9 ᠰᠠᠷ᠎ᠠ ᠶᠢᠨ 26 — 28 ᠤ ᠡᠳᠤᠷ ᠪᠤᠯᠳᠠᠯ᠎ᠠ᠂ ︽ᠦᠪᠡᠷ ᠢ ᠪᠠᠨ ᠢᠯᠠᠵᠤ᠂ ᠬᠦᠰᠡᠯ ᠢᠶᠠᠨ | ᠳᠡᠷᠬᠡᠯᠰᠢᠬᠦᠯᠬᠦ︾ ᠭᠤᠤᠯ ᠰᠡᠳᠤᠪᠳᠤ ᠤᠷᠳᠤᠰ ᠬᠤᠳᠠ ᠶᠢᠨ ᠠᠩᠬᠠᠳᠤᠭᠠᠷ ᠬᠤᠭᠤᠴᠠᠭᠠᠨ ᠤ ᠵᠡᠮᠳᠡᠭᠴᠤᠤᠨ ᠤᠨ | ᠪᠡᠶ᠎ᠡ ᠶᠢᠨ ᠳᠠᠮᠢᠷ ᠤᠨ ᠴᠤᠭᠯᠠᠭᠠᠨ ᠵᠢᠴᠢ ᠤᠨᠴᠠᠭᠠᠢ ᠤᠯᠢᠮᠫᠢᠺ ᠤᠨ ᠪᠡᠶ᠎ᠡ ᠶᠢᠨ ᠳᠠᠮᠢᠷ ᠤᠨ ᠴᠤᠭᠯᠠᠭᠠᠨ ᠤᠷᠳᠤᠰ | ᠬᠤᠳᠠ ᠶᠢᠨ ᠪᠡᠶ᠎ᠡ ᠶᠢᠨ ᠳᠠᠮᠢᠷ ᠤᠨ ᠤᠶᠢᠯᠡᠰ ᠤᠨ ᠬᠦᠭᠵᠢᠯᠳᠠ ᠶᠢᠨ ᠲᠦᠪ ᠤᠨ ᠪᠡᠶ᠎ᠡ ᠶᠢᠨ ᠳᠠᠮᠢᠷ ᠤᠨ ᠳᠠᠯᠠᠪᠤᠷ | ᠪᠠ ᠡᠵᠡᠨ ᠬᠤᠷᠤᠭ᠎ᠠ ᠬᠤᠰᠢᠭᠤᠨ ᠤ ᠪᠡᠶ᠎ᠡ ᠶᠢᠨ ᠳᠠᠮᠢᠷ ᠤᠨ ᠤᠷᠳᠤᠨ ᠳᠤ ᠶᠠᠪᠤᠭᠳᠠᠪᠠ᠃ ᠮᠠᠨ ᠤ ᠬᠤᠰᠢᠭᠤᠨ ᠤ | 32 ᠳᠠᠮᠢᠷᠴᠢᠨ ᠤᠷᠤᠯᠳᠤᠭᠠᠨ ᠳᠤ ᠤᠷᠤᠯᠴᠠᠵᠤ᠂ ᠳᠤᠰᠪᠤᠷᠢ ᠬᠦᠨᠳᠤ ᠬᠦᠩᠬᠡᠨ ᠳᠠᠮᠢᠷ ᠤᠨ ᠤᠷᠤᠯᠳᠤᠭᠠᠨ᠂ | ᠫᠢᠩᠫᠠᠩ ᠪᠦᠮᠪᠦᠭᠡ᠂ ᠵᠠᠪᠠ᠂ ᠰᠢᠳᠠᠷ᠎ᠠ᠂ ᠰᠢᠳᠠᠯᠳᠠ ᠵᠡᠷᠬᠡ 5 ᠲᠦᠷᠤᠯ ᠤᠨ 32 ᠵᠦᠢᠯ ᠤᠨ ᠤᠷᠤᠯᠳᠤᠭᠠᠨ ᠳᠤ | ᠤᠷᠤᠯᠴᠠᠵᠤ᠂ ᠬᠤᠶᠠᠷ ᠡᠳᠤᠷ ᠤᠨ ᠰᠢᠷᠤᠬᠦᠨ ᠦᠷᠢᠰᠤᠯᠳᠤᠬᠡᠨ ᠢᠶᠠᠷ ᠳᠠᠮᠵᠢᠨ᠂ ᠳᠠᠳᠠ ᠶᠡᠷᠤ ᠶᠢᠨ ᠬᠦᠮᠤᠰ ᠠᠴᠠ | ᠬᠡᠳᠤᠶᠢᠳᠦᠭᠰᠡᠨ ᠬᠠᠳᠠᠨ ᠵᠤᠷᠢᠭ ᠪᠠ ᠵᠤᠷᠢᠭ ᠰᠦᠰᠤ ᠪᠠᠷ ᠠᠮᠢ ᠨᠠᠰᠤᠨ ᠤ ᠬᠡᠷᠡᠯ ᠬᠢᠯᠪᠠᠭ᠎ᠠ ᠶᠢ ᠳᠠᠶᠢᠯᠪᠤᠷᠢᠯᠠᠵᠤ᠂ | ᠨᠠᠶᠢᠳᠠ 18 ᠠᠯᠳᠠᠨ ᠮᠧᠳᠠᠯ᠂ 15 ᠮᠦᠩᠬᠦᠨ ᠮᠧᠳᠠᠯ ᠪᠠ 14 ᠬᠦᠷᠡᠯ ᠮᠧᠳᠠᠯ ᠤᠨ ᠪᠠᠶᠠᠷᠯᠠᠭᠤᠰᠢᠳᠠᠢ ᠬᠢᠷᠢ | ᠪᠦᠳᠤᠮᠵᠢ ᠤᠯᠵᠤ᠂ ᠪᠦᠬᠦ ᠬᠤᠳᠠ ᠶᠢᠨ ᠠᠯᠳᠠᠨ ᠮᠧᠳᠠᠯ᠂ ᠱᠠᠩᠨᠠᠯ ᠤᠨ ᠮᠧᠳᠠᠯ ᠪᠠ ᠶᠡᠷᠤᠩᠬᠡᠢ ᠬᠤᠪᠢ ᠶᠢᠨ | ᠵᠢᠭᠰᠠᠭᠠᠯᠳᠠ ᠳᠤ ᠴᠦᠮ ᠳᠡᠷᠢᠬᠦᠯᠡᠵᠤ᠂ ᠭᠤᠷᠪᠠᠨ ᠨᠢᠬᠡᠳᠤᠬᠡᠷ ᠤᠨ ᠰᠢᠯᠢᠳᠡᠭ ᠪᠦᠳᠤᠮᠵᠢ ᠪᠠᠷ ᠳᠠᠬᠢᠨᠳᠠ ︽ | ᠰᠢᠯᠢᠳᠡᠭ ᠵᠤᠬᠢᠶᠠᠨ ᠪᠠᠶᠢᠭᠤᠯᠤᠯᠳᠠ ᠶᠢᠨ ᠱᠠᠩᠨᠠᠯ︾ ᠬᠦᠷᠳᠡᠭᠰᠡᠨ ᠪᠠᠶᠢᠨ᠎ᠠ᠃ |