ᠨᠠᠪᠴᠢᠨ ᠡᠪᠡᠰᠤ ᠤᠳᠤᠭ ᠤᠨ ᠡᠮᠤᠨᠡᠳᠤ ᠬᠤᠰᠢᠭᠤᠨ ᠳᠤ ᠨᠤᠳᠤᠭᠰᠢᠯ᠎ᠠ
ᠨᠡᠶᠢᠲᠡᠯᠡᠭᠰᠡᠨ ᠴᠠᠭ᠄
2021/11/4
    ᠨᠠᠮᠤᠷ ᠤᠨ ᠰᠡᠬᠦᠯ ᠰᠠᠷ᠎ᠠ ᠤᠷᠤᠵᠤ ᠠᠭᠤᠷ ᠠᠮᠢᠰᠬᠤᠯ ᠬᠦᠢᠳᠡᠷᠡᠵᠤ ᠡᠪᠡᠰᠤ ᠤᠷᠭᠤᠮᠠᠯ ᠠᠭᠠᠵᠢᠮ ᠢᠶᠠᠷ ᠬᠠᠳᠠᠨ ᠰᠢᠷᠠᠯᠠᠵᠤ ᠪᠠᠶᠢᠬᠤ ᠳᠤ ᠪᠤᠷᠤᠪᠠᠯᠭᠠᠰᠤ ᠪᠠᠯᠭᠠᠰᠤ ᠶᠢᠨ ᠪᠤᠷᠤᠪᠠᠯᠭᠠᠰᠤ ᠭᠠᠴᠠᠭᠠᠨ ᠤ ᠬᠤᠪᠢᠰᠬᠠᠯᠳᠤ ᠶᠢᠨ ᠭᠠᠳᠠᠨ᠎ᠠ ᠳᠠᠷᠢᠭᠰᠡᠨ ᠨᠠᠪᠴᠢᠨ ᠡᠪᠡᠰᠤ ᠨᠢ ᠬᠠᠷᠢᠨ ᠬᠦᠨ ᠨᠤᠭᠤᠭᠠᠨ ᠢᠶᠠᠷ ᠢᠶᠠᠨ ᠪᠠᠶᠢᠵᠤ ᠬᠦᠮᠤᠰ ᠤᠨ ᠠᠩᠬᠠᠷᠤᠯ  ᠢ ᠳᠠᠳᠠᠵᠤ ᠪᠠᠶᠢᠯ᠎ᠠ᠃     ᠨᠠᠪᠴᠢᠨ ᠡᠪᠡᠰᠤ ᠶᠢᠨ ᠰᠢᠮ᠎ᠠ ᠳᠡᠵᠢᠬᠡᠯ ᠨᠢ ᠦᠨᠳᠤᠷ᠂ ᠤᠷᠳᠤ ᠨᠠᠰᠤ ᠲᠠᠢ᠂ ᠨᠢᠬᠡ ᠯᠠ ᠳᠠᠷᠢᠴᠢᠬᠠᠪᠠᠯ ᠤᠯᠠᠨ ᠵᠢᠯ ᠢᠶᠠᠷ ᠠᠰᠢᠭ ᠬᠦᠷᠳᠡᠵᠤ ᠪᠤᠯᠳᠠᠭ᠂ ᠤᠨᠠᠯᠳᠠ ᠨᠢ ᠦᠨᠳᠤᠷ᠂ ᠵᠢᠯ ᠳᠤ ᠮᠤ᠋ ᠪᠦᠷᠢ ᠠᠴᠠ 20 — 40 ᠳᠤᠨ ᠨᠤᠭᠤᠭᠠᠨ ᠪᠤᠷᠳᠤᠭ᠎ᠠ ᠬᠠᠳᠤᠵᠤ ᠳᠠᠶᠢᠯᠳᠡᠭ᠂ ᠬᠦᠮᠤᠨ ᠮᠠᠯ ᠪᠦᠷ ᠢᠳᠡᠵᠤ ᠪᠤᠯᠳᠠᠭ ᠪᠦᠬᠡᠤᠨ ᠤᠷᠴᠢᠨ ᠳᠤᠭᠤᠷᠢᠨ ᠢ ᠨᠤᠭᠤᠭᠠᠷᠠᠭᠤᠯᠵᠤ ᠠᠮᠢ ᠠᠬᠤᠢ ᠶᠢ ᠰᠠᠶᠢᠵᠢᠷᠠᠭᠤᠯᠬᠤ ᠪᠠ ᠬᠦᠷᠤᠰᠤ ᠰᠢᠷᠤᠢ ᠶᠢᠨ ᠢᠳᠡᠭᠳᠡᠯ ᠢ ᠰᠠᠶᠢᠵᠢᠷᠠᠭᠤᠯᠬᠤ ᠳᠤ ᠳᠤᠶᠢᠯ ᠤᠨ ᠠᠰᠢᠭᠳᠠᠢ ᠶᠢ ᠤᠶᠢᠯᠠᠭᠠᠵᠤ ᠮᠡᠳᠡᠭᠰᠡᠨ ᠮᠠᠯᠴᠢᠤᠨ ᠡᠨᠡ ᠬᠦ ᠡᠪᠡᠰᠤ ᠶᠢ ᠦᠪᠡᠷ  ᠤᠨ ᠪᠡᠯᠴᠢᠬᠡᠷ ᠲᠤ ᠪᠠᠨ ᠳᠤᠷᠰᠢᠨ ᠳᠠᠷᠢᠭᠠᠤᠨ ᠦᠷ᠎ᠠ ᠠᠰᠢᠭ ᠢ ᠨᠢ ᠬᠦᠷᠳᠡᠵᠤ ᠪᠠᠶᠢᠭ᠎ᠠ ᠪᠤᠶᠤ ᠳᠠᠷᠢᠬᠤ ᠪᠠᠷ ᠰᠠᠨᠠᠭᠠᠴᠢᠯᠠᠵᠤ ᠪᠠᠶᠢᠯ᠎ᠠ᠃     ᠳᠤᠷᠰᠢᠯᠳᠠ ᠬᠡᠷᠡᠴᠢᠯᠡᠭᠰᠡᠨ ᠢᠶᠠᠷ᠂ ᠨᠠᠪᠴᠢᠨ ᠡᠪᠡᠰᠤ ᠪᠠᠷ ᠳᠡᠵᠢᠬᠡᠭᠰᠡᠨ ᠮᠠᠯ ᠢ ᠡᠩ ᠤᠨ ᠳᠡᠵᠢᠬᠡᠯ ᠪᠤᠷᠳᠤᠭ᠎ᠠ  ᠪᠠᠷ ᠳᠡᠵᠢᠬᠡᠭᠰᠡᠨ ᠮᠠᠯ ᠲᠠᠢ ᠬᠠᠷᠢᠴᠠᠭᠤᠯᠪᠠᠯ᠄ ᠪᠤᠭ ᠮᠠᠯ ᠢ 30 ᠡᠳᠤᠷ ᠳᠡᠵᠢᠬᠡᠬᠦ ᠳᠤ ᠡᠳᠤᠷ ᠪᠦᠷᠢ 160 ᠭᠷᠠᠮ ᠦᠰᠴᠤ᠂ 21.2 ᠺᠢᠯᠤᠭ᠍ᠷᠠᠮ ᠨᠠᠷᠢᠯᠢᠭ ᠳᠡᠵᠢᠬᠡᠯ ᠪᠤᠷᠳᠤᠭ᠎ᠠ ᠶᠢ ᠠᠷᠪᠢᠯᠠᠨ᠎ᠠ︔ ᠰᠠᠭᠠᠯᠢ ᠶᠢᠨ ᠦᠨᠢᠶ᠎ᠡ ᠶᠢ 30 ᠡᠳᠤᠷ ᠳᠡᠵᠢᠬᠡᠬᠦ ᠳᠤ ᠡᠳᠤᠷ ᠪᠦᠷᠢ 0.6 ᠺᠢᠯᠦᠭᠷᠠᠮ ᠰᠦ ᠨᠡᠮᠡᠭᠳᠡᠵᠤ᠂ ᠨᠠᠷᠢᠯᠢᠭ ᠳᠡᠵᠢᠬᠡᠯ ᠪᠤᠷᠳᠤᠭ᠎ᠠ ᠶᠢ 23 ᠺᠢᠯᠦᠭᠷᠠᠮ ᠠᠷᠪᠢᠯᠠᠬᠤ ᠪᠤᠯᠤᠨ᠎ᠠ᠃ ᠡᠬᠦᠨ ᠠᠴᠠ ᠦᠵᠡᠬᠦ ᠳᠤ᠂ ᠡᠨᠡ ᠬᠦ ᠦᠨᠳᠤᠷ ᠤᠭᠤᠷᠠᠭ ᠲᠠᠢ ᠨᠠᠪᠴᠢᠨ ᠡᠪᠡᠰᠤ  ᠪᠠᠷ ᠳᠡᠵᠢᠬᠡᠯ ᠪᠤᠷᠳᠤᠭ᠎ᠠ ᠪᠤᠯᠭᠠᠬᠤ ᠳᠤ ᠬᠦᠷᠪᠡᠯ ᠳᠡᠵᠢᠬᠡᠨ ᠦᠷᠡᠵᠢᠬᠦᠯᠬᠦ ᠦᠪᠡᠷ ᠤᠨ ᠦᠷᠳᠡᠭ ᠢ ᠪᠠᠭᠤᠷᠠᠭᠤᠯᠵᠤ᠂ ᠠᠵᠤ ᠠᠬᠤᠢ ᠶᠢᠨ ᠤᠷᠤᠯᠭ᠎ᠠ ᠶᠢ ᠨᠡᠮᠡᠭᠳᠡᠬᠦᠯᠬᠦ ᠶᠤᠮ ᠪᠠᠶᠢᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号