ᠴᠤᠯᠮᠤᠨᠴᠡᠴᠡᠭ ᠰᠠᠭᠠᠯᠢ ᠶᠢᠨ ᠢᠳᠡᠬᠡᠨ ᠪᠤᠯᠪᠠᠰᠤᠷᠠᠭᠤᠯᠬᠤ ᠮᠡᠷᠬᠡᠵᠢᠯ ᠢᠶᠠᠨ ᠤᠯᠠᠮᠵᠢᠯᠠᠵᠤ ᠶᠠᠪᠤᠨ᠎ᠠ
ᠨᠡᠶᠢᠲᠡᠯᠡᠭᠰᠡᠨ ᠴᠠᠭ᠄
2021/11/4
    ᠨᠠᠮᠤᠷ ᠪᠤᠯᠵᠤ ᠰᠦ ᠦᠤᠨᠬᠡᠷᠡᠵᠤ ᠢᠷᠡᠬᠦ ᠪᠠᠷ ᠰᠠᠭᠠᠯᠢᠴᠢᠨ ᠪᠦᠰᠡᠬᠦᠶᠢᠴᠤᠤᠨ ᠤᠨ ᠬᠠᠮᠤᠭ ᠤᠨ ᠶᠠᠭᠠᠷᠠᠯᠳᠠᠢ ᠴᠠᠭ ᠪᠤᠯᠳᠠᠭ᠃ ᠦᠨᠢᠶ᠎ᠡ ᠰᠠᠭᠠᠨ᠎ᠠ᠂ ᠬᠤᠷᠠᠭ᠎ᠠ ᠳᠤᠭᠤᠯ ᠤᠭᠵᠢᠨ᠎ᠠ᠂ ᠮᠠᠯ ᠢᠶᠠᠨ ᠪᠡᠯᠴᠢᠬᠡᠨ᠎ᠡ᠂ ᠰᠦ ᠱᠦᠬᠦᠨ᠎ᠠ ᠁ ᠡᠨᠡ ᠪᠤᠯ ᠮᠠᠯᠴᠢᠨ ᠬᠦᠮᠤᠨ ᠤ ᠦᠤᠷ ᠤᠨ ᠴᠤᠯᠮᠤᠨ ᠠᠴᠠ ᠠᠪᠤᠭᠠᠤᠨ ᠦᠳᠡᠰᠢ ᠶᠢᠨ ᠳᠤᠯᠤᠩ ᠳᠤ ᠬᠦᠷᠳᠡᠯ᠎ᠡ ᠦᠷᠬᠦᠯᠵᠢᠯᠡᠳᠡᠭ ᠶᠠᠷᠤᠳᠠ ᠶᠢᠨ ᠠᠵᠢᠯ ᠪᠢᠯᠡ᠃ ᠤᠶᠢᠷ᠎ᠠ ᠳᠤ᠂ ᠤᠳᠤᠭ ᠤᠨ ᠡᠮᠤᠨᠡᠳᠤ ᠬᠤᠰᠢᠭᠤᠨ ᠤ ᠪᠤᠷᠤᠪᠠᠯᠭᠠᠰᠤ ᠪᠠᠯᠭᠠᠰᠤ ᠶᠢᠨ ᠪᠠᠶᠠᠨᠰᠢᠯᠢ ᠭᠠᠴᠠᠭᠠᠨ ᠤ ᠮᠠᠯᠴᠢᠨ ᠴᠤᠯᠮᠤᠨᠴᠡᠴᠡᠭ ᠬᠠᠷᠢᠨ ᠡᠳᠤᠷ ᠳᠤᠳᠤᠮ ᠤᠨ ᠠᠵᠢᠯ ᠤᠳ ᠢᠶᠠᠨ ᠡᠪᠳᠡᠶᠢᠬᠡᠨ ᠳᠠᠭᠤᠰᠬᠠᠭᠰᠡᠨ ᠤ ᠳᠠᠷᠠᠭ᠎ᠠ ᠦᠷᠯᠤᠬᠡ ᠦᠳᠡᠰᠢ ᠶᠢᠨ ᠴᠠᠭ ᠢᠶᠠᠨ ᠠᠰᠢᠭᠯᠠᠨ ᠬᠤᠯᠪᠤᠭ᠎ᠠ ᠵᠢᠷᠬᠢᠶ᠎ᠠ ᠪᠠᠶᠢᠭᠤᠯᠤᠨ ᠬᠤᠷᠤᠤᠨ ᠬᠢᠬᠦ᠂ ᠰᠠᠭᠠᠯᠢ ᠶᠢᠨ ᠠᠮᠳᠠᠳᠤ ᠪᠤᠭᠤᠷᠰᠤᠭ ᠬᠢᠬᠦ ᠠᠷᠭ᠎ᠠ ᠶᠢ ᠤᠯᠠᠨ  ᠳᠤ ᠪᠠᠨ ᠵᠢᠭᠠᠵᠤ ᠤᠯᠠᠮᠵᠢᠯᠠᠭᠠᠤᠨ ᠶᠠᠭᠠᠷᠠᠵᠤ ᠪᠠᠶᠢᠯ᠎ᠠ᠃     ᠴᠤᠯᠮᠤᠨᠴᠡᠴᠡᠭ ᠬᠠᠷᠠᠬᠠᠨ ᠪᠠᠭ᠎ᠠ ᠠᠴᠠ ᠪᠠᠨ ᠰᠠᠭᠠᠯᠢ ᠪᠠᠷᠢᠬᠤ ᠳᠤᠷᠠᠳᠠᠢ᠃ ᠳᠠᠷᠠ᠂ 2019 ᠤᠨ ᠳᠤ ᠪᠦᠬᠦ ᠬᠤᠰᠢᠭᠤᠨ ᠤ ᠨᠢᠬᠡ ᠤᠳᠠᠭᠠᠨ ᠤ ᠴᠠᠭᠠᠨ ᠢᠳᠡᠭᠡ ᠪᠤᠯᠪᠠᠰᠤᠷᠠᠭᠤᠯᠬᠤ ᠤᠷᠤᠯᠳᠤᠭᠠᠨ ᠳᠤ ᠤᠷᠤᠯᠴᠠᠭᠰᠡᠨ ᠤ ᠳᠠᠷᠠᠭ᠎ᠠ ᠤᠳᠤᠬᠠᠨ ᠳᠡᠬᠡᠷ᠎ᠡ ᠰᠦ ᠴᠠᠭᠠᠨ ᠢᠳᠡᠭᠡ ᠶᠢ ᠪᠤᠯᠪᠠᠰᠤᠷᠠᠭᠤᠯᠬᠤ ᠳᠠᠯ᠎ᠠ ᠪᠠᠷ ᠮᠠᠰᠢ ᠠᠷᠪᠢᠨ ᠠᠰᠠᠭᠤᠳᠠᠯ ᠤᠷᠤᠰᠢᠵᠤ ᠪᠠᠶᠢᠬᠤ ᠪᠠ ᠡᠬᠦᠨ ᠢ ᠬᠢᠵᠤ ᠪᠤᠯᠪᠠᠰᠤᠷᠠᠭᠤᠯᠳᠠᠭ ᠬᠦᠮᠤᠨ ᠴᠤ ᠡᠳᠤᠷ ᠠᠴᠠ ᠡᠳᠤᠷ ᠴᠦᠬᠡᠷᠡᠵᠤ ᠪᠠᠶᠢᠭ᠎ᠠ ᠶᠢ ᠤᠯᠵᠤ ᠮᠡᠳᠡᠵᠡᠢ᠃ ᠳᠡᠬᠡᠬᠡᠤᠨ ᠳᠠᠷᠠ ᠳᠤᠰᠬᠠᠶᠢᠯᠠᠨ ᠰᠢᠯᠢ ᠶᠢᠨ ᠭᠤᠤᠯ ᠠᠶᠢᠮᠠᠭ ᠤᠨ ᠰᠦᠨᠢᠤᠨ ᠵᠡᠬᠦᠨ ᠬᠤᠰᠢᠭᠤ ᠪᠤᠯᠤᠨ ᠬᠦᠪᠡᠬᠡᠳᠤ ᠰᠢᠷ᠎ᠠ ᠬᠤᠰᠢᠭᠤᠨ ᠳᠤ ᠬᠦᠷᠴᠤ ᠪᠠᠭᠰᠢ ᠵᠠᠯᠠᠨ ᠬᠤᠷᠤᠤᠨ ᠬᠢᠬᠦ ᠪᠠ ︽ᠰᠠᠷᠠᠨ ᠪᠤᠭᠤᠷᠰᠤᠭ︾ ᠬᠢᠬᠦ ᠠᠷᠭ᠎ᠠ ᠶᠢ ᠰᠤᠷᠴᠤ ᠡᠵᠡᠮᠰᠢᠬᠡᠤᠨ ᠨᠤᠳᠤᠭ ᠤᠨ ᠢᠶᠠᠨ ᠡᠬᠡᠴᠢ ᠳᠡᠬᠦᠤ ᠨᠠᠷ ᠲᠤ ᠪᠠᠨ ᠦᠨ᠎ᠠ ᠲᠦᠯᠤᠪᠤᠷᠢ ᠦᠬᠡᠢ ᠵᠢᠭᠠᠵᠤ ᠦᠭᠴᠡᠢ᠃ ᠳᠡᠬᠦᠨ ᠤ ᠪᠠᠶᠢᠭᠤᠯᠤᠭᠰᠡᠨ ︽ᠮᠤᠩᠭᠤᠯ ᠢᠳᠡᠬᠡᠨ︾ ᠪᠤᠯᠪᠠᠰᠤᠷᠠᠭᠤᠯᠬᠤ ᠪᠤᠯᠪᠠᠰᠤᠷᠠᠯ ᠤᠨ ᠠᠩᠬᠢ ᠶᠢᠨ ᠸᠢᠴᠠᠲ ᠬᠤᠯᠪᠤᠭᠠᠨ ᠳᠤ ᠨᠢ 400 ᠭᠠᠷᠤᠢ ᠬᠦᠮᠤᠨ ᠰᠤᠷᠤᠯᠴᠠᠵᠤ ᠪᠠᠶᠢᠳᠠᠭ᠃ ᠴᠤᠯᠮᠤᠨᠴᠡᠴᠡᠭ ᠸᠢᠴᠠᠲ ᠢᠶᠠᠷ ᠳᠠᠮᠵᠢᠭᠤᠯᠤᠨ᠂ ᠰᠢᠷ᠎ᠠ ᠳᠤᠰᠤ᠂ ᠦᠵᠤᠮ᠂ ᠰᠢᠬᠢᠷ᠂ ᠪᠠᠯ ᠵᠡᠷᠬᠡ ᠡᠯᠳᠡᠪ ᠵᠦᠢᠯ ᠤᠨ ᠠᠮᠳᠠᠳᠤ ᠢᠳᠡᠬᠡᠨ ᠢᠶᠠᠷ ᠨᠠᠶᠢᠷᠠᠭᠤᠯᠤᠭᠰᠡᠨ ︽ᠰᠠᠷᠠᠨ ᠪᠤᠭᠤᠷᠰᠤᠭ︾ ᠪᠠ ᠬᠤᠷᠤᠤᠨ ᠬᠢᠬᠦ ᠠᠷᠭ᠎ᠠ ᠶᠢ ᠠᠯᠬᠤᠮ ᠳᠠᠷᠠᠭ᠎ᠠ ᠲᠠᠢ᠂ ᠤᠶᠢᠯᠠᠭᠠᠮᠵᠢᠳᠠᠢ ᠰᠠᠶᠢᠬᠠᠨ ᠳᠠᠶᠢᠯᠪᠤᠷᠢᠯᠡᠨ ᠶᠠᠷᠢᠵᠤ ᠦᠭᠬᠦ ᠪᠤᠶᠤ ᠵᠢᠷᠤᠭ ᠲᠦᠷᠰᠤ ᠪᠠᠷ ᠢᠯᠡᠤᠨᠬᠡᠵᠤ ᠦᠵᠡᠬᠦᠯᠳᠡᠭ ᠠᠴᠠ ᠰᠤᠷᠤᠯᠭᠠᠳᠠᠤᠨ ᠤᠨ ᠬᠠᠶᠢᠷ᠎ᠠ ᠬᠦᠨᠳᠤᠤᠨᠬᠡᠯ ᠢ ᠤᠯᠵᠤ᠂ ᠮᠠᠯᠴᠢᠨ ᠬᠦᠮᠤᠨ ᠤ ᠦᠪᠡᠷ ᠤᠨ ᠮᠡᠷᠬᠡᠵᠢᠯ ᠢᠶᠠᠨ ᠤᠯᠠᠨ ᠳᠤ ᠪᠠᠨ ᠤᠯᠠᠮᠵᠢᠯᠠᠵᠤ ᠴᠢᠳᠠᠭᠰᠡᠨ ᠳᠤ ᠪᠠᠨ ᠤᠮᠤᠭ ᠪᠠᠭ᠋ᠠᠳᠤᠯ ᠢᠶᠠᠷ ᠲᠦᠬᠦᠷᠡᠩ ᠶᠠᠪᠤᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号