ᠋ᠨ ᠨᠠᠶᠢᠷᠠᠭᠤᠯᠵᠠᠢ᠃ ᠤᠶᠢᠷᠠᠳ ᠮᠤᠩᠭᠤᠯ | ᠦᠭᠡ ᠲᠠᠢ ᠪᠦᠭᠡᠳ ᠦᠭᠡᠰ ᠢ ᠮᠤᠩᠭᠤᠯ ᠴᠠᠭᠠᠨ ᠲᠤᠯᠤᠭᠠᠢ ᠶᠢᠨ ᠲᠡᠰ ᠲᠠᠷᠠᠭ᠎ᠠ ᠪᠠᠷ ᠵᠢᠭᠰᠠᠭᠠᠭᠰᠠᠨ ᠪᠠᠶᠢᠨ᠎ᠠ᠃ | 57. ︽ᠤᠷᠳᠤᠰ ᠲᠤᠯᠢ︾᠄ 1941— 1944 ᠤᠨ ᠤ ᠬᠤᠭᠤᠷᠤᠨᠳᠤ ᠪᠡᠭᠡᠵᠢᠩ ᠳᠤ ᠬᠡᠪᠯᠡᠵᠠᠢ᠃ | ᠮᠤᠰᠲ᠋ᠧᠷᠲ ᠭᠡᠳᠡᠭ ᠬᠦᠮᠦᠨ ᠵᠤᠬᠢᠶᠠᠭᠰᠠᠨ ᠲᠤᠯᠠ ︽ᠮᠤᠰᠲ᠋ᠧᠷᠲ ᠤᠨ ᠲᠤᠯᠢ︾ ᠭᠡᠵᠤ ᠪᠠᠰᠠ ᠬᠡᠯᠡᠳᠡᠭ᠃ ᠨᠠᠶᠢᠲᠡ | ᠭᠤᠷᠪᠠᠨ ᠲᠡᠪᠲᠡᠷ ᠠᠴᠠ ᠡᠬᠢᠨ ᠤ ᠬᠤᠶᠠᠷ ᠨᠢ ᠲᠤᠯᠢ᠂ ᠭᠤᠷᠪᠠᠳᠤᠭᠠᠷ ᠨᠢ ᠮᠤᠰᠲ᠋ᠧᠷᠲ ᠤᠨ ᠦᠪᠡᠷ ᠤᠨ ᠰᠤᠳᠤᠯᠤᠯ | ᠪᠠ ᠹᠷᠠᠨᠼᠢ᠂ ᠮᠤᠩᠭᠤᠯ ᠵᠢᠭᠠᠯᠲᠠ ᠶᠢ ᠳᠠᠭᠠᠯᠳᠤᠭᠤᠯᠵᠠᠢ᠃ ᠲᠤᠯᠢ ᠲᠤᠰ ᠪᠡᠶ᠎ᠡ ᠨᠢ ᠡᠬᠢᠯᠡᠭᠡᠳ ᠣᠷᠳᠣᠰ ᠦᠭᠡ ᠶᠢ | ᠭᠠᠯᠢᠭ ᠢᠶᠠᠷ ᠲᠡᠮᠲᠡᠭᠯᠡᠵᠤ᠂ ᠲᠠᠷᠠᠭ᠎ᠠ ᠨᠢ ᠹᠷᠠᠨᠼᠢ ᠪᠠᠷ ᠤᠷᠴᠢᠭᠤᠯᠵᠤ᠂ ᠭᠤᠷᠪᠠᠳᠤᠭᠠᠷ ᠲᠤ ᠮᠤᠩᠭᠤᠯ ᠵᠢᠱᠢᠶ᠎ᠡ ᠲᠠᠢ | ᠂ ᠳᠦᠷᠪᠡᠳᠦᠭᠡᠷ ᠲᠤ ᠮᠤᠩᠭᠤᠯ ᠵᠢᠱᠢᠶ᠎ᠡ ᠶᠢ ᠹᠷᠠᠨᠼᠢ ᠪᠠᠷ ᠲᠠᠶᠢᠯᠵᠤ᠂ ᠲᠠᠪᠤᠳᠤᠭᠠᠷ ᠲᠤ ᠬᠡᠷᠪᠡ ᠵᠢᠭᠡᠯᠡᠭᠡ ᠦᠭᠡ ᠲᠠᠢ | ᠪᠤᠯ ᠭᠠᠷᠤᠯ ᠢ ᠨᠢ ᠪᠢᠴᠢᠵᠦ᠂ ᠵᠢᠷᠭᠤᠳᠤᠭᠠᠷ ᠲᠤ ᠣᠷᠳᠣᠰ ᠦᠭᠡ ᠶᠢ ᠨᠢ ᠪᠢᠴᠢᠭ ᠤᠨ ᠬᠡᠯᠡᠨ ᠤ ᠦᠭᠡ ᠲᠠᠢ | ᠬᠠᠷᠢᠴᠠᠭᠤᠯᠤᠭᠠᠳ ᠬᠠᠮᠤᠭ ᠤᠨ ᠰᠡᠭᠦᠯ ᠳᠤᠨᠢ ᠦᠭᠡᠰ ᠤᠨ ᠬᠡᠯᠬᠢᠶᠡᠰᠦ ᠶᠢ ᠬᠠᠪᠰᠤᠷᠭᠠᠭᠰᠠᠨ ᠪᠠᠶᠢᠨ᠎ᠠ᠃ | ︽ᠣᠷᠳᠣᠰ ᠲᠤᠯᠢ︾ ᠨᠢ ᠨᠤᠲᠤᠭ ᠤᠨ ᠠᠶᠠᠯᠭᠤᠨ ᠤ ᠲᠤᠯᠢ ᠬᠡᠭᠳᠡᠭᠦ ᠶᠢᠨ ᠬᠤᠪᠢ ᠳᠤ ᠨᠡᠯᠢᠶᠠᠳ ᠠᠰᠢᠭ | ᠲᠠᠢ ᠵᠦᠢᠯ ᠢ ᠬᠦᠮᠦᠰ ᠲᠤ ᠤᠯᠭᠤᠵᠤ ᠦᠭᠬᠦ ᠲᠤᠯᠠ ᠯᠠᠪᠯᠠᠯᠲᠠ ᠶᠢᠨ ᠴᠢᠨᠠᠷ ᠢᠶᠠᠷ ᠵᠦᠭᠡᠷ ᠰᠠᠶᠢᠨ ᠲᠤᠯᠢᠨ ᠤ | ᠲᠤᠭᠠᠨ ᠳᠤ ᠤᠷᠤᠨ᠎ᠠ᠃ | ᠮᠤᠩᠭᠤᠯ ᠬᠡᠯᠡᠨ ᠤ ᠲᠤᠯᠢ ᠪᠢᠴᠢᠭ ᠤᠨ ᠪᠦᠬᠦ ᠲᠡᠦᠬᠡᠨ ᠶᠠᠪᠤᠴᠠ ᠳᠠᠬᠢ ᠲᠤᠶᠢᠮᠤ ᠶᠢ ᠲᠤᠪᠴᠢ ᠪᠠᠷ | ᠦᠭᠦᠯᠡᠪᠡᠯ ᠡᠶᠢᠮᠦ ᠪᠠᠶᠢᠨ᠎ᠠ᠃ | 1975 ᠤᠨ | |