ᠮᠤᠩᠭᠤᠯᠴᠤᠤᠨ ᠨᠡᠬᠦᠳᠡᠯᠯᠡᠨ ᠮᠠᠯᠵᠢᠬᠤ ᠠᠮᠢᠳᠤᠷᠠᠯ ᠳᠠᠭᠠᠨ ᠳᠤᠬᠢᠷᠠᠭᠰᠡᠨ ᠢᠳᠡᠬᠡᠨ ᠤᠮᠳᠠᠭᠠᠨ ᠢᠶᠠᠷ | ᠰᠢᠮᠡᠵᠢᠬᠦᠯᠬᠦ ᠠᠨᠠᠭᠠᠯᠳᠠ ᠶᠢᠨ ᠪᠠᠶᠠᠯᠢᠭ ᠳᠤᠷᠰᠢᠯᠭ᠎ᠠ ᠶᠢ ᠬᠤᠷᠠᠮᠳᠤᠭᠤᠯᠤᠭᠰᠡᠨ ᠶᠤᠮ᠃ ᠳᠤᠬᠠᠶᠢᠯᠠᠪᠠᠯ ᠮᠤᠩᠭᠤᠯ | ᠤᠨ ᠡᠷᠳᠡᠨ ᠤ ᠰᠡᠴᠡᠨ ᠦᠬᠡᠨ ᠳᠤ ︽ᠡᠪᠡᠤᠨᠴᠢᠨ ᠤ ᠡᠬᠢ ᠡᠰᠡ ᠰᠢᠩᠬᠡᠭᠰᠡᠨ᠂ ᠡᠮ ᠤᠨ ᠡᠬᠢ ᠰᠢᠷᠬᠢᠭᠰᠡᠨ ᠤᠰᠤ︾ | ᠬᠡᠰᠡᠨ ᠨᠢ ᠰᠢᠷᠬᠢᠭᠰᠡᠨ ᠤᠰᠤ ᠪᠠᠷ ᠡᠰᠡ ᠰᠢᠩᠬᠡᠭᠰᠡᠨ ᠡᠪᠡᠤᠨᠴᠢᠨ ᠢ ᠠᠨᠠᠭᠠᠬᠤ ᠤᠶᠢᠯᠡᠳᠤᠯᠬᠡ ᠶᠢᠨ ᠳᠤᠷᠰᠢᠯᠭ᠎ᠠ | ᠶᠤᠮ᠃ 8 ᠳ᠋ᠤᠭᠠᠷ ᠵᠠᠭᠤᠨ ᠤ ᠦᠶ᠎ᠡ ᠳᠤ ᠵᠤᠬᠢᠶᠠᠭᠳᠠᠭᠰᠡᠨ ︽ᠠᠨᠠᠭᠠᠬᠤ ᠤᠬᠠᠭᠠᠨ ᠤ ᠤᠪᠠᠳᠢᠰ ᠤᠨ ᠦᠨᠳᠤᠰᠤ︾ | ᠬᠡᠳᠡᠭ ᠨᠤᠮ ᠳᠤ ︽ᠡᠰᠡ ᠰᠢᠩᠬᠡᠭᠰᠡᠨ ᠢᠨᠤ ᠳᠤᠳᠤᠷ ᠡᠪᠡᠤᠨᠴᠢᠨ ᠪᠦᠬᠦᠨ ᠤ ᠰᠢᠯᠳᠠᠭᠠᠨ ᠪᠤᠯᠤᠮᠤᠢ︾ ᠬᠡᠵᠤ | ᠳᠡᠮᠳᠡᠭᠯᠡᠵᠡᠢ᠃ ᠮᠢᠬ᠎ᠠ ᠱᠦᠯᠤ᠂ ᠴᠠᠭᠠᠨ ᠢᠳᠡᠭᠡ ᠪᠤᠯ ᠨᠡᠬᠦᠳᠡᠯᠯᠡᠨ ᠮᠠᠯᠵᠢᠬᠤ ᠮᠤᠩᠭᠤᠯᠴᠤᠤᠨ ᠤᠨ ᠢᠳᠡᠬᠡᠨ | ᠤᠮᠳᠠᠭᠠᠨ ᠤ ᠠᠨᠠᠭᠠᠯᠳᠠ ᠶᠢᠨ ᠳᠤᠳᠤᠷ᠎ᠠ ᠴᠢᠬᠤᠯᠠ ᠪᠠᠶᠢᠷᠢ ᠶᠢ ᠡᠵᠡᠯᠡᠵᠤ ᠪᠠᠶᠢᠳᠠᠭ᠃ ᠳᠡᠬᠦᠨ ᠤ ᠳᠤᠳᠤᠷ᠎ᠠ ᠠᠴᠠ | ᠴᠡᠭᠡ ᠶᠢᠨ ᠠᠨᠠᠭᠠᠯᠳᠠ ᠪᠤᠯ ᠦᠪᠡᠷᠮᠢᠴᠠ ᠤᠨᠴᠠᠯᠢᠭ ᠲᠠᠢ ᠪᠢᠯᠡ᠃ ᠮᠤᠩᠭᠤᠯᠴᠤᠤᠨ ᠮᠠᠨ ᠤ ᠡᠷᠡᠨ ᠠᠴᠠ 200 | — 300 ᠵᠢᠯ ᠤᠨ ᠡᠮᠤᠨ᠎ᠡ ᠦᠶ᠎ᠡ ᠠᠴᠠ ᠡᠬᠢᠯᠡᠨ ᠠᠶᠢᠷᠠᠭ ︵ᠴᠡᠭᠡ︶ ᠨᠡᠷᠡᠳᠤ ᠠᠷᠢᠭᠤᠨ ᠴᠢᠨᠠᠷᠳᠤ ᠢᠰᠬᠦᠯᠠᠩ | ᠤᠮᠳᠠᠭ᠎ᠠ ᠶᠢ ᠬᠡᠷᠡᠭᠯᠡᠭᠰᠡᠬᠡᠷ ᠡᠳᠤᠬᠡ ᠦᠶ᠎ᠡ ᠳᠤ ᠬᠦᠷᠴᠤ ᠢᠷᠡᠭᠰᠡᠨ ᠳᠡᠤᠬᠡ ᠲᠠᠢ ᠪᠢᠯᠡ᠃ | ᠮᠠᠨ ᠤ ᠡᠷᠡᠨ ᠤ ᠡᠮᠤᠨᠡᠬᠢ 3000 ᠵᠢᠯ ᠤᠨ ᠬᠤᠶᠠᠳᠤᠭᠠᠷ ᠬᠠᠭᠠᠰ ᠲᠤ ᠲᠦᠪ ᠠᠽᠢᠶ᠎ᠡ ᠶᠢᠨ ᠨᠡᠷ᠎ᠡ ᠳᠤ | ᠭᠠᠷᠤᠭᠰᠡᠨ ᠳᠤᠮᠤᠬᠠᠨ ᠠᠶᠢᠮᠠᠭ ᠤᠨ ᠨᠢᠬᠡ ᠡᠾᠦ᠋ᠩᠨᠤᠴᠤᠤᠨ ᠢᠰᠬᠦᠯᠡᠩ ᠤᠮᠳᠠᠭ᠎ᠠ ᠠᠶᠢᠷᠠᠭ ᠢ ᠬᠡᠬᠦᠤ ᠶᠢᠨ ᠰᠦ | ᠪᠠᠷ ᠪᠡᠯᠡᠤᠨᠴᠤ ᠪᠠᠶᠢᠭᠰᠡᠨ ᠳᠤᠬᠠᠢ ᠳᠡᠮᠳᠡᠭᠯᠡᠭᠳᠡᠭᠰᠡᠨ ᠪᠠᠶᠢᠨ᠎ᠠ᠃ ᠡᠾᠦ᠋ᠩᠨᠤ ᠬᠦᠷᠤᠨ ᠤ ᠤᠷᠤᠨ ᠰᠠᠭᠤᠷᠢᠨ ᠳᠡᠬᠡᠷ᠎ᠡ | ᠮᠠᠨ ᠤ ᠡᠷᠡᠨ ᠤ ᠨᠢᠬᠡᠳᠤᠬᠡᠷ ᠵᠠᠭᠤᠨ ᠤ ᠰᠡᠬᠦᠯᠴᠢ ᠶᠢᠨ ᠦᠶ᠎ᠡ ᠳᠤ ᠤᠷᠤᠰᠢᠵᠤ ᠪᠠᠶᠢᠭᠰᠡᠨ ᠰᠢᠶᠠᠨᠪᠢᠴᠤᠤᠨ ᠠᠶᠢᠷᠠᠭ | ᠬᠡᠷᠡᠭᠯᠡᠵᠤ ᠪᠠᠶᠢᠭᠰᠡᠨ ᠳᠤᠬᠠᠢ᠄ ︽ᠰᠢᠶᠠᠨᠪᠢᠴᠤᠤᠨ ᠁ ᠬᠡᠷ ᠤᠷᠤᠨ ᠤ ᠬᠢ ᠪᠠᠨ ᠡᠬᠦᠳᠠ ᠶᠢ ᠨᠠᠷᠡᠨ ᠮᠠᠨᠳᠤᠬᠤ | ᠵᠦᠭ ᠬᠠᠷᠠᠭᠤᠯᠵᠤ ᠪᠠᠷᠢᠬᠤ ᠪᠠ ᠬᠦᠯ ᠨᠤᠭᠤᠯᠵᠤ ᠭᠠᠵᠠᠷ ᠰᠠᠭᠤᠳᠠᠭ᠂ ᠭᠤᠤᠯᠳᠠᠭᠤ ᠮᠢᠬ᠎ᠠ ᠢᠳᠡᠵᠤ᠂ ᠠᠶᠢᠷᠠᠭ᠂ | ᠰᠦ ᠤᠤᠭᠤᠬᠤ ᠁ ᠮᠦᠨ ᠳᠤᠭᠤᠭ᠎ᠠ ᠨᠡᠷᠡᠳᠡᠭ︾ ᠬᠡᠵᠤ ᠮᠤᠩᠭᠤᠯ ᠤᠯᠤᠰ ᠤᠨ ᠳᠡᠤᠬᠡ ᠳᠤ ᠪᠢᠴᠢᠭᠰᠡᠨ | ᠪᠠᠶᠢᠳᠠᠭ᠃ | ᠮᠠᠨ ᠤ ᠡᠷᠡᠨ ᠤ 4 ᠳ᠋ᠤᠬᠡᠷ ᠵᠠᠭᠤᠨ ᠤ ᠦᠶ᠎ᠡ ᠳᠤ ᠤᠨᠤᠨ᠂ ᠳᠤᠤᠯᠠ᠂ ᠬᠡᠷᠤᠯᠤᠨ ᠭᠤᠤᠯ ᠤᠨ ᠡᠬᠢ ᠪᠠᠷ | ᠨᠤᠳᠤᠭᠯᠠᠵᠤ ᠪᠠᠶᠢᠭᠰᠡᠨ ᠮᠤᠩᠭᠤᠯᠴᠤᠤᠨ ᠤᠨ ᠡᠪᠦᠭᠡ ᠳᠡᠬᠡᠳᠤᠰ ᠬᠡᠵᠤ ᠺᠢᠳᠠᠨᠴᠤᠤᠨ ᠰᠢᠷᠢᠨ ᠲᠦᠩᠬᠦᠷᠴᠡᠭ᠂ | ᠠᠶᠢᠷᠠᠭ ᠤᠨ ᠪᠤᠷᠪᠢ ᠬᠡᠷᠡᠭᠯᠡᠵᠤ ᠪᠠᠶᠢᠭᠰᠡᠨ ᠳᠤᠬᠠᠢ ᠡᠷᠳᠡᠮᠳᠡᠨ ᠬᠠᠭᠤᠴᠢ ᠰᠤᠳᠤᠯᠤᠭᠴᠢ ᠨᠠᠷ ᠤᠨ ᠰᠤᠳᠤᠯᠤᠯᠭ᠎ᠠ | ᠪᠠᠳᠤᠯᠠᠵᠤ ᠪᠠᠶᠢᠭ᠎ᠠ ᠶᠤᠮ ︵ᠶᠤᠸᠠᠨ ᠤᠯᠤᠰ ᠤᠨ ᠰᠤᠳᠤᠷ︶᠃ | 1240 ᠤᠨ ᠤ ᠦᠶ᠎ᠡ ᠳᠤ ᠳᠤᠭᠤᠷᠪᠢᠭᠰᠡᠨ ︽ᠮᠤᠩᠭᠤᠯ ᠤᠨ ᠨᠢᠭᠤᠴᠠ ᠳᠤᠪᠴᠢᠶᠠᠨ︾ ᠳᠤ | ᠮᠤᠩᠭᠤᠯᠴᠤᠤᠨ ᠬᠡᠬᠦᠤ ᠶᠢ ᠰᠠᠭᠠᠬᠤ᠂ ᠠᠶᠢᠷᠠᠭ ᠢᠰᠬᠡᠬᠦ᠂ ᠠᠶᠢᠷᠠᠭ ᠪᠦᠯᠢᠬᠦ ᠵᠡᠷᠬᠡ ᠪᠠᠷ ᠠᠶᠢᠷᠠᠭ ᠪᠡᠯᠡᠤᠨᠬᠡᠵᠤ | ᠪᠠᠶᠢᠭᠰᠡᠨ ᠳᠤᠬᠠᠢ ᠬᠤᠪᠤᠷ ᠨᠠᠨᠳᠢᠨ ᠪᠠᠷᠢᠮᠳᠠ ᠤᠯᠠᠨ ᠪᠠᠶᠢᠭ᠎ᠠ ᠶᠤᠮ᠃ | 1231 ᠤᠨ ᠤ ᠦᠶ᠎ᠡ ᠳᠤ ᠮᠤᠩᠭᠤᠯ ᠬᠦᠷᠤᠨ ᠤ ᠵᠠᠬᠢᠷᠤᠭᠴᠢ ᠪᠠᠶᠢᠭᠰᠡᠨ ᠦᠬᠡᠳᠠᠢ ᠬᠠᠭᠠᠨ ᠢᠳᠡᠭᠡ | ᠤᠮᠳᠠᠭ᠎ᠠ᠂ ᠠᠷᠢᠬᠢ᠂ ᠠᠶᠢᠷᠠᠭ᠂ ᠮᠢᠬ᠎ᠠ ᠰᠢᠬᠦᠰᠤ ᠶᠢ ᠬᠡᠪᠳᠡᠬᠦᠯ ᠳᠠᠷᠤᠭᠠᠯᠠᠵᠤ ᠮᠡᠳᠡᠳᠤᠬᠡᠢ ᠁ ᠵᠦᠭ ᠵᠦᠭ | ᠤᠨ ᠮᠢᠩᠭᠠᠳᠤ ᠪᠦᠷᠢ ᠠᠴᠠ ᠬᠡᠬᠦᠤ ᠭᠠᠷᠭᠠᠵᠤ ᠮᠦᠨ ᠰᠠᠭᠠᠬᠤ ᠰᠠᠭᠠᠯᠢᠴᠢᠨ᠂ ᠠᠳᠤᠭᠤᠯᠬᠤ ᠤᠨᠠᠭᠠᠴᠢᠨ ᠢ | ᠳᠤᠮᠢᠯᠠᠵᠤ ᠦᠷᠢ ᠬᠦᠯᠤᠰᠤ ᠶᠢ ᠲᠦᠯᠤᠬᠡᠤᠨ ᠤᠨᠠᠭᠠᠴᠢᠨ ᠪᠤᠯᠭᠠᠳᠤᠭᠠᠢ᠃ ᠁ ᠮᠢᠩᠭᠠᠳᠤ ᠪᠦᠷᠢ ᠳᠤ ᠤᠯᠠᠭ᠎ᠠ | ᠶᠢᠨ ᠮᠤᠷᠢ᠂ ᠰᠢᠬᠦᠰᠤᠨ ᠤ ᠬᠤᠨᠢ᠂ ᠰᠠᠭᠠᠯᠢ ᠶᠢᠨ ᠬᠡᠬᠦᠤ᠂ ᠬᠦᠯᠯᠡᠬᠦ ᠦᠬᠡᠷ᠂ ᠬᠦᠳᠤᠯᠬᠦ ᠳᠡᠷᠬᠡ ᠶᠢ | ᠳᠤᠭᠳᠠᠭᠠᠭᠰᠡᠨ ᠬᠡᠮᠵᠢᠶ᠎ᠡ ᠪᠠᠷ ᠭᠠᠷᠭᠠᠬᠤ ᠶᠢ ᠵᠠᠷᠯᠢᠭ ᠪᠤᠯᠭᠠᠭᠰᠡᠨ ᠪᠠᠶᠢᠳᠠᠭ᠃ | 13 ᠳ᠋ᠤᠭᠠᠷ ᠵᠠᠭᠤᠨ ᠤ ᠦᠶ᠎ᠡ ᠶᠢᠨ ᠮᠤᠩᠭᠤᠯᠴᠤᠤᠨ ᠵᠤᠨ ᠤ ᠴᠠᠭ ᠲᠤ ᠮᠢᠬ᠎ᠠ ᠬᠡᠷᠡᠭᠯᠡᠬᠦ ᠨᠢ ᠡᠷᠡᠰ | ᠪᠠᠭᠠᠰᠴᠤ᠂ ᠪᠠᠷᠤᠭ ᠳᠠᠩ ᠭᠠᠭᠴᠠ ᠴᠠᠭᠠᠨ ᠢᠳᠡᠭᠡ ᠪᠠᠷ ᠬᠤᠭᠤᠯᠠᠯᠬᠤ ᠨᠢ ᠶᠡᠭᠡ ᠪᠠᠶᠢᠭᠰᠡᠨ ᠠᠵᠢ᠃ ᠳᠡᠷᠠ ᠦᠶ᠎ᠡ | ᠶᠢᠨ ᠮᠤᠩᠭᠤᠯᠴᠤᠤᠨ ᠠᠶᠢᠷᠠᠭ᠂ ᠬᠤᠨᠢ᠂ ᠦᠬᠡᠷ ᠤᠨ ᠰᠦ᠂ ᠳᠠᠷᠠᠭ᠂ ᠠᠭᠠᠷᠤᠤᠯ᠂ ᠬᠤᠷᠤᠤᠨ᠂ ᠰᠢᠷ᠎ᠠ ᠴᠠᠭᠠᠨ | ᠳᠤᠰᠤ ᠶᠢ ᠪᠡᠯᠡᠤᠨᠬᠡᠵᠤ ᠪᠠᠶᠢᠵᠠᠢ᠃ ︽ᠬᠤᠶᠠᠷ ᠭᠠᠳᠠᠰᠤᠨ ᠳᠤ ᠤᠷᠳᠤ ᠵᠡᠯ᠎ᠡ ᠳᠠᠳᠠᠵᠤ᠂ ᠤᠨᠠᠭ᠎ᠠ ᠪᠠᠨ ᠪᠠᠷᠢᠵᠤ | ᠤᠶᠠᠬᠤ ᠪᠦᠬᠡᠤᠨ ᠬᠡᠬᠦᠤ ᠶᠢ ᠰᠠᠭᠠᠬᠤ ᠳᠠᠭᠠᠨ ᠤᠨᠠᠭ᠎ᠠ ᠶᠢ ᠨᠢ ᠨᠢᠬᠡ ᠬᠦᠮᠤᠨ ᠳᠠᠳᠠᠵᠤ᠂ ᠦᠬᠡᠷ᠎ᠡ ᠨᠢᠬᠡ ᠬᠦᠮᠤᠨ | ᠰᠠᠭᠠᠨ᠎ᠠ᠃ ᠠᠶᠢᠷᠠᠭ ᠢ ᠳᠤᠮᠤ ᠬᠦᠬᠦᠤᠷ ᠲᠤ ᠬᠢᠵᠤ᠂ ᠳᠤᠤᠷ᠎ᠠ ᠪᠠᠨ ᠨᠦᠬᠡᠯᠡᠭᠰᠡᠨ ᠳᠤᠭᠤᠷᠢᠭ ᠮᠤᠳᠤᠨ ᠪᠦᠯᠢᠬᠦᠷ | ᠢᠶᠠᠷ ᠳᠤᠰᠤ ᠤᠨᠠᠳᠠᠯ᠎ᠠ ᠨᠢ ᠪᠦᠯᠢᠵᠤ ᠢᠰᠬᠡᠳᠡᠭ ᠪᠠᠶᠢᠵᠠᠢ᠃ ᠁ 13 ᠳ᠋ᠤᠭᠠᠷ ᠵᠠᠭᠤᠨ ᠤ ᠦᠶ᠎ᠡ ᠶᠢᠨ ᠤᠢ ᠪᠠ | ᠳᠠᠯ᠎ᠠ ᠬᠡᠬᠡᠷ᠎ᠡ ᠶᠢᠨ ᠮᠤᠩᠭᠤᠯ ᠠᠶᠢᠮᠠᠭ ᠤᠳ ᠤᠨ ᠮᠠᠯᠴᠢᠨ ᠪᠦᠰᠡᠬᠦᠶᠢᠴᠤᠤᠨ ᠦᠨᠢᠶ᠎ᠡ ᠰᠠᠭᠠᠳᠠᠭ᠂ ᠡᠷᠡᠭᠳᠠᠶᠢᠴᠤᠤᠨ | ᠬᠡᠬᠦᠤ ᠰᠠᠭᠠᠳᠠᠭ ᠪᠠᠶᠢᠭᠰᠡᠨ ᠪᠠ ᠠᠶᠢᠷᠠᠭ ᠤᠨ ᠬᠦᠬᠦᠤᠷ ᠠᠷᠠᠰᠤᠨ ᠳᠤᠯᠤᠮ ᠠᠶᠢᠯ ᠪᠦᠷᠢ ᠳᠤ ᠪᠠᠶᠢᠳᠠᠭ︾ ᠬᠡᠵᠤ | ᠷᠦᠪᠷᠤᠺ ᠤᠨ ︽ᠳᠤᠷᠤᠨᠠᠳᠤ ᠤᠷᠤᠨ ᠨᠤᠭᠤᠳ ᠲᠤ ᠵᠢᠭᠤᠯᠴᠢᠯᠠᠭᠰᠡᠨ︾ ᠬᠡᠮᠡᠬᠦ ᠵᠤᠬᠢᠶᠠᠯ ᠳᠤ ᠳᠡᠮᠳᠡᠭᠯᠡᠵᠡᠢ᠃ | ᠮᠠᠷᠺᠤ᠂ ᠫᠤᠯᠤ᠋ ᠨᠡᠬᠦᠳᠡᠯᠴᠢᠨ ᠮᠤᠩᠭᠤᠯᠴᠤᠤᠨ ᠬᠡᠬᠦᠨ ᠤ ᠰᠦ ᠪᠠᠷ ᠠᠶᠢᠷᠠᠭ ᠪᠡᠯᠡᠤᠨᠬᠡᠵᠤ ᠤᠮᠳᠠᠭᠠᠨ ᠳᠤ | ᠦᠷᠬᠡᠨ ᠬᠡᠷᠡᠭᠯᠡᠵᠤ ᠪᠠᠶᠢᠭᠰᠡᠨ ᠳᠤᠬᠠᠢ ᠳᠡᠮᠳᠡᠭᠯᠡᠪᠡ᠃ ᠮᠦᠨ 15 — 16 ᠳ᠋ᠤᠭᠠᠷ ᠵᠠᠭᠤᠨ ᠤ ᠦᠶ᠎ᠡ ᠶᠢᠨ | ᠮᠤᠩᠭᠤᠯᠴᠤᠤᠨ ᠬᠡᠬᠦᠤ ᠶᠢᠨ ᠰᠦ ᠪᠠᠷ ᠠᠶᠢᠷᠠᠭ ᠪᠡᠯᠡᠤᠨᠬᠡᠵᠤ ᠠᠶᠢᠷᠠᠭ ᠢ ᠨᠡᠷᠡᠵᠤ ᠠᠷᠠᠵᠠ᠂ ᠠᠷᠠᠵᠠ ᠶᠢ ᠨᠡᠷᠡᠵᠤ | ᠬᠤᠤᠷᠠᠵᠠ ᠭᠠᠷᠭᠠᠵᠤ ᠪᠠᠶᠢᠭᠰᠡᠨ ᠳᠤᠬᠠᠢ ᠤᠯᠠᠨ ᠰᠤᠨᠢᠨ ᠪᠠᠷᠢᠮᠳᠠ ᠳᠡᠮᠳᠡᠭᠯᠡᠭᠳᠡᠵᠤ ᠪᠤᠢ᠃ | ᠮᠠᠨ ᠤ ᠡᠷᠡᠨ ᠤ ᠡᠮᠤᠨᠡᠬᠢ 400 ᠭᠠᠷᠤᠢ ᠵᠢᠯ ᠠᠴᠠ ᠡᠬᠢᠯᠡᠨ ᠮᠤᠩᠭᠤᠯ ᠬᠦᠮᠤᠨ ᠤ ᠬᠡᠷᠡᠭᠯᠡᠵᠤ ᠪᠠᠶᠢᠭᠰᠡᠨ | ᠠᠶᠢᠷᠠᠭ ᠢᠰᠬᠡᠬᠦ ᠰᠠᠪᠠ ᠪᠦᠯᠢᠬᠦᠷ᠂ ᠬᠡᠬᠦᠤ ᠰᠠᠭᠠᠬᠤ ᠠᠷᠭ᠎ᠠ᠂ ᠠᠶᠢᠷᠠᠭ ᠬᠠᠳᠠᠭᠠᠯᠠᠬᠤ ᠪᠠ ᠢᠰᠬᠡᠬᠦ ᠤᠷᠠᠨ | ᠮᠡᠷᠬᠡᠵᠢᠯ ᠤᠨ ᠠᠵᠢᠯ ᠤᠨ ᠳᠠᠯ᠎ᠠ ᠪᠠᠷ ᠲᠦᠪ ᠠᠽᠢᠶ᠎ᠡ ᠪᠤᠯᠤᠨ ᠮᠤᠩᠭᠤᠯ ᠤᠷᠤᠨ ᠢᠶᠠᠷ ᠵᠢᠭᠤᠯᠴᠢᠯᠠᠭᠰᠡᠨ ᠡᠷᠳᠡᠮᠳᠡᠨ᠂ | ᠳᠡᠤᠬᠡ ᠰᠤᠳᠤᠷ ᠤᠳ ᠲᠤ ᠤᠯᠠᠨ ᠪᠠᠷᠢᠮᠳᠠ ᠪᠠᠷ ᠳᠤᠷᠠᠳᠤᠭᠰᠡᠨ ᠪᠠᠶᠢᠨ᠎ᠠ᠃ | ᠮᠤᠩᠭᠤᠯᠴᠤᠤᠨ ᠬᠤᠭᠤᠯᠠ ᠤᠮᠳᠠᠭᠠᠨ ᠤ ᠤᠷᠤᠨ ᠳᠤ ᠠᠶᠢᠷᠠᠭ ᠢ ᠳᠤᠩ ᠶᠡᠭᠡ ᠬᠡᠷᠡᠭᠯᠡᠵᠤ᠂ ᠳᠡᠬᠦᠨ ᠢ | ᠢᠳᠡᠬᠡᠨ ᠤ ᠳᠡᠬᠡᠵᠢ ᠬᠡᠵᠤ ᠡᠷᠬᠢᠮᠯᠡᠳᠡᠭ ᠵᠠᠩᠰᠢᠯ ᠲᠠᠢ ᠪᠠᠶᠢᠭᠰᠡᠨ ᠪᠠ ᠨᠢᠬᠡ ᠴᠤ ᠨᠠᠶᠢᠷ᠂ ᠬᠤᠷᠢᠮ ᠠᠶᠢᠷᠠᠭ ︵ᠴᠡᠭᠡ︶ | ᠦᠬᠡᠢ ᠦᠩᠬᠡᠷᠡᠬᠦ ᠶᠤᠰᠤ ᠦᠬᠡᠢ ᠪᠠᠶᠢᠵᠠᠢ᠃ ᠮᠤᠩᠭᠤᠯᠴᠤᠤᠨ ᠡᠷᠳᠠ ᠦᠶ᠎ᠡ ᠠᠴᠠ ᠡᠬᠢᠯᠡᠨ ᠡᠮᠴᠢᠯᠡᠭᠡ ᠰᠤᠪᠢᠯᠠᠯ | ᠤᠨ ᠴᠢᠨᠠᠷ ᠲᠠᠢ ᠰᠠᠶᠢᠬᠠᠨ ᠠᠶᠢᠷᠠᠭ ᠤᠶᠢᠯᠡᠤᠨᠪᠤᠷᠢᠯᠡᠬᠦ ᠳᠠᠯ᠎ᠠ ᠪᠠᠷ ᠢᠶᠠᠨ ᠠᠯᠳᠠᠷ ᠲᠠᠢ ᠪᠢᠯᠡ᠃ | ᠳᠡᠬᠡᠷ᠎ᠡ ᠳᠤᠷᠠᠳᠤᠭᠰᠡᠨ ᠪᠠᠷᠢᠮᠳᠠ ᠮᠠᠲ᠋ᠧᠷᠢᠶᠡᠯ ᠤᠳ ᠠᠴᠠ ᠦᠵᠡᠬᠦ ᠳᠤ᠂ ᠮᠤᠩᠭᠤᠯ ᠠᠶᠢᠷᠠᠭ ᠨᠢ 2300 | ᠵᠢᠯ ᠤᠨ ᠳᠤᠷᠰᠢ ᠦᠪᠡᠷᠮᠢᠴᠠ ᠤᠷᠠᠨ ᠮᠡᠷᠬᠡᠰᠢᠯ ᠢᠶᠠᠷ ᠪᠡᠯᠡᠤᠨᠬᠡᠭᠳᠡᠨ ᠡᠳᠤᠬᠡ ᠦᠶ᠎ᠡ ᠶᠢ ᠬᠦᠷᠴᠤ ᠢᠷᠡᠭᠰᠡᠨ | ᠤᠯᠠᠮᠵᠢᠯᠠᠯᠳᠤ ᠤᠮᠳᠠᠭ᠎ᠠ ᠪᠤᠯᠬᠤ ᠪᠦᠬᠡᠤᠨ ᠡᠮᠴᠢᠯᠡᠭᠡ ᠳᠡᠵᠢᠬᠡᠯ ᠤᠨ ᠳᠡᠬᠦᠰ ᠴᠢᠨᠠᠷ ᠲᠠᠢ ᠤᠮᠳᠠᠭ᠎ᠠ ᠮᠦᠨ᠃ | ᠮᠤᠩᠭᠤᠯᠴᠤᠤᠨ ᠤᠨ ᠴᠠᠭᠠᠨ ᠢᠳᠡᠭᠡ ᠪᠤᠯᠪᠠᠰᠤᠷᠠᠭᠤᠯᠵᠤ ᠠᠰᠢᠭᠯᠠᠭᠰᠡᠨ ᠳᠡᠤᠬᠡ ᠶᠢ ᠡᠷᠳᠡᠨ ᠤ | ᠮᠤᠩᠭᠤᠯᠴᠤᠤᠨ ᠤᠨ ᠮᠠᠯ ᠠᠵᠤ ᠠᠬᠤᠢ ᠶᠢ ᠡᠷᠬᠢᠯᠡᠬᠦ ᠪᠤᠯᠤᠭᠰᠡᠨ ᠦᠶ᠎ᠡ ᠠᠴᠠ ᠡᠬᠢᠯᠡᠭᠰᠡᠨ ᠬᠡᠵᠤ ᠦᠵᠡᠬᠦ | ᠶᠤᠰᠤᠳᠠᠢ ᠶᠤᠮ᠃ ᠡᠷᠳᠡᠨ ᠤ ᠮᠤᠩᠭᠤᠯ ᠠᠶᠢᠮᠠᠭ ᠤᠢ ᠰᠢᠭᠤᠢ ᠠᠴᠠ ᠠᠩᠬᠢᠵᠢᠷᠠᠵᠤ ᠤᠰᠤ ᠪᠡᠯᠴᠢᠬᠡᠷ ᠰᠠᠶᠢᠳᠠᠢ | ᠬᠡᠷᠤᠯᠤᠨ᠂ ᠳᠤᠤᠯᠠ᠂ ᠤᠨᠤᠨ ᠭᠤᠷᠪᠠᠨ ᠭᠤᠤᠯ ᠤᠨ ᠬᠦᠪᠡᠬᠡᠨ ᠤ ᠳᠠᠯ᠎ᠠ ᠨᠤᠳᠤᠭ ᠲᠤ ᠨᠤᠳᠤᠭᠯᠠᠭᠰᠡᠨ ᠠᠴᠠ | ᠬᠤᠶᠢᠰᠢ ᠮᠠᠯ ᠠᠵᠤ ᠠᠬᠤᠢ ᠦᠤᠨᠳᠡᠷ ᠲᠦᠷᠬᠡᠨ ᠬᠦᠭᠵᠢᠵᠡᠢ᠃ | ᠡᠷᠳᠡᠨ ᠤ ᠦᠶ᠎ᠡ ᠶᠢᠨ ᠮᠤᠩᠭᠤᠯᠴᠤᠤᠨ ᠭᠤᠤᠯᠳᠠᠭᠤ ᠨᠡᠬᠦᠳᠡᠯ ᠢᠶᠠᠷ ᠮᠠᠯ ᠮᠠᠯᠵᠢᠨ ᠠᠩ ᠬᠦᠷᠤᠬᠡ ᠬᠡᠵᠤ | ᠠᠮᠢᠳᠤᠷᠠᠳᠠᠭ ᠪᠠᠶᠢᠭᠰᠡᠨ ᠪᠤᠯᠪᠠᠴᠤ ᠮᠠᠯ ᠠᠬᠤᠢ ᠪᠤᠯ ᠰᠠᠭᠤᠷᠢ ᠨᠢ ᠪᠤᠯᠵᠤ ᠪᠠᠶᠢᠵᠠᠢ᠃ ᠦᠬᠡᠷ᠂ ᠠᠳᠤᠭᠤ᠂ ᠬᠤᠨᠢ | ᠢᠮᠠᠭ᠎ᠠ ᠤᠯᠠᠨ ᠪᠠᠶᠢᠭᠰᠡᠨ ᠪᠦᠬᠡᠤᠨ ᠳᠠᠷᠠ ᠦᠶ᠎ᠡ ᠳᠤ ᠳᠡᠮᠡᠭᠡ ᠴᠦᠬᠡᠨ ᠪᠠᠶᠢᠵᠠᠢ᠃ ᠠᠳᠤᠭᠤ ᠪᠤᠯ ᠡᠷᠳᠡᠨ ᠤ | ᠮᠤᠩᠭᠤᠯᠴᠤᠤᠨ ᠤᠨ ᠭᠤᠤᠯ ᠬᠦᠷᠤᠩᠬᠡ ᠨᠢ ᠪᠤᠯᠵᠤ᠂ ᠠᠳᠤᠭᠤ ᠪᠠᠨ ᠳᠠᠳᠠ ᠪᠤᠰᠤᠤᠨ ᠮᠠᠯ ᠠᠴᠠ ᠡᠷᠬᠢᠮ ᠳᠤ | ᠦᠵᠡᠳᠡᠭ ᠪᠠᠶᠢᠪᠠ᠃ ᠠᠳᠤᠭᠤ ᠨᠢ ᠮᠤᠩᠭᠤᠯᠴᠤᠤᠨ ᠤᠨ ᠵᠠᠮ ᠬᠠᠷᠢᠯᠴᠠᠭᠠᠨ ᠤ ᠪᠠᠭᠠᠵᠢ ᠪᠠ ᠤᠶᠢᠯᠡᠤᠨᠪᠤᠷᠢᠯᠡᠯ ᠤᠨ | ᠪᠠᠭᠠᠵᠢ ᠪᠤᠯᠳᠠᠭ ᠪᠦᠬᠡᠤᠨ ᠳᠠᠶᠢᠨ ᠳᠠᠵᠢᠨ ᠪᠠ ᠠᠪᠠ ᠳᠤ ᠬᠡᠷᠡᠭᠯᠡᠳᠡᠭ ᠠᠴᠠ ᠭᠠᠳᠠᠨ᠎ᠠ ᠪᠠᠰᠠ ᠰᠦ ᠴᠡᠭᠡ ᠪᠠᠷ ᠨᠢ | ᠤᠮᠳᠠ ᠪᠠᠨ ᠪᠤᠯᠭᠠᠵᠤ ᠮᠢᠬ᠎ᠠ ᠪᠠᠷ ᠨᠢ ᠢᠳᠡᠰᠢ ᠬᠢᠳᠡᠭ᠃ | ᠮᠠᠯ ᠠᠵᠤ ᠠᠬᠤᠢ ᠶᠢᠨ ᠬᠦᠭᠵᠢᠬᠦ ᠶᠢ ᠳᠠᠭᠠᠯᠳᠤᠨ ᠡᠷᠳᠡᠨ ᠤ ᠮᠤᠩᠭᠤᠯᠴᠤᠤᠨ ᠮᠠᠯ ᠤᠨ ᠠᠰᠢᠭ ᠰᠢᠮ᠎ᠠ ᠶᠢ | ᠶᠠᠪᠤᠬᠤ ᠳᠤᠳᠤᠮ ᠦᠷᠬᠡᠨ ᠢᠶᠠᠷ ᠬᠡᠷᠡᠭᠯᠡᠬᠦ ᠪᠤᠯᠪᠠ᠃ ᠶᠤᠸᠠᠨ ᠤᠯᠤᠰ ᠤᠨ ᠦᠶ᠎ᠡ ᠳᠤ ᠮᠤᠩᠭᠤᠯ ᠤᠷᠤᠨ ᠤ ᠴᠠᠭᠠᠨ | ᠢᠳᠡᠬᠡᠨ ᠤ ᠲᠦᠷᠤᠯ ᠵᠦᠢᠯ ᠨᠢ ᠤᠯᠠᠰᠢᠷᠠᠭᠰᠡᠨ ᠪᠦᠬᠡᠤᠨ ᠪᠤᠯᠪᠠᠰᠤᠷᠠᠭᠤᠯᠬᠤ ᠨᠢ ᠴᠤ ᠤᠯᠠᠮ ᠨᠠᠷᠢᠯᠢᠭ ᠪᠤᠯᠵᠤ | ᠢᠷᠡᠭᠰᠡᠨ ᠪᠠᠶᠢᠨ᠎ᠠ᠃ ᠮᠤᠩᠭᠤᠯ ᠬᠦᠮᠤᠨ ᠡᠷᠳᠡᠨ ᠠᠴᠠ ᠰᠦ ᠪᠠᠨ ᠢᠰᠬᠡᠵᠤ ᠤᠤᠭᠤᠳᠠᠭ ᠪᠠᠶᠢᠵᠠᠢ᠃ ᠮᠦᠨ ᠴᠤ | ᠢᠰᠬᠡᠭᠰᠡᠨ ᠰᠦ ᠪᠠᠷ ᠢᠶᠠᠨ ᠤᠯᠠᠨ ᠵᠦᠢᠯ ᠤᠨ ᠴᠠᠭᠠᠨ ᠢᠳᠡᠭᠡ ᠪᠤᠯᠪᠠᠰᠤᠷᠠᠭᠤᠯᠤᠨ ᠭᠠᠷᠭᠠᠳᠠᠭ ᠶᠤᠮ᠃ ᠳᠠᠷᠠᠭ᠂ | ᠠᠶᠢᠷᠠᠭ᠂ ᠴᠡᠭᠡ᠂ ᠴᠠᠭ᠎ᠠ ᠵᠡᠷᠬᠡ ᠪᠤᠯ ᠤᠮᠳᠠ ᠶᠢᠨ ᠵᠦᠢᠯ ᠪᠤᠯᠤᠨ᠎ᠠ᠃ | ᠳᠠᠷᠠᠭ ᠪᠤᠯ ᠨᠠᠰᠤ ᠠᠬᠢᠭᠰᠡᠨ ᠬᠦᠮᠤᠰ ᠤᠨ ᠬᠠᠪᠤᠷ ᠤᠨ ᠴᠠᠭ ᠲᠤ ︽ᠪᠠᠮ ᠡᠪᠡᠤᠨᠴᠢᠨ︾ ᠢ ᠰᠡᠷᠬᠡᠶᠢᠯᠡᠨ | ᠵᠠᠰᠠᠬᠤ ᠳᠤ ᠳᠤᠩ ᠳᠤᠰᠠᠳᠠᠢ ᠶᠤᠮ᠃ ᠠᠶᠢᠷᠠᠭ ᠢ ᠠᠷᠢᠬᠢ ᠨᠡᠷᠡᠬᠦ ᠠᠴᠠ ᠪᠤᠰᠤ ᠰᠢᠭᠤᠤᠨ ᠤᠤᠭᠤᠬᠤ ᠦᠬᠡᠢ᠃ | ᠬᠡᠪᠡᠴᠤ ᠠᠶᠢᠷᠠᠭ ᠪᠤᠯ ᠬᠤᠤᠷ ᠢ ᠳᠠᠶᠢᠯᠬᠤ ᠴᠢᠳᠠᠯ ᠢᠶᠠᠷ ᠶᠡᠭᠡ ᠳᠤᠯᠠ ᠬᠤᠤᠷᠠᠳᠠᠭᠰᠡᠨ ᠬᠦᠮᠤᠨ᠂ ᠮᠠᠯ ᠳᠤ | ᠤᠤᠭᠤᠯᠭᠠᠪᠠᠯ ᠬᠤᠤᠷ ᠢ ᠬᠢᠯᠪᠡᠷᠬᠠᠨ ᠳᠠᠶᠢᠯᠤᠨ᠎ᠠ᠃ ᠠᠶᠢᠷᠠᠭ ᠤᠨ ᠦᠩᠬᠦᠷ ᠢ ᠨᠡᠷ᠎ᠡ ᠦᠬᠡᠢ ᠪᠢᠳᠡᠬᠦᠤ ᠬᠠᠪᠤᠳᠠᠷ | ᠲᠤ ᠲᠦᠷᠬᠢᠪᠠᠯ ᠬᠤᠤᠷ ᠢ ᠳᠠᠳᠠᠬᠤ ᠴᠢᠳᠠᠯ ᠲᠠᠢ ᠪᠠᠶᠢᠳᠠᠭ᠃ ᠬᠦᠮᠤᠨ᠂ ᠮᠠᠯ ᠤᠨ ᠮᠤᠭᠠᠢ ᠳᠤ ᠬᠠᠤᠨᠬᠤᠭᠳᠠᠭᠰᠡᠨ | ᠰᠢᠷᠬᠠᠨ ᠳᠤ ᠠᠶᠢᠷᠠᠭ ᠤᠨ ᠦᠩᠬᠦᠷ ᠢ ᠲᠦᠷᠬᠢᠪᠡᠯ ᠳᠤᠤᠷ᠎ᠠ ᠨᠢ ᠬᠤᠤᠷ ᠢ ᠨᠢ ᠠᠪᠳᠠᠭ᠃ ᠰᠠᠶᠢᠨ ᠢᠰᠦᠭᠰᠡᠨ | ᠠᠶᠢᠷᠠᠭ ᠢ ᠵᠤᠨ ᠤ ᠬᠠᠯᠠᠭᠤᠨ ᠡᠳᠤᠷ ᠬᠡᠳᠡᠰᠤᠨ ᠳᠡᠭᠡᠨ ᠬᠤᠷᠤᠬᠠᠢ ᠲᠠᠢ ᠬᠠᠳᠠᠩᠬᠢᠷ ᠮᠠᠯ ᠳᠤ ᠴᠢᠤᠨᠬᠤᠵᠤ ᠨᠢᠬᠡ | ᠡᠳᠤᠷ ᠤᠰᠤᠯᠠᠬᠤ ᠦᠬᠡᠢ ᠪᠠᠷ ᠨᠠᠷᠠᠨ ᠳᠤ ᠤᠶᠠᠪᠠᠯ ᠪᠠᠭᠠᠰᠤ ᠠᠯᠳᠠᠬᠤ ᠨᠢ ᠵᠤᠭᠰᠤᠵᠤ ᠳᠠᠷᠭᠤ ᠠᠪᠳᠠᠭ ᠶᠤᠮ᠃ | ᠴᠡᠭᠡ ᠶᠢ ᠬᠡᠬᠦᠤ ᠶᠢᠨ ᠰᠦ ᠪᠠᠷ ᠢᠰᠬᠡᠵᠤ ᠬᠢᠳᠡᠭ᠃ ᠬᠡᠬᠦᠤ ᠶᠢᠨ ᠰᠦ ᠶᠢ ᠦᠳᠡᠯᠦᠭᠰᠡᠤᠨ ᠪᠤᠯᠤᠨ ᠪᠡᠶ᠎ᠡ | ᠮᠠᠬᠠᠪᠤᠤᠨ ᠪᠠᠭᠤᠷᠠᠢ᠂ ᠡᠴᠡᠩᠬᠡᠷ ᠳᠤᠷᠠᠩᠬᠠᠢ ᠬᠦᠮᠤᠰ ᠲᠤ ᠤᠤᠭᠤᠯᠭᠠᠪᠠᠯ᠂ ᠰᠢᠷ᠎ᠠ ᠶᠢᠨ ᠡᠪᠡᠤᠨᠴᠢᠨ ᠢ ᠵᠠᠰᠠᠵᠤ᠂ | ᠬᠤᠳᠤᠭᠤᠳᠤᠨ ᠤ ᠰᠢᠩᠬᠡᠬᠡᠯᠳᠠ ᠶᠢ ᠰᠠᠶᠢᠵᠢᠷᠠᠭᠤᠯᠤᠨ ᠪᠡᠶ᠎ᠡ ᠶᠢ ᠲᠦᠯᠵᠢᠬᠦᠯᠤᠨ ᠬᠦᠴᠤ ᠳᠠᠮᠢᠷ ᠢ ᠨᠡᠮᠡᠭᠳᠡᠬᠦᠯᠳᠡᠭ᠃ | ᠬᠡᠬᠦᠤ ᠶᠢᠨ ᠰᠦ ᠨᠢ ᠪᠠᠰᠠ ᠳᠤᠭᠤᠯᠭᠠᠬᠤ ᠤᠶᠢᠯᠡᠳᠤᠯ ᠲᠠᠢ ᠳᠤᠯᠠ ᠤᠰᠤᠨ ᠬᠠᠪᠤᠩ᠂ ᠪᠠᠮ᠂ ᠰᠢᠷ᠎ᠠ ᠤᠰᠤᠨ ᠤ | ᠡᠪᠡᠤᠨᠴᠢᠨ ᠤ ᠡᠮ ᠤᠨ ᠬᠦᠯᠬᠡ ᠪᠤᠯᠭᠠᠳᠠᠭ᠃ ᠬᠡᠬᠦᠤ ᠶᠢᠨ ᠰᠦ ᠶᠢᠨ ᠴᠡᠭᠡ ᠪᠤᠯ ᠤᠯᠠᠨ ᠵᠦᠢᠯ ᠤᠨ ᠤᠳᠠᠭᠠᠨ | ᠴᠢᠨᠠᠷᠳᠠᠢ ᠡᠪᠡᠤᠨᠴᠢᠨ ᠠᠷᠬᠠᠭ ᠢ ᠵᠠᠰᠠᠳᠠᠭ᠃ | ᠴᠠᠭ᠎ᠠ ᠶᠢᠨ ᠰᠢᠷ᠎ᠠ ᠤᠰᠤ ᠪᠠᠷ ᠡᠷᠳᠡᠨ ᠤ ᠦᠶ᠎ᠡ ᠳᠤ ᠮᠤᠩᠭᠤᠯ ᠡᠮᠴᠢ ᠨᠠᠷ ᠤᠬᠢᠶᠠᠯᠭ᠎ᠠ ᠶᠢᠨ ᠷᠠᠰᠢᠶᠠᠨ | ᠪᠤᠯᠭᠠᠨ ᠬᠦᠮᠤᠨ ᠢ ᠰᠠᠭᠤᠯᠭᠠᠨ ᠤᠬᠢᠶᠠᠵᠤ᠂ ᠤᠳᠠᠭᠠᠨ ᠴᠢᠨᠠᠷ ᠤᠨ ᠬᠦᠯ ᠨᠢᠷᠤᠭᠤ ᠶᠢᠨ ᠡᠪᠡᠤᠨᠴᠢᠨ ᠪᠠ ᠬᠤᠶᠠᠩ | ᠬᠤᠯᠤᠤ ᠮᠡᠳᠤ ᠶᠢᠨ ᠮᠠᠭᠤ ᠬᠦᠯᠤᠰᠤᠨᠠ ᠪᠤᠭᠤᠭᠳᠠᠭᠰᠡᠨ ᠡᠪᠡᠤᠨᠴᠢᠨ ᠬᠡᠮ ᠢ ᠬᠦᠯᠤᠷᠡᠬᠡᠨ ᠳᠠᠭᠤᠳᠠᠭ ᠪᠠᠶᠢᠭᠰᠡ ᠪᠤᠯ | ᠬᠠᠷᠢᠨ ᠴᠠᠭ᠎ᠠ ᠶᠢᠨ ᠰᠢᠷ᠎ᠠ ᠤᠰᠤ ᠪᠠᠷ ᠬᠠᠳᠠᠩᠬᠢᠷ ᠳᠤᠷᠤᠢ ᠮᠠᠯ ᠢ ᠤᠬᠢᠶᠠᠪᠠᠯ ᠠᠷᠬᠠᠭ ᠦᠬᠡᠢ ᠡᠳᠡᠬᠡᠷᠡᠬᠦᠯᠵᠤ | ᠴᠢᠳᠠᠳᠠᠭ ᠪᠠᠶᠢᠨ᠎ᠠ᠃ | ᠰᠢᠷ᠎ᠠ ᠳᠤᠰᠤ ᠪᠠᠷ ᠡᠯ᠎ᠡ ᠵᠦᠢᠯ ᠤᠨ ᠳᠤᠰᠤᠨ ᠡᠮ ᠨᠠᠶᠢᠷᠠᠭᠤᠯᠤᠨ ᠮᠠᠯ ᠳᠤ ᠲᠦᠷᠬᠢᠯᠬᠡ ᠬᠢᠵᠤ ᠡᠪᠡᠤᠨᠴᠢᠨ | ᠵᠠᠰᠠᠳᠠᠭ᠃ ᠮᠦᠨ ᠰᠢᠷ᠎ᠠ ᠢᠰᠡᠬᠡᠢ ᠳᠤ ᠰᠢᠷ᠎ᠠ ᠳᠤᠰᠤ ᠶᠢ ᠰᠢᠩᠬᠡᠬᠡᠵᠤ᠂ ᠮᠠᠯ ᠳᠤ ᠬᠠᠭᠠᠷᠢᠬᠤ ᠵᠠᠰᠠᠯ ᠬᠢᠨ᠎ᠠ᠃ | ᠬᠤᠷᠠᠭ᠎ᠠ ᠢᠰᠢᠬᠡᠨ ᠤ ᠬᠤᠷᠭᠤᠰᠤ ᠨᠢ ᠬᠠᠳᠠᠵᠤ ᠪᠠᠭᠠᠵᠤ ᠭᠠᠷᠬᠤ ᠦᠬᠡᠢ ᠪᠤᠯᠪᠠᠯ ᠰᠢᠷ᠎ᠠ ᠳᠤᠰᠤ ᠶᠢ ᠬᠤᠰᠬᠢᠨᠠᠭ | ᠤᠨ ᠰᠦᠪᠠ ᠪᠠᠷ ᠨᠢ ᠰᠢᠯᠤᠭᠤᠨ ᠬᠡᠳᠡᠰᠤᠨ ᠳᠤ ᠳᠠᠯᠪᠢᠵᠤ᠂ ᠬᠠᠳᠠᠭᠰᠡᠨ ᠬᠤᠷᠭᠤᠰᠤ ᠶᠢ ᠨᠢ ᠵᠦᠬᠡᠯᠡᠷᠡᠬᠦᠯᠤᠨ | ᠪᠠᠭᠠᠬᠤ ᠳᠤ ᠨᠢ ᠲᠦᠬᠦᠮ ᠦᠵᠡᠬᠦᠯᠳᠡᠭ᠃ | ᠠᠵᠢᠯᠴᠢ ᠬᠦᠳᠡᠯᠮᠤᠷᠢᠴᠢ ᠮᠤᠩᠭᠤᠯᠴᠤᠤᠨ ᠤᠨ ᠤᠶᠤᠨ ᠰᠠᠮᠪᠠᠭ᠎ᠠ ᠪᠠᠷ ᠨᠡᠷᠡᠭᠳᠡᠭᠰᠡᠨ ᠰᠠᠭᠠᠯᠢ ᠶᠢᠨ ᠠᠷᠢᠬᠢ ᠨᠢ | ᠡᠮ ᠡᠮᠨᠡᠯᠬᠡ ᠳᠤ ᠬᠡᠷᠡᠭᠯᠡᠭᠳᠡᠬᠦ ᠴᠢᠬᠤᠯᠠ ᠪᠤᠳᠠᠰ ᠪᠤᠯᠤᠭᠰᠠᠭᠠᠷ ᠢᠷᠡᠵᠡᠢ᠃ ᠠᠷᠢᠬᠢ ᠪᠠᠨ ᠬᠠᠯᠠᠭᠠᠵᠤ ᠪᠤᠷᠠᠮ᠂ ᠰᠢᠷ᠎ᠠ | ᠳᠤᠰᠤ ᠬᠢᠵᠤ ᠤᠤᠭᠤᠪᠠᠯ ᠬᠤᠳᠤᠭᠤᠳᠤᠨ ᠤ ᠰᠢᠩᠬᠡᠬᠡᠯᠳᠠ ᠮᠠᠭᠤᠳᠠᠭᠰᠡᠨ ᠪᠠ ᠴᠢᠬᠢᠭ ᠠᠴᠠ ᠪᠤᠯᠤᠭᠰᠡᠨ ᠨᠢᠷᠤᠭᠤ | ᠬᠦᠯ ᠤᠨ ᠡᠪᠡᠤᠨᠴᠢᠨ ᠢ ᠵᠠᠰᠠᠵᠤ ᠪᠤᠯᠳᠠᠭ᠃ ᠠᠷᠢᠬᠢ ᠪᠠᠷ ᠮᠠᠯ ᠤᠨ ᠡᠯᠳᠡᠪ ᠵᠦᠢᠯ ᠤᠨ ᠡᠪᠡᠤᠨᠴᠢᠨ ᠢ ᠴᠤ ᠡᠮᠨᠡᠵᠤ | ᠪᠤᠯᠤᠨ᠎ᠠ᠃ | ᠤᠯᠠᠨ ᠲᠦᠷᠤᠯ ᠤᠨ ᠮᠠᠯ ᠤᠨ ᠰᠦ ᠶᠢ ᠡᠯᠳᠡᠪ ᠬᠤᠤᠷᠳᠠᠢ ᠵᠦᠢᠯ ᠤᠨ ᠬᠤᠤᠷ ᠢ ᠳᠠᠶᠢᠯᠵᠤ ᠨᠤᠮᠤᠨᠬᠤᠨᠬᠠᠵᠤ | ᠠᠷᠢᠯᠭᠠᠳᠠᠭ ᠡᠷᠬᠢᠮ ᠴᠢᠬᠤᠯᠠ ᠵᠦᠢᠯ ᠬᠡᠬᠦ ᠤᠴᠢᠷ ᠬᠤᠤᠷᠠᠳᠠᠭᠳᠠᠭᠰᠡᠨ ᠬᠦᠮᠤᠨ᠂ ᠮᠠᠯ ᠳᠤ ᠲᠦᠬᠦᠬᠡᠢ ᠰᠦ ᠦᠭᠬᠦ | ᠨᠢ ᠢᠯᠡᠬᠦᠤ ᠳᠤᠰᠠ ᠲᠠᠢ ᠪᠠᠶᠢᠳᠠᠭ᠃ ᠢᠯᠠᠩᠭᠤᠶ᠎ᠠ ᠬᠤᠨᠢ ᠢᠮᠠᠭᠠᠨ ᠤ ᠲᠦᠬᠦᠬᠡᠢ ᠰᠦ ᠶᠢ ᠬᠠᠮᠤᠭ ᠤᠨ ᠰᠠᠶᠢᠨ | ᠬᠡᠳᠡᠭ᠃ | ᠮᠤᠩᠭᠤᠯ ᠦᠨᠳᠤᠰᠤᠳᠠᠨ ᠤ ᠡᠷᠳᠠᠨ ᠠᠴᠠ ᠨᠠᠰᠢ ᠪᠡᠯᠡᠤᠨᠬᠡᠨ ᠬᠡᠷᠡᠭᠯᠡᠵᠤ ᠢᠷᠡᠭᠰᠡᠨ ᠲᠦᠷᠤᠯ ᠪᠦᠷᠢ ᠶᠢᠨ | ᠢᠳᠡᠬᠡᠨ ᠤᠮᠳᠠᠭᠠᠨ ᠨᠢ ᠰᠢᠮ᠎ᠠ ᠳᠡᠵᠢᠬᠡᠯ ᠶᠡᠬᠡᠳᠠᠢ᠂ ᠰᠢᠩᠬᠡᠴᠠ ᠵᠤᠬᠢᠮᠵᠢ ᠪᠠᠷ ᠨᠠᠩ ᠰᠠᠶᠢᠨ᠂ ᠪᠠᠰᠠ ᠬᠦᠮᠤᠨ᠂ ᠮᠠᠯ | ᠤᠨ ᠡᠯᠳᠡᠪ ᠡᠪᠡᠤᠨᠴᠢᠨ ᠡᠮᠬᠡᠭ ᠢ ᠠᠨᠠᠭᠠᠨ ᠡᠮᠴᠢᠯᠡᠬᠦ ᠴᠢᠨᠠᠷ ᠲᠠᠢ ᠪᠠᠶᠢᠳᠠᠭ ᠳᠤᠯᠠ ᠡᠷᠳᠡᠮᠳᠠᠤᠨ᠂ ᠰᠤᠳᠤᠯᠤᠭᠴᠢᠤᠨ | ᠤᠨ ᠠᠩᠬᠠᠷᠤᠯ ᠢ ᠦᠯᠠᠮᠵᠢ ᠳᠠᠳᠠᠵᠤ ᠪᠠᠶᠢᠭ᠎ᠠ ᠶᠤᠮ᠃ | |