︽ᠡᠯᠧᠺᠲᠷᠣᠨ ᠬᠤᠳᠠᠯᠳᠣᠭᠠᠨ ᠶᠠᠪᠣᠳᠠᠯ ᠢ ᠬᠦᠳᠡᠭᠡ ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ | ᠦᠵᠡᠭᠦᠯᠦᠯᠲᠡ ᠶᠢᠨ ᠬᠡᠷᠡᠭᠵᠢᠭᠦᠯᠬᠦ ᠲᠦᠰᠦᠯ︾ ᠢ ᠳᠠᠷᠣᠮᠠᠯᠯᠠᠨ ᠲᠠᠷᠬᠠᠭᠠᠬᠤ ᠲᠣᠬᠠᠢ ᠣᠲᠤᠭ ᠤᠨ ᠡᠮᠦᠨᠡᠲᠦ | ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠮᠡᠳᠡᠭᠳᠡᠯ | | | ᠱᠠᠩᠬᠠᠢ ᠶᠢᠨ ᠰᠦᠮ᠎ᠡ ᠠᠵᠣ ᠠᠬᠤᠢ ᠶᠢᠨ ᠨᠡᠭᠡᠭᠡᠯᠲᠡ ᠶᠢᠨ ᠣᠷᠣᠨ ᠤ ᠬᠠᠮᠢᠶᠠᠷᠣᠯᠲᠠ ᠶᠢᠨ ᠵᠦᠪᠯᠡᠯ᠂ ᠡᠯ᠎ᠡ | ᠪᠠᠯᠭᠠᠰᠣᠨ ᠤ ᠠᠷᠠᠳ ᠤᠨ ᠵᠠᠰᠠᠭ ᠤᠨ ᠣᠷᠳᠣᠨ᠂ ᠬᠤᠰᠢᠭᠤ ᠡᠯ᠎ᠡ ᠰᠢᠭᠤᠳ ᠬᠠᠷᠢᠶ᠎ᠠ ᠰᠠᠯᠠᠭ᠎ᠠ ᠮᠦᠴᠢᠷ ᠲᠤ᠄ | ᠡᠳᠦᠭᠡ ︽ᠣᠲᠤᠭ ᠤᠨ ᠡᠮᠦᠨᠡᠲᠦ ᠬᠤᠰᠢᠭᠤᠨ ᠤ ᠡᠯᠧᠺᠲᠷᠣᠨ ᠬᠤᠳᠠᠯᠳᠣᠭᠠᠨ ᠤ ᠶᠠᠪᠣᠳᠠᠯ ᠢ ᠬᠦᠳᠡᠭᠡ | ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠭᠦᠯᠦᠯᠲᠡ ᠶᠢᠨ ᠬᠡᠷᠡᠭᠵᠢᠭᠦᠯᠬᠦ ᠲᠦᠰᠦᠯ︾ ᠢ | ᠳᠠᠷᠣᠮᠠᠯᠯᠠᠨ ᠲᠠᠷᠬᠠᠭᠠᠪᠠ᠂ ᠪᠣᠳᠠᠲᠣ ᠪᠠᠶᠢᠳᠠᠯ ᠲᠠᠢ ᠪᠠᠨ ᠤᠶᠠᠯᠳᠣᠭᠤᠯᠣᠨ ᠰᠠᠶᠢᠲᠣᠷ ᠠᠳᠬᠤᠵᠣ ᠬᠢᠨᠠᠮᠠᠭᠠᠢ | ᠨᠠᠶᠢᠲᠠᠪᠣᠷᠢᠵᠢᠭᠤᠯᠲᠣᠭᠠᠢ᠃ | | ᠣᠲᠤᠭ ᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ | 2020 ᠣᠨ ᠤ 5 ᠰᠠᠷ᠎ᠠ ᠶᠢᠨ 25 ᠤ ᠡᠳᠦᠷ | | ᠣᠲᠤᠭ ᠤᠨ ᠡᠮᠦᠨᠡᠲᠦ ᠬᠤᠰᠢᠭᠤᠨ ᠤ ᠡᠯᠧᠺᠲᠷᠣᠨ ᠬᠤᠳᠠᠯᠳᠣᠭᠠᠨ ᠤ ᠶᠠᠪᠣᠳᠠᠯ ᠢ ᠬᠦᠳᠡᠭᠡ ᠲᠣᠰᠬᠤᠨ ᠳᠤ | ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠭᠦᠯᠦᠯᠲᠡ ᠶᠢᠨ ᠬᠡᠷᠡᠭᠵᠢᠭᠦᠯᠬᠦ ᠲᠦᠰᠦᠯ | | | ᠮᠠᠨ ᠤ ᠬᠤᠰᠢᠭᠤᠨ ᠤ ᠬᠦᠳᠡᠭᠡ ᠲᠣᠰᠬᠤᠨ ᠤ ᠡᠯᠧᠺᠲᠷᠣᠨ ᠬᠤᠳᠠᠯᠳᠣᠭᠠᠨ ᠤ ᠶᠠᠪᠣᠳᠠᠯ ᠤᠨ ᠬᠦᠭᠵᠢᠯᠲᠡ ᠶᠢᠨ | ᠳᠠᠯᠳᠠ ᠬᠦᠴᠦᠨ ᠢ ᠭᠦᠨᠵᠡᠭᠡᠢ ᠠᠭᠤᠲᠠᠯᠵᠣ᠂ ᠬᠦᠳᠡᠭᠡ ᠲᠣᠰᠬᠤᠨ ᠤ ᠣᠳᠣ ᠦᠶ᠎ᠡ ᠶᠢᠨ ᠬᠦᠢᠯᠭᠡᠭᠡᠨ ᠤ | ᠰᠢᠰᠲ᠋ᠧᠮ ᠢ ᠪᠠᠶᠢᠭᠤᠯᠣᠨ᠂ ᠡᠯᠧᠺᠲᠷᠣᠨ ᠬᠤᠳᠠᠯᠳᠣᠭᠠᠨ ᠤ ᠶᠠᠪᠣᠳᠠᠯ ᠢ ᠬᠦᠳᠡᠭᠡ ᠲᠣᠰᠬᠤᠨ ᠳᠤ ᠤᠷᠤᠭᠤᠯᠬᠤ | ᠶᠡᠷᠦᠩᠬᠡᠶᠢᠯᠡᠭᠰᠡᠨ ᠵᠢᠱᠢᠶ᠎ᠡ ᠦᠵᠡᠭᠦᠯᠦᠯᠲᠡ ᠶᠢᠨ ︽ᠲᠠᠰ ᠲᠠᠪᠰᠢᠭᠰᠠᠨ ᠬᠡᠪ︾ ᠢ ᠪᠦᠷᠢᠯᠳᠦᠭᠦᠯᠬᠦ ᠶᠢᠨ ᠲᠤᠰᠠᠲᠠ᠂ | ︽2020 ᠣᠨ ᠤ ᠡᠯᠧᠺᠲᠷᠣᠨ ᠬᠤᠳᠠᠯᠳᠣᠭᠠᠨ ᠤ ᠶᠠᠪᠣᠳᠠᠯ ᠢ ᠬᠦᠳᠡᠭᠡ ᠲᠣᠰᠬᠤᠨ ᠳᠤ ᠤᠷᠤᠭᠤᠯᠬᠤ | ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠢ ᠰᠠᠶᠢᠲᠣᠷ ᠬᠢᠬᠦ ᠲᠣᠬᠠᠢ ᠡᠳ᠋ ᠤᠨ ᠵᠠᠰᠠᠭ ᠤᠨ ᠶᠠᠮᠤᠨ ᠤ ᠠᠯᠪᠠᠨ | ᠲᠢᠩᠬᠢᠮ᠂ ᠬᠤᠳᠠᠯᠳᠣᠭᠠᠨ ᠤ ᠶᠠᠪᠣᠳᠠᠯ ᠤᠨ ᠶᠠᠮᠤᠨ ᠤ ᠠᠯᠪᠠᠨ ᠲᠢᠩᠬᠢᠮ᠂ ᠲᠦᠷᠦ ᠶᠢᠨ ᠶᠠᠪᠣᠳᠠᠯ ᠤᠨ ᠬᠤᠷᠢᠶᠠᠨ ᠤ | ᠶᠠᠳᠠᠭᠤ ᠶᠢ ᠳᠡᠳᠭᠦᠬᠦ ᠠᠯᠪᠡᠨ ᠭᠡᠷ ᠤᠨ ᠶᠡᠷᠦᠩᠬᠡᠶᠢᠯᠡᠭᠰᠡᠨ ᠵᠣᠷᠭᠠᠨ ᠤ ᠮᠡᠳᠡᠭᠳᠡᠯ︾ ᠤᠨ ᠵᠣᠷᠢᠭ ᠰᠠᠨᠠᠭ᠎ᠠ ᠪᠠ | ᠱᠠᠭᠠᠷᠳᠠᠯᠭ᠎ᠠ ᠶᠢ ᠦᠨᠳᠦᠰᠦᠯᠡᠵᠦ᠂ ᠮᠠᠨ ᠤ ᠬᠤᠰᠢᠭᠤᠨ ᠤ ᠭᠦᠭᠵᠢᠯᠲᠡ ᠶᠢᠨ ᠪᠣᠳᠠᠲᠣ ᠪᠠᠶᠢᠳᠠᠯ ᠲᠠᠢ | ᠣᠶᠠᠯᠳᠣᠭᠤᠯᠵᠣ᠂ ᠲᠣᠰ ᠬᠡᠷᠡᠭᠵᠢᠭᠦᠯᠬᠦ ᠲᠦᠰᠦᠯ ᠢ ᠲᠣᠭᠲᠠᠭᠠᠪᠠ᠃ | ᠨᠢᠭᠡ᠂ ᠶᠡᠷᠦᠩᠬᠡᠢ ᠰᠡᠳᠬᠢᠴᠡ ᠪᠠ ᠭᠦᠭᠵᠢᠯᠲᠡ ᠶᠢᠨ ᠬᠠᠷᠠᠯᠲᠠ | ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠣᠮᠳᠠᠳᠣ ᠣᠯᠣᠰ ᠤᠨ ᠣᠨᠴᠠᠯᠢᠭᠲᠣ ᠨᠡᠶᠢᠬᠡᠮ ᠵᠢᠷᠣᠮ ᠤᠨ | ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠵᠣ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠠ ᠠᠷᠪᠠ | ᠶᠢᠰᠦᠳᠦᠭᠡᠷ ᠬᠤᠭᠤᠴᠠᠭᠠᠨ ᠤ ᠲᠦᠪ ᠬᠤᠷᠢᠶᠠᠨ ᠤ ᠭᠤᠷᠪᠠᠳᠣᠭᠠᠷ᠂ ᠳᠦᠷᠪᠡᠳᠦᠭᠡᠷ ᠪᠦᠭᠦᠳᠠ ᠬᠤᠷᠠᠯ ᠤᠨ ᠵᠣᠷᠢᠭ | ᠰᠠᠨᠠᠭ᠎ᠠ ᠶᠢ ᠪᠦᠬᠦ ᠲᠠᠯ᠎ᠠ ᠪᠠᠷ ᠲᠣᠣᠱᠯᠠᠭᠤᠯᠣᠨ ᠨᠠᠶᠢᠲᠠᠪᠣᠷᠢᠵᠢᠭᠤᠯᠵᠣ᠂ ᠡᠯᠧᠺᠲᠷᠣᠨ ᠬᠤᠳᠠᠯᠳᠣᠭᠠᠨ ᠤ ᠶᠠᠪᠣᠳᠠᠯ ᠢ | ᠬᠦᠳᠡᠭᠡ ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠢᠶᠠᠷ ᠠᠴᠢᠶᠠᠯᠠᠭᠴᠢ ᠪᠣᠯᠭᠠᠨ᠂ | ᠨᠠᠷᠢᠯᠢᠭ ᠣᠨᠣᠴᠠᠲᠠᠢ ᠪᠠᠷ ᠶᠠᠳᠠᠭᠤ ᠶᠢ ᠳᠡᠳᠭᠦᠭᠦ ᠪᠠ ᠬᠦᠳᠡᠭᠡ ᠲᠣᠰᠬᠤᠨ ᠢ ᠭᠦᠭᠵᠢᠭᠦᠯᠦᠨ ᠮᠠᠨᠳᠣᠭᠤᠯᠬᠤ | ᠪᠠᠶᠢᠯᠳᠣᠬᠤ ᠪᠣᠳᠣᠯᠭ᠎ᠠ ᠳᠤ ᠠᠩᠬᠠᠷᠣᠯ ᠢᠶᠠᠨ ᠲᠦᠪᠯᠡᠷᠡᠭᠦᠯᠵᠦ᠂ ᠠᠮᠢ ᠠᠬᠤᠶᠢᠴᠢ ᠡᠷᠡᠭᠦᠯ ᠪᠦᠷᠢᠨ ᠬᠦᠳᠡᠭᠡ | ᠲᠣᠰᠬᠤᠨ ᠤ ᠡᠯᠧᠺᠲᠷᠣᠨ ᠬᠤᠳᠠᠯᠳᠣᠭᠠᠨ ᠤ ᠶᠠᠪᠣᠳᠠᠯ ᠤᠨ ᠠᠵᠣ ᠦᠢᠯᠡᠰ ᠤᠨ ᠬᠡᠯᠬᠢᠶᠡᠵᠢᠯ ᠢ ᠪᠠᠶᠢᠭᠤᠯᠵᠣ | ᠲᠡᠭᠦᠯᠳᠡᠷᠵᠢᠭᠦᠯᠦᠨ᠂ ᠮᠠᠯ ᠲᠠᠷᠢᠶᠠᠯᠠᠩ ᠤᠨ ᠪᠦᠲᠦᠭᠡᠭᠳᠡᠭᠦᠨ ᠤ ᠭᠠᠳᠠᠭᠰᠢ ᠪᠣᠷᠣᠯᠠᠭᠤᠯᠣᠯᠲᠠ᠂ ᠡᠯᠧᠺᠲᠷᠣᠨ | ᠬᠤᠳᠠᠯᠳᠣᠭᠠᠨ ᠤ ᠶᠠᠪᠣᠳᠠᠯ ᠤᠨ ᠨᠠᠶᠢᠲᠡ ᠶᠢᠨ ᠦᠢᠯᠡᠴᠢᠯᠡᠭᠡ᠂ ᠢᠵᠢ ᠪᠦᠷᠢᠨᠳᠦᠭᠦᠯᠦᠭᠰᠡᠨ ᠲᠣᠯᠭᠠᠭᠤᠷᠢᠯᠠᠯ᠂ | ᠡᠯᠧᠺᠲᠷᠣᠨ ᠬᠤᠳᠠᠯᠳᠣᠭᠠᠨ ᠤ ᠶᠠᠪᠣᠳᠠᠯ ᠢᠶᠠᠷ ᠶᠠᠳᠠᠭᠤ ᠶᠢ ᠳᠡᠳᠭᠦᠬᠦ ᠪᠠ ᠠᠵᠣ ᠦᠢᠯᠡᠰ ᠤᠨ ᠲᠦᠪᠯᠡᠷᠡᠯ ᠵᠡᠷᠭᠡ | ᠰᠢᠰᠲ᠋ᠧᠮ ᠢ ᠲᠦᠷᠭᠡᠪᠴᠢᠯᠡᠨ ᠪᠠᠶᠢᠭᠤᠯᠵᠣ᠂ ᠬᠦᠭᠵᠢᠯᠲᠡ ᠶᠢᠨ ᠳᠠᠯᠳᠠ ᠬᠦᠴᠦᠨ ᠢ ᠣᠯᠠᠮ ᠨᠢᠭᠡ ᠠᠯᠬᠤᠮ | ᠠᠭᠤᠲᠠᠯᠣᠨ᠂ ᠬᠦᠳᠡᠭᠡ ᠲᠣᠰᠬᠤᠨ ᠤ ᠡᠯᠧᠺᠲᠷᠣᠨ ᠬᠤᠳᠠᠯᠳᠣᠭᠠᠨ ᠤ ᠶᠠᠪᠤᠳᠠᠯ ᠤᠨ ᠭᠦᠭᠵᠢᠯᠲᠡ ᠶᠢᠨ ᠰᠢᠨ᠎ᠡ | ᠪᠠᠶᠢᠳᠠᠯ ᠢ ᠪᠦᠷᠢᠯᠳᠦᠭᠦᠯᠦᠨ᠎ᠡ᠃ | 2021 ᠣᠨ ᠤ ᠵᠢᠯ ᠤᠨ ᠡᠴᠦᠰ ᠪᠣᠯᠬᠤ ᠳᠤ᠂ ᠪᠦᠬᠦ ᠬᠤᠰᠢᠭᠤᠨ ᠤ ᠰᠦᠯᠵᠢᠶ᠎ᠡ ᠪᠠᠷ ᠪᠣᠷᠣᠯᠠᠭᠤᠯᠣᠭᠰᠠᠨ | ᠦᠷᠲᠡᠭ ᠢ 2 ᠳ᠋ᠦᠩᠰᠢᠭᠤᠷ ᠲᠦᠭᠦᠷᠢᠭ ᠲᠤ ᠬᠦᠷᠭᠡᠵᠦ᠂ ᠡᠭᠦᠨ ᠳᠤ᠂ ᠮᠠᠯ ᠲᠠᠷᠢᠶᠠᠯᠠᠩ ᠤᠨ ᠪᠦᠲᠦᠭᠡᠭᠳᠡᠭᠦᠨ ᠤ | ᠰᠦᠯᠵᠢᠶ᠎ᠡ ᠪᠠᠷ ᠪᠣᠷᠣᠯᠠᠭᠤᠯᠣᠭᠰᠠᠨ ᠦᠷᠲᠡᠭ ᠢ ᠳ᠋ᠦᠩᠰᠢᠭᠤᠷ ᠲᠦᠭᠦᠷᠢᠭ ᠠᠴᠠ ᠳᠠᠪᠠᠭᠤᠯᠣᠨ᠂ ᠰᠦᠯᠵᠢᠶ᠎ᠡ ᠪᠠᠷ | ᠪᠣᠷᠣᠯᠠᠭᠤᠯᠣᠭᠰᠠᠨ ᠦᠷᠲᠡᠭ 100 ᠲᠦᠮᠡᠨ ᠲᠦᠭᠦᠷᠢᠭ ᠢ ᠳᠠᠪᠠᠭᠰᠠᠨ ᠡᠯᠧᠺᠲᠷᠣᠨ ᠬᠤᠳᠠᠯᠳᠣᠭᠠᠨ ᠤ ᠲᠣᠰᠬᠠᠢ | ᠲᠣᠰᠬᠤᠨ ᠢ 3 ᠠᠴᠠ ᠳᠡᠭᠡᠭᠰᠢ ᠪᠣᠶᠢᠵᠢᠭᠤᠯᠵᠣ᠂ 1 ᠬᠤᠰᠢᠭᠤ ᠲᠡᠰ ᠤᠨ ᠡᠯᠧᠺᠲᠷᠣᠨ ᠬᠤᠳᠠᠯᠳᠣᠭᠠᠨ ᠤ | ᠨᠡᠶᠢᠲᠡ ᠶᠢᠨ ᠦᠢᠯᠡᠴᠢᠯᠡᠭᠡᠨ ᠤ ᠲᠦᠪ ᠢ ᠰᠢᠯᠢᠳᠡᠭᠵᠢᠭᠦᠯᠵᠦ ᠳᠡᠭᠡᠭᠰᠢᠯᠡᠭᠦᠯᠦᠨ᠂ ᠬᠦᠳᠡᠭᠡ ᠲᠣᠰᠬᠤᠨ ᠤ | ᠡᠯᠧᠺᠲᠷᠣᠨ ᠬᠤᠳᠠᠯᠳᠣᠭᠠᠨ ᠤ ᠦᠢᠯᠡᠴᠢᠯᠡᠭᠡᠨ ᠤ ᠦᠷᠲᠡᠭᠡ ᠶᠢ 23 ᠪᠠᠶᠢᠭᠤᠯᠵᠣ ᠲᠡᠰ ᠳᠡᠪᠰᠢᠭᠦᠯᠦᠨ᠂ ᠮᠠᠯ | ᠲᠠᠷᠢᠶᠠᠯᠠᠩ ᠤᠨ ᠪᠦᠲᠦᠭᠡᠭᠳᠡᠭᠦᠨ ᠤ ᠭᠠᠳᠠᠭᠰᠢ ᠪᠣᠷᠣᠯᠠᠭᠤᠯᠬᠤ ᠨᠣᠷᠮ᠎ᠠ ᠶᠢ ᠳᠡᠭᠡᠭᠰᠢᠯᠡᠭᠦᠯᠵᠦ᠂ ᠬᠦᠳᠡᠭᠡ | ᠲᠣᠰᠬᠤᠨ ᠤ ᠡᠯᠧᠺᠲᠷᠣᠨ ᠬᠤᠳᠠᠯᠳᠣᠭᠠᠨ ᠤ ᠠᠷᠠᠯᠵᠢᠶᠠᠯᠠᠭᠴᠢ ᠶᠢ 1000 ᠬᠦᠮᠦᠨ ᠣᠳᠠᠭ᠎ᠠ ᠰᠢᠨ᠎ᠡ ᠪᠠᠷ | ᠪᠣᠯᠪᠠᠰᠣᠷᠠᠭᠤᠯᠵᠣ᠂ ᠬᠦᠳᠡᠭᠡ ᠲᠣᠰᠬᠤᠨ ᠤ ᠪᠠᠷᠠᠭᠠᠨ ᠤ ᠬᠦᠢᠯᠭᠡᠭᠡ ᠶᠢᠨ ᠵᠤᠬᠢᠴᠠᠩᠭᠤᠢ ᠬᠦᠭᠵᠢᠯᠲᠡ ᠶᠢ | ᠠᠬᠢᠭᠤᠯᠣᠨ᠂ ᠡᠯᠧᠺᠲᠷᠣᠨ ᠬᠤᠳᠠᠯᠳᠣᠭᠠᠨ ᠤ ᠲᠦᠷᠭᠡᠨ ᠬᠦᠷᠭᠡᠯᠲᠡ ᠶᠢᠨ ᠪᠠᠷᠠᠭᠠᠨ ᠤ ᠬᠦᠢᠯᠭᠡᠭᠡ ᠶᠢᠨ ᠬᠡᠪᠴᠢᠶ᠎ᠡ ᠶᠢ | 1000 ᠲᠦᠮᠡᠨ ᠬᠤᠪᠢ ᠳᠤ ᠬᠦᠷᠭᠡᠵᠦ᠂ ᠬᠦᠳᠡᠭᠡ ᠲᠣᠰᠬᠤᠨ ᠤ ᠡᠯᠧᠺᠲᠷᠣᠨ ᠬᠤᠳᠠᠯᠳᠣᠭᠠᠨ ᠤ ᠢᠵᠢ | ᠪᠦᠷᠢᠳᠦᠭᠦᠯᠦᠭᠰᠡᠨ ᠲᠣᠯᠭᠠᠭᠤᠷᠢᠯᠠᠯ ᠤᠨ ᠰᠢᠰᠲ᠋ᠧᠮ ᠢ ᠨᠡᠩ ᠪᠦᠷᠢᠨᠰᠢᠭᠦᠯᠬᠦ ᠪᠠᠷ ᠬᠦᠴᠦᠯᠡᠨ᠎ᠡ᠃ | ᠬᠤᠶᠠᠷ᠂ ᠪᠦᠲᠦᠭᠡᠨ ᠪᠠᠶᠢᠭᠤᠯᠣᠯᠲᠠ ᠶᠢᠨ ᠠᠭᠤᠯᠭ᠎ᠠ | ︵ᠨᠢᠭᠡ︶ ᠬᠦᠳᠡᠭᠡ ᠲᠣᠰᠬᠤᠨ ᠤ ᠬᠦᠢᠯᠭᠡᠭᠡᠨ ᠤ ᠰᠠᠭᠤᠷᠢ ᠲᠦᠭᠦᠭᠡᠷᠦᠮᠵᠢ ᠶᠢᠨ ᠪᠠᠶᠢᠭᠤᠯᠣᠯᠲᠠ | 1. 650 ᠲᠦᠮᠡᠨ ᠲᠦᠭᠦᠷᠢᠭ ᠪᠡᠯᠡ ᠣᠷᠣᠭᠤᠯᠣᠨ᠂ ᠲᠣᠰ ᠭᠠᠵᠠᠷ ᠤᠨ ᠮᠠᠯ ᠲᠠᠷᠢᠶᠠᠯᠠᠩ ᠤᠨ ᠦᠢᠯᠡᠰ ᠤᠨ | 4 ᠲᠣᠯᠣᠭᠠᠶᠢᠯᠠᠭᠴᠢ ᠠᠵᠣ ᠠᠬᠤᠶᠢᠯᠠᠯ ᠤᠨ ᠬᠡᠯᠪᠡᠷᠢ ᠪᠠᠨ ᠬᠤᠪᠢᠷᠠᠭᠤᠯᠣᠨ ᠲᠠᠰ ᠳᠠᠪᠰᠢᠬᠤ ᠶᠢ ᠳᠡᠮᠵᠢᠬᠦ ᠪᠠᠷ | ᠲᠦᠯᠦᠪᠯᠡᠵᠦ᠂ ᠲᠣᠰ ᠭᠠᠵᠠᠷ ᠤᠨ ᠬᠡᠯᠬᠢᠶᠡᠵᠢᠭᠰᠡᠨ ᠦᠢᠯᠡᠴᠢᠯᠡᠭᠡ ᠪᠠ ᠡᠵᠡᠩᠨᠡᠨ ᠪᠣᠷᠣᠯᠠᠭᠤᠯᠬᠤ ᠰᠢᠰᠲ᠋ᠧᠮ ᠢ | ᠪᠠᠶᠢᠭᠤᠯᠣᠨ᠂ ᠰᠦᠯᠵᠢᠶᠡᠨ ᠳᠡᠭᠡᠷᠡᠬᠢ ᠬᠡᠲᠦ ᠳᠡᠯᠭᠡᠭᠦᠷ ᠨᠡᠭᠡᠭᠡᠬᠦ ᠪᠠᠷ ᠳᠠᠮᠵᠢᠭᠤᠯᠣᠨ᠂ ᠰᠦᠯᠵᠢᠶᠡᠨ ᠪᠣᠷᠣᠯᠠᠭᠤᠯᠭ᠎ᠠ | ᠪᠠᠤᠯᠠᠮᠵᠢᠯᠠᠯᠲᠤ ᠪᠣᠷᠣᠯᠠᠭᠤᠯᠭ᠎ᠠ ᠶᠢᠨ ᠠᠭᠤᠰᠣᠯᠴᠠᠯ ᠭᠦᠭᠵᠢᠯᠲᠡ ᠶᠢ ᠪᠠᠶᠠᠯᠠᠭᠦᠯᠵᠦ᠂ ᠬᠡᠷᠡᠭᠯᠡᠭᠴᠢᠳ ᠲᠤ ᠴᠢᠨᠠᠷᠯᠢᠭ᠂ | ᠬᠢᠮᠳᠠ᠂ ᠦᠢᠯᠡᠴᠢᠯᠡᠭᠡ ᠰᠠᠶᠢᠲᠠᠢ ᠳᠦᠭᠦᠮ ᠲᠦᠳᠡ ᠪᠠᠷᠠᠭ᠎ᠠ ᠠᠪᠬᠤ ᠪᠡᠶᠡᠴᠢ ᠣᠶᠢᠯᠠᠭᠠᠯᠲᠠ ᠬᠠᠩᠭᠠᠬᠤ ᠪᠠᠷ | ᠴᠢᠷᠮᠠᠶᠢᠨ᠎ᠠ᠃ | 2. 1100 ᠲᠦᠮᠡᠨ ᠲᠦᠭᠦᠷᠢᠭ ᠪᠡᠯᠡ ᠣᠷᠣᠭᠤᠯᠣᠨ᠂ ᠲᠣᠮᠣ ᠬᠡᠯᠪᠡᠷᠢ ᠶᠢᠨ ᠪᠠᠷᠠᠭᠠᠨ ᠤ ᠬᠦᠢᠯᠭᠡᠭᠡᠨ ᠤ | ᠲᠦᠪ ᠤᠨ ᠪᠣᠳᠠᠲᠠᠢ ᠳᠠᠭᠠᠭᠠᠴᠢᠯᠠᠨ ᠬᠦᠢᠴᠡᠳᠭᠡᠭᠴᠢ ᠠᠵᠣ ᠠᠬᠤᠶᠢᠯᠠᠯ ᠢ ᠳᠠᠮᠵᠢᠨ ᠪᠠᠷᠠᠭᠠᠨ ᠤ ᠬᠦᠢᠯᠭᠡᠭᠡ ᠶᠢᠨ ᠡᠬᠢ | ᠰᠣᠷᠪᠣᠯᠵᠢ ᠶᠢ ᠲᠠᠰᠣᠷᠠᠯᠲᠠ ᠦᠭᠡᠢ ᠨᠢᠭᠡᠳᠭᠡᠨ ᠴᠡᠭᠴᠡᠵᠢᠭᠦᠯᠬᠦ ᠪᠠᠷ ᠲᠦᠯᠦᠪᠯᠡᠵᠦ᠂ ᠬᠦᠳᠡᠭᠡ ᠲᠣᠰᠬᠤᠨ ᠤ | ᠪᠠᠷᠠᠭᠠᠨ ᠤ ᠭᠦᠢᠯᠭᠡᠭᠡ ᠶᠢᠨ ᠬᠦᠷᠭᠡᠯᠲᠡ ᠶᠢᠨ ᠰᠢᠰᠲ᠋ᠧᠮ ᠢ ᠰᠢᠯᠢᠳᠡᠭᠵᠢᠭᠦᠯᠦᠨ᠂ ᠲᠣᠬᠢᠷᠠᠭᠤᠯᠣᠨ ᠭᠦᠷᠭᠡᠯᠲᠡ ᠪᠠ ᠮᠠᠯ | ᠲᠠᠷᠢᠶᠠᠯᠠᠩ ᠤᠨ ᠪᠦᠲᠦᠭᠡᠭᠳᠡᠭᠦᠨ ᠤ ᠭᠠᠳᠠᠭᠰᠢ ᠪᠣᠷᠣᠯᠠᠭᠤᠯᠬᠤ ᠦᠢᠯᠡᠴᠢᠯᠡᠭᠡ ᠶᠢᠨ ︽ᠡᠴᠦᠰ ᠤᠨ ᠨᠢᠭᠡ ᠠᠯᠬᠤᠮ︾ | ᠤᠨ ᠠᠰᠠᠭᠤᠳᠠᠯ ᠢ ᠭᠤᠣᠯᠳᠠᠯᠭ᠎ᠠ ᠲᠠᠢ ᠰᠢᠢᠳᠪᠦᠷᠢᠯᠡᠨ᠎ᠡ᠃ | ︵1︶ ᠪᠠᠷᠠᠭᠠᠨ ᠤ ᠬᠦᠢᠯᠭᠡᠭᠡᠨ ᠤ ᠲᠦᠪ ᠢ ᠲᠠᠰ ᠲᠡᠪᠰᠢᠭᠦᠯᠦᠨ ᠦᠭᠡᠷᠡᠴᠢᠯᠡᠨ᠎ᠡ᠃ ᠬᠦᠳᠡᠭᠡ ᠲᠣᠰᠬᠤᠨ ᠤ | ᠡᠯᠧᠺᠲᠷᠣᠨ ᠬᠤᠳᠠᠯᠳᠣᠭᠠᠨ ᠤ ᠭᠦᠭᠵᠢᠯᠲᠡ ᠶᠢᠨ ᠱᠠᠭᠠᠷᠳᠠᠯᠭ᠎ᠠ ᠶᠢ ᠦᠨᠳᠦᠰᠦᠯᠡᠵᠦ᠂ ᠡᠳᠦᠭᠡ ᠪᠠᠶᠢᠭ᠎ᠠ ᠣᠯᠵᠠᠴᠢ | ᠪᠠᠯᠭᠠᠰᠣᠨ ᠤ ᠡᠯᠧᠺᠲᠷᠣᠨ ᠬᠤᠳᠠᠯᠳᠣᠭᠠᠨ ᠤ ᠢᠯᠡᠭᠡᠨ ᠬᠦᠷᠭᠡᠬᠦ ᠬᠦᠷᠢᠶᠡᠯᠡᠩ ᠳᠤ ᠲᠡᠰ ᠳᠡᠪᠰᠢᠭᠦᠯᠬᠦ | ᠦᠭᠡᠷᠡᠴᠢᠯᠡᠯᠲᠡ ᠬᠢᠵᠦ᠂ ᠪᠠᠷᠠᠭᠠᠨ ᠤ ᠬᠦᠢᠯᠭᠡᠭᠡ ᠶᠢᠨ ᠲᠦᠷᠭᠡᠨ ᠬᠦᠷᠭᠡᠯᠲᠡ ᠶᠢᠨ ᠬᠤᠪᠢᠶᠠᠨ ᠬᠦᠷᠭᠡᠬᠦ ᠲᠦᠪ ᠢ | ᠪᠠᠶᠢᠭᠤᠯᠣᠨ᠂ ᠲᠣᠨᠤᠭ ᠲᠦᠭᠦᠭᠡᠷᠦᠮᠵᠢ᠂ ᠪᠠᠷᠠᠭᠠᠨ ᠤ ᠬᠦᠢᠯᠭᠡᠭᠡ ᠵᠢᠴᠢ ᠬᠦᠷᠦᠭᠡᠨ ᠬᠦᠷᠭᠡᠬᠦ ᠲᠡᠷᠭᠡ ᠬᠤᠳᠠᠯᠳᠣᠨ | ᠠᠪᠬᠤ ᠨᠦᠬᠦᠪᠦᠷᠢ ᠮᠦᠩᠭᠦ᠂ ᠪᠠᠷᠠᠭᠠᠨ ᠤ ᠬᠦᠢᠯᠭᠡᠭᠡ ᠶᠢᠨ ᠲᠦᠪ ᠤᠨ ᠡᠷᠭᠢᠯᠲᠡ ᠰᠡᠯᠪᠢᠯᠲᠡ᠂ ᠣᠶᠣᠨᠴᠢᠯᠠᠭᠰᠠᠨ | ᠢᠯᠭᠠᠯᠲᠠ ᠶᠢᠨ ᠲᠦᠬᠦᠭᠡᠷᠦᠮᠵᠢ ᠵᠡᠷᠭᠡ ᠶᠢ ᠨᠡᠮᠡᠭᠳᠡᠬᠦᠯᠵᠦ᠂ ᠢᠯᠭᠠᠯᠲᠠ ᠶᠢᠨ ᠨᠣᠷᠮ᠎ᠠ ᠶᠢ ᠣᠯᠠᠮ ᠨᠢᠭᠡ ᠠᠯᠬᠤᠮ | ᠨᠡᠮᠡᠭᠳᠡᠭᠦᠯᠦᠨ᠎ᠡ᠃ | ︵2︶ ᠪᠠᠷᠠᠭᠠᠨ ᠤ ᠬᠦᠢᠯᠭᠡᠭᠡ ᠶᠢᠨ ᠰᠠᠭᠤᠷᠢ ᠪᠠᠶᠢᠭᠤᠯᠣᠯᠲᠠ ᠶᠢ ᠲᠡᠭᠦᠯᠳᠡᠷᠵᠢᠭᠦᠯᠦᠨ᠎ᠡ᠃ ᠳᠣᠣᠷ᠎ᠠ ᠳᠣᠯᠠᠭᠠᠨ᠂ | ᠪᠣᠯᠪᠠᠰᠣᠷᠠᠭᠤᠯᠬᠤ᠂ ᠬᠦᠮᠦᠷᠭᠡᠯᠡᠬᠦ᠂ ᠬᠦᠷᠭᠡᠯᠲᠡ ᠶᠢ ᠴᠤᠭᠴᠠᠵᠢᠭᠤᠯᠣᠨ ᠪᠠᠷᠢᠮᠵᠢᠶᠠᠵᠢᠭᠤᠯᠣᠭᠰᠠᠨ ᠭᠠᠷᠣᠯᠲᠠ ᠶᠢᠨ | ᠣᠷᠣᠨ ᠤ ᠣᠷᠢᠳᠴᠢᠯᠡᠨ ᠬᠦᠷᠦᠭᠡᠵᠦ ᠲᠦᠪᠯᠡᠷᠡᠭᠦᠯᠦᠨ ᠲᠠᠷᠬᠠᠭᠠᠬᠤ ᠲᠦᠪ ᠪᠠᠶᠢᠭᠤᠯᠬᠤ ᠶᠢ ᠳᠡᠮᠵᠢᠵᠦ᠂ ᠭᠠᠴᠠᠭ᠎ᠠ | ᠲᠤᠰᠬᠤᠨ ᠤ ᠲᠡᠰ ᠤᠨ ᠶᠡᠷᠦᠩᠬᠡᠶᠢᠯᠡᠭᠰᠡᠨ ᠦᠢᠯᠡᠴᠢᠯᠡᠭᠡᠨ ᠤ ᠴᠡᠭ ᠠᠴᠠ 20 ᠰᠢᠯᠢᠳᠡᠭ ᠢ ᠰᠣᠩᠭᠤᠨ ᠲᠣᠰ ᠪᠦᠷᠢ | ᠨᠢᠭᠡ ᠰᠠᠭᠤᠷᠢ 20 ᠺᠦᠸᠠᠲ ᠮᠧᠲᠷ ᠤᠨ ᠰᠣᠷᠭᠤᠭ ᠬᠠᠳᠠᠭᠠᠯᠠᠬᠤ ᠬᠦᠢᠲᠡᠨ ᠬᠦᠮᠦᠷᠭᠡ ᠶᠢ ᠢᠵᠢ ᠪᠦᠷᠢᠨᠳᠦᠭᠦᠯᠦᠨ | ᠪᠠᠶᠢᠭᠤᠯᠵᠣ᠂ ᠲᠣᠰ ᠭᠠᠵᠠᠷ ᠤᠨ ᠮᠠᠯ ᠲᠠᠷᠢᠶᠠᠯᠠᠩ ᠤᠨ ᠣᠨᠴᠠᠯᠢᠭᠲᠣ ᠪᠦᠲᠦᠭᠡᠭᠳᠡᠭᠦᠨ ᠢ ᠰᠣᠷᠭᠤᠭ ᠬᠠᠳᠠᠭᠠᠯᠠᠵᠣ | ᠣᠷᠢᠳᠴᠢᠯᠡᠨ ᠬᠦᠷᠦᠭᠡᠯᠲᠡ ᠬᠢᠨ᠎ᠡ᠃ | ︵3︶ ᠪᠠᠷᠠᠭᠠᠨ ᠤ ᠬᠦᠢᠯᠭᠡᠭᠡ ᠶᠢᠨ ᠦᠪᠡᠷ ᠤᠨ ᠦᠷᠲᠡᠭ ᠢ ᠪᠠᠭᠤᠷᠠᠭᠤᠯᠵᠣ ᠬᠤᠷᠳᠣᠴᠠ ᠶᠢ ᠨᠡᠮᠡᠭᠳᠡᠭᠦᠯᠦᠨ᠎ᠡ᠃ | ᠪᠠᠷᠠᠭᠠᠨ ᠤ ᠬᠦᠢᠯᠭᠡᠭᠡ ᠶᠢᠨ ᠬᠤᠰᠢᠭᠤ᠂ ᠪᠠᠯᠭᠠᠰᠣ᠂ ᠭᠠᠴᠠᠭ᠎ᠠ ᠲᠣᠰᠬᠤᠨ ᠭᠤᠷᠪᠠᠨ ᠱᠠᠲᠣᠨ ᠤ ᠬᠦᠷᠭᠡᠯᠲᠡ ᠶᠢᠨ | ᠰᠢᠰᠲ᠋ᠧᠮ ᠤᠨ ᠪᠠᠶᠢᠭᠤᠯᠣᠯᠲᠠ ᠶᠢᠨ ᠲᠦᠯᠦᠪᠵᠢᠭᠦᠯᠭᠡ ᠶᠢ ᠦᠨᠳᠦᠰᠦᠯᠡᠵᠦ᠂ ᠪᠠᠷᠠᠭᠠᠨ ᠤ ᠬᠦᠢᠯᠭᠡᠭᠡ ᠶᠢᠨ ᠲᠦᠷᠭᠡᠨ | ᠬᠦᠷᠭᠡᠯᠲᠡ ᠶᠢᠨ ᠰᠢᠣᠳᠠᠨ ᠤ ᠵᠠᠮ ᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠰᠢᠶᠠᠨ ᠤ ᠬᠡᠪᠴᠢᠶᠡᠨ ᠤ | ᠪᠠᠷᠠᠭᠠᠨ ᠤ ᠬᠦᠢᠯᠭᠡᠭᠡ ᠶᠢᠨ ᠲᠦᠷᠭᠡᠨ ᠬᠦᠷᠭᠡᠯᠲᠡ ᠶᠢᠨ ᠺᠣᠮᠫᠠᠨᠢ ᠶᠢ ᠨᠢᠭᠡᠳᠭᠡᠨ᠂ ᠲᠦᠷᠭᠡᠨ ᠢᠯᠡᠭᠡᠯᠲᠡ ᠶᠢᠨ | ᠪᠣᠭᠤᠳᠠᠯ ᠤᠨ ᠢᠯᠭᠠᠯᠲᠠ ᠪᠠ ᠬᠦᠷᠭᠡᠯᠲᠡ ᠶᠢ ᠭᠠᠴᠠᠭ᠎ᠠ ᠲᠣᠰᠬᠤᠨ ᠳᠤ ᠣᠷᠣᠭᠤᠯᠵᠣ ︵ᠵᠠᠰᠠᠭ ᠵᠠᠬᠢᠷᠭᠠᠨ ᠤ | ᠭᠠᠴᠠᠭ᠎ᠠ ᠲᠣᠰᠬᠤᠨ ᠤ ᠪᠦᠷᠬᠦᠴᠡ ᠶᠢᠨ ᠨᠣᠷᠮ᠎ᠠ ᠶᠢ 70% ᠠᠴᠠ ᠳᠡᠭᠡᠭᠰᠢ ᠳᠤ ᠬᠦᠷᠭᠡᠨ᠎ᠡ︶᠂ ᠰᠢᠣᠳᠠᠨ ᠤ | ᠵᠠᠮ ᠤᠨ ᠡᠵᠡᠩᠨᠡᠯᠲᠡ ᠶᠢᠨ ᠪᠦᠲᠦᠮᠵᠢ ᠶᠢ ᠪᠠᠲᠤᠯᠠᠨ᠎ᠠ︔ ᠪᠠᠷᠠᠭᠠᠨ ᠤ ᠬᠦᠢᠯᠭᠡᠭᠡ ᠶᠢᠨ ᠲᠦᠷᠭᠡᠨ ᠬᠦᠷᠭᠡᠯᠲᠡ ᠶᠢᠨ | ᠠᠵᠢᠯ ᠡᠷᠬᠢᠯᠡᠵᠦ ᠪᠠᠶᠢᠭ᠎ᠠ ᠪᠠᠷᠠᠭᠠᠨ ᠤ ᠬᠦᠢᠯᠭᠡᠭᠡ ᠶᠢᠨ ᠦᠷᠲᠡᠭᠡ ᠴᠡᠭ ᠲᠤ ᠰᠠᠷ᠎ᠠ ᠪᠦᠷᠢ 300 ᠲᠦᠭᠦᠷᠢᠭ ᠤᠨ | ᠭᠦᠬᠢᠭᠦᠯᠦᠯ ᠣᠯᠭᠤᠵᠣ᠂ ᠵᠢᠯ ᠤᠨ ᠡᠴᠦᠰ ᠤᠨ ᠰᠢᠯᠭᠠᠨ ᠦᠨᠡᠯᠡᠯᠲᠡ ᠳᠤ ᠰᠢᠯᠢᠳᠡᠭ ᠲᠤ ᠲᠤᠲᠤᠷᠠᠭᠰᠠᠨ ᠪᠠᠷᠠᠭᠠᠨ ᠤ | ᠬᠦᠢᠯᠭᠡᠭᠡ ᠶᠢᠨ ᠦᠷᠲᠡᠭᠡ ᠴᠡᠭ ᠲᠤ 2000 ᠲᠦᠭᠦᠷᠢᠭ ᠤᠨ ᠭᠦᠬᠢᠭᠦᠯᠦᠯ ᠣᠯᠭᠤᠨ᠎ᠠ᠃ | 3. ᠮᠠᠯ ᠲᠠᠷᠢᠶᠠᠯᠠᠩ ᠤᠨ ᠪᠦᠲᠦᠭᠡᠭᠳᠡᠭᠦᠨ ᠤ ᠭᠠᠳᠠᠭᠰᠢ ᠪᠣᠷᠣᠯᠠᠭᠤᠯᠣᠯᠲᠠ ᠶᠢ ᠠᠬᠢᠭᠤᠯᠵᠣ᠂ ᠬᠦᠳᠡᠭᠡ | ᠲᠣᠰᠬᠤᠨ ᠳᠤ ᠡᠯᠧᠺᠲᠷᠣᠨ ᠬᠤᠳᠠᠯᠳᠣᠭᠠᠨ ᠤ ᠦᠢᠯᠡᠰ ᠪᠣᠰᠬᠠᠬᠤ ᠢᠳᠡᠪᠬᠢᠵᠢᠯ ᠢ ᠳᠠᠶᠢᠴᠢᠯᠠᠨ᠂ ᠮᠠᠯ | ᠲᠠᠷᠢᠶᠠᠯᠠᠩ ᠤᠨ ᠪᠦᠲᠦᠭᠡᠭᠳᠡᠭᠦᠨ ᠤ ᠭᠠᠳᠠᠭᠰᠢ ᠪᠣᠷᠣᠯᠠᠭᠤᠯᠬᠤ ᠪᠠᠷᠠᠭᠠᠨ ᠤ ᠬᠦᠢᠯᠭᠡᠭᠡ ᠶᠢᠨ ᠵᠠᠷᠣᠳᠠᠯ ᠢ ᠪᠦᠲᠦᠮᠵᠢᠲᠠᠢ | ᠪᠠᠭᠠᠰᠬᠠᠬᠤ ᠶᠢᠨ ᠲᠦᠯᠦᠭᠡ᠂ ᠪᠦᠬᠦ ᠣᠯᠣᠰ ᠤᠨ ᠡᠯ᠎ᠡ ᠭᠠᠵᠠᠷ ︵ᠣᠨᠴᠠᠭᠠᠢ ᠭᠠᠵᠠᠷ ᠣᠷᠣᠨ ᠠᠴᠠ ᠭᠠᠳᠠᠨ᠎ᠠ︶ ᠲᠤ | ᠪᠣᠷᠣᠯᠠᠭᠤᠯᠬᠤ ᠮᠠᠯ ᠲᠠᠷᠢᠶᠠᠯᠠᠩ ᠤᠨ ᠪᠦᠲᠦᠭᠡᠭᠳᠡᠭᠦᠨ ᠤ ᠪᠠᠷᠠᠭᠠᠨ ᠤ ᠬᠦᠢᠯᠭᠡᠭᠡ ᠶᠢᠨ ᠬᠤᠪᠢ ᠪᠦᠷᠢ ᠶᠢᠨ | ᠬᠦᠨᠳᠦᠴᠡ ᠶᠢᠨ ᠵᠠᠷᠣᠳᠠᠯ ᠢ 30% ᠠᠴᠠ ᠳᠡᠭᠡᠭᠰᠢ ᠪᠠᠭᠤᠷᠠᠭᠤᠯᠣᠭᠰᠠᠨ ᠲᠦᠷᠭᠡᠨ ᠬᠦᠷᠭᠡᠯᠲᠡ ᠶᠢᠨ ᠠᠵᠤ | ᠠᠬᠤᠶᠢᠯᠠᠯ ᠳᠤ᠂ 1 ᠲᠦᠮᠡᠨ ᠬᠤᠪᠢ ᠠᠴᠠ ᠳᠡᠭᠡᠭᠰᠢ ᠳᠤ ᠨᠢ 2 ᠲᠦᠮᠡᠨ ᠲᠦᠭᠦᠷᠢᠭ ᠤᠨ ᠬᠦᠬᠢᠭᠦᠯᠦᠯ ᠢᠶᠠᠷ ᠪᠡᠯᠡ | ᠮᠦᠩᠭᠦ ᠣᠷᠣᠯᠠᠭᠤᠯᠣᠨ ᠨᠦᠬᠦᠪᠦᠷᠢᠯᠡᠵᠦ᠂ 2 ᠲᠦᠮᠡᠨ ᠬᠤᠪᠢᠡᠴᠠ ᠳᠡᠭᠡᠭᠰᠢ ᠳᠤ ᠨᠢ 5 ᠲᠦᠮᠡᠨ ᠲᠦᠭᠦᠷᠢᠭ ᠤᠨ | ᠬᠦᠬᠢᠭᠦᠯᠦᠯ ᠢᠶᠠᠷ ᠪᠡᠯᠡ ᠮᠦᠩᠭᠦ ᠣᠷᠣᠯᠠᠭᠤᠯᠣᠨ ᠨᠦᠬᠦᠪᠦᠷᠢᠯᠡᠨ᠎ᠡ᠃ 100 ᠲᠦᠮᠡᠨ ᠲᠦᠭᠦᠷᠢᠭ ᠪᠡᠯᠡ | ᠣᠷᠣᠭᠤᠯᠬᠤ ᠪᠠᠷ ᠲᠦᠯᠦᠪᠯᠡᠵᠦ ᠪᠣᠢ᠃ | ︵ᠬᠤᠶᠠᠷ︶ ᠬᠦᠳᠡᠭᠡ ᠲᠣᠰᠬᠤᠨ ᠤ ᠡᠯᠧᠺᠲᠷᠣᠨ ᠬᠤᠳᠠᠯᠳᠣᠭᠠᠨ ᠤ ᠨᠡᠶᠢᠲᠡ ᠶᠢᠨ ᠦᠢᠯᠡᠴᠢᠯᠡᠭᠡᠨ ᠤ | ᠰᠢᠰᠲ᠋ᠧᠮ ᠤᠨ ᠪᠠᠶᠢᠭᠤᠯᠣᠯᠲᠠ᠃ | ᠨᠡᠶᠢᠲᠡ ᠶᠢᠨ ᠦᠢᠯᠡᠴᠢᠯᠡᠭᠡᠨ ᠤ ᠲᠦᠪ ᠤᠨ ᠡᠷᠭᠢᠯᠲᠡ ᠬᠠᠮᠢᠶᠠᠷᠣᠯᠲᠠ ᠶᠢ ᠣᠯᠠᠮ ᠨᠢᠭᠡ ᠠᠯᠬᠤᠮ | ᠴᠢᠩᠭᠠᠳᠬᠠᠵᠣ᠂ ᠡᠯᠧᠺᠲᠷᠣᠨ ᠬᠤᠳᠠᠯᠳᠣᠭᠠᠨ ᠤ ᠶᠠᠪᠣᠳᠠᠯ ᠢ ᠬᠦᠳᠡᠭᠡ ᠲᠣᠰᠬᠤᠨ ᠳᠤ ᠤᠷᠣᠭᠤᠯᠬᠤ | ᠶᠠᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠤᠨ ᠦᠷᠭᠦᠯᠵᠢᠬᠦᠶᠢᠴᠡ ᠬᠦᠭᠵᠢᠯᠲᠡ ᠶᠢ ᠴᠢᠬᠤᠯᠠᠴᠢᠯᠠᠨ᠂ | ᠨᠡᠶᠢᠲᠡ ᠶᠢᠨ ᠦᠢᠯᠡᠴᠢᠯᠡᠭᠡᠨ ᠤ ᠲᠦᠪ ᠤᠨ ᠦᠢᠯᠡᠴᠢᠯᠡᠬᠦ ᠠᠭᠤᠯᠭ᠎ᠠ ᠵᠢᠴᠢ ᠭᠠᠴᠠᠭ᠎ᠠ ᠲᠣᠰᠬᠤᠨ ᠤ ᠱᠠᠲᠣᠨ ᠤ | ᠦᠢᠯᠡᠴᠢᠯᠡᠭᠡᠨ ᠤ ᠦᠷᠲᠡᠭᠡ ᠶᠢᠨ ᠠᠰᠢᠭ ᠬᠤᠨᠵᠢᠪᠤᠷᠢ ᠶᠢᠨ ᠴᠢᠳᠠᠪᠣᠷᠢ ᠶᠢ ᠦᠷᠭᠡᠳᠭᠡᠭᠦ ᠶᠢ ᠪᠠᠶᠠᠯᠠᠭᠦᠯᠵᠦ᠂ | ᠵᠢᠯᠤᠭᠤᠳᠣᠨ ᠪᠣᠶᠢᠵᠢᠭᠤᠯᠬᠤ ᠶᠢ ᠴᠢᠩᠭᠠᠳᠬᠠᠨ᠂ ᠦᠢᠯᠡᠴᠢᠯᠡᠭᠡᠨ ᠤ ᠦᠷᠲᠡᠭᠡ ᠴᠡᠭ ᠤᠨ ᠰᠦᠯᠵᠢᠶᠡᠨ ᠳᠡᠭᠡᠷ᠎ᠡ | ᠪᠣᠷᠣᠯᠠᠭᠤᠯᠬᠤ ᠴᠢᠳᠠᠪᠣᠷᠢ ᠶᠢ ᠨᠡᠮᠡᠭᠳᠡᠭᠦᠯᠦᠨ᠎ᠡ᠃ | 1. ᠨᠡᠶᠢᠲᠠ ᠶᠢᠨ ᠦᠢᠯᠡᠴᠢᠯᠡᠭᠡᠨ ᠤ ᠲᠦᠪ ᠤᠨ ᠦᠢᠯᠡᠴᠢᠯᠡᠬᠦ ᠴᠢᠳᠠᠪᠣᠷᠢ ᠶᠢ ᠳᠡᠭᠡᠭᠰᠢᠯᠡᠭᠦᠯᠦᠨ᠎ᠡ᠃ 150 | ᠲᠦᠮᠡᠨ ᠲᠦᠭᠦᠷᠢᠭ ᠪᠡᠯᠡ ᠣᠷᠣᠭᠤᠯᠣᠨ᠂ ᠡᠯᠧᠺᠲᠷᠣᠨ ᠬᠤᠳᠠᠯᠳᠣᠭᠠᠨ ᠤ ᠨᠡᠶᠢᠲᠡ ᠶᠢᠨ ᠦᠢᠯᠡᠴᠢᠯᠡᠭᠡᠨ ᠤ | ᠲᠦᠪ ᠢ ᠲᠡᠰ ᠳᠡᠪᠰᠢᠭᠦᠯᠦᠨ ᠰᠢᠯᠢᠳᠡᠭᠵᠢᠭᠦᠯᠬᠦ ᠪᠠᠷᠢᠯᠭ᠎ᠠ ᠶᠢ ᠡᠬᠢᠯᠡᠬᠦᠯᠬᠦ ᠪᠠᠷ ᠲᠦᠯᠦᠪᠯᠡᠵᠦ ᠪᠣᠢ᠃ ᠮᠠᠨ ᠤ | ᠬᠤᠰᠢᠭᠤᠨ ᠤ ᠡᠯᠧᠺᠲᠷᠣᠨ ᠬᠤᠳᠠᠯᠳᠣᠭᠠᠨ ᠤ ᠠᠵᠣ ᠦᠢᠯᠡᠰ ᠤᠨ ᠬᠦᠷᠢᠶᠡᠯᠡᠩ ᠤᠨ ᠣᠳᠣ ᠪᠠᠶᠢᠭ᠎ᠠ ᠲᠠᠯᠠᠪᠣᠷ ᠤᠨ | ᠡᠬᠢ ᠪᠠᠶᠠᠯᠢᠭ ᠢ ᠨᠢᠭᠡᠳᠭᠡᠵᠦ ᠠᠰᠢᠭᠯᠠᠨ᠂ ᠣᠲᠤᠭ ᠤᠨ ᠡᠮᠦᠨᠡᠲᠦ ᠬᠤᠰᠢᠭᠤᠨ ᠤ ᠡᠯᠧᠺᠲᠷᠣᠨ ᠬᠤᠳᠠᠯᠳᠣᠭᠠᠨ ᠤ | ᠨᠡᠶᠢᠲᠡ ᠶᠢᠨ ᠦᠢᠯᠡᠴᠢᠯᠡᠭᠡᠨ ᠤ ᠲᠦᠪ ᠤᠨ ᠴᠢᠳᠠᠪᠣᠷᠢ ᠶᠢ ᠲᠡᠭᠦᠯᠳᠡᠷᠵᠢᠭᠦᠯᠵᠦ᠂ ᠨᠡᠷᠡᠲᠦ ᠲᠡᠮᠲᠡᠭ ᠤᠨ ᠬᠡᠪ | ᠳᠦᠷᠬᠦ ᠶᠢ ᠳᠡᠭᠡᠭᠰᠢᠯᠡᠭᠦᠯᠦᠨ᠂ ᠠᠯᠪᠠᠯᠠᠬᠤ᠂ ᠠᠷᠠᠯᠵᠢᠶᠠᠯᠠᠬᠤ᠂ ᠲᠦᠷᠬᠡᠨ ᠭᠦᠷᠭᠡᠯᠲᠡ᠂ ᠬᠦᠮᠦᠷᠭᠡᠯᠡᠯᠲᠡ᠂ ᠪᠡᠯᠡ | ᠬᠤᠷᠠᠮᠳᠣᠭᠤᠯᠭ᠎ᠠ᠂ ᠪᠣᠯᠪᠠᠰᠣᠷᠠᠯ᠂ ᠪᠦᠲᠦᠭᠡᠯᠴᠢ ᠠᠬᠤᠢ ᠵᠡᠷᠭᠡ ᠣᠯᠠᠨ ᠵᠦᠢᠯ ᠤᠨ ᠡᠵᠡᠩᠨᠡᠯᠲᠡ ᠶᠢᠨ ᠪᠠᠶᠢᠳᠠᠯ ᠢ | ᠴᠣᠭᠴᠠᠵᠢᠭᠤᠯᠤᠭᠰᠠᠨ ᠰᠢᠶᠡᠨ ᠤ ᠱᠠᠲᠣᠨ ᠤ ᠡᠯᠧᠺᠲᠷᠣᠨ ᠬᠤᠳᠠᠯᠳᠣᠭᠠᠨ ᠤ ᠦᠢᠯᠡᠴᠢᠯᠡᠭᠡᠨ ᠤ ᠲᠦᠪ ᠢ | ᠪᠠᠶᠢᠭᠤᠯᠣᠨ᠂ ᠬᠤᠰᠢᠭᠤᠨ ᠤ ᠡᠯᠧᠺᠲᠷᠣᠨ ᠬᠤᠳᠠᠯᠳᠣᠭᠠᠨ ᠤ ᠨᠡᠶᠢᠲᠡ ᠶᠢᠨ ᠦᠢᠯᠡᠴᠢᠯᠡᠭᠡᠨ ᠤ ᠡᠷᠭᠢᠯᠲᠡ ᠶᠢᠨ | ᠲᠦᠪᠰᠢᠨ ᠢ ᠤᠯᠠᠮ ᠨᠢᠭᠡ ᠠᠯᠬᠤᠮ ᠳᠡᠭᠡᠭᠰᠢᠯᠡᠭᠦᠯᠦᠨ᠎ᠡ᠃ ᠨᠡᠶᠢᠲᠡ ᠶᠢᠨ ᠠᠰᠠᠷᠠᠮᠵᠢ ᠶᠢᠨ ᠴᠢᠨᠠᠷ ᠪᠠ ᠵᠠᠬ᠎ᠠ | ᠳᠡᠯᠭᠡᠭᠦᠷᠴᠢᠯᠡᠯᠲᠡ ᠶᠢ ᠵᠡᠷᠭᠡᠪᠡᠷ ᠠᠳᠬᠤᠬᠤ ᠶᠢ ᠪᠠᠷᠢᠮᠲᠠᠯᠠᠵᠣ᠂ ᠲᠦᠷᠦ ᠶᠢᠨ ᠪᠣᠳᠣᠯᠭ᠎ᠠ ᠶᠢᠨ ᠠᠰᠠᠭᠤᠨ ᠯᠠᠪᠯᠠᠯᠭ᠎ᠠ᠂ | ᠴᠢᠳᠠᠪᠣᠷᠢᠲᠠᠨ ᠤ ᠪᠣᠯᠪᠠᠰᠣᠷᠠᠯ᠂ ᠨᠡᠷᠡᠲᠤ ᠲᠡᠮᠲᠡᠭ ᠤᠨ ᠪᠣᠶᠢᠵᠢᠭᠤᠯᠣᠯ᠂ ᠬᠡᠪ ᠴᠢᠨᠰᠠᠭ᠎ᠠ ᠶᠢᠨ ᠡᠵᠡᠮᠳᠡᠯ᠂ | ᠡᠷᠭᠢᠯᠲᠡ ᠶᠢᠨ ᠲᠦᠭᠡᠮᠡᠯᠵᠢᠭᠦᠯᠦᠯᠲᠡ᠂ ᠬᠠᠩᠭᠠᠯᠭ᠎ᠠ ᠶᠢᠨ ᠬᠡᠯᠬᠢᠶᠡᠵᠢᠯ ᠤᠨ ᠬᠠᠮᠢᠶᠠᠷᠣᠯᠲᠠ ᠵᠡᠷᠭᠡ ᠪᠠᠷᠢᠮᠵᠢᠶᠠᠵᠢᠭᠰᠠᠨ | ᠦᠢᠯᠡᠴᠢᠯᠡᠭᠡᠨ ᠤ ᠪᠦᠲᠦᠭᠡᠭᠳᠡᠭᠦᠨ ᠢ ᠲᠦᠭᠡᠮᠡᠯᠵᠢᠭᠦᠯᠦᠨ᠂ ᠲᠣᠰ ᠭᠠᠵᠠᠷ ᠤᠨ ᠠᠵᠣ ᠠᠬᠤᠶᠢᠯᠠᠯ᠂ ᠡᠯᠧᠺᠲᠷᠣᠨ | ᠬᠤᠳᠠᠯᠳᠤᠭ᠎ᠠ᠂ ᠦᠢᠯᠡᠴᠢᠯᠡᠭᠡᠨ ᠤ ᠠᠷᠠᠯᠵᠢᠶᠠᠴᠢᠳ ᠤᠨ ᠡᠯᠧᠺᠲᠷᠣᠨ ᠬᠤᠳᠠᠯᠳᠣᠭᠠᠨ ᠤ ᠭᠦᠭᠵᠢᠭᠦᠯᠦᠯᠲᠡ ᠳᠤ | ᠲᠦᠪᠯᠡᠷᠡᠩᠭᠦᠢ ᠦᠢᠯᠡᠴᠢᠯᠡᠭᠡ ᠬᠠᠩᠭᠠᠨ᠎ᠠ᠃ | 2. ᠪᠠᠯᠭᠠᠰᠣ ᠭᠠᠴᠠᠭᠠᠨ ᠤ ᠡᠯᠧᠺᠲᠷᠣᠨ ᠬᠤᠳᠠᠯᠳᠤᠭ᠎ᠠ ᠶᠢᠨ ᠦᠢᠯᠡᠴᠢᠯᠡᠭᠡᠨ ᠤ ᠦᠷᠲᠡᠭᠡ ᠴᠡᠭ ᠢ ᠲᠡᠰ | ᠳᠠᠪᠰᠢᠭᠦᠯᠦᠨ ᠦᠭᠡᠷᠡᠴᠢᠯᠡᠨ᠎ᠡ᠃ 140 ᠲᠦᠮᠡᠨ ᠲᠦᠭᠦᠷᠢᠭ ᠤᠨ ᠪᠡᠯᠡ ᠣᠷᠣᠭᠤᠯᠣᠨ᠂ ᠬᠦᠳᠡᠭᠡ ᠲᠣᠰᠬᠤᠨ ᠤ | ᠡᠯᠧᠺᠲᠷᠣᠨ ᠬᠤᠳᠠᠯᠳᠣᠭᠠᠨ ᠤ ᠦᠢᠯᠡᠴᠢᠯᠡᠭᠡᠨ ᠤ ᠦᠷᠲᠡᠭᠡ ᠴᠡᠭ ᠢ ᠲᠡᠰ ᠳᠡᠪᠰᠢᠭᠦᠯᠦᠨ ᠦᠭᠡᠷᠡᠴᠢᠯᠡᠬᠦ | ᠪᠠᠷᠢᠯᠭ᠎ᠠ ᠶᠢ ᠡᠬᠢᠯᠡᠬᠦᠯᠬᠦ ᠪᠠᠷ ᠲᠦᠯᠦᠪᠯᠡᠵᠦ ᠪᠣᠢ᠃ ᠨᠦᠬᠦᠴᠡᠯ ᠢ ᠪᠦᠷᠢᠳᠦᠭᠦᠯᠦᠭᠰᠡᠨ ᠵᠠᠰᠠᠭ ᠵᠠᠬᠢᠷᠭᠠᠨ ᠤ ᠭᠠᠴᠠᠭ᠎ᠠ | ᠲᠣᠰᠬᠤᠨ ᠢᠶᠠᠷ ᠦᠢᠯᠡᠴᠢᠯᠡᠭᠡᠨ ᠤ ᠭᠤᠣᠯᠳᠠᠯᠭ᠎ᠠ ᠪᠣᠯᠭᠠᠵᠣ᠂ ᠨᠢᠭᠡᠨᠲᠡ ᠪᠠᠶᠢᠭᠤᠯᠣᠭᠰᠠᠨ ᠪᠠᠯᠭᠠᠰᠣᠨ ᠱᠠᠲᠣᠨ ᠤ 4 | ᠶᠡᠷᠦᠩᠬᠡᠶᠢᠯᠡᠭᠰᠡᠨ ᠦᠢᠯᠡᠴᠢᠯᠡᠭᠡᠨ ᠤ ᠦᠷᠲᠡᠭᠡ ᠪᠠ ᠬᠦᠳᠡᠭᠡ ᠲᠣᠰᠬᠤᠨ ᠤ ᠡᠯᠧᠺᠲᠷᠣᠨ ᠬᠤᠳᠠᠯᠳᠣᠭᠠᠨ ᠤ 23 | ᠦᠢᠯᠡᠴᠢᠯᠡᠭᠡᠨ ᠤ ᠦᠷᠲᠡᠭᠡ ᠴᠡᠭ ᠲᠤ ᠦᠭᠡᠷᠡᠴᠢᠯᠡᠯᠲᠡ ᠬᠢᠵᠦ᠂ ᠨᠡᠶᠢᠬᠡᠮ ᠤᠨ ᠡᠯ᠎ᠡ ᠵᠦᠢᠯ ᠤᠨ ᠡᠬᠢ | ᠰᠣᠷᠪᠣᠯᠵᠢ ᠶᠢ ᠨᠢᠭᠡᠳᠭᠡᠵᠦ᠂ ︽ᠬᠦᠳᠡᠭᠡ ᠲᠣᠰᠬᠤᠨ ᠤ ᠵᠢᠵᠢᠭ ᠳᠡᠯᠭᠡᠭᠦᠷ︾ ᠪᠠᠶᠢᠭᠤᠯᠣᠨ᠂ ᠬᠦᠳᠡᠭᠡ | ᠲᠣᠰᠬᠤᠨ ᠤ ᠣᠷᠣᠯᠠᠵᠣ ᠬᠤᠳᠠᠯᠳᠣᠨ ᠠᠪᠬᠤ ᠣᠷᠣᠯᠠᠨ ᠪᠣᠷᠣᠯᠠᠭᠤᠯᠬᠤ᠂ ᠠᠷᠠᠳ ᠤᠨ ᠠᠮᠢᠳᠣᠷᠠᠯ ᠳᠤ ᠳᠦᠭᠦᠮ | ᠦᠵᠡᠭᠦᠯᠬᠦ ᠂ ᠮᠡᠳᠡᠭᠡ ᠵᠠᠩᠬᠢ ᠠᠰᠠᠭᠤᠨ ᠯᠠᠪᠯᠠᠬᠤ᠂ ᠠᠵᠢᠯ ᠲᠠᠨᠢᠯᠴᠠᠭᠤᠯᠬᠤ᠂ ᠠᠶᠠᠯᠠᠵᠣ ᠵᠢᠭᠤᠯᠴᠢᠯᠠᠬᠤ ᠵᠡᠷᠭᠡ | ᠴᠢᠳᠠᠮᠵᠢ ᠲᠠᠢ ᠬᠦᠳᠡᠭᠡ ᠲᠣᠰᠬᠤᠨ ᠤ ᠡᠯᠧᠺᠲᠷᠣᠨ ᠬᠤᠳᠠᠯᠳᠣᠭᠠᠨ ᠤ ᠦᠢᠯᠡᠴᠢᠯᠡᠭᠡᠨ ᠤ ᠶᠡᠷᠦᠩᠬᠡᠶᠢᠯᠡᠭᠰᠡᠨ | ᠴᠤᠭᠴᠠ ᠶᠢ ᠪᠠᠶᠢᠭᠤᠯᠣᠨ᠎ᠠ᠃ ᠳ᠋ᠠᠶᠢᠲ᠋ᠠ ᠮᠡᠷᠭᠡᠵᠢᠯ ᠢ ᠠᠰᠢᠭᠯᠠᠬᠤ ᠵᠡᠷᠭᠡ ᠠᠷᠭ᠎ᠠ ᠪᠠᠷᠢᠯ ᠢᠶᠠᠷ ᠭᠠᠴᠠᠭᠠᠨ ᠤ | ᠠᠷᠠᠳ ᠤᠨ ᠬᠡᠷᠡᠭᠴᠡᠭᠡ ᠶᠢ ᠨᠠᠷᠢᠯᠢᠭ ᠣᠨᠣᠴᠠᠲᠠᠢ ᠡᠵᠡᠮᠰᠢᠬᠦ ᠶᠢ ᠵᠣᠷᠢᠭᠵᠢᠭᠤᠯᠵᠣ᠂ ᠪᠠᠷᠠᠭ᠎ᠠ ᠣᠷᠣᠭᠤᠯᠬᠤ ᠠᠷᠭ᠎ᠠ | ᠵᠠᠮ ᠢᠶᠠᠨ ᠣᠯᠠᠮ ᠨᠢᠭᠡ ᠠᠯᠬᠤᠮ ᠦᠷᠭᠡᠳᠭᠡᠨ᠂ ᠪᠠᠷᠠᠭ᠎ᠠ ᠣᠷᠣᠭᠤᠯᠬᠤ ᠦᠪᠡᠷ ᠤᠨ ᠦᠷᠲᠡᠭ ᠢᠶᠠᠨ | ᠳᠣᠷᠣᠭᠰᠢᠯᠠᠭᠤᠯᠵᠣ᠂ ᠦᠢᠯᠡᠴᠢᠯᠡᠭᠡᠨ ᠤ ᠦᠷᠲᠡᠭᠡ ᠴᠡᠭ ᠤᠨ ᠠᠰᠢᠭ ᠬᠤᠨᠵᠢᠪᠣᠷᠢ ᠶᠢᠨ ᠳᠦᠪᠰᠢᠨ ᠢᠶᠠᠨ | ᠳᠡᠭᠡᠭᠰᠢᠯᠡᠭᠦᠯᠦᠨ᠂ ᠦᠢᠯᠡᠴᠢᠯᠡᠭᠡᠨ ᠤ ᠦᠷᠲᠡᠭᠡ ᠴᠡᠭ ᠤᠨ ᠬᠠᠩᠭᠠᠯᠭ᠎ᠠ ᠶᠢᠨ ᠬᠡᠯᠬᠢᠶᠡᠵᠢᠯ ᠤᠨ ᠪᠠᠶᠢᠭᠤᠯᠣᠯᠲᠠ ᠶᠢ | ᠲᠡᠭᠦᠯᠳᠡᠷᠵᠢᠭᠦᠯᠦᠨ᠎ᠡ᠃ | ︵ᠭᠤᠷᠪᠠ︶ ᠡᠯᠧᠺᠲᠷᠣᠨ ᠬᠤᠳᠠᠯᠳᠤᠭ᠎ᠠ ᠪᠠᠷ ᠶᠠᠳᠠᠭᠤ ᠶᠢ ᠳᠡᠳᠭᠦᠬᠦ ᠠᠵᠢᠯ ᠢ ᠭᠦᠨᠵᠡᠭᠡᠶᠢᠷᠡᠭᠦᠯᠦᠨ᠎ᠡ᠃ | ᠡᠯᠧᠺᠲᠷᠣᠨ ᠬᠤᠳᠠᠯᠳᠤᠭ᠎ᠠ ᠶᠢᠨ ᠨᠡᠶᠢᠲᠡ ᠶᠢᠨ ᠦᠢᠯᠡᠴᠢᠯᠡᠭᠡᠨ ᠤ ᠲᠦᠪ ᠠᠴᠠ ᠡᠯ᠎ᠡ ᠭᠠᠴᠠᠭ᠎ᠠ ᠲᠤᠰᠬᠤᠨ ᠵᠢᠴᠢ | ᠶᠠᠳᠠᠭᠤ ᠬᠦᠴᠢᠷᠳᠡᠯᠲᠡᠢ ᠡᠷᠦᠬᠡ ᠶᠢᠨ ᠪᠣᠷᠣᠯᠠᠭᠤᠯᠬᠤ ᠳᠤ ᠲᠣᠬᠢᠷᠠᠮᠵᠢᠲᠠᠢ ᠮᠠᠯ ᠲᠠᠷᠢᠶᠠᠯᠠᠩ ᠤᠨ ᠪᠦᠲᠦᠭᠡᠭᠳᠡᠭᠦᠨ ᠤ | ᠮᠡᠳᠡᠭᠡ ᠵᠠᠩᠬᠢ ᠶᠢ ᠪᠦᠷᠢᠳᠭᠡᠵᠦ᠂ ᠲᠤᠬᠠᠢ ᠶᠢᠨ ᠴᠠᠭ ᠤᠨ ᠠᠷᠠᠯᠵᠢᠶᠠᠨ ᠤ ᠬᠡᠷᠡᠭᠴᠡᠭᠡ ᠶᠢ ᠬᠤᠷᠢᠶᠠᠩᠭᠤᠶᠢᠯᠠᠨ᠂ | ᠶᠠᠳᠠᠭᠤ ᠬᠦᠴᠢᠷᠳᠡᠯᠲᠡᠢ ᠡᠷᠦᠬᠡ ᠶᠢᠨ ᠬᠢᠨ ᠢ ᠠᠵᠣ ᠠᠬᠤᠶᠢᠯᠠᠯ᠂ ᠡᠯᠧᠺᠲᠷᠣᠨ ᠬᠤᠳᠠᠯᠳᠣᠭᠠᠨ ᠤ ᠲᠠᠪᠴᠠᠩ ᠵᠡᠷᠭᠡ | ᠲᠠᠢ ᠬᠤᠯᠪᠣᠨ ᠨᠡᠪᠲᠡᠷᠡᠯᠴᠡᠭᠦᠯᠵᠦ᠂ ᠦᠢᠯᠡᠳᠪᠦᠷᠢᠯᠡᠵᠦ ᠪᠣᠷᠣᠯᠠᠭᠤᠯᠬᠤ ᠶᠢ ᠠᠪᠴᠠᠯᠳᠣᠭᠤᠯᠣᠨ᠂ ᠠᠷᠠᠳ ᠲᠤ ᠠᠰᠢᠭ | ᠬᠦᠷᠲᠡᠭᠡᠨ ᠠᠷᠠᠳ ᠢ ᠲᠤᠰᠠᠯᠠᠬᠤ ᠦᠢᠯᠡᠴᠢᠯᠡᠭᠡ ᠶᠢ ᠦᠷᠨᠢᠭᠦᠯᠵᠦ᠂ ᠮᠠᠯ ᠲᠠᠷᠢᠶᠠᠯᠠᠩ ᠤᠨ ᠪᠦᠲᠦᠭᠡᠭᠳᠡᠭᠦᠨ ᠤ | ᠪᠣᠷᠣᠯᠠᠭᠤᠯᠭ᠎ᠠ ᠶᠢᠨ ᠠᠷᠭ᠎ᠠ ᠵᠠᠮ ᠢᠶᠠᠨ ᠦᠷᠭᠡᠳᠭᠡᠨ᠂ ᠣᠶᠣᠨᠴᠢ ᠬᠦᠳᠡᠭᠡ ᠲᠣᠰᠬᠤᠨ ᠤ ᠭᠦᠭᠵᠢᠯᠲᠡ ᠶᠢᠨ ᠵᠠᠮ | ᠮᠦᠷ ᠢ ᠢᠳᠡᠪᠬᠢᠲᠡᠢ ᠰᠦᠪᠡᠭᠴᠢᠯᠡᠨ᠎ᠡ᠃ | 1. ᠣᠯᠠᠮᠵᠢᠯᠠᠯᠲᠣ ᠠᠵᠣ ᠠᠬᠤᠶᠢᠯᠠᠯ ᠤᠨ ᠬᠢᠨ ᠤ ︽ᠰᠦᠯᠵᠢᠶᠡᠨ ᠳᠤ ᠣᠶᠢᠷᠠᠳᠴᠤ︾ ᠬᠡᠯᠪᠡᠷᠢ ᠪᠠᠨ | ᠬᠤᠪᠢᠷᠠᠭᠤᠯᠣᠨ ᠲᠡᠰ ᠳᠡᠪᠰᠢᠬᠦ ᠪᠠᠡᠯᠧᠺᠲᠷᠣᠨ ᠬᠤᠳᠠᠯᠳᠣᠭᠠᠨ ᠤ ᠠᠵᠣ ᠠᠬᠤᠶᠢᠯᠠᠯ ᠰᠦᠯᠵᠢᠶ᠎ᠡ ᠪᠠᠷ ᠲᠣᠰ | ᠭᠠᠵᠠᠷ ᠤᠨ ᠮᠠᠯ ᠲᠠᠷᠢᠶᠠᠯᠠᠩ ᠤᠨ ᠪᠦᠲᠦᠭᠡᠭᠳᠡᠭᠦᠨ ᠪᠣᠷᠣᠯᠠᠭᠤᠯᠬᠤ ᠶᠢ ᠵᠣᠷᠢᠭᠵᠢᠭᠤᠯᠵᠣ᠂ ᠪᠠᠩᠬᠢ ᠠᠴᠠ 100 | ᠲᠦᠮᠡᠨ ᠲᠦᠭᠦᠷᠢᠭ ᠠᠴᠠ ᠳᠡᠭᠡᠭᠰᠢ ᠵᠢᠭᠡᠯᠡᠯᠭᠡ ᠠᠪᠣᠭᠰᠠᠨ ᠠᠵᠣ ᠠᠬᠤᠶᠢᠯᠠᠯ ᠳᠤ ᠵᠣᠬᠢᠬᠤ ᠬᠠᠷᠢᠴᠠᠯ ᠢᠶᠠᠷ | ᠵᠢᠭᠡᠯᠡᠯᠭᠡ ᠶᠢᠨ ᠬᠦᠦ ᠮᠦᠩᠭᠦ ᠶᠢᠨ ᠨᠦᠬᠦᠪᠦᠷᠢ ᠣᠯᠭᠤᠨ᠎ᠠ᠃ 80 ᠲᠦᠮᠡᠨ ᠲᠦᠭᠦᠷᠢᠭ ᠪᠡᠯᠡ ᠣᠷᠣᠭᠤᠯᠬᠤ ᠪᠠᠷ | ᠲᠦᠯᠦᠪᠯᠡᠵᠦ ᠪᠣᠢ᠃ | 2. ᠬᠦᠳᠡᠭᠡ ᠲᠣᠰᠬᠤᠨ ᠤ ᠡᠯᠧᠺᠲᠷᠣᠨ ᠬᠤᠳᠠᠯᠳᠤᠭ᠎ᠠ ᠶᠢᠨ ᠵᠢᠱᠢᠶ᠎ᠡ ᠦᠵᠡᠭᠦᠯᠬᠦ ᠭᠠᠴᠠᠭ᠎ᠠ ᠶᠢ ᠪᠠᠶᠢᠭᠤᠯᠣᠨ᠎ᠠ᠃ | ᠭᠠᠵᠠᠷ ᠣᠷᠣᠨ ᠤ ᠠᠵᠣ ᠦᠢᠯᠡᠰ ᠤᠨ ᠭᠦᠭᠵᠢᠯᠲᠡ ᠶᠢᠨ ᠨᠦᠬᠦᠴᠡᠯ ᠲᠠᠢ ᠣᠶᠠᠯᠳᠣᠭᠤᠯᠵᠣ᠂ ᠦᠪᠡᠷᠮᠢᠴᠡ ᠡᠬᠢ | ᠪᠠᠶᠠᠯᠢᠭ᠂ ᠰᠣᠶᠣᠯ ᠪᠠ ᠨᠡᠷᠡᠲᠦ ᠲᠡᠮᠲᠡᠭ ᠤᠨ ᠳᠠᠪᠠᠭᠤᠯᠢᠭ ᠲᠠᠢ ᠰᠦᠯᠵᠢᠶᠡᠨ ᠤ ᠪᠠᠷᠠᠭ᠎ᠠ ᠪᠦᠲᠦᠭᠡᠭᠳᠡᠭᠦᠨ ᠢ | ᠠᠭᠤᠲᠠᠯᠵᠣ ᠪᠣᠶᠢᠵᠢᠭᠤᠯᠣᠨ᠂ ᠠᠵᠣ ᠦᠢᠯᠡᠰ ᠤᠨ ᠣᠨᠴᠠᠯᠢᠭᠲᠣ ᠡᠯᠧᠺᠲᠷᠣᠨ ᠬᠤᠳᠠᠯᠳᠣᠭᠠᠨ ᠤ ᠵᠢᠱᠢᠶ᠎ᠡ | ᠦᠵᠡᠬᠦᠯᠬᠦ 10 ᠭᠠᠴᠠᠭ᠎ᠠ ᠶᠢ ᠴᠤᠭᠴᠠᠯᠠᠨ᠎ᠠ᠃160 ᠲᠦᠮᠡᠨ ᠲᠦᠭᠦᠷᠢᠭ ᠪᠡᠯᠡ ᠣᠷᠣᠭᠤᠯᠬᠤ ᠪᠠᠷ ᠲᠦᠯᠦᠪᠯᠡᠵᠦ | ᠪᠣᠢ᠃ | 3. ᠮᠠᠯ ᠲᠠᠷᠢᠶᠠᠯᠠᠩ ᠤᠨ ᠪᠦᠲᠦᠭᠡᠭᠳᠡᠭᠦᠨ ᠢ ᠭᠠᠳᠠᠭᠰᠢ ᠪᠣᠷᠣᠯᠠᠭᠤᠯᠬᠤ ᠳᠤ ᠠᠩᠬᠠᠷᠣᠯ ᠢᠶᠠᠨ | ᠲᠦᠪᠯᠡᠷᠡᠭᠦᠯᠦᠨ᠎ᠡ᠃ ᠠᠵᠣ ᠠᠬᠤᠶᠢᠯᠠᠯ ᠤᠨ ᠬᠦᠴᠦᠷᠭᠡᠭᠵᠢᠨ ᠪᠣᠵᠠᠭᠠᠶᠢᠷᠠᠬᠤ᠂ ᠡᠯᠧᠺᠲᠷᠣᠨ ᠬᠤᠳᠠᠯᠳᠣᠭᠠᠨ ᠤ ᠠᠵᠣ | ᠠᠬᠤᠶᠢᠯᠠᠯ ᠣᠨᠴᠠᠯᠢᠭᠲᠤ ᠮᠠᠯ ᠲᠠᠷᠢᠶᠠᠯᠠᠩ ᠤᠨ ᠪᠦᠲᠦᠭᠡᠭᠳᠡᠭᠦᠨ ᠢ ᠰᠦᠯᠵᠢᠶᠡᠨ ᠳᠡᠭᠡᠷ᠎ᠡ ᠪᠣᠷᠣᠯᠠᠭᠤᠯᠬᠤ ᠶᠢ | ᠵᠣᠷᠢᠭᠵᠢᠭᠤᠯᠵᠣ᠂ ᠪᠦᠲᠦᠭᠡᠭᠳᠡᠭᠦᠨ ᠤ ᠲᠦᠷᠦᠯ ᠵᠦᠢᠯ᠂ ᠪᠣᠷᠣᠯᠠᠭᠤᠯᠭ᠎ᠠ ᠶᠢᠨ ᠬᠤᠪᠢ ᠶᠢᠨ ᠲᠤᠭ᠎ᠠ ᠵᠡᠷᠭᠡ | ᠡᠯᠧᠮᠧᠨ᠋ᠲ ᠶᠣᠰᠣᠭᠠᠷ ᠠᠷᠠᠯᠵᠢᠶ᠎ᠠ ᠪᠦᠷᠢ ᠳᠤ 1-3 ᠲᠦᠭᠦᠷᠢᠭ ᠤᠨ ᠬᠦᠭᠢᠭᠦᠯᠦᠯ ᠤᠨ ᠪᠡᠯᠡ ᠮᠦᠩᠭᠦ ᠨᠦᠬᠦᠪᠦᠷᠢᠯᠡᠨ᠎ᠡ᠃ | 320 ᠲᠦᠮᠡᠨ ᠲᠦᠭᠦᠷᠢᠭ ᠪᠡᠯᠡ ᠣᠷᠣᠭᠤᠯᠬᠤ ᠪᠠᠷ ᠲᠦᠯᠦᠪᠯᠡᠵᠦ ᠪᠣᠢ᠃ | 4. ᠨᠡᠶᠢᠲᠡ ᠶᠢᠨ ᠨᠡᠷᠡᠲᠦ ᠲᠡᠮᠲᠡᠭ ᠢ ᠣᠬᠠᠭᠤᠯᠵᠣ ᠲᠦᠭᠡᠮᠡᠯᠵᠢᠭᠦᠯᠦᠨ᠎ᠡ᠃ ᠰᠢᠶᠠᠨ ᠤ ᠬᠡᠪᠴᠢᠶᠡᠨ ᠤ | ᠨᠡᠶᠢᠲᠡ ᠶᠢᠨ ᠨᠡᠷᠡᠲᠦ ᠲᠡᠮᠲᠡᠭ ᠢ ᠣᠬᠠᠭᠤᠯᠣᠨ ᠲᠦᠭᠡᠮᠡᠯᠵᠢᠭᠦᠯᠬᠦ ᠬᠦᠴᠦᠯᠡᠴᠡ ᠪᠠᠨ ᠨᠡᠮᠡᠭᠳᠡᠭᠦᠯᠵᠦ᠂ ᠠᠵᠣ | ᠠᠬᠤᠶᠢᠯᠠᠯ ᠢ ᠳᠠᠮᠵᠢᠨ ᠮᠠᠯ ᠲᠠᠷᠢᠶᠠᠯᠠᠩ ᠤᠨ ᠪᠦᠲᠦᠭᠡᠭᠳᠡᠭᠦᠨ ᠤ ᠭᠠᠵᠠᠷ ᠵᠦᠢ ᠶᠢᠨ ᠢᠯᠡᠷᠬᠡᠶᠢᠯᠡᠯ ᠪᠠ ︽ᠭᠤᠷᠪᠠᠨ | ᠪᠦᠲᠦᠭᠡᠭᠳᠡᠭᠦᠨ ᠨᠢᠭᠡ ᠲᠡᠮᠲᠡᠭ︾ ᠤᠨ ᠬᠡᠷᠡᠴᠢᠯᠡᠭᠡ ᠬᠢᠯᠭᠡᠵᠦ᠂ ᠰᠢᠶᠠᠨ ᠤ ᠬᠡᠪᠴᠢᠶᠡᠨ ᠤ ᠨᠡᠶᠢᠲᠡ ᠶᠢᠨ ᠨᠡᠷᠡᠲᠦ | ᠲᠡᠮᠲᠡᠭ ᠢ ᠪᠣᠶᠢᠵᠢᠭᠤᠯᠬᠤ᠂ ᠣᠬᠠᠭᠤᠯᠬᠤ᠂ ᠲᠦᠭᠡᠮᠡᠯᠵᠢᠭᠦᠯᠬᠦ ᠵᠡᠷᠭᠡ ᠠᠵᠢᠯᠯᠠᠭ᠎ᠠ ᠪᠠᠷ ᠳᠠᠮᠵᠢᠭᠤᠯᠣᠨ᠂ ᠨᠡᠷᠡᠲᠦ | ᠲᠡᠮᠲᠡᠭ ᠤᠨ ᠠᠯᠳᠠᠷᠰᠢᠯ ᠪᠠ ᠨᠦᠯᠦᠭᠡᠯᠡᠬᠦ ᠬᠦᠴᠦᠨ ᠢ ᠳᠡᠭᠡᠭᠰᠢᠯᠡᠭᠦᠯᠵᠦ᠂ ᠵᠠᠬ᠎ᠠ ᠳᠡᠯᠭᠡᠭᠦᠷ ᠤᠨ ᠦᠷᠢᠰᠦᠯᠳᠦᠬᠦ | ᠬᠦᠴᠦᠨ ᠢ ᠴᠢᠩᠭᠠᠳᠬᠠᠨ᠎ᠠ᠃ 200 ᠲᠦᠮᠡᠨ ᠲᠦᠭᠦᠷᠢᠭ ᠤᠨ ᠪᠡᠯᠡ ᠣᠷᠣᠭᠤᠯᠬᠤ ᠪᠠᠷ ᠲᠦᠯᠦᠪᠯᠡᠵᠦ ᠪᠣᠢ᠃ | ︵ᠳᠦᠷᠪᠡ︶ ᠡᠯᠧᠺᠲᠷᠣᠨ ᠬᠤᠳᠠᠯᠳᠣᠭᠠᠨ ᠤ ᠪᠣᠯᠪᠠᠰᠣᠷᠠᠯ ᠤᠨ ᠠᠵᠢᠯ ᠢ ᠦᠷᠨᠢᠭᠦᠯᠦᠨ᠎ᠡ᠃ ᠡᠯᠧᠺᠲᠷᠣᠨ | ᠬᠤᠳᠠᠯᠳᠤᠭ᠎ᠠ ᠪᠠᠷ ᠶᠠᠳᠠᠭᠤ ᠶᠢ ᠳᠡᠳᠭᠦᠬᠦ ᠪᠠᠶᠢᠯᠳᠣᠬᠤ ᠪᠣᠳᠣᠯᠭ᠎ᠠ ᠶᠢ ᠬᠡᠷᠡᠭᠵᠢᠭᠦᠯᠵᠦ᠂ ᠡᠯᠧᠺᠲᠷᠣᠨ | ᠬᠤᠳᠠᠯᠳᠤᠭ᠎ᠠ ᠶᠢ ᠬᠦᠳᠡᠭᠡ ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠠ ᠦᠵᠡᠭᠦᠯᠬᠦ ᠪᠠᠶᠢᠭᠤᠯᠣᠯᠲᠠ ᠪᠠᠷ | ᠭᠠᠷᠳᠠᠴᠠ ᠪᠣᠯᠭᠠᠨ᠂ ᠬᠦᠳᠡᠭᠡ ᠲᠣᠰᠬᠤᠨ ᠤ ᠡᠯᠧᠺᠲᠷᠣᠨ ᠬᠤᠳᠠᠯᠳᠤᠭ᠎ᠠ ᠡᠷᠬᠢᠯᠡᠭᠰᠡᠳ ᠲᠤ ᠪᠣᠯᠪᠠᠰᠣᠷᠠᠯ | ᠬᠦᠷᠲᠡᠭᠡᠬᠦ ᠬᠦᠴᠦᠯᠡᠴᠡ ᠪᠠᠨ ᠨᠡᠮᠡᠭᠳᠡᠬᠦᠯᠵᠦ᠂ ᠪᠣᠯᠪᠠᠰᠣᠷᠠᠯ ᠢᠶᠠᠷ ᠳᠠᠮᠵᠢᠭᠤᠯᠣᠨ ᠦᠷ᠎ᠡ ᠪᠦᠲᠦᠮᠵᠢ ᠣᠯᠬᠤ ᠶᠢ | ᠪᠠᠲᠤᠯᠠᠨ᠂ ᠠᠵᠣ ᠦᠢᠯᠡᠰ ᠤᠨ ᠬᠦᠭᠵᠢᠯᠲᠡ ᠶᠢ ᠠᠬᠢᠭᠤᠯᠵᠣ᠂ ᠮᠠᠯ ᠠᠵᠣ ᠠᠬᠤᠢ ᠲᠠᠷᠢᠶᠠᠯᠠᠩ ᠵᠢᠴᠢ ᠶᠠᠳᠠᠭᠤ | ᠬᠦᠴᠢᠷᠳᠡᠯᠲᠡᠢ ᠣᠯᠠᠨ ᠲᠦᠮᠡᠨ ᠢ ᠳᠠᠶᠢᠴᠢᠯᠠᠨ ᠣᠷᠣᠯᠭ᠎ᠠ ᠶᠢ ᠨᠢ ᠨᠡᠮᠡᠭᠳᠡᠭᠦᠯᠦᠨ ᠴᠢᠨᠡᠭᠡᠯᠢᠭᠵᠢᠭᠦᠯᠦᠨ᠎ᠡ᠃ ᠮᠠᠯ | ᠲᠠᠷᠢᠶᠠᠯᠠᠩ ᠤᠨ ᠪᠦᠲᠦᠭᠡᠭᠳᠡᠭᠦᠨ ᠢ ᠦᠢᠯᠡᠳᠪᠦᠷᠢᠯᠡᠵᠦ ᠪᠣᠷᠣᠯᠠᠭᠤᠯᠬᠤ ᠡᠯ᠎ᠡ ᠠᠵᠣ ᠠᠬᠤᠶᠢᠯᠠᠯ᠂ ᠡᠯᠧᠺᠲᠷᠣᠨ | ᠬᠤᠳᠠᠯᠳᠣᠭᠠᠨ ᠤ ᠠᠵᠣ ᠠᠬᠤᠶᠢᠯᠠᠯ᠂ ᠲᠤᠰᠬᠠᠢ ᠬᠤᠷᠰᠢᠶᠠᠵᠢᠯ᠂ ᠡᠯᠧᠺᠲᠷᠣᠨ ᠬᠤᠳᠠᠯᠳᠣᠭᠠᠨ ᠤ ᠦᠢᠯᠡᠴᠢᠯᠡᠭᠡᠨ ᠤ | ᠦᠷᠲᠡᠭᠡ᠂ ᠦᠢᠯᠡᠰ ᠪᠦᠲᠦᠭᠡᠭᠴᠢ ᠵᠠᠯᠠᠭᠤᠴᠣᠳ ᠵᠡᠷᠭᠡ ᠪᠦᠯᠬᠦᠮ ᠬᠠᠮᠲᠤᠯᠢᠭ ᠲᠤ ᠴᠢᠭᠯᠡᠭᠦᠯᠦᠨ᠂ ᠡᠯᠧᠺᠲᠷᠣᠨ | ᠬᠤᠳᠠᠯᠳᠣᠭᠠᠨ ᠤ ᠴᠢᠳᠠᠪᠣᠷᠢᠲᠠᠨ ᠤ ᠪᠣᠯᠪᠠᠰᠣᠷᠠᠯ ᠦᠷᠨᠢᠭᠦᠯᠵᠦ᠂ ᠪᠣᠯᠪᠠᠰᠣᠷᠠᠯ ᠤᠨ ᠠᠭᠤᠯᠭ᠎ᠠ ᠶᠢ ᠮᠠᠯ | ᠲᠠᠷᠢᠶᠠᠯᠠᠩ ᠤᠨ ᠪᠦᠲᠦᠭᠡᠭᠳᠡᠭᠦᠨ ᠤ ᠭᠠᠳᠠᠭᠰᠢ ᠪᠣᠷᠣᠯᠠᠭᠤᠯᠣᠯᠲᠠ ᠶᠢᠨ ᠲᠤᠭᠤᠷᠢᠨ ᠳᠤ ᠶᠠᠪᠣᠭᠳᠠᠭᠤᠯᠣᠨ᠂ ᠡᠯ᠎ᠡ | ᠶᠡᠭᠡ ᠰᠦᠯᠵᠢᠶᠡᠨ ᠤ ᠲᠠᠪᠴᠠᠩ ᠳᠡᠭᠡᠷ᠎ᠡ ᠳᠡᠯᠭᠡᠭᠦᠷ ᠨᠡᠭᠡᠭᠡᠵᠦ ᠮᠠᠯ ᠲᠠᠷᠢᠶᠠᠯᠠᠩ ᠤᠨ ᠪᠦᠲᠦᠭᠡᠭᠳᠡᠬᠦᠨ | ᠪᠣᠷᠣᠯᠠᠭᠤᠯᠬᠤ ᠠᠴᠠ ᠭᠠᠳᠠᠨ᠎ᠠ᠂ ᠴᠤᠤᠷᠢᠶ᠎ᠠ᠂ ᠪᠣᠰᠢᠭᠤ ᠭᠠᠷ᠂ ᠸᠢᠴᠠᠲ ᠬᠤᠳᠠᠯᠳᠤᠭ᠎ᠠ ᠵᠡᠷᠭᠡ ᠴᠢᠯᠦᠭᠡᠲᠦ | ᠵᠠᠭᠤᠴᠢᠯᠠᠭᠤᠷ ᠤᠨ ᠣᠷᠣᠰᠴᠠ ᠪᠣᠷᠣᠯᠠᠭᠤᠯᠬᠤ ᠳᠠᠪᠠᠭᠤᠯᠢᠭ ᠢ ᠴᠢᠬᠤᠯᠠᠴᠢᠯᠠᠵᠤ᠂ ᠡᠯ᠎ᠡ ᠡᠯᠧᠺᠲᠷᠣᠨ | ᠬᠤᠳᠠᠯᠳᠣᠭᠠᠨ ᠤ ᠡᠵᠡᠩᠨᠡᠯᠲᠡ ᠶᠢᠨ ᠭᠤᠣᠯ ᠴᠣᠭᠴᠠ ᠶᠢᠨ ᠰᠦᠯᠵᠢᠶ᠎ᠡ ᠪᠠᠷ ᠪᠣᠷᠣᠯᠠᠭᠤᠯᠬᠤ ᠴᠢᠳᠠᠪᠣᠷᠢ ᠶᠢ | ᠨᠡᠮᠡᠭᠳᠡᠭᠦᠯᠦᠨ᠂ ᠮᠠᠯ ᠲᠠᠷᠢᠶᠠᠯᠠᠩ ᠤᠨ ᠪᠦᠲᠦᠭᠡᠭᠳᠡᠭᠦᠨ ᠢ ᠪᠣᠷᠣᠯᠠᠭᠤᠯᠬᠤ ᠠᠷᠭ᠎ᠠ ᠵᠠᠮ ᠢᠶᠠᠨ ᠦᠷᠭᠡᠳᠭᠡᠨ᠎ᠡ᠃ 300 | ᠬᠦᠮᠦᠨ ᠤ ᠳᠣᠮᠳᠠ ᠵᠡᠷᠭᠡ ᠶᠢᠨ ᠪᠣᠯᠪᠠᠰᠤᠷᠠᠯ᠂ 100 ᠬᠦᠮᠦᠨ ᠤ ᠳᠡᠭᠡᠲᠦ ᠵᠡᠷᠭᠡ ᠶᠢᠨ ᠪᠣᠯᠪᠠᠰᠣᠷᠠᠯ ᠢ | ᠪᠡᠶᠡᠯᠡᠭᠦᠯᠬᠦ ᠪᠠᠷ ᠲᠦᠯᠦᠪᠯᠡᠵᠦ᠂ 120 ᠲᠦᠮᠡᠨ ᠲᠦᠭᠦᠷᠢᠭ ᠤᠨ ᠪᠡᠯᠡ ᠣᠷᠣᠭᠤᠯᠬᠤ ᠪᠠᠷ ᠲᠦᠯᠦᠪᠯᠡᠵᠦ ᠪᠣᠢ᠃ | ᠭᠤᠷᠪᠠ᠂ ᠬᠡᠷᠡᠭᠵᠢᠭᠦᠯᠬᠦ ᠠᠯᠬᠤᠮ ᠳᠠᠷᠠᠭ᠎ᠠ | ︵ᠨᠢᠭᠡ︶ ᠡᠬᠢᠯᠡᠭᠦᠯᠬᠦ ᠱᠠᠲᠣ ︵2020 ᠣᠨ ᠤ 5 ᠰᠠᠷ᠎ᠠ— 2020 ᠣᠨ ᠤ 6 ᠰᠠᠷ᠎ᠠ︶ | ᠨᠢᠭᠡ ᠳᠤ ᠪᠠᠶᠢᠳᠠᠯ ᠢ ᠪᠠᠶᠢᠴᠠᠭᠠᠨ ᠣᠶᠢᠯᠠᠭᠠᠬᠤ ᠬᠡᠷᠡᠭᠲᠡᠢ᠃ ᠪᠦᠬᠦ ᠬᠤᠰᠢᠭᠤᠨ ᠤ ᠡᠯᠧᠺᠲᠷᠣᠨ ᠬᠤᠳᠠᠯᠳᠤᠭ᠎ᠠ ᠶᠢᠨ | ᠠᠵᠣ ᠦᠢᠯᠡᠰ ᠤᠨ ᠭᠦᠭᠵᠢᠯᠲᠡ ᠶᠢᠨ ᠪᠠᠶᠢᠳᠠᠯ ᠢ ᠪᠠᠶᠢᠴᠠᠭᠠᠨ ᠣᠶᠢᠯᠠᠭᠠᠵᠣ᠂ ᠪᠦᠬᠦ ᠬᠤᠰᠢᠭᠤᠨ ᠤ ᠬᠦᠳᠡᠭᠡ | ᠲᠣᠰᠬᠤᠨ ᠤ ᠡᠯᠧᠺᠲᠷᠣᠨ ᠬᠤᠳᠠᠯᠳᠣᠭᠠᠨ ᠤ ᠡᠬᠢ ᠰᠣᠷᠪᠣᠯᠵᠢ ᠶᠢ ᠠᠭᠤᠲᠠᠯᠣᠨᠠ᠃ ᠬᠤᠶᠠᠷ ᠲᠤ ᠲᠦᠰᠦᠯ | ᠲᠣᠭᠲᠠᠭᠠᠬᠤ ᠬᠡᠷᠡᠭᠲᠡᠢ᠃ ︽ᠣᠲᠤᠭ ᠤᠨ ᠡᠮᠦᠨᠡᠲᠦ ᠬᠤᠰᠢᠭᠤᠨ ᠤ ᠡᠯᠧᠺᠲᠷᠣᠨ ᠬᠤᠳᠠᠯᠳᠣᠭᠠᠨ ᠤ ᠶᠠᠪᠣᠳᠠᠯ ᠢ | ᠬᠦᠳᠡᠭᠡ ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠤᠨ ᠬᠡᠷᠡᠭᠵᠢᠭᠦᠯᠬᠦ ᠲᠦᠰᠦᠯ︾ | ᠢ ᠲᠣᠭᠲᠠᠭᠠᠵᠣ᠂ ᠲᠦᠷᠦᠯ ᠵᠦᠢᠯ ᠤᠨ ᠳᠡᠭᠡᠲᠦ ᠳᠠᠪᠬᠤᠷᠭ᠎ᠠ ᠶᠢᠨ ᠲᠦᠯᠦᠪᠯᠡᠭᠡ ᠶᠢ ᠰᠠᠶᠢᠲᠣᠷ ᠬᠢᠵᠦ᠂ ᠲᠦᠷᠦᠯ | ᠵᠦᠢᠯ ᠤᠨ ᠬᠦᠮᠦᠷᠭᠡ ᠶᠢ ᠪᠦᠷᠢᠯᠳᠦᠭᠦᠯᠦᠨ᠂ ᠪᠡᠯᠡ ᠮᠦᠩᠭᠦ ᠪᠠ ᠲᠦᠷᠦᠯ ᠵᠦᠢᠯ ᠤᠨ ᠬᠠᠮᠢᠶᠠᠷᠤᠯᠲᠠ ᠶᠢᠨ ᠠᠷᠭ᠎ᠠ ᠶᠢ | ᠲᠤᠭᠲᠠᠭᠠᠬᠤ ᠪᠦᠭᠡᠳ ᠳᠡᠭᠡᠲᠦ ᠱᠠᠲᠣᠨ ᠳᠤ ᠮᠡᠳᠡᠭᠦᠯᠵᠦ ᠳᠠᠩᠰᠠᠯᠠᠭᠤᠯᠣᠨ᠎ᠠ᠃ ᠭᠤᠷᠪᠠ ᠳᠤ ᠲᠤᠭᠤᠷᠢᠨ ᠦᠵᠡᠵᠦ | ᠬᠤᠳᠠᠯᠳᠣᠭᠠᠴᠢᠨ ᠤᠷᠢᠨ᠎ᠠ᠃ ᠬᠠᠮᠢᠶ᠎ᠠ ᠪᠦᠬᠦᠢ ᠰᠠᠯᠠᠭ᠎ᠠ ᠮᠦᠴᠢᠷ ᠪᠠ ᠠᠵᠣ ᠠᠬᠤᠶᠢᠯᠠᠯ ᠤᠨ ᠬᠠᠷᠢᠭᠤᠴᠠᠯᠭᠠᠲᠠᠨ ᠢ | ᠵᠣᠬᠢᠶᠠᠨ ᠪᠠᠶᠢᠭᠤᠯᠣᠨ᠂ ᠡᠯᠧᠺᠲᠷᠣᠨ ᠬᠤᠳᠠᠯᠳᠣᠭᠠᠨ ᠤ ᠵᠢᠱᠢᠶ᠎ᠡ ᠦᠵᠡᠭᠦᠯᠬᠦ ᠰᠢᠶᠡᠨ ᠪᠠ ᠡᠯᠧᠺᠲᠷᠣᠨ | ᠬᠤᠳᠠᠯᠳᠣᠭᠠᠨ ᠤ ᠰᠢᠯᠢᠳᠡᠭ ᠠᠵᠣ ᠠᠬᠤᠶᠢᠯᠡᠯ ᠳᠤ ᠬᠦᠷᠴᠦ ᠲᠤᠭᠤᠷᠢᠨ ᠦᠵᠡᠵᠦ᠂ ᠲᠡᠷᠢᠭᠦᠨ ᠤ ᠲᠣᠷᠰᠢᠯᠭ᠎ᠠ ᠶᠢ | ᠰᠣᠷᠣᠯᠴᠠᠨ᠂ ᠢᠳᠡᠪᠬᠢᠲᠡᠢ ᠬᠠᠷᠢᠯᠴᠠᠨ ᠨᠢᠭᠡ ᠪᠦᠯᠦᠭ ᠡᠯᠧᠺᠲᠷᠣᠨ ᠬᠤᠳᠠᠯᠳᠣᠭᠠᠨ ᠤ ᠠᠵᠣ ᠠᠬᠤᠶᠢᠯᠡᠯ ᠢ | ᠣᠷᠣᠭᠤᠯᠣᠨ ᠠᠪᠴᠢᠷᠠᠨ᠎ᠠ᠃ | ︵ᠬᠤᠶᠠᠷ︶ ᠬᠡᠷᠡᠭᠵᠢᠭᠦᠯᠬᠦ ᠱᠠᠲᠣ ︵2020 ᠣᠨ ᠤ 7 ᠰᠠᠷ᠎ᠠ—2021 ᠣᠨ ᠤ 7 ᠰᠠᠷ᠎ᠠ︶ | ᠨᠢᠭᠡ ᠳᠤ ᠲᠦᠷᠦᠯ ᠵᠦᠢᠯ ᠤᠨ ᠬᠡᠷᠡᠭᠵᠢᠭᠦᠯᠦᠯᠲᠡ ᠶᠢ ᠠᠬᠢᠭᠤᠯᠬᠤ ᠬᠡᠷᠡᠭᠲᠡᠢ᠃ ᠲᠦᠷᠦᠯ ᠵᠦᠢᠯ ᠤᠨ | ᠳᠠᠭᠠᠭᠠᠴᠢᠯᠠᠯᠲᠠ ᠵᠠᠷᠯᠠᠨ ᠬᠦᠯᠢᠶᠡᠬᠦ ᠠᠵᠢᠯ ᠢ ᠦᠷᠨᠢᠬᠦᠯᠵᠦ᠂ ᠵᠢᠱᠢᠶ᠎ᠡ ᠦᠵᠡᠭᠦᠯᠬᠦ ᠰᠢᠶᠡᠨ ᠤ ᠡᠯ᠎ᠡ ᠲᠦᠷᠦᠯ ᠤᠨ | ᠠᠵᠢᠯ ᠢ ᠪᠦᠬᠦ ᠲᠡᠯ᠎ᠡ ᠪᠠᠷ ᠠᠬᠢᠭᠤᠯᠣᠨ᠎ᠠ᠃ ᠬᠤᠶᠡᠷ ᠲᠤ ᠲᠣᠬᠠᠶᠢᠯᠠᠭᠰᠠᠨ ᠠᠵᠢᠯ ᠤᠨ ᠪᠣᠯᠪᠠᠰᠣᠷᠠᠯ ᠦᠷᠨᠢᠭᠦᠯᠬᠦ | ᠬᠡᠷᠡᠭᠲᠡᠢ᠃ ᠣᠯᠠᠨ ᠳᠠᠪᠬᠤᠷᠭ᠎ᠠ ᠤᠯᠠᠨ ᠠᠷᠭ᠎ᠠ ᠵᠠᠮ ᠢᠶᠠᠷ ᠬᠠᠨᠳᠣᠯᠭᠠᠲᠣ ᠴᠢᠨᠡᠷ ᠲᠠᠢ ᠪᠠᠷ ᠬᠦᠳᠡᠭᠡ ᠲᠣᠰᠬᠤᠨ ᠤ | ᠡᠯᠧᠺᠲᠷᠣᠨ ᠬᠤᠳᠠᠯᠳᠣᠭᠠᠨ ᠤ ᠪᠣᠯᠪᠠᠰᠣᠷᠠᠯ ᠢ ᠦᠷᠨᠢᠭᠦᠯᠵᠦ᠂ ᠵᠠᠰᠠᠭ ᠤᠨ ᠣᠷᠳᠣᠨ᠂ ᠠᠵᠣ ᠠᠬᠤᠶᠢᠯᠠᠯ ᠵᠡᠷᠭᠡ | ᠡᠯ᠎ᠡ ᠠᠵᠢᠯ ᠲᠦᠷᠦᠯ ᠤᠨ ᠬᠦᠮᠦᠰ ᠤᠨ ᠡᠯᠧᠺᠲᠷᠣᠨ ᠠᠷᠠᠯᠵᠢᠶᠠᠨ ᠤ ᠶᠠᠪᠣᠳᠠᠯ ᠢ ᠠᠰᠢᠭᠯᠠᠬᠤ ᠴᠢᠳᠠᠪᠣᠷᠢ ᠶᠢ | ᠳᠡᠭᠡᠭᠰᠢᠯᠡᠭᠦᠯᠦᠨ᠎ᠡ᠃ ᠭᠤᠷᠪᠠ ᠳᠤ ᠬᠢᠨᠠᠯᠲᠠ ᠪᠠᠶᠢᠴᠠᠭᠠᠯᠲᠠ ᠪᠠᠨ ᠴᠢᠩᠭᠠᠳᠬᠠᠬᠤ ᠬᠡᠷᠡᠭᠲᠡᠢ᠃ ᠮᠦᠷᠳᠡᠨ ᠰᠢᠪᠠᠳᠠᠬᠤ | ᠪᠠᠶᠢᠴᠠᠭᠠᠯᠲᠠ ᠪᠠ ᠪᠦᠲᠦᠮᠵᠢ ᠶᠢᠨ ᠬᠢᠨᠠᠨ ᠰᠢᠯᠭᠠᠯᠲᠠ ᠶᠢ ᠴᠢᠩᠭᠠᠳᠬᠠᠨ᠂ ᠴᠠᠭ ᠲᠤᠬᠠᠢ ᠳᠤᠨᠢ ᠠᠰᠠᠭᠤᠳᠠᠯ ᠢ | ᠢᠯᠡᠷᠡᠭᠦᠯᠵᠦ ᠠᠰᠠᠭᠤᠳᠠᠯ ᠢ ᠰᠢᠢᠳᠪᠦᠷᠢᠯᠡᠬᠦ ᠬᠡᠷᠡᠭᠲᠡᠢ᠃ ᠳᠦᠷᠪᠡ ᠳᠤ ᠳᠣᠮᠳᠠ ᠬᠤᠭᠤᠴᠠᠭᠠᠨ ᠤ ᠦᠨᠡᠯᠡᠨ | ᠵᠢᠱᠢᠯᠲᠡ ᠦᠷᠨᠢᠭᠦᠯᠬᠦ ᠬᠡᠷᠡᠭᠲᠡᠢ᠃ ᠳᠣᠮᠳᠠ ᠬᠤᠭᠤᠴᠠᠭᠠᠨ ᠤ ᠦᠪᠡᠷᠲᠡᠭᠡᠨ ᠪᠠᠶᠢᠴᠠᠭᠠᠯᠲᠠ ᠶᠢ ᠰᠠᠶᠢᠲᠣᠷ ᠬᠢᠵᠦ᠂ | ᠬᠤᠲᠠ ᠶᠢᠨ ᠱᠠᠲᠣᠨ ᠤ ᠰᠠᠯᠠᠭ᠎ᠠ ᠮᠦᠴᠢᠷ ᠲᠠᠢ ᠢᠳᠡᠪᠬᠢᠲᠡᠢ ᠬᠠᠮᠵᠢᠯᠴᠠᠵᠣ ᠳᠣᠮᠳᠠ ᠬᠤᠭᠤᠴᠠᠭᠠᠨ ᠤ ᠦᠨᠡᠯᠡᠨ | ᠵᠢᠱᠢᠯᠲᠡ ᠶᠢ ᠦᠷᠨᠢᠬᠦᠯᠭᠦ ᠪᠦᠭᠡᠳ ᠴᠠᠭ ᠲᠣᠬᠠᠢ ᠳᠤᠨᠢ ᠴᠡᠭᠴᠡᠯᠡᠨ ᠦᠭᠡᠷᠡᠴᠢᠯᠡᠬᠦ ᠬᠡᠷᠡᠭᠲᠡᠢ᠃ | ︵ᠭᠤᠷᠪᠡ︶ ᠳ᠋ᠦᠩᠨᠡᠵᠦ ᠳᠡᠭᠡᠭᠰᠢᠯᠡᠭᠦᠯᠬᠦ ᠱᠠᠲᠣ ︵2021 ᠣᠨ ᠤ 8 ᠰᠠᠷ᠎ᠠ— 2021 ᠣᠨ ᠤ 12 | ᠰᠠᠷ᠎ᠠ︶ | ᠨᠢᠭᠡ ᠳᠤ ᠦᠪᠡᠷᠲᠡᠭᠡᠨ ᠪᠠᠶᠢᠴᠠᠭᠠᠬᠤ ᠶᠢ ᠦᠷᠨᠢᠭᠦᠯᠬᠦ ᠬᠡᠷᠡᠭᠲᠡᠢ᠃ ᠬᠤᠰᠢᠭᠤ ᠠᠵᠤ ᠦᠢᠯᠡᠳᠪᠦᠷᠢ ᠮᠡᠳᠡᠭᠡ | ᠵᠠᠩᠬᠢᠴᠢᠯᠠᠯᠲᠠ ᠶᠢᠨ ᠲᠤᠪᠴᠢᠶ᠎ᠡ ᠲᠣᠯᠣᠭᠠᠶᠢᠯᠠᠨ ᠬᠤᠰᠢᠭᠤ ᠡᠳ᠋ ᠤᠨ ᠵᠠᠰᠠᠭ ᠤᠨ ᠲᠤᠪᠴᠢᠶ᠎ᠠ᠂ ᠮᠠᠯ ᠲᠠᠷᠢᠶᠠᠯᠠᠩ ᠤᠨ | ᠲᠤᠪᠴᠢᠶ᠎ᠠ ᠵᠡᠷᠭᠡ ᠰᠠᠯᠠᠭ᠎ᠠ ᠮᠦᠴᠢᠷ ᠢ ᠵᠣᠬᠢᠶᠠᠨ ᠪᠠᠶᠢᠭᠤᠯᠣᠨ᠂ ᠬᠡᠷᠡᠭᠵᠢᠭᠦᠯᠵᠦ ᠪᠠᠶᠢᠭ᠎ᠠ ᠲᠦᠷᠦᠯ ᠵᠦᠢᠯ ᠳᠤ | ᠰᠢᠯᠭᠠᠨ ᠬᠤᠷᠢᠶᠠᠯᠲᠠ ᠬᠢᠵᠦ᠂ ᠬᠢᠷᠢ ᠲᠡᠩᠴᠡᠭᠰᠡᠨ ᠤ ᠬᠤᠶᠢᠨ᠎ᠠ ᠬᠤᠲᠠ ᠶᠢᠨ ᠱᠠᠲᠣᠨ ᠤ ᠰᠠᠯᠠᠭ᠎ᠠ ᠮᠦᠴᠢᠷ ᠲᠤ | ᠮᠡᠳᠡᠭᠦᠯᠵᠦ ᠦᠨᠡᠯᠡᠨ ᠰᠢᠯᠭᠠᠷᠠᠭᠤᠯᠣᠨ᠎ᠠ᠃ ᠬᠤᠶᠠᠷ ᠳᠤ ᠬᠢᠨᠠᠨ ᠰᠢᠯᠭᠠᠬᠤ ᠪᠠᠶᠢᠴᠠᠭᠠᠯᠲᠠ ᠶᠢ ᠬᠦᠯᠢᠶᠡᠨ ᠠᠪᠬᠤ | ᠬᠡᠷᠡᠭᠲᠡᠢ᠃ ᠦᠪᠡᠷᠲᠡᠭᠡᠨ ᠵᠠᠰᠠᠬᠤ ᠣᠷᠣᠨ ᠤ ᠬᠤᠳᠠᠯᠳᠣᠭᠠᠨ ᠤ ᠶᠠᠪᠣᠳᠠᠯ ᠤᠨ ᠲᠢᠩᠬᠢᠮ᠂ ᠡᠳ᠋ ᠤᠨ ᠵᠠᠰᠠᠭ ᠤᠨ | ᠲᠢᠩᠬᠢᠮ ᠪᠠ ᠶᠠᠳᠠᠭᠤ ᠶᠢ ᠳᠡᠳᠭᠦᠬᠦ ᠠᠵᠢᠯ ᠤᠨ ᠠᠯᠪᠡᠨ ᠭᠡᠷ ᠤᠨ ᠬᠢᠨᠠᠨ ᠰᠢᠯᠭᠠᠷᠠᠭᠤᠯᠬᠤ ᠬᠤᠯᠪᠣᠭᠠᠲᠣ | ᠳᠣᠭᠤᠶᠢᠯᠠᠩ ᠤᠨ ᠲᠦᠷᠦᠯ ᠵᠦᠢᠯ ᠤᠨ ᠪᠠᠶᠢᠴᠠᠭᠠᠯᠲᠠ ᠪᠠ ᠰᠢᠯᠭᠠᠯᠲᠠ ᠶᠢ ᠬᠦᠯᠢᠶᠡᠨ ᠠᠪᠣᠨ᠎ᠠ᠃ ᠭᠤᠷᠪᠡ ᠳᠤ | ᠳ᠋ᠦᠩᠨᠡᠵᠦ ᠳᠡᠭᠡᠭᠰᠢᠯᠡᠭᠦᠯᠬᠦ ᠬᠡᠷᠡᠭᠲᠡᠢ᠃ ᠴᠠᠭ ᠲᠣᠬᠠᠢ ᠳᠤᠨᠢ ᠮᠠᠨ ᠤ ᠬᠤᠰᠢᠭᠤᠨ ᠤ ᠶᠡᠷᠦᠩᠬᠡᠶᠢᠯᠡᠭᠰᠡᠨ ᠵᠢᠱᠢᠶ᠎ᠡ | ᠦᠵᠡᠭᠦᠯᠬᠦ ᠠᠵᠢᠯ ᠤᠨ ᠳᠣᠮᠳᠠᠬᠢ ᠲᠡᠷᠢᠭᠦᠨ ᠤ ᠲᠣᠷᠰᠢᠯᠭ᠎ᠠ ᠪᠠ ᠠᠷᠭ᠎ᠠ ᠠᠪᠴᠠᠯ ᠢ ᠳ᠋ᠦᠩᠨᠡᠵᠦ᠂ ᠣᠬᠠᠭᠤᠯᠭ᠎ᠠ | ᠲᠦᠭᠡᠮᠡᠯᠵᠢᠭᠦᠯᠦᠯᠲᠡ ᠪᠠᠨ ᠴᠢᠩᠭᠠᠳᠬᠠᠬᠤ ᠬᠡᠷᠡᠭᠲᠡᠢ᠃ | ᠳᠦᠷᠪᠡ᠂ ᠪᠠᠲᠣᠯᠠᠭ᠎ᠠ ᠶᠢᠨ ᠠᠷᠭ᠎ᠠ ᠠᠪᠴᠠᠯ | ︵ᠨᠢᠭᠡ︶ ᠵᠣᠬᠢᠶᠠᠨ ᠪᠠᠶᠢᠭᠤᠯᠵᠣ ᠣᠳᠣᠷᠢᠳᠬᠤ ᠪᠠᠨ ᠴᠢᠩᠭᠠᠳᠬᠠᠬᠤ ᠬᠡᠷᠡᠭᠲᠡᠢ ᠃ ᠵᠠᠰᠠᠭ ᠤᠨ ᠣᠷᠳᠣᠨ ᠤ | ᠭᠤᠣᠯ ᠴᠣᠭᠴᠠ ᠶᠢᠨ ᠬᠠᠷᠢᠭᠤᠴᠠᠯᠭ᠎ᠠ ᠪᠠᠨ ᠴᠢᠩᠭᠠᠳᠬᠠᠵᠣ᠂ ᠣᠲᠤᠭ ᠤᠨ ᠡᠮᠦᠨᠡᠲᠦ ᠬᠤᠰᠢᠭᠤᠨ ᠤ ᠡᠯᠧᠺᠲᠷᠣᠨ | ᠬᠤᠳᠠᠯᠳᠣᠭᠠᠨ ᠤ ᠶᠠᠪᠣᠳᠠᠯ ᠢ ᠬᠦᠳᠡᠭᠡ ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ | ᠠᠵᠢᠯ ᠤᠨ ᠵᠢᠯᠣᠭᠤᠳᠬᠤ ᠳᠣᠭᠤᠶᠢᠯᠠᠩ ᠪᠠᠶᠢᠭᠤᠯᠣᠨ᠂ ᠵᠠᠰᠠᠭ ᠤᠨ ᠣᠷᠳᠣᠨ ᠤ ᠬᠤᠰᠢᠭᠤ ᠳᠠᠷᠤᠭ᠎ᠠ | ᠳᠣᠭᠤᠶᠢᠯᠠᠩ ᠤᠨ ᠳᠠᠷᠤᠭ᠎ᠠ ᠶᠢᠨ ᠲᠤᠰᠢᠶᠡᠯ ᠢ ᠡᠭᠦᠷᠭᠡᠯᠡᠵᠦ᠂ ᠬᠤᠪᠢᠳᠠᠨ ᠬᠠᠮᠢᠶᠠᠷᠬᠤ ᠬᠤᠰᠢᠭᠤ ᠳᠡᠳ᠋ ᠳᠠᠷᠤᠭ᠎ᠠ | ᠳᠣᠭᠤᠶᠢᠯᠠᠩ ᠤᠨ ᠳᠡᠳ᠋ ᠳᠠᠷᠤᠭ᠎ᠠ ᠶᠢᠨ ᠲᠤᠰᠢᠶᠡᠯ ᠢ ᠡᠭᠦᠷᠭᠡᠯᠡᠨ᠂ ᠬᠠᠮᠢᠶ᠎ᠠ ᠪᠦᠬᠦᠢ ᠡᠭᠦᠷᠭᠡ ᠲᠤᠰᠢᠶᠠᠯᠲᠣ ᠰᠠᠯᠠᠭ᠎ᠠ | ᠮᠦᠴᠢᠷ ᠢ ᠪᠦᠷᠢᠯᠳᠦᠭᠦᠨ ᠨᠢᠭᠡᠴᠡ ᠪᠣᠯᠭᠠᠨ᠎ᠠ᠃ ᠣᠳᠣᠷᠢᠳᠬᠤ ᠳᠣᠭᠤᠶᠢᠯᠠᠩ ᠠᠴᠠ ᠨᠢᠭᠡᠳᠦᠯᠲᠡᠢ ᠲᠦᠯᠦᠪᠯᠡᠵᠦ | ᠵᠢᠯᠣᠭᠤᠳᠬᠤ᠂ ᠲᠦᠷᠦᠯ ᠵᠦᠢᠯ ᠤᠨ ᠬᠡᠷᠡᠭᠵᠢᠭᠦᠯᠦᠯᠲᠡ ᠶᠢᠨ ᠶᠠᠪᠣᠴᠠ ᠳᠣᠮᠳᠠᠬᠢ ᠴᠢᠬᠤᠯᠠ ᠶᠡᠭᠡ ᠬᠡᠷᠡᠭ ᠢ ᠬᠢᠨᠡᠨ | ᠵᠦᠪᠯᠡᠵᠦ ᠰᠢᠢᠳᠪᠦᠷᠢᠯᠡᠬᠦ᠂ ᠲᠦᠷᠦᠯ ᠵᠦᠢᠯ ᠤᠨ ᠠᠬᠢᠴᠠ ᠵᠢᠴᠢ ᠢᠵᠢ ᠪᠦᠷᠢᠳᠦᠭᠦᠯᠦᠭᠰᠡᠨ ᠲᠦᠷᠦ ᠶᠢᠨ | ᠪᠣᠳᠣᠯᠭ᠎ᠠ ᠶᠢᠨ ᠨᠠᠶᠢᠲᠠᠪᠤᠷᠢᠵᠢᠭᠤᠯᠣᠯᠲᠠ ᠶᠢᠨ ᠪᠠᠶᠢᠳᠠᠯ ᠢ ᠱᠠᠯᠠᠪᠳᠠᠭᠤᠯᠣᠨ ᠪᠠᠶᠢᠴᠠᠭᠠᠬᠤ᠂ ᠣᠷᠣᠰᠢᠵᠣ ᠪᠠᠶᠢᠭ᠎ᠠ | ᠠᠰᠠᠭᠤᠳᠠᠯ ᠪᠠ ᠬᠦᠴᠢᠷᠳᠡᠯ ᠢ ᠵᠣᠬᠢᠴᠠᠭᠤᠯᠵᠣ ᠰᠢᠢᠳᠪᠦᠷᠢᠯᠡᠬᠦ ᠶᠢ ᠪᠣᠳᠠᠲᠠᠢ ᠬᠠᠷᠢᠭᠤᠴᠠᠨ᠎ᠠ᠃ ᠣᠳᠣᠷᠢᠳᠬᠤ | ᠳᠣᠭᠤᠶᠢᠯᠠᠩ ᠤᠨ ᠠᠯᠪᠡᠨ ᠭᠡᠷ ᠢ ᠪᠠᠶᠢᠭᠤᠯᠵᠣ᠂ 1 — 2 ᠨᠦᠬᠦᠷ ᠢ ᠲᠤᠰᠬᠠᠢ ︵ᠬᠠᠪᠰᠣᠷᠭᠠᠭᠰᠠᠨ︶ ᠲᠣᠰᠢᠶᠠᠯ | ᠡᠭᠦᠷᠭᠡᠯᠡᠭᠦᠯᠵᠦ᠂ ᠣᠯᠣᠰ ᠤᠨ ᠡᠯᠧᠺᠲᠷᠣᠨ ᠬᠤᠳᠠᠯᠳᠤᠭ᠎ᠠ ᠶᠢ ᠬᠦᠳᠡᠭᠡ ᠲᠣᠰᠬᠤᠨ ᠳᠤ ᠣᠷᠣᠭᠤᠯᠬᠤ | ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠢ ᠪᠣᠳᠠᠲᠠᠢ ᠬᠠᠷᠢᠭᠤᠴᠠᠭᠤᠯᠣᠨ᠂ ᠭᠤᠣᠯᠳᠠᠯᠭ᠎ᠠ ᠲᠠᠢ ᠬᠠᠷᠢᠯᠴᠠᠬᠤ | ᠬᠦᠮᠦᠨ ᠤ ᠳᠦᠷᠢᠮ ᠢ ᠲᠣᠭᠲᠠᠭᠠᠵᠣ᠂ ᠲᠣᠭᠲᠠᠮᠠᠯ ᠬᠤᠭᠤᠴᠠᠭ᠎ᠠ ᠲᠠᠢ ᠪᠠᠷ ᠠᠵᠢᠯ ᠤᠨ ᠬᠤᠷᠠᠯ ᠬᠤᠷᠠᠯᠳᠣᠭᠤᠯᠣᠨ᠂ | ᠠᠵᠢᠯ ᠤᠨ ᠠᠬᠢᠴᠠ ᠶᠢ ᠴᠠᠭ ᠲᠣᠬᠠᠢ ᠳᠤᠨᠢ ᠮᠦᠷᠳᠡᠵᠦ᠂ ᠡᠯ᠎ᠡ ᠲᠦᠷᠦᠯ ᠤᠨ ᠠᠵᠢᠯ ᠤᠨ ᠣᠷᠣᠭᠰᠢᠲᠠᠢ | ᠶᠠᠪᠣᠭᠳᠠᠬᠤ ᠪᠠ ᠪᠣᠳᠠᠲᠠᠢ ᠪᠦᠲᠦᠮᠵᠢ ᠣᠯᠬᠤ ᠶᠢ ᠦᠨᠡᠨ ᠬᠦ ᠪᠠᠲᠣᠯᠠᠬᠤ ᠬᠡᠷᠡᠭᠲᠡᠢ᠃ | ︵ᠬᠤᠶᠠᠷ︶ ᠲᠦᠷᠦ ᠶᠢᠨ ᠪᠣᠳᠣᠯᠭ᠎ᠠ ᠶᠢᠨ ᠳᠡᠮᠵᠢᠯᠭᠡ ᠶᠢ ᠶᠡᠬᠡᠰᠬᠡᠬᠦ ᠭᠡᠷᠡᠭᠲᠡᠢ᠃ ᠳᠡᠭᠡᠲᠦ ᠱᠠᠲᠣᠨ ᠤ | ᠬᠦᠳᠡᠭᠡ ᠲᠣᠰᠬᠤᠨ ᠤ ᠡᠯᠧᠺᠲᠷᠣᠨ ᠬᠤᠳᠠᠯᠳᠣᠭᠠᠨ ᠤ ᠬᠦᠭᠵᠢᠯᠲᠡ ᠶᠢ ᠲᠦᠷᠭᠡᠳᠭᠡᠭᠦ ᠲᠣᠬᠠᠢ ᠲᠦᠷᠦ ᠶᠢᠨ | ᠪᠣᠳᠣᠯᠭ᠎ᠠ ᠶᠢᠨ ᠠᠷᠭ᠎ᠠ ᠠᠪᠴᠠᠯ ᠢ ᠬᠢᠨᠠᠮᠠᠭᠠᠢ ᠲᠣᠣᠱᠯᠠᠭᠤᠯᠣᠨ ᠨᠠᠶᠢᠲᠠᠪᠤᠷᠢᠵᠢᠭᠤᠯᠵᠤ᠂ ᠬᠦᠳᠡᠭᠡ ᠲᠣᠰᠬᠤᠨ ᠤ | ᠡᠯᠧᠺᠲᠷᠣᠨ ᠬᠤᠳᠠᠯᠳᠣᠭᠠᠨ ᠤ ᠭᠦᠭᠵᠢᠯᠲᠡ ᠶᠢᠨ ᠰᠡᠳᠬᠢᠴᠡ᠂ ᠭᠤᠣᠯᠳᠠᠯᠭ᠎ᠠ ᠪᠠ ᠠᠷᠭ᠎ᠠ ᠠᠪᠴᠠᠯ ᠢ ᠨᠢᠭᠡᠳᠦᠯᠲᠡᠢ | ᠲᠦᠯᠦᠪᠯᠡᠨ ᠰᠦᠪᠡᠭᠴᠢᠯᠡᠨ᠎ᠡ᠃ ᠮᠠᠨ ᠤ ᠬᠤᠰᠢᠭᠤᠨ ᠤ ᠪᠣᠳᠠᠲᠣ ᠪᠠᠶᠢᠳᠠᠯ ᠲᠠᠢ ᠣᠶᠠᠯᠳᠣᠭᠤᠯᠵᠣ᠂ ᠲᠦᠷᠦᠯ ᠵᠦᠢᠯ᠂ | ᠭᠠᠶᠢᠯᠢ ᠲᠠᠲᠠᠪᠣᠷᠢ᠂ ᠮᠦᠩᠭᠦᠨ ᠬᠦᠢᠯᠭᠡᠭᠡ᠂ ᠴᠢᠳᠠᠪᠣᠷᠢᠲᠠᠨ᠂ ᠪᠣᠯᠪᠠᠰᠣᠷᠠᠯ ᠵᠡᠷᠭᠡ ᠲᠠᠯ᠎ᠠ ᠪᠠᠷ ᠬᠢ ᠳᠡᠮᠵᠢᠯᠭᠡ ᠶᠢᠨ | ᠬᠦᠴᠦᠯᠡᠴᠡ ᠪᠠᠨ ᠨᠡᠮᠡᠭᠳᠡᠭᠦᠯᠬᠦ ᠬᠡᠷᠡᠭᠲᠡᠢ᠃ ᠡᠳᠦᠷ ᠲᠣᠲᠣᠮ ᠤᠨ ᠬᠠᠮᠢᠶᠠᠷᠣᠯᠲᠠ᠂ ᠠᠵᠢᠯ ᠤᠨ ᠠᠬᠢᠭᠤᠯᠣᠯᠲᠠ᠂ | ᠬᠢᠨᠠᠨ ᠬᠠᠮᠢᠶᠠᠷᠣᠯᠲᠠ ᠬᠢᠨᠠᠨ ᠰᠢᠯᠭᠠᠯᠲᠠ ᠵᠡᠷᠭᠡ ᠬᠠᠮᠢᠶ᠎ᠠ ᠪᠦᠬᠦᠢ ᠳᠦᠷᠢᠮ ᠢ ᠲᠤᠭᠲᠠᠭᠠᠵᠣ ᠪᠦᠷᠢᠨᠰᠢᠭᠦᠯᠦᠨ᠂ ᠬᠡᠷᠡᠭ | ᠶᠠᠪᠣᠳᠠᠯ ᠤᠨ ᠳᠣᠮᠳᠠ ᠬᠤᠶᠢᠨᠠᠬᠢ ᠬᠢᠨᠠᠨ ᠬᠠᠮᠢᠶᠠᠷᠣᠯᠲᠠ ᠶᠢ ᠴᠢᠩᠭᠠᠳᠬᠠᠵᠣ᠂ ᠲᠦᠭᠰᠢᠭᠦᠷᠢ ᠶᠢ ᠰᠡᠷᠭᠡᠶᠢᠯᠡᠨ | ᠡᠵᠡᠮᠳᠡᠬᠦ ᠠᠵᠢᠯ ᠢ ᠰᠠᠶᠢᠲᠣᠷ ᠬᠢᠨ᠂ ᠬᠠᠮᠢᠶ᠎ᠠ ᠪᠦᠬᠦᠢ ᠠᠵᠢᠯ ᠤᠨ ᠲᠣᠭᠲᠠᠴᠠ ᠶᠢ ᠲᠡᠭᠦᠯᠳᠡᠷᠵᠢᠭᠦᠯᠵᠦ᠂ ᠬᠦᠳᠡᠭᠡ | ᠲᠣᠰᠬᠤᠨ ᠤ ᠡᠯᠧᠺᠲᠷᠣᠨ ᠬᠤᠳᠠᠯᠳᠣᠭᠠᠨ ᠤ ᠭᠦᠭᠵᠢᠯᠲᠡ ᠳᠤ ᠪᠠᠲᠤ ᠪᠠᠬᠢ ᠳᠦᠷᠢᠮ ᠤᠨ ᠪᠠᠲᠣᠯᠠᠭ᠎ᠠ ᠶᠢ ᠬᠠᠩᠭᠠᠨ᠎ᠠ᠃ | | ︵ᠭᠤᠷᠪᠠ︶ ᠮᠡᠳᠡᠭᠡ ᠵᠠᠩᠬᠢ ᠮᠡᠳᠡᠭᠦᠯᠬᠦ ᠪᠠ ᠳ᠋ᠦᠩᠨᠡᠵᠦ ᠲᠦᠭᠡᠮᠡᠯᠵᠢᠭᠦᠯᠬᠦ ᠪᠠᠨ ᠴᠢᠩᠭᠠᠳᠬᠠᠬᠤ ᠬᠡᠷᠡᠭᠲᠡᠢ᠃ | ᠣᠲᠤᠭ ᠤᠨ ᠡᠮᠦᠨᠡᠲᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶᠡᠨ ᠳᠡᠭᠡᠷ᠎ᠡ ︽ᠡᠯᠧᠺᠲᠷᠣᠨ | ᠬᠤᠳᠠᠯᠳᠣᠭᠠᠨ ᠤ ᠶᠠᠪᠣᠳᠠᠯ ᠢ ᠬᠦᠳᠡᠭᠡ ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ︾ | ᠲᠤᠰᠬᠠᠢ ᠪᠣᠯᠣᠩ ᠭᠠᠷᠭᠠᠵᠣ᠂ ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠤᠨ ᠮᠡᠳᠡᠭᠡ ᠵᠠᠩᠬᠢ ᠶᠢᠨ | ᠢᠯᠡᠰᠢᠭᠦᠯᠦᠯᠲᠡ ᠶᠢᠨ ᠠᠵᠢᠯ ᠢ ᠰᠠᠶᠢᠲᠣᠷ ᠬᠢᠨ᠎ᠡ᠃ ᠬᠤᠳᠠᠯᠳᠣᠭᠠᠨ ᠤ ᠶᠠᠪᠣᠳᠠᠯ ᠤᠨ ᠶᠠᠮᠣᠨ ᠤ ᠬᠦᠳᠡᠭᠡ | ᠲᠣᠰᠬᠤᠨ ᠤ ᠡᠯᠧᠺᠲᠷᠣᠨ ᠬᠤᠳᠠᠯᠳᠣᠭᠠᠨ ᠤ ᠮᠡᠳᠡᠭᠡ ᠵᠠᠩᠬᠢ ᠶᠢᠨ ᠰᠢᠰᠲ᠋ᠧᠮ ᠲᠠᠢ ᠠᠪᠴᠠᠯᠳᠣᠭᠤᠯᠵᠣ᠂ ᠴᠠᠭ | ᠲᠣᠬᠠᠢ ᠳᠤᠨᠢ ᠲᠦᠷᠦᠯ ᠵᠦᠢᠯ ᠤᠨ ᠠᠬᠢᠴᠠ᠂ ᠪᠡᠯᠡ ᠮᠦᠩᠭᠦ ᠶᠢᠨ ᠣᠯᠭᠤᠯᠲᠠ ᠪᠠ ᠪᠦᠲᠦᠮᠵᠢ ᠶᠢᠨ ᠦᠪᠡᠷ ᠤᠨ | ᠦᠨᠡᠯᠡᠯᠲᠡ ᠶᠢᠨ ᠦᠷ᠎ᠡ ᠳ᠋ᠦᠩ ᠤᠨ ᠮᠠᠲ᠋ᠧᠷᠢᠶᠠᠯ ᠢ ᠰᠢᠨᠡᠳᠭᠡᠬᠦ ᠬᠡᠷᠡᠭᠲᠡᠢ᠃ ᠲᠧᠯᠸᠢᠰ᠂ ᠰᠦᠯᠵᠢᠶ᠎ᠡ᠂ ᠳᠡᠯᠭᠡᠨ | ᠦᠵᠡᠬᠦᠯᠬᠡ ᠵᠡᠷᠭᠡ ᠣᠯᠠᠨ ᠠᠷᠭ᠎ᠠ ᠵᠠᠮ ᠪᠠ ᠬᠡᠯᠪᠡᠷᠢ ᠮᠠᠶ᠋ᠢᠭ ᠢ ᠭᠦᠢᠴᠡᠳ ᠠᠰᠢᠭᠯᠠᠵᠣ᠂ ᠣᠬᠠᠭᠤᠯᠭ᠎ᠠ ᠶᠢᠨ | ᠡᠷᠴᠢᠮ ᠢᠶᠠᠨ ᠴᠢᠩᠭᠠᠳᠬᠠᠨ᠂ ᠬᠦᠳᠡᠭᠡ ᠲᠣᠰᠬᠤᠨ ᠤ ᠡᠯᠧᠺᠲᠷᠣᠨ ᠬᠤᠳᠠᠯᠳᠣᠭᠠᠨ ᠤ ᠭᠦᠭᠵᠢᠯᠲᠡ ᠶᠢᠨ ᠣᠬᠢ | ᠣᠷᠴᠢᠨ ᠢ ᠪᠣᠢ ᠪᠣᠯᠭᠠᠵᠣ᠂ ᠮᠠᠨ ᠤ ᠬᠤᠰᠢᠭᠤᠨ ᠤ ᠬᠦᠳᠡᠭᠡ ᠲᠣᠰᠬᠤᠨ ᠤ ᠡᠯᠧᠺᠲᠷᠣᠨ ᠬᠤᠳᠠᠯᠳᠣᠭᠠᠨ ᠤ ᠡᠷᠡᠭᠦᠯ | ᠦᠷᠭᠦᠯᠵᠢᠬᠦᠶᠢᠴᠡ ᠬᠦᠭᠵᠢᠯᠲᠡ ᠶᠢ ᠠᠬᠢᠭᠤᠯᠣᠨ᠂ ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠤᠨ ᠳᠣᠮᠳᠠᠬᠢ | ᠰᠣᠩᠭᠤᠳᠠᠭ ᠲᠣᠷᠰᠢᠯᠭ᠎ᠠ ᠪᠠ ᠪᠦᠲᠦᠮᠵᠢᠲᠠᠢ ᠠᠷᠭ᠎ᠠ ᠠᠪᠴᠠᠯ ᠢ ᠬᠢᠨᠠᠮᠠᠭᠠᠢ ᠡᠮᠬᠢᠯᠡᠵᠦ᠂ ᠠᠮᠵᠢᠯᠲᠠ ᠲᠠᠢ ᠬᠡᠷᠡᠭ ᠤᠨ | ᠵᠢᠱᠢᠶ᠎ᠡ ᠶᠢᠨ ᠣᠬᠠᠭᠤᠯᠭ᠎ᠠ ᠲᠦᠭᠡᠮᠡᠯᠵᠢᠭᠦᠯᠦᠯᠲᠡ ᠶᠢ ᠰᠠᠶᠢᠲᠣᠷ ᠬᠢᠬᠦ ᠬᠡᠷᠡᠭᠲᠡᠢ᠃ | ︵ᠳᠦᠷᠪᠡ︶ ᠬᠢᠨᠠᠯᠲᠠ ᠲᠠᠯᠪᠢᠨ ᠬᠢᠨᠠᠨ ᠰᠢᠯᠭᠠᠬᠤ ᠲᠣᠭᠲᠠᠴᠠ ᠶᠢ ᠪᠠᠶᠢᠭᠤᠯᠬᠤ ᠬᠡᠷᠡᠭᠲᠡᠢ᠃ ᠣᠲᠤᠭ ᠤᠨ | ᠡᠮᠦᠨᠡᠲᠦ ᠬᠤᠰᠢᠭᠤᠨ ᠤ ᠡᠯᠧᠺᠲᠷᠣᠨ ᠬᠤᠳᠠᠯᠳᠣᠭᠠᠨ ᠤ ᠶᠠᠪᠣᠳᠠᠯ ᠢ ᠬᠦᠳᠡᠭᠡ ᠲᠣᠰᠬᠤᠨ ᠳᠤ ᠣᠷᠣᠭᠤᠯᠬᠤ | ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠤᠨ ᠪᠦᠲᠦᠮᠵᠢ ᠶᠢ ᠰᠢᠯᠭᠠᠨ ᠦᠨᠡᠯᠡᠬᠦ ᠠᠷᠭ᠎ᠠ ᠶᠢ ᠲᠣᠭᠲᠠᠭᠠᠵᠣ᠂ | ᠡᠯᠧᠺᠲᠷᠣᠨ ᠬᠤᠳᠠᠯᠳᠤᠭ᠎ᠠ ᠶᠢ ᠬᠦᠳᠡᠭᠡ ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠬᠦᠯᠬᠦ | ᠰᠢᠶᠡᠨ ᠢ ᠴᠣᠭᠴᠠᠯᠠᠬᠤ ᠠᠵᠢᠯ ᠢ ᠡᠯ᠎ᠡ ᠪᠠᠯᠭᠠᠰᠤ ᠵᠢᠴᠢ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠠᠵᠢᠯ ᠤᠨ ᠬᠢᠨᠠᠨ | ᠰᠢᠯᠭᠠᠯᠲᠠ ᠳᠤ ᠣᠷᠣᠭᠤᠯᠣᠨ᠎ᠠ᠃ ᠮᠠᠨ ᠤ ᠬᠤᠰᠢᠭᠤᠨ ᠤ ᠡᠯᠧᠺᠲᠷᠣᠨ ᠬᠤᠳᠠᠯᠳᠣᠭᠠᠨ ᠤ ᠪᠠᠷᠢᠮᠵᠢᠶ᠎ᠠ ᠪᠠ | ᠪᠦᠷᠢᠳᠭᠡᠯ ᠤᠨ ᠰᠢᠰᠲ᠋ᠧᠮ ᠢ ᠪᠠᠶᠢᠭᠤᠯᠵᠣ ᠪᠦᠷᠢᠨᠰᠢᠭᠦᠯᠦᠨ᠂ ᠡᠯᠧᠺᠲᠷᠣᠨ ᠬᠤᠳᠠᠯᠳᠤᠭ᠎ᠠ ᠶᠢ ᠬᠦᠳᠡᠭᠡ | ᠲᠣᠰᠬᠤᠨ ᠳᠤ ᠣᠷᠣᠭᠤᠯᠬᠤ ᠲᠦᠷᠦᠯ ᠵᠦᠢᠯ ᠤᠨ ᠪᠠᠶᠢᠭᠤᠯᠣᠯᠲᠠ᠂ ᠡᠷᠭᠢᠯᠲᠡ ᠶᠢᠨ ᠪᠠᠶᠢᠳᠠᠯ ᠵᠡᠷᠭᠡ ᠶᠢ ᠪᠠᠶᠢᠴᠠᠭᠠᠵᠣ | ᠪᠦᠷᠢᠳᠭᠡᠨ ᠳᠠᠩᠰᠠ ᠪᠠᠶᠢᠭᠤᠯᠬᠤ ᠠᠵᠢᠯ ᠢ ᠰᠠᠶᠢᠲᠣᠷ ᠬᠢᠬᠦ ᠬᠡᠷᠡᠭᠲᠡᠢ᠃ ᠭᠦᠬᠢᠭᠦᠯᠦᠯ ᠲᠣᠷᠭᠠᠭᠤᠯᠢ ᠶᠢᠨ | ᠲᠣᠭᠲᠠᠴᠠ ᠶᠢ ᠲᠡᠭᠦᠯᠳᠡᠷᠵᠢᠭᠦᠯᠵᠦ᠂ ᠲᠡᠷᠢᠭᠦᠨ ᠤ ᠬᠢ ᠶᠢ ᠨᠢ ᠣᠷᠮᠠᠰᠢᠭᠤᠯᠣᠨ᠂ ᠬᠤᠴᠣᠷᠣᠩᠭᠤᠢ ᠶᠢ ᠨᠢ | ᠳᠠᠪᠰᠢᠭᠤᠯᠵᠣ᠂ ᠬᠦᠳᠡᠭᠡ ᠲᠣᠰᠬᠤᠨ ᠤ ᠡᠯᠧᠺᠲᠷᠣᠨ ᠬᠤᠳᠠᠯᠳᠣᠭᠠᠨ ᠤ ᠠᠵᠢᠯ ᠳᠤ ᠳᠣᠪᠣᠶᠢᠮ᠎ᠠ ᠪᠦᠲᠦᠮᠵᠢ ᠲᠠᠢ | ᠨᠢᠭᠡᠴᠡ᠂ ᠦᠢᠯᠡᠴᠢᠯᠡᠭᠡ ᠬᠤᠳᠠᠯᠳᠣᠨ ᠠᠪᠬᠤ ᠶᠢ ᠳᠠᠭᠠᠭᠠᠴᠢᠯᠠᠭᠰᠠᠨ ᠡᠯᠧᠺᠲᠷᠣᠨ ᠬᠤᠳᠠᠯᠳᠣᠭᠠᠨ ᠤ ᠨᠡᠶᠢᠲᠡ ᠶᠢᠨ | ᠦᠢᠯᠡᠴᠢᠯᠡᠭᠡᠨ ᠤ ᠲᠦᠪ᠂ ᠠᠵᠢᠯ ᠲᠦᠷᠦᠯ ᠤᠨ ᠨᠡᠶᠢᠬᠡᠮᠯᠢᠭ᠂ ᠠᠵᠣ ᠠᠬᠤᠶᠢᠯᠠᠯ᠂ ᠦᠢᠯᠡᠰ ᠪᠣᠰᠬᠠᠭᠰᠠᠨ ᠬᠦᠳᠡᠭᠡ | ᠲᠣᠰᠬᠤᠨ ᠤ ᠵᠠᠯᠠᠭᠤᠴᠣᠳ᠂ ᠨᠣᠲᠤᠭ ᠲᠤ ᠪᠠᠨ ᠪᠤᠴᠠᠭᠰᠠᠨ ᠮᠠᠯᠴᠢᠨ ᠲᠠᠷᠢᠶᠠᠴᠢᠨ ᠬᠦᠴᠦ ᠶᠠᠪᠤᠭᠰᠠᠳ ᠵᠡᠷᠭᠡ ᠳᠤ | ᠬᠦᠭᠢᠬᠦᠯᠦᠯ ᠣᠯᠭᠤᠨ᠎ᠠ᠃ | ︵ᠲᠠᠪᠤ︶ ᠪᠡᠯᠡ ᠮᠦᠩᠭᠦ ᠪᠠ ᠲᠦᠷᠦᠯ ᠵᠦᠢᠯ ᠤᠨ ᠬᠠᠮᠢᠶᠠᠷᠣᠯᠲᠠ ᠶᠢ ᠴᠢᠩᠭᠠᠳᠬᠠᠬᠤ ᠬᠡᠷᠡᠭᠲᠡᠢ᠃ ᠲᠦᠪ ᠤᠨ | ᠡᠳ᠋ ᠤᠨ ᠵᠠᠰᠠᠭ ᠤᠨ ᠪᠡᠯᠡ ᠮᠦᠩᠭᠦᠨ ᠤ ᠬᠡᠷᠡᠭᠯᠡᠯᠲᠡ ᠬᠠᠮᠢᠶᠠᠷᠣᠯᠲᠠ ᠪᠠ ᠲᠦᠷᠦᠯ ᠵᠦᠢᠯ ᠤᠨ ᠬᠠᠮᠢᠶᠠᠷᠣᠯᠲᠠ ᠶᠢᠨ | ᠳᠦᠷᠢᠮ ᠢ ᠲᠣᠭᠲᠠᠭᠠᠵᠣ ᠲᠡᠭᠦᠯᠳᠡᠷᠵᠢᠭᠦᠯᠦᠨ᠂ ᠲᠦᠪ ᠤᠨ ᠡᠳ᠋ ᠤᠨ ᠵᠠᠰᠠᠭ ᠤᠨ ᠪᠡᠯᠡ ᠮᠦᠩᠭᠦ ᠪᠠᠷ ᠳᠡᠮᠵᠢᠬᠦ | ᠴᠢᠭᠯᠡᠯ᠂ ᠪᠠᠷᠢᠮᠵᠢᠶ᠎ᠠ ᠪᠠ ᠪᠡᠯᠡ ᠮᠦᠩᠭᠦ ᠣᠯᠭᠤᠯᠲᠠ ᠶᠢᠨ ᠶᠠᠪᠤᠴᠠ ᠵᠢᠷᠣᠮᠯᠠᠯ ᠤᠨ ᠱᠠᠭᠠᠷᠳᠠᠯᠭ᠎ᠠ ᠶᠢ | ᠨᠠᠷᠢᠯᠢᠭᠵᠢᠭᠤᠯᠵᠣ᠂ ᠪᠡᠯᠡ ᠮᠦᠩᠭᠦᠨ ᠤ ᠭᠡᠷᠡᠭᠯᠡᠯᠲᠡ ᠨᠢ ᠲᠣᠭᠲᠠᠭᠰᠠᠨ ᠴᠢᠭᠯᠡᠯ ᠲᠠᠢ ᠪᠠᠶᠢᠬᠤ ᠶᠢ ᠪᠠᠲᠣᠯᠠᠨ᠂ | ᠲᠣᠰᠬᠠᠢ ᠮᠦᠩᠭᠦ ᠶᠢ ᠲᠣᠰᠬᠠᠢ ᠬᠡᠷᠡᠭᠯᠡᠨ᠎ᠡ᠃ ᠲᠦᠪ ᠤᠨ ᠡᠳ᠋ ᠤᠨ ᠵᠠᠰᠠᠭ ᠤᠨ ᠪᠡᠯᠡ ᠮᠦᠩᠭᠦ ᠪᠠᠷ ᠳᠡᠮᠵᠢᠬᠦ ᠲᠦᠷᠦᠯ | ᠵᠦᠢᠯ ᠤᠨ ᠢᠯᠡ ᠪᠠᠶᠢᠷᠢᠨ ᠳᠤ ︽ᠪᠦᠬᠦ ᠣᠯᠣᠰ ᠤᠨ ᠡᠯᠧᠺᠲᠷᠣᠨ ᠬᠤᠳᠠᠯᠳᠣᠭᠠᠨ ᠤ ᠶᠠᠪᠣᠳᠠᠯ ᠢ ᠬᠦᠳᠡᠭᠡ | ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠲᠦᠷᠦᠯ ᠵᠦᠢᠯ︾ ᠭᠡᠬᠦ ᠵᠡᠭᠦᠯᠲᠡ ᠬᠢᠵᠦ᠂ | ᠲᠦᠷᠦᠯ ᠵᠦᠢᠯ ᠤᠨ ᠪᠠᠶᠢᠭᠤᠯᠣᠯᠲᠠ ᠶᠢᠨ ᠪᠠᠷᠢᠮᠵᠢᠶ᠎ᠠ᠂ ᠰᠢᠯᠭᠠᠨ ᠬᠤᠷᠢᠶᠠᠯᠲᠠ ᠶᠢᠨ ᠴᠠᠭ ᠪᠠ ᠪᠠᠷᠢᠮᠵᠢᠶ᠎ᠠ ᠶᠢ | ᠲᠣᠲᠣᠷᠬᠠᠶᠢᠯᠠᠨ᠂ ᠳᠠᠭᠠᠭᠠᠴᠢᠯᠠᠠᠭᠰᠠᠨ ᠪᠠᠶᠢᠭᠤᠯᠭ᠎ᠠ ᠶᠢ ᠱᠠᠭᠠᠷᠳᠠᠵᠣ ᠲᠦᠷᠦᠯ ᠵᠦᠢᠯ ᠤᠨ ᠬᠠᠮᠢᠶ᠎ᠠ ᠪᠦᠬᠦᠢ | ᠠᠷᠠᠯᠵᠢᠶ᠎ᠠ ᠪᠠ ᠠᠵᠢᠯᠯᠠᠭᠠᠨ ᠤ ᠮᠡᠳᠡᠭᠡ ᠵᠠᠩᠬᠢ ᠶᠢ ᠬᠠᠩᠭᠠᠯᠭᠠᠬᠤ ᠬᠡᠷᠡᠭᠲᠡᠢ᠃ | | ᠳᠠᠭᠠᠯᠳᠣᠭᠤᠯᠣᠯ᠄ ᠣᠲᠤᠭ ᠤᠨ ᠡᠮᠦᠨᠡᠲᠦ ᠬᠤᠰᠢᠭᠤᠨ ᠤ ᠡᠯᠧᠺᠲᠷᠣᠨ ᠬᠤᠳᠠᠯᠳᠣᠭᠠᠨ ᠤ ᠶᠠᠪᠣᠳᠠᠯ ᠢ | ᠬᠦᠳᠡᠭᠡ ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠤᠨ ᠣᠳᠣᠷᠢᠳᠬᠤ | ᠳᠣᠭᠤᠶᠢᠯᠠᠩ ᠤᠨ ᠪᠦᠷᠢᠯᠳᠦᠭᠦᠨ ᠤ ᠨᠡᠷᠡᠰ ᠵᠢᠴᠢ ᠡᠭᠦᠷᠭᠡ ᠬᠠᠷᠢᠭᠤᠴᠠᠯᠭ᠎ᠠ | ᠣᠲᠤᠭ ᠤᠨ ᠡᠮᠦᠨᠡᠲᠦ ᠬᠤᠰᠢᠭᠤᠨ ᠤ ᠡᠯᠧᠺᠲᠷᠣᠨ ᠬᠤᠳᠠᠯᠳᠣᠭᠠᠨ ᠤ ᠶᠠᠪᠤᠳᠠᠯ ᠢ ᠬᠦᠳᠡᠭᠡ ᠲᠣᠰᠬᠤᠨ ᠳᠤ | ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠤᠨ ᠣᠳᠣᠷᠢᠳᠬᠤ ᠳᠣᠭᠤᠶᠢᠯᠠᠩ ᠤᠨ ᠪᠦᠷᠢᠯᠳᠦᠭᠦᠨ ᠤ | ᠨᠡᠷᠡᠰ ᠵᠢᠴᠢ ᠡᠭᠦᠷᠭᠡ ᠬᠠᠷᠢᠭᠤᠴᠠᠯᠭ᠎ᠠ | ᠮᠠᠨ ᠤ ᠬᠤᠰᠢᠭᠤᠨ ᠤ ᠡᠯᠧᠺᠲᠷᠣᠨ ᠬᠤᠳᠠᠯᠳᠤᠭ᠎ᠠ ᠶᠢ ᠬᠦᠳᠡᠭᠡ ᠲᠣᠰᠬᠤᠨ ᠳᠤ ᠣᠷᠣᠭᠤᠯᠬᠤ | ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠢ ᠯᠠᠪᠳᠠᠭᠤᠨ ᠪᠠᠲᠣᠲᠠᠢ ᠠᠬᠢᠭᠤᠯᠬᠤ ᠶᠢᠨ ᠲᠦᠯᠦᠭᠡ᠂ | ᠰᠣᠳᠣᠯᠣᠯᠲᠠ ᠪᠠᠷ ᠳᠠᠮᠵᠢᠨ᠂ ᠣᠲᠤᠭ ᠤᠨ ᠡᠮᠦᠨᠡᠲᠦ ᠬᠤᠰᠢᠭᠤᠨ ᠤ ᠡᠯᠧᠺᠲᠷᠣᠨ ᠬᠤᠳᠠᠯᠳᠤᠭ᠎ᠠ ᠶᠢ ᠬᠦᠳᠡᠭᠡ | ᠲᠣᠰᠬᠤᠨ ᠳᠤ ᠣᠷᠣᠭᠤᠯᠬᠤ ᠶᠡᠷᠦᠩᠬᠡᠶᠢᠯᠡᠭᠰᠡᠨ ᠵᠢᠱᠢᠶ᠎ᠡ ᠦᠵᠡᠭᠦᠯᠬᠦ ᠠᠵᠢᠯ ᠤᠨ ᠣᠳᠣᠷᠢᠳᠬᠤ ᠳᠣᠭᠤᠶᠢᠯᠠᠩ ᠢ | ᠪᠠᠶᠢᠭᠤᠯᠬᠤ ᠪᠠᠷ ᠲᠣᠭᠲᠠᠪᠠ᠂ ᠣᠳᠣᠷᠢᠳᠬᠤ ᠳᠣᠭᠤᠶᠢᠯᠠᠩ ᠤᠨ ᠪᠦᠷᠢᠯᠳᠦᠭᠦᠨ ᠢ ᠳᠣᠣᠷᠠᠬᠢ ᠮᠡᠲᠦ ᠨᠡᠶᠢᠲᠡᠯᠡᠪᠡ᠄ | ᠳᠣᠭᠤᠶᠢᠯᠠᠩ ᠤᠨ ᠳᠠᠷᠤᠭ᠎ᠠ᠄ ᠪᠦᠷᠢᠨᠴᠢᠮᠡᠭ ᠬᠤᠰᠢᠭᠤ ᠨᠠᠮ ᠤᠨ ᠬᠤᠷᠢᠶ᠎ᠠ ᠶᠢᠨ ᠳᠡᠳ᠋ ᠱᠦᠵᠢ᠂ | ᠵᠠᠰᠠᠭ ᠤᠨ ᠣᠷᠳᠣᠨ ᠤ ᠬᠤᠰᠢᠭᠤ ᠳᠠᠷᠤᠭ᠎ᠠ | ᠳᠣᠭᠤᠶᠢᠯᠠᠩ ᠤᠨ ᠳᠡᠳ᠋ ᠳᠠᠷᠤᠭ᠎ᠠ᠄ ᠳᠣᠷᠠᠰᠬᠠᠯ ᠬᠤᠰᠢᠭᠤ ᠨᠠᠮ ᠤᠨ ᠬᠤᠷᠢᠶ᠎ᠠ ᠶᠢᠨ ᠪᠠᠶᠢᠩᠭᠤ ᠶᠢᠨ | ᠬᠡᠰᠢᠭᠦᠨ᠂ ᠵᠠᠰᠠᠭ ᠤᠨ ᠣᠷᠳᠣᠨ ᠤ ᠪᠠᠶᠢᠩᠭᠤ ᠶᠢᠨ ᠳᠡᠳ᠋ ᠬᠤᠰᠢᠭᠤ ᠳᠠᠷᠤᠭ᠎ᠠ | ᠪᠠᠢ ᠲᠥᠩ ᠬᠤᠰᠢᠭᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠭᠦᠨ᠂ ᠵᠠᠰᠠᠭ ᠤᠨ ᠣᠷᠳᠣᠨ ᠤ | ᠳᠡᠳ᠋ ᠬᠤᠰᠢᠭᠤ ᠳᠠᠷᠤᠭ᠎ᠠ | ᠰᠦᠨ ᠶᠸᠤ ᠵᠢᠶᠦ᠋ᠨ ᠬᠤᠰᠢᠭᠤ ᠠᠷᠠᠳ ᠤᠨ ᠵᠠᠰᠠᠭ ᠤᠨ ᠣᠷᠳᠣᠨ ᠤ ᠳᠡᠳ᠋ ᠬᠤᠰᠢᠭᠤ ᠳᠠᠷᠤᠭ᠎ᠠ | ᠯᠢᠤᠢ ᠶᠣᠣ ᠹᠧᠩ ᠬᠤᠰᠢᠭᠤ ᠠᠷᠠᠳ ᠤᠨ ᠵᠠᠰᠠᠭ ᠤᠨ ᠣᠷᠳᠣᠨ ᠤ ᠳᠡᠳ᠋ ᠬᠤᠰᠢᠭᠤ ᠳᠠᠷᠤᠭ᠎ᠠ | ᠪᠦᠷᠢᠯᠳᠦᠭᠦᠨ᠄ | ᠶᠸᠤ ᠵᠢᠶᠡᠨ ᠪᠢᠩ ᠬᠤᠰᠢᠭᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠡᠷᠬᠢᠯᠡᠭᠴᠢ᠂ | ᠮᠦᠩᠭᠦᠨ ᠬᠦᠢᠯᠭᠡᠭᠡᠨ ᠤ ᠠᠯᠪᠠᠨ ᠭᠡᠷ ᠤᠨ ᠡᠷᠬᠢᠯᠡᠭᠴᠢ | ᠨᠠᠶᠠ ᠬᠤᠰᠢᠭᠤ ᠡᠪᠯᠡᠯ ᠤᠨ ᠬᠤᠷᠢᠶ᠎ᠠ ᠶᠢᠨ ᠱᠦᠵᠢ | ᠪᠠᠢ ᠶᠢᠩ ᠯᠠᠨ ᠬᠤᠰᠢᠭᠤ ᠡᠮᠡᠭᠲᠡᠶᠢᠴᠦᠳ ᠤᠨ ᠬᠤᠯᠪᠣᠭᠠᠨ ᠤ ᠲᠡᠷᠢᠭᠦᠯᠡᠭᠴᠢ | ᠸᠠᠩ ᠶᠦᠨ ᠱᠠᠨ ᠬᠤᠰᠢᠭᠤ ᠦᠢᠯᠡᠳᠪᠦᠷᠢ ᠬᠤᠳᠠᠯᠳᠣᠭᠠᠨ ᠤ ᠬᠤᠯᠪᠣᠭ᠎ᠠ ᠶᠢᠨ ᠲᠡᠷᠢᠭᠦᠯᠡᠭᠴᠢ | ᠡᠷᠳᠡᠨᠢᠪᠢᠯᠢᠭ ᠣᠯᠵᠠᠴᠢ ᠪᠠᠯᠭᠠᠰᠣᠨ ᠤ ᠪᠠᠯᠭᠠᠰᠣᠨ ᠳᠠᠷᠤᠭ᠎ᠠ | ᠪᠠᠶᠠᠨᠮᠦ᠋ᠩᠬᠡ ᠱᠠᠩᠬᠠᠢ ᠶᠢᠨ ᠰᠦᠮ᠎ᠡ ᠪᠠᠯᠭᠠᠰᠣᠨ ᠤ ᠪᠠᠯᠭᠠᠰᠣᠨ ᠳᠠᠷᠤᠭ᠎ᠠ | ᠷᠠᠳᠨ᠎ᠠ ᠪᠣᠷᠣᠪᠠᠯᠭᠠᠰᠣ ᠪᠠᠯᠭᠠᠰᠣᠨ ᠤ ᠪᠠᠯᠭᠠᠰᠣᠨ ᠳᠠᠷᠤᠭ᠎ᠠ | ᠹᠧᠩ ᠴᠦᠨ ᠬᠤᠸᠠ ᠨᠠᠩᠰᠣ ᠪᠠᠯᠭᠠᠰᠣᠨ ᠤ ᠪᠠᠯᠭᠠᠰᠣᠨ ᠳᠠᠷᠤᠭ᠎ᠠ | ᠯᠢᠤ ᠲᠢᠶᠠᠨ ᠼᠠᠢ ᠬᠤᠰᠢᠭᠤ ᠬᠠᠮ ᠵᠠᠭᠤᠴᠢᠯᠠᠭᠤᠷ ᠤᠨ ᠲᠦᠪ ᠤᠨ ᠡᠷᠬᠢᠯᠡᠭᠴᠢ | ᠪᠦᠷᠢᠨᠪᠠᠶᠠᠷ ᠬᠤᠰᠢᠭᠤ ᠭᠦᠭᠵᠢᠭᠦᠯᠦᠯᠲᠡ ᠦᠭᠡᠷᠡᠴᠢᠯᠡᠯᠲᠡ ᠶᠢᠨ ᠵᠦᠪᠯᠡᠯ ᠤᠨ ᠡᠷᠬᠢᠯᠡᠭᠴᠢ | ᠬᠠᠳᠠ ᠬᠤᠰᠢᠭᠤ ᠰᠣᠷᠭᠠᠨ ᠬᠦᠮᠦᠵᠢᠯ ᠪᠡᠶ᠎ᠡ ᠲᠠᠮᠢᠷ ᠤᠨ ᠲᠤᠪᠴᠢᠶᠠᠨ ᠤ ᠳᠠᠷᠤᠭ᠎ᠠ | ᠵᠢᠶᠠ ᠰᠢᠶᠠᠩ ᠪᠢᠩ ᠬᠤᠰᠢᠭᠤ ᠠᠵᠤ ᠦᠢᠯᠡᠳᠪᠦᠷᠢ ᠮᠡᠳᠡᠭᠡ ᠵᠠᠩᠬᠢᠴᠢᠯᠠᠯᠲᠠ ᠶᠢᠨ ᠲᠤᠪᠴᠢᠶᠠᠨ ᠤ | ᠳᠠᠷᠤᠭ᠎ᠠ | ᠴᠢ᠊ ᠬᠤᠪᠢᠰᠬᠠᠯᠲᠣ ᠬᠤᠰᠢᠭᠤ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠤᠨ ᠡᠷᠬᠢᠯᠡᠭᠴᠢ | ᠶᠠᠩ ᠱᠧᠩ ᠵᠢᠶᠦ᠋ᠨ ᠬᠤᠰᠢᠭᠤ ᠠᠷᠠᠳ ᠤᠨ ᠶᠠᠪᠣᠳᠠᠯ ᠤᠨ ᠲᠤᠪᠴᠢᠶᠠᠨ ᠤ ᠳᠠᠷᠤᠭ᠎ᠠ | ᠠᠶᠤᠰᠢ ᠬᠤᠰᠢᠭᠤ ᠡᠳ᠋ ᠤᠨ ᠵᠠᠰᠠᠭ ᠤᠨ ᠲᠤᠪᠴᠢᠶᠠᠨ ᠤ ᠳᠠᠷᠤᠭ᠎ᠠ | ᠶᠠᠩ ᠬᠤᠪᠢᠰᠬᠠᠯᠲᠣ ᠬᠤᠰᠢᠭᠤ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠬᠡᠮ ᠤᠨ | ᠪᠠᠲᠤᠯᠠᠭ᠎ᠠ ᠶᠢᠨ ᠲᠤᠪᠴᠢᠶᠠᠨ ᠤ ᠳᠠᠷᠤᠭ᠎ᠠ | ᠴᠢᠨ ᠶᠸᠤ ᠭᠦᠸᠧ ᠬᠤᠰᠢᠭᠤ ᠣᠷᠣᠨ ᠰᠠᠭᠤᠴᠠ ᠪᠠ ᠬᠤᠲᠠ ᠬᠦᠳᠡᠭᠡ ᠶᠢᠨ ᠪᠦᠲᠦᠭᠡᠨ | ᠪᠠᠶᠢᠭᠤᠯᠣᠯᠲᠠ ᠶᠢᠨ ᠲᠤᠪᠴᠢᠶᠠᠨ ᠤ ᠳᠠᠷᠤᠭ᠎ᠠ | ᠪᠢᠶᠠᠨ ᠽᠢ ᠸᠧᠨ ᠬᠤᠰᠢᠭᠤ ᠵᠠᠮ ᠬᠠᠷᠢᠯᠴᠠᠭᠠᠨ ᠤ ᠲᠤᠪᠴᠢᠶᠠᠨ ᠤ ᠳᠠᠷᠤᠭ᠎ᠠ | ᠴᠢ᠊ ᠠᠷᠪᠢᠨ ᠬᠤᠰᠢᠭᠤ ᠮᠠᠯ ᠲᠠᠷᠢᠶᠠᠯᠠᠩ ᠤᠨ ᠲᠤᠪᠴᠢᠶᠠᠨ ᠤ ᠳᠠᠷᠤᠭ᠎ᠠ | ᠴᠧᠨ ᠵᠣᠣ ᠬᠤᠰᠢᠭᠤ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠦᠪᠯᠡᠯ ᠤᠨ ᠡᠷᠬᠢᠯᠡᠭᠴᠢ | ᠣᠶᠣᠨ᠎ᠠ ᠬᠤᠰᠢᠭᠤ ᠬᠢᠨᠠᠨ ᠪᠣᠳᠣᠬᠤ ᠲᠤᠪᠴᠢᠶᠠᠨ ᠤ ᠳᠠᠷᠤᠭ᠎ᠠ | ᠰᠣ᠋ ᠵᠡᠨ ᠴᠢᠶᠠᠨ ᠬᠤᠰᠢᠭᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠣᠯᠲᠠ ᠶᠢᠨ ᠲᠤᠪᠴᠢᠶᠠᠨ ᠤ | ᠳᠠᠷᠤᠭ᠎ᠠ | ᠯᠢᠣ ᠱᠤ᠋ ᠭᠦᠸᠧ ᠬᠤᠰᠢᠭᠤ ᠲᠤᠭ᠎ᠠ ᠪᠦᠷᠢᠳᠭᠡᠯ ᠤᠨ ᠲᠤᠪᠴᠢᠶᠠᠨ ᠤ ᠳᠠᠷᠤᠭ᠎ᠠ | ᠴᠢᠨ ᠯᠢᠩ ᠹᠧᠩ ᠬᠤᠰᠢᠭᠤ ᠣᠢ ᠰᠢᠭᠤᠢ ᠪᠠ ᠨᠣᠲᠤᠭ ᠳᠡᠪᠢᠰᠭᠡᠷ ᠤᠨ ᠲᠤᠪᠴᠢᠶᠠᠨ ᠤ ᠳᠠᠷᠤᠭ᠎ᠠ | ᠪᠦᠬᠡ ᠬᠤᠰᠢᠭᠤ ᠴᠠᠬᠢᠯᠭᠠᠨ ᠬᠤᠯᠪᠣᠭᠠᠨ ᠤ ᠺᠣᠮᠫᠠᠨᠢ ᠶᠢᠨ ᠶᠡᠷᠦᠩᠬᠡᠢ ᠳᠠᠭᠠᠭᠠᠮᠠᠯ | ᠵᠠᠩ ᠰᠢᠶᠣᠣ ᠰᠢᠶᠠ ᠬᠤᠰᠢᠭᠤ ᠨᠡᠭᠦᠳᠡᠯ ᠬᠤᠯᠪᠣᠭᠠᠨ ᠤ ᠺᠣᠮᠫᠠᠨᠢ ᠶᠢᠨ ᠶᠡᠷᠦᠩᠬᠡᠢ ᠳᠠᠭᠠᠭᠠᠮᠠᠯ | ᠸᠠᠩ ᠶᠢᠨ ᠹᠧᠩ ᠬᠤᠰᠢᠭᠤ ᠨᠢᠭᠡᠳᠦᠮᠡᠯ ᠬᠤᠯᠪᠣᠭᠠᠨ ᠤ ᠺᠣᠮᠫᠠᠨᠢ ᠶᠢᠨ ᠶᠡᠷᠦᠩᠬᠡᠢ ᠳᠠᠭᠠᠭᠠᠮᠠᠯ | ᠣᠳᠣᠷᠢᠳᠬᠤ ᠳᠣᠭᠤᠶᠢᠯᠠᠩ ᠤᠨ ᠠᠯᠪᠠᠨ ᠭᠡᠷ ᠢ ᠬᠤᠰᠢᠭᠤ ᠠᠵᠣ ᠦᠢᠯᠡᠳᠪᠦᠷᠢ ᠮᠡᠳᠡᠭᠡ ᠵᠠᠩᠬᠢᠴᠢᠯᠠᠯᠲᠠ ᠶᠢᠨ | ᠲᠤᠪᠴᠢᠶᠠᠨ ᠳᠤ ᠲᠤᠬᠢᠷᠠᠭᠤᠯᠵᠣ᠂ ᠠᠯᠪᠠᠨ ᠭᠡᠷ ᠤᠨ ᠡᠷᠬᠢᠯᠡᠭᠴᠢ ᠶᠢᠨ ᠲᠤᠰᠢᠶᠠᠯ ᠢ ᠵᠢᠶᠠ ᠰᠢᠶᠠᠩ ᠪᠢᠩ ᠨᠦᠬᠦᠷ | ᠬᠠᠪᠰᠣᠷᠭᠠᠨ ᠡᠭᠦᠷᠭᠡᠯᠡᠵᠦ᠂ ᠣᠳᠣᠷᠢᠳᠬᠤ ᠳᠣᠭᠤᠶᠢᠯᠠᠩ ᠤᠨ ᠪᠦᠷᠢᠯᠳᠦᠭᠦᠨ ᠳᠤ ᠬᠡᠷᠪᠡ ᠠᠵᠢᠯ ᠤᠨ ᠬᠤᠪᠠᠷᠠᠯᠲᠠ | ᠪᠣᠶᠣ ᠲᠤᠰᠢᠶᠠᠯ ᠤᠨ ᠲᠣᠬᠢᠷᠠᠭᠤᠯᠣᠯᠲᠠ ᠡᠭᠦᠰᠪᠡᠯ᠂ ᠲᠡᠭᠦᠨ ᠤ ᠲᠤᠰᠢᠶᠠᠯ ᠢ ᠵᠠᠯᠭᠠᠨ ᠡᠭᠦᠷᠭᠡᠯᠡᠭᠰᠡᠳ ᠠᠵᠢᠯᠲᠠᠨ | ᠦᠷᠭᠦᠯᠵᠢᠯᠡᠨ ᠬᠠᠷᠢᠭᠤᠴᠠᠯᠭ᠎ᠠ ᠪᠠᠨ ᠭᠦᠢᠴᠡᠳᠭᠡᠵᠦ᠂ ᠳᠠᠬᠢᠨ ᠠᠰᠳᠠᠭᠠᠨ ᠠᠯᠪᠠᠨ ᠪᠢᠴᠢᠭ ᠶᠠᠪᠣᠭᠤᠯᠬᠤ ᠦᠭᠡᠢ᠃ | ᠡᠯ᠎ᠡ ᠪᠦᠷᠢᠯᠳᠦᠭᠦᠨ ᠨᠢᠭᠡᠴᠡ ᠶᠢᠨ ᠡᠭᠦᠷᠭᠡ ᠬᠠᠷᠢᠭᠤᠴᠠᠯᠭ᠎ᠠ᠄ | ᠬᠤᠰᠢᠭᠤ ᠠᠵᠣ ᠦᠢᠯᠡᠳᠪᠦᠷᠢ ᠮᠡᠳᠡᠭᠡ ᠵᠠᠩᠬᠢᠴᠢᠯᠠᠯᠲᠠ ᠶᠢᠨ ᠲᠤᠪᠴᠢᠶ᠎ᠠ ᠄ ᠪᠦᠬᠦ ᠬᠤᠰᠢᠭᠤᠨ ᠤ ᠡᠯᠧᠺᠲᠷᠣᠨ | ᠬᠤᠳᠠᠯᠳᠣᠭᠠᠨ ᠤ ᠠᠵᠢᠯ ᠢ ᠨᠢᠭᠡᠳᠦᠯᠲᠡᠢ ᠲᠦᠯᠦᠪᠯᠡᠵᠦ ᠵᠣᠬᠢᠴᠠᠭᠤᠯᠬᠤ ᠪᠠ ᠭᠦᠭᠵᠢᠯᠲᠡ ᠶᠢᠨ ᠲᠦᠯᠦᠪᠵᠢᠭᠦᠯᠭᠡ ᠶᠢ | ᠲᠤᠭᠲᠠᠭᠠᠬᠤ ᠶᠢ ᠬᠠᠷᠢᠭᠤᠴᠠᠵᠣ᠂ ᠲᠣᠰ ᠬᠤᠰᠢᠭᠤᠨ ᠤ ᠨᠦᠬᠦᠴᠡᠯ ᠳᠤ ᠨᠡᠶᠢᠴᠡᠬᠦ ᠬᠠᠮᠢᠶ᠎ᠠ ᠪᠦᠬᠦᠢ ᠠᠵᠣ | ᠠᠬᠤᠶᠢᠯᠠᠯ ᠢ ᠵᠣᠬᠢᠶᠠᠨ ᠪᠠᠶᠢᠭᠤᠯᠵᠣ ᠡᠯᠧᠺᠲᠷᠣᠨ ᠬᠤᠳᠠᠯᠳᠣᠭᠠᠨ ᠤ ᠲᠠᠪᠴᠠᠩ ᠳᠤ ᠳᠠᠩᠰᠠᠯᠠᠭᠤᠯᠣᠨ᠂ ᠡᠯᠧᠺᠲᠷᠣᠨ | ᠬᠤᠳᠠᠯᠳᠣᠭᠠᠨ ᠤ ᠬᠡᠷᠡᠭᠯᠡᠯᠲᠡ ᠶᠢᠨ ᠪᠣᠯᠪᠠᠰᠣᠷᠠᠯ ᠳᠤ ᠣᠷᠣᠯᠴᠠᠭᠤᠯᠬᠤ ᠵᠢᠴᠢ ᠶᠠᠳᠠᠭᠤ ᠶᠢ ᠳᠡᠳᠭᠦᠬᠦ ᠪᠡᠯᠡ | ᠮᠦᠩᠭᠦ ᠪᠠᠷ ᠡᠯᠧᠺᠲᠷᠣᠨ ᠬᠤᠳᠠᠯᠳᠣᠭᠠᠨ ᠤ ᠭᠦᠭᠵᠢᠯᠲᠡ ᠶᠢ ᠳᠠᠮᠵᠢᠭᠦ ᠶᠢ ᠬᠠᠷᠢᠭᠤᠴᠠᠵᠣ ᠲᠤᠬᠢᠷᠠᠭᠤᠯᠣᠨ᠎ᠠ᠃ | ᠬᠤᠰᠢᠭᠤ ᠡᠮᠡᠭᠲᠡᠶᠢᠴᠦᠳ ᠤᠨ ᠬᠤᠯᠪᠣᠭ᠎ᠠ᠂ ᠬᠤᠰᠢᠭᠤ ᠡᠪᠯᠡᠯ ᠤᠨ ᠬᠤᠷᠢᠶ᠎ᠠ ᠄ ᠪᠦᠬᠦ ᠬᠤᠰᠢᠭᠤᠨ ᠤ ᠡᠯ᠎ᠡ | ᠡᠮᠡᠭᠲᠡᠶᠢᠴᠦᠳ ᠤᠨ ᠬᠤᠯᠪᠣᠭᠠᠲᠣ ᠬᠤᠷᠠᠯ ᠪᠠ ᠡᠯ᠎ᠡ ᠱᠠᠲᠣᠨ ᠤ ᠡᠪ ᠬᠠᠮᠲᠣ ᠵᠠᠯᠠᠭᠤᠴᠣᠳ ᠤᠨ ᠡᠪᠯᠡᠯ ᠤᠨ ᠵᠣᠬᠢᠶᠠᠨ | ᠪᠠᠶᠢᠭᠤᠯᠣᠯᠲᠠ ᠶᠢ ᠵᠣᠬᠢᠶᠠᠨ ᠪᠠᠶᠢᠭᠤᠯᠵᠣ ᠡᠯᠧᠺᠲᠷᠣᠨ ᠬᠤᠳᠠᠯᠳᠤᠭ᠎ᠠ ᠪᠠᠷ ᠦᠢᠯᠡᠰ ᠪᠣᠰᠬᠠᠬᠤ᠂ ᠰᠢᠨᠡᠴᠢᠯᠡᠯᠲᠡ ᠬᠢᠬᠦ | ᠵᠡᠷᠭᠡ ᠠᠵᠢᠯ ᠳᠤ ᠢᠳᠡᠪᠬᠢᠲᠡᠢ ᠣᠷᠣᠯᠴᠠᠭᠤᠯᠬᠤ ᠶᠢ ᠬᠠᠷᠢᠭᠤᠴᠠᠨ᠎ᠠ᠃ | ᠬᠤᠰᠢᠭᠤ ᠬᠠᠮ ᠵᠠᠭᠤᠴᠢᠯᠠᠭᠤᠷ ᠤᠨ ᠲᠦᠪ ᠄ ᠡᠯᠧᠺᠲᠷᠣᠨ ᠬᠤᠳᠠᠯᠳᠤᠭ᠎ᠠ ᠶᠢ ᠣᠬᠠᠭᠤᠯᠵᠣ ᠲᠦᠭᠡᠮᠡᠯᠵᠢᠭᠦᠯᠬᠦ | ᠠᠵᠢᠯ ᠢ ᠰᠠᠶᠢᠲᠣᠷ ᠬᠢᠬᠦ ᠶᠢ ᠬᠠᠷᠢᠭᠤᠴᠠᠨ᠎ᠠ᠃ ᠲᠧᠯᠸᠢᠰ᠂ ᠷᠠᠳᠢᠣ᠋᠂ ᠰᠦᠯᠵᠢᠶ᠎ᠡ ᠵᠡᠷᠭᠡ ᠵᠠᠭᠤᠴᠢᠯᠠᠭᠤᠷ ᠤᠨ ᠠᠷᠭ᠎ᠠ | ᠪᠠᠷᠢᠯ ᠢᠶᠠᠷ ᠳᠠᠮᠵᠢᠭᠤᠯᠣᠨ᠂ ᠡᠯᠧᠺᠲᠷᠣᠨ ᠬᠤᠳᠠᠯᠳᠣᠭᠠᠨ ᠤ ᠠᠵᠢᠯ ᠤᠨ ᠤᠬᠠᠭᠤᠯᠭ᠎ᠠ ᠪᠠᠨ ᠴᠢᠩᠭᠠᠳᠬᠠᠨ᠎ᠠ᠃ | ᠬᠤᠰᠢᠭᠤ ᠬᠦᠭᠵᠢᠭᠦᠯᠦᠯᠲᠡ ᠦᠭᠡᠷᠡᠴᠢᠯᠡᠯᠲᠡ ᠶᠢᠨ ᠵᠦᠪᠯᠡᠯ᠄ ᠡᠯᠧᠺᠲᠷᠣᠨ ᠬᠤᠳᠠᠯᠳᠣᠭᠠᠨ ᠤ ᠲᠦᠷᠦᠯ | ᠵᠦᠢᠯ ᠤᠨ ᠪᠡᠯᠡ ᠣᠭᠤᠷᠣᠯᠣᠯᠲᠠ ᠵᠢᠨᠲ᠋ᠦ᠋ᠷᠦᠯ ᠵᠦᠢᠯ ᠢ ᠲᠤᠭᠲᠠᠭᠠᠬᠤ᠂ ᠳᠠᠩᠰᠠᠯᠠᠬᠤ ᠵᠡᠷᠭᠡ ᠬᠠᠮᠢᠶ᠎ᠠ ᠪᠦᠬᠦᠢ | ᠠᠵᠢᠯ ᠢ ᠵᠢᠯᠣᠭᠤᠳᠴᠤ ᠦᠢᠯᠡᠴᠢᠯᠡᠬᠦ᠂ ᠡᠯᠧᠺᠲᠷᠣᠨ ᠬᠤᠳᠠᠯᠳᠣᠭᠠᠨ ᠤ ᠠᠵᠤ ᠠᠬᠤᠶᠢᠯᠠᠯ ᠤᠨ ᠬᠤᠳᠠᠯᠳᠣᠭᠠᠨ ᠤ | ᠵᠠᠭᠪᠣᠷ᠂ ᠬᠠᠮᠢᠶᠠᠷᠣᠯᠲᠠ ᠶᠢᠨ ᠵᠠᠭᠪᠣᠷ᠂ ᠮᠡᠷᠭᠡᠵᠢᠯ ᠤᠨ ᠰᠣᠳᠣᠯᠣᠨ ᠨᠡᠭᠡᠭᠡᠯᠲᠡ ᠬᠡᠷᠡᠭᠯᠡᠯᠲᠡ ᠶᠢᠨ ᠬᠦᠷᠢᠶ᠎ᠡ ᠴᠠᠷᠠᠭ᠎ᠠ | ᠳᠠᠬᠢ ᠦᠷᠭᠦᠯᠵᠢᠬᠦᠶᠢᠴᠡ ᠰᠢᠨᠡᠴᠢᠯᠡᠯᠲᠡ ᠶᠢ ᠵᠣᠷᠢᠭᠵᠢᠭᠤᠯᠬᠤ ᠶᠢ ᠬᠠᠷᠢᠭᠤᠴᠠᠨ᠎ᠠ᠃ | ᠬᠤᠰᠢᠭᠤ ᠬᠦᠮᠦᠨ ᠤ ᠬᠦᠴᠦᠨ ᠤ ᠡᠬᠢ ᠪᠠᠶᠠᠯᠢᠭ ᠪᠠ ᠨᠡᠶᠢᠬᠡᠮ ᠤᠨ ᠪᠠᠲᠤᠯᠠᠭ᠎ᠠ ᠶᠢᠨ ᠲᠤᠪᠴᠢᠶ᠎ᠠ᠄ | ᠡᠯᠧᠺᠲᠷᠣᠨ ᠬᠤᠳᠠᠯᠳᠣᠭᠠᠨ ᠤ ᠳᠡᠭᠡᠲᠦ ᠲᠡᠰ ᠤᠨ ᠴᠢᠳᠠᠪᠣᠷᠢᠲᠠᠨ ᠢ ᠣᠷᠣᠭᠤᠯᠣᠨ ᠠᠪᠴᠢᠷᠠᠬᠤ | ᠠᠵᠢᠯ ᠢ ᠬᠠᠷᠢᠭᠤᠴᠠᠵᠣ᠂ ᠡᠯᠧᠺᠲᠷᠣᠨ ᠬᠤᠳᠠᠯᠳᠣᠭᠠᠨ ᠤ ᠲᠣᠰᠬᠠᠢ ᠴᠢᠳᠠᠪᠣᠷᠢᠲᠠᠨ ᠲᠣᠲᠠᠭᠳᠠᠬᠤ ᠳᠠᠷᠣᠯᠲᠠ ᠶᠢ | ᠨᠠᠮᠳᠠᠭᠤᠯᠣᠨ᠎ᠠ᠃ | ᠬᠤᠰᠢᠭᠤ ᠡᠳ᠋ ᠤᠨ ᠵᠠᠰᠠᠭ ᠤᠨ ᠲᠣᠪᠴᠢᠶ᠎ᠠ᠄ ᠡᠯᠧᠺᠲᠷᠣᠨ ᠬᠤᠳᠠᠯᠳᠣᠭᠠᠨ ᠤ ᠠᠵᠣ ᠠᠬᠤᠶᠢᠯᠠᠯ ᠤᠨ ᠡᠳ᠋ᠯᠡᠬᠦ | ᠣᠯᠣᠰ ᠪᠠ ᠦᠪᠡᠷᠲᠡᠭᠡᠨ ᠵᠠᠰᠠᠬᠤ ᠣᠷᠣᠨ᠂ ᠬᠤᠲᠠ᠂ ᠬᠤᠰᠢᠭᠤᠨ ᠤ ᠨᠡᠶᠢᠲᠡᠯᠡᠭᠰᠡᠨ ᠡᠯ᠎ᠡ ᠲᠦᠷᠦᠯ ᠤᠨ ᠡᠳ᠋ ᠤᠨ | ᠵᠠᠰᠠᠭ ᠭᠠᠶᠢᠯᠢ ᠶᠢᠨ ᠬᠠᠷᠠᠭᠠᠯᠵᠠᠯ ᠤᠨ ᠲᠦᠷᠦ ᠶᠢᠨ ᠪᠣᠳᠣᠯᠭ᠎ᠠ ᠪᠠ ᠡᠯᠧᠺᠲᠷᠣᠨ ᠬᠤᠳᠠᠯᠳᠤᠭ᠎ᠠ ᠶᠢ ᠳᠡᠮᠵᠢᠬᠦ | ᠲᠦᠷᠦ ᠶᠢᠨ ᠪᠣᠳᠣᠯᠭ᠎ᠠ ᠶᠢᠨ ᠪᠡᠯᠡ ᠮᠦᠩᠬᠦ ᠶᠢ ᠬᠢᠨᠠᠬᠤ᠂ ᠣᠯᠭᠤᠬᠤ ᠪᠠ ᠬᠢᠨᠠᠨ ᠬᠠᠮᠢᠶᠠᠷᠬᠤ ᠠᠵᠢᠯ ᠢ | ᠬᠠᠷᠢᠭᠤᠴᠠᠵᠣ ᠰᠠᠶᠢᠲᠣᠷ ᠬᠢᠨ᠎ᠡ᠃ | ᠬᠤᠰᠢᠭᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠣᠯᠲᠠ ᠶᠢᠨ ᠲᠤᠪᠴᠢᠶ᠎ᠠ᠄ ᠪᠦᠬᠦ ᠬᠤᠯᠪᠣᠭᠳᠠᠯ ᠪᠦᠬᠦᠢ | ᠪᠦᠲᠦᠭᠡᠭᠳᠡᠭᠦᠨ ᠤ ᠦᠢᠯᠡᠳᠪᠦᠷᠢᠯᠡᠯ ᠤᠨ ᠭᠤᠭᠴᠣᠭᠠᠨ ᠤ ᠬᠢᠨᠠᠯᠲᠠ ᠬᠠᠮᠢᠶᠠᠷᠣᠯᠲᠠ ᠪᠠ ᠦᠢᠯᠡᠴᠢᠯᠡᠭᠡ᠂ ᠶᠠᠰᠣ | ᠴᠢᠨᠠᠷ ᠤᠨ ᠪᠣᠭᠤᠮᠲᠠ ᠶᠢ ᠰᠠᠶᠢᠲᠣᠷ ᠠᠳᠬᠤᠵᠣ᠂ ᠡᠬᠢ ᠢᠷᠡᠯᠲᠡ ᠠᠴᠠ ᠨᠢ ᠬᠠᠭᠤᠷᠮᠠᠭ ᠴᠢᠨᠠᠷ ᠮᠠᠭᠤᠲᠠᠢ᠂ ᠬᠢᠷᠢ | ᠲᠡᠩᠴᠡᠬᠦ ᠦᠭᠡᠢ ᠪᠦᠲᠦᠭᠡᠭᠳᠡᠭᠦᠨ ᠡᠯᠧᠺᠲᠷᠣᠨ ᠬᠤᠳᠠᠯᠳᠤᠭ᠎ᠠ ᠶᠢᠨ ᠠᠷᠠᠯᠵᠢᠶᠠᠨ ᠤ ᠭᠤᠭᠴᠤᠭᠠᠨ ᠳᠤ ᠣᠷᠣᠬᠤ ᠶᠢ | ᠰᠡᠷᠭᠡᠶᠢᠯᠡᠨ ᠵᠠᠰᠠᠬᠤ ᠶᠢ ᠬᠠᠷᠢᠭᠤᠴᠠᠨ᠎ᠠ᠃ | ᠬᠤᠰᠢᠭᠤ ᠮᠠᠯ ᠲᠠᠷᠢᠶᠠᠯᠠᠩ ᠤᠨ ᠲᠤᠪᠴᠢᠶ᠎ᠠ᠄ ᠪᠦᠬᠦ ᠬᠤᠰᠢᠭᠤᠨ ᠤ ᠮᠠᠯ ᠲᠠᠷᠢᠶᠠᠯᠠᠩ ᠤᠨ ᠣᠨᠴᠠᠯᠢᠭᠲᠣ | ᠪᠦᠲᠦᠭᠡᠭᠳᠡᠭᠦᠨ ᠤ ᠨᠡᠷᠡᠲᠦ ᠲᠡᠮᠲᠡᠭ ᠤᠨ ᠪᠣᠶᠢᠵᠢᠭᠤᠯᠣᠯᠲᠠ ᠲᠦᠭᠡᠮᠡᠯᠵᠢᠭᠦᠯᠦᠯᠲᠡ ᠶᠢᠨ ᠠᠵᠢᠯ ᠢ ᠬᠠᠷᠢᠭᠤᠴᠠᠵᠣ᠂ | ᠮᠠᠯ ᠲᠠᠷᠢᠶᠠᠯᠠᠩ ᠤᠨ ᠪᠦᠲᠦᠭᠡᠭᠳᠡᠭᠦᠨ ᠤ ᠶᠠᠰᠤ ᠴᠢᠨᠠᠷ ᠤᠨ ᠮᠦᠷᠳᠡᠯᠭᠡ ᠶᠢᠨ ᠠᠵᠢᠯ ᠢ ᠰᠠᠶᠢᠲᠣᠷ ᠬᠢᠨ᠎ᠡ᠃ | ᠬᠤᠰᠢᠭᠤ ᠰᠣᠶᠣᠯ ᠵᠢᠭᠤᠯᠴᠢᠯᠠᠯ ᠤᠨ ᠲᠤᠪᠴᠢᠶ᠎ᠠ᠄ ᠪᠦᠬᠦ ᠬᠤᠰᠢᠭᠤᠨ ᠤ ᠵᠢᠭᠤᠯᠴᠢᠯᠠᠯ ᠤᠨ ᠡᠬᠢ | ᠰᠣᠷᠪᠣᠯᠵᠢ ᠶᠢᠨ ᠰᠦᠯᠵᠢᠶᠡᠨ ᠤ ᠲᠠᠪᠴᠠᠩ ᠤᠨ ᠪᠠᠶᠢᠭᠤᠯᠣᠯᠲᠠ ᠶᠢ ᠠᠬᠢᠭᠤᠯᠬᠤ᠂ ᠵᠢᠭᠤᠯᠴᠢᠯᠠᠯ ᠤᠨ ᠪᠦᠲᠦᠭᠡᠭᠳᠡᠭᠦᠨ | ᠵᠢᠴᠢ ᠵᠢᠭᠤᠯᠴᠢᠯᠠᠯ ᠤᠨ ᠦᠵᠡᠮᠵᠢ ᠶᠢᠨ ᠴᠡᠭ ᠢ ᠡᠯᠧᠺᠲᠷᠣᠨ ᠬᠤᠳᠠᠯᠳᠣᠭᠠᠨ ᠤ ᠲᠠᠪᠴᠠᠩ ᠳᠡᠭᠡᠷ᠎ᠡ ᠲᠠᠨᠢᠯᠴᠠᠭᠤᠯᠣᠨ | ᠲᠦᠭᠡᠮᠡᠯᠵᠢᠬᠦ ᠵᠢᠴᠢ ᠶᠠᠰᠣ ᠴᠢᠨᠠᠷ ᠤᠨ ᠬᠢᠨᠠᠨ ᠬᠠᠮᠢᠶᠠᠷᠣᠯᠲᠠ ᠶᠢ ᠬᠠᠷᠢᠭᠤᠴᠠᠨ᠎ᠠ᠃ | ᠬᠤᠰᠢᠭᠤ ᠲᠤᠭ᠎ᠠ ᠪᠦᠷᠢᠳᠭᠡᠯ ᠤᠨ ᠲᠤᠪᠴᠢᠶ᠎ᠠ᠄ ᠡᠯᠧᠺᠲᠷᠣᠨ ᠬᠤᠳᠠᠯᠳᠣᠭᠠᠨ ᠤ ᠠᠵᠣ ᠠᠬᠤᠶᠢᠯᠠᠯ ᠤᠨ | ᠮᠡᠳᠡᠭᠡ ᠵᠠᠩᠬᠢ ᠶᠢᠨ ᠪᠦᠷᠢᠳᠭᠡᠯ ᠪᠠ ᠬᠤᠷᠠᠮᠳᠣᠭᠤᠯᠭ᠎ᠠ ᠶᠢ ᠴᠢᠩᠭᠠᠳᠬᠠᠬᠤ᠂ ᠡᠯᠧᠺᠲᠷᠣᠨ ᠬᠤᠳᠠᠯᠳᠣᠭᠠᠨ ᠤ | ᠪᠦᠷᠢᠳᠭᠡᠯ ᠬᠢᠨᠠᠨ ᠬᠡᠮᠵᠢᠯᠲᠡ᠂ ᠵᠠᠳᠠᠯᠣᠯᠲᠠ ᠪᠠ ᠰᠢᠨᠵᠢᠯᠡᠬᠦ ᠤᠬᠠᠭᠠᠨᠴᠢᠯᠠᠭᠰᠠᠨ ᠳᠦᠪᠰᠢᠨ ᠢ ᠳᠡᠭᠡᠭᠰᠢᠯᠡᠭᠦᠯᠬᠦ ᠶᠢ | ᠬᠠᠷᠢᠭᠤᠴᠠᠨ᠎ᠠ᠃ | ᠬᠤᠰᠢᠭᠤ ᠨᠢᠭᠡᠳᠦᠮᠡᠯ ᠬᠤᠯᠪᠣᠭᠠᠨ ᠤ ᠺᠣᠮᠫᠠᠨᠢ᠂ ᠨᠡᠭᠦᠳᠡᠯ ᠬᠤᠯᠪᠣᠭᠠᠨ ᠤ ᠺᠣᠮᠫᠠᠨᠢ᠂ ᠴᠠᠬᠢᠯᠭᠠᠨ ᠬᠤᠯᠪᠣᠭᠠᠨ ᠤ | ᠺᠣᠮᠫᠠᠨᠢ᠄ ᠪᠦᠬᠦ ᠬᠤᠰᠢᠭᠤᠨ ᠤ ᠬᠦᠳᠡᠭᠡ ᠲᠤᠰᠬᠤᠨ ᠤ ᠴᠢᠮᠡᠭᠡ ᠬᠤᠯᠪᠣᠭᠠᠨ ᠤ ᠰᠠᠭᠤᠷᠢ ᠲᠦᠭᠦᠭᠡᠷᠦᠮᠵᠢ ᠶᠢᠨ | ᠪᠠᠶᠢᠭᠤᠯᠣᠯᠲᠠ ᠶᠢ ᠴᠢᠩᠭᠠᠳᠬᠠᠵᠣ᠂ ᠬᠦᠳᠡᠭᠡ ᠲᠣᠰᠬᠤᠨ ᠤ ᠴᠢᠮᠡᠭᠡ ᠬᠤᠯᠪᠣᠭᠠᠨ ᠤ ᠨᠦᠬᠦᠴᠡᠯ ᠢ ᠰᠠᠶᠢᠵᠢᠷᠠᠭᠤᠯᠬᠤ | ᠶᠢᠨ ᠬᠠᠮᠲᠣ ᠪᠦᠬᠦ ᠬᠤᠰᠢᠭᠤᠨ ᠤ ᠡᠯᠧᠺᠲᠷᠣᠨ ᠬᠤᠳᠠᠯᠳᠤᠭ᠎ᠠ ᠶᠢ ᠬᠦᠳᠡᠭᠡ ᠲᠣᠰᠬᠤᠨ ᠳᠤ ᠣᠷᠣᠭᠤᠯᠬᠤ | ᠠᠵᠢᠯ ᠳᠤ ᠮᠡᠷᠭᠡᠵᠢᠯ ᠵᠡᠷᠭᠡ ᠲᠠᠯ᠎ᠠ ᠶᠢᠨ ᠳᠠᠮᠵᠢᠯᠭᠡ ᠦᠵᠡᠭᠦᠯᠦᠨ᠎ᠡ᠃ | | | | ᠣᠳᠤᠭ ᠤᠨ ᠡᠮᠤᠨᠡᠲᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ | 2020 ᠤᠨ ᠤ 5 ᠰᠠᠷ᠎ᠠ ᠶᠢᠨ 25 ᠤ ᠡᠳᠤᠷ ᠲᠠᠷᠤᠮᠠᠯᠯᠠᠨ ᠲᠠᠷᠬᠠᠭᠠᠪᠠ |