ᠨᠠᠩᠰᠣ ᠪᠠᠯᠭᠠᠰᠣ ᠣᠳᠤᠭ ᠤᠨ ᠡᠮᠦᠨᠡᠳᠦ ᠬᠤᠰᠢᠭᠤ᠂ ᠦᠣᠰᠢᠨ ᠬᠤᠰᠢᠭᠤ᠂ ᠣᠳᠤᠭ ᠬᠤᠰᠢᠭᠤᠨ ᠤ | ᠠᠭᠤᠯᠵᠠᠷ ᠳᠤ ᠪᠠᠶᠢᠷᠢᠰᠢᠨ᠂ ᠵᠡᠭᠦᠨᠰᠢ ᠦᠣᠰᠢᠨ ᠬᠤᠰᠢᠭᠤᠨ ᠤ ᠰᠦᠯᠳᠠ ᠰᠣᠮᠣ ᠪᠣᠯᠣᠨ ᠣᠳᠤᠭ ᠬᠤᠰᠢᠭᠤᠨ ᠤ | ᠰᠦᠮᠡᠳᠦ ᠰᠣᠮᠣ ᠲᠠᠢ ᠬᠦᠷᠰᠢᠯᠡᠵᠣ᠂ ᠡᠮᠦᠨᠡᠰᠢ ᠪᠣᠷᠣᠪᠠᠯᠭᠠᠰᠣ᠂ ᠪᠠᠷᠠᠭᠤᠨᠰᠢ ᠣᠯᠵᠠᠴᠢ ᠪᠠᠯᠭᠠᠰᠣ᠂ ᠬᠤᠶᠢᠰᠢ | ᠣᠳᠤᠭ ᠬᠤᠰᠢᠭᠤᠨ ᠤ ᠴᠠᠪ ᠰᠣᠮᠣ ᠲᠠᠢ ᠵᠠᠯᠭᠠᠯᠳᠣᠨᠠ᠃ ᠮᠣᠤᠠᠣᠰᠣ ᠶᠢᠨ ᠡᠯᠡᠰᠦᠨ ᠴᠦᠯ ᠤᠨ ᠦᠷᠦᠴᠡᠨ ᠳᠤ | ᠪᠠᠶᠢᠷᠢᠯᠠᠵᠣ᠂ ᠣᠷᠳᠣᠰ ᠤᠨ ᠦᠨᠳᠦᠷᠯᠢᠭ ᠤᠨ ᠨᠢᠭᠡᠨ ᠬᠡᠰᠡᠭ ᠪᠣᠯᠣᠭᠰᠠᠨ ᠤ ᠬᠤᠪᠢ ᠳᠤ᠂ ᠭᠠᠵᠠᠷ ᠤᠨ ᠪᠠᠶᠢᠴᠠ | ᠲᠡᠭᠰᠢ᠂ ᠲᠠᠯᠠᠢ ᠲᠦᠪᠰᠢᠨ ᠠᠴᠠ 1300 — 1500 ᠮᠧᠲᠷ ᠤᠨ ᠬᠤᠭᠤᠷᠣᠨᠳᠦ ᠡᠷᠭᠦᠭᠳᠡᠵᠣ᠂ ᠰᠢᠯᠢᠷᠬᠡᠭ | ᠭᠠᠵᠠᠷ᠂ ᠴᠠᠶᠢᠳᠠᠮ ᠪᠦᠷᠢᠳᠦ᠂ ᠪᠠᠯᠠᠷ ᠮᠠᠩᠬ᠎ᠠ ᠭᠤᠷᠪᠠᠨ ᠲᠦᠷᠦᠯ ᠤᠨ ᠭᠠᠵᠠᠷ ᠤᠨ ᠭᠠᠳᠠᠷᠭᠤ ᠲᠠᠢ᠃ ᠬᠠᠷᠢᠶ᠎ᠠ | ᠣᠷᠣᠨ ᠤ ᠲᠠᠯᠠᠪᠠᠢ 4292.87 ᠲᠡᠭᠰᠢ ᠲᠦᠷᠪᠡᠯᠵᠢᠨ ᠺᠢᠯᠣᠮᠧᠲᠷ᠂ ᠭᠠᠵᠠᠷ ᠰᠢᠷᠣᠢ ᠶᠢᠨ ᠶᠡᠷᠦᠩᠬᠡᠢ ᠲᠠᠯᠠᠪᠠᠢ | 645 ᠲᠦᠮᠡᠨ ᠮᠣ᠋᠃ ᠲᠣᠣᠷ᠎ᠠ ᠪᠠᠨ 1 ᠪᠠᠶᠢᠭᠤᠯᠭ᠎ᠠ ᠨᠢᠭᠡᠴᠡ᠂ 3 ᠨᠡᠶᠢᠭᠡᠮ ᠲᠣᠭᠤᠷᠢᠭ᠂ 16 ᠭᠠᠴᠠᠭ᠎ᠠ ᠲᠠᠢ᠂ | 3743 ᠡᠷᠦᠬᠡ 10513 ᠬᠦᠮᠦᠨ ᠠᠮᠠ ᠲᠠᠢ ︵ᠪᠠᠶᠢᠩᠭᠤ ᠰᠠᠭᠤᠭ᠎ᠠ 2898 ᠡᠷᠦᠬᠡ 7314 ᠬᠦᠮᠦᠨ︶᠂ | ᠮᠣᠩᠭᠤᠯ ᠦᠨᠳᠦᠰᠦᠳᠡᠨ 6887 ᠬᠦᠮᠦᠨ᠂ ᠬᠦᠮᠦᠨ ᠠᠮᠠ ᠶᠢᠨ 65.5% ᠶᠢ ᠡᠵᠡᠯᠡᠨ᠎ᠡ᠃ | ᠣᠶᠢᠷ᠎ᠠ ᠶᠢᠨ ᠵᠢᠯ ᠳᠤ ︽ᠦᠵᠡᠰᠭᠦᠯᠡᠩᠳᠦ ᠨᠠᠩᠰᠣ᠂ ᠵᠢᠷᠭᠠᠯᠠᠩᠳᠦ ᠮᠠᠯᠴᠢᠨ︾ ᠨᠠᠮ ᠤᠨ ᠪᠠᠶᠢᠭᠤᠯᠣᠯᠳᠠ ᠶᠢᠨ | ᠨᠡᠷᠡᠳᠦ ᠲᠡᠮᠳᠡᠭ ᠤᠨ ᠵᠢᠯᠣᠭᠤᠳᠣᠯᠭ᠎ᠠ ᠲᠣᠣᠷ᠎ᠠ ︽ᠠᠮᠢ ᠠᠬᠤᠶᠢᠴᠢ ᠪᠠᠯᠭᠠᠰᠦ ᠶᠢ ᠴᠣᠭᠴᠠᠯᠠᠬᠤ᠂ ᠠᠵᠣ ᠣᠶᠢᠯᠠᠰ | ᠢᠶᠠᠷ ᠪᠠᠯᠭᠠᠰᠦ ᠪᠠᠨ ᠬᠦᠴᠦᠷᠭᠡᠭᠵᠢᠭᠦᠯᠬᠦ᠂ ᠰᠣᠶᠣᠯ ᠣᠯᠠᠮᠵᠢᠯᠠᠯ ᠢᠶᠠᠷ ᠪᠠᠯᠭᠠᠰᠣ ᠪᠠᠨ ᠬᠦᠭᠵᠢᠭᠦᠯᠬᠦ᠂ ᠡᠶ᠎ᠡ | ᠨᠠᠶᠢᠷᠠᠮᠳᠠᠭᠤ ᠪᠠᠯᠭᠠᠰᠦ ᠶᠢ ᠪᠠᠶᠢᠭᠤᠯᠬᠤ︾ ᠶᠡᠷᠦᠩᠬᠡᠢ ᠰᠡᠳᠬᠢᠮᠵᠢ ᠪᠠ ᠬᠠᠷᠠᠯᠳᠠ ᠶᠣᠰᠣᠭᠠᠷ ᠪᠦᠬᠦ ᠪᠠᠯᠭᠠᠰᠣᠨ ᠤ | ᠺᠠᠳ᠋ᠷ ᠣᠯᠠᠨ ᠲᠦᠮᠡᠨ ᠢ ᠪᠦᠯᠬᠦᠮᠳᠡᠭᠦᠯᠦᠨ ᠲᠠᠶᠢᠴᠢᠯᠠᠵᠣ᠂ ᠭᠠᠪᠰᠢᠭᠠᠢ ᠵᠣᠷᠢᠭ ᠭᠠᠷᠭᠠᠮᠠᠢ ᠵᠢᠳᠬᠦᠯ ᠢᠶᠠᠷ ᠢᠶᠠᠨ | ᠨᠠᠩᠰᠦ ᠪᠠᠯᠭᠠᠰᠣ ᠪᠠᠨ ᠪᠣᠬᠢᠷᠳᠣᠯ ᠦᠭᠡᠢ ᠮᠠᠯ ᠲᠠᠷᠢᠶᠠᠯᠠᠩ ᠤᠨ ᠪᠦᠳᠦᠭᠡᠭᠳᠡᠭᠦᠨ ᠪᠣᠯᠪᠠᠰᠣᠷᠠᠭᠤᠯᠬᠤ ᠪᠠ ᠰᠣᠶᠣᠯ | ᠵᠢᠭᠤᠯᠴᠢᠯᠠᠯ ᠤᠨ ᠠᠭᠤᠰᠣᠯᠴᠠᠯ ᠬᠦᠭᠵᠢᠯᠳᠡ ᠶᠢᠨ ᠲᠠᠭᠤᠷᠢᠶᠠᠯ ᠪᠠᠯᠭᠠᠰᠦ ᠪᠣᠯᠭᠠᠨ ᠴᠣᠭᠴᠠᠯᠠᠬᠤ ᠪᠠᠷ ᠮᠠᠷᠡᠶᠢᠵᠣ ᠪᠣᠢ᠃ | |