︽ᠤᠯᠠᠨ ᠲᠦᠮᠡᠨ ᠳᠤ ᠪᠤᠳᠠᠳᠤ ᠶᠠᠪᠤᠳᠠᠯ ᠬᠢᠬᠦ︾ ᠤᠶᠢᠯᠡᠳᠤᠯᠬᠡ ᠶᠢᠨ ᠠᠵᠢᠯᠯᠠᠭ᠎ᠠ ᠶᠢ ᠬᠦᠨᠵᠡᠬᠡᠢ | ᠠᠬᠢᠭᠤᠯᠤᠨ᠂ ᠭᠠᠴᠠᠭᠠᠨ ᠤ ᠮᠠᠯᠴᠢᠤᠨ ᠲᠤ ᠨᠠᠩ ᠰᠠᠶᠢᠨ ᠪᠠᠳᠤᠯᠠᠭ᠎ᠠ ᠬᠠᠩᠭᠠᠬᠤ ᠶᠢᠨ ᠲᠦᠯᠤᠬᠡ᠂ ᠤᠳᠤᠭ ᠤᠨ | ᠡᠮᠤᠨᠡᠳᠤ ᠬᠤᠰᠢᠭᠤᠨ ᠤ ᠨᠠᠩᠰᠤ ᠪᠠᠯᠭᠠᠰᠤ ᠶᠢᠨ ᠪᠠᠶᠠᠨᠬᠤᠷᠠᠬᠤ ᠭᠠᠴᠠᠭᠠᠨ ᠤ ᠬᠢᠨ ᠮᠠᠯᠴᠢᠨ ᠲᠦᠮᠡᠨ ᠤ ᠨᠤᠷᠠᠬᠤ | ᠠᠶᠤᠯᠳᠠᠢ ᠬᠡᠷ ᠪᠠᠶᠢᠰᠢᠩ ᠤᠨ ᠠᠰᠠᠭᠤᠳᠠᠯ ᠢ ᠬᠦᠴᠤᠯᠡᠨ ᠰᠢᠢᠤᠨᠪᠤᠷᠢᠯᠡᠵᠤ ᠪᠠᠶᠢᠨ᠎ᠠ᠃ | ᠨᠠᠷᠠᠨᠴᠢᠮᠡᠭ ᠪᠤᠯ ᠪᠠᠶᠠᠨᠬᠤᠷᠠᠬᠤ ᠭᠠᠴᠠᠭᠠᠨ ᠤ ᠪᠠᠯᠭᠠᠰᠤ ᠮᠠᠯᠵᠢᠯ ᠤᠨ ᠬᠤᠷᠰᠢᠶᠠᠨ ᠤ ᠵᠢᠷ ᠤᠨ ᠨᠢᠬᠡᠨ ᠮᠠᠯᠴᠢᠨ | ᠪᠤᠯᠤᠨ᠎ᠠ᠃ ᠬᠠᠷᠢ ᠨᠤᠳᠤᠭ ᠢᠶᠠᠷ ᠤᠳᠠᠭᠠᠨ ᠵᠢᠯ ᠬᠦᠯᠤᠰᠤᠨ ᠠᠵᠢᠯ ᠬᠢᠵᠤ ᠶᠠᠪᠤᠭᠰᠡᠨ ᠳᠤᠯᠠ ᠳᠡᠬᠦᠨ ᠤ ᠬᠦᠳᠡᠭᠡ | ᠶᠢᠨ ᠬᠠᠭᠤᠴᠢᠨ ᠪᠠᠶᠢᠰᠢᠩ ᠨᠢ ᠠᠩ ᠵᠠᠪᠰᠠᠷ ᠭᠠᠷᠴᠤ ᠨᠤᠷᠠᠬᠤ ᠠᠶᠤᠯᠳᠠᠢ ᠪᠤᠯᠵᠠᠢ᠃ ᠡᠨᠡ ᠵᠢᠯ ᠪᠠᠶᠠᠨᠬᠤᠷᠠᠬᠤ | ᠭᠠᠴᠠᠭᠠᠨ ᠤ ᠬᠢᠨ ᠨᠠᠷᠠᠨᠴᠢᠮᠡᠭ ᠤᠨ ᠪᠤᠳᠠᠳᠠᠢ ᠬᠦᠴᠢᠷᠳᠠᠯ ᠢ ᠤᠶᠢᠯᠠᠭᠠᠭᠰᠡᠨ ᠤ ᠳᠠᠷᠠᠭ᠎ᠠ ︽ᠨᠤᠷᠠᠬᠤ ᠠᠶᠤᠯᠳᠠᠢ ᠬᠡᠷ | ᠪᠠᠶᠢᠰᠢᠩ ᠢ ᠦᠬᠡᠷᠡᠴᠢᠯᠡᠨ ᠰᠢᠨᠡᠤᠨᠬᠡᠬᠦ︾ ᠲᠦᠷᠤᠯ ᠵᠦᠢᠯ ᠢᠶᠠᠷ ᠳᠠᠳᠠᠨ ᠤ ᠳᠤ 96 ᠳᠡᠭᠰᠢ ᠲᠦᠷᠪᠡᠯᠵᠢᠨ ᠮᠧᠲᠷ | ᠤᠨ ᠰᠢᠨ᠎ᠠ ᠪᠠᠶᠢᠰᠢᠩ ᠪᠠᠷᠢᠵᠤ ᠦᠭᠬᠦᠭᠰᠡᠨ ᠪᠠᠶᠢᠨ᠎ᠠ᠃ | ︽7 ᠰᠠᠷ᠎ᠠ ᠠᠴᠠ ᠡᠬᠢᠯᠡᠨ ᠡᠨᠡ ᠪᠠᠶᠢᠰᠢᠩ ᠢ ᠪᠠᠷᠢᠭᠰᠡᠨ ᠶᠤᠮ᠂ ᠮᠢᠨᠤ ᠶᠡᠭᠡ ᠬᠦᠤ ᠭᠠᠨᠰᠤ ᠮᠤᠵᠢ ᠠᠴᠠ | ᠬᠠᠷᠢᠵᠤ ᠢᠷᠡᠨ ᠬᠠᠮᠵᠢᠵᠤ ᠪᠠᠷᠢᠵᠠᠢ᠂ ᠬᠡᠷ ᠢᠶᠠᠨ ᠵᠠᠰᠠᠵᠤ ᠴᠢᠮᠡᠬᠦ ᠳᠤ ᠭᠠᠴᠠᠭᠠᠨ ᠤ ᠺᠠᠳ᠋ᠷ ᠪᠤᠯᠤᠨ ᠲᠦᠷᠤᠯ ᠰᠠᠳᠤᠨ | ᠨᠠᠷ ᠵᠤᠭᠤᠰ ᠮᠦᠩᠬᠦ ᠵᠢᠬᠡᠯᠡᠵᠤ ᠦᠭᠴᠡᠢ᠂ ᠤᠯᠠᠨ ᠤ ᠳᠡᠮᠵᠢᠯᠬᠡ ᠪᠠᠷ ᠪᠢ ᠳᠡᠮᠡᠢ ᠤᠳᠠᠭᠰᠡᠨ ᠦᠬᠡᠢ ᠰᠢᠨ᠎ᠠ | ᠪᠠᠶᠢᠰᠢᠩ ᠳᠠᠭᠠᠨ ᠤᠷᠤᠭᠠᠤᠨ ᠰᠠᠭᠤᠴᠢᠬᠠᠯ᠎ᠠ᠃ ᠨᠠᠮ ᠵᠠᠰᠠᠭ ᠤᠨ ᠬᠠᠶᠢᠷ᠎ᠠ ᠬᠠᠯᠠᠮᠵᠢ᠂ ᠲᠦᠷᠤᠯ ᠰᠠᠳᠤᠨ ᠤ | ᠬᠠᠯᠠᠭᠤᠨ ᠳᠡᠮᠵᠢᠯᠬᠡ ᠳᠤ ᠮᠠᠰᠢ ᠶᠡᠭᠡ ᠳᠠᠯᠠᠷᠬᠠᠵᠤ ᠪᠠᠶᠢᠨ᠎ᠠ︾ ᠬᠡᠵᠤ ᠨᠠᠷᠠᠨᠴᠢᠮᠡᠭ ᠰᠡᠤᠨᠬᠢᠯ ᠳᠤᠭᠳᠤᠯᠤᠨ ᠶᠠᠷᠢᠯ᠎ᠠ᠃ | ︽ᠨᠠᠷᠠᠨᠴᠢᠮᠡᠭ ᠭᠠᠭᠴᠠ ᠪᠡᠶ᠎ᠡ᠂ ᠠᠮᠢᠳᠤᠷᠠᠯ ᠨᠢ ᠬᠦᠴᠢᠷᠳᠠᠯᠳᠠᠢ᠂ ᠬᠤᠶᠠᠷ ᠬᠦᠤ ᠨᠢ ᠪᠠᠰᠠ ᠬᠠᠷᠢ ᠭᠠᠵᠠᠷ | ᠠᠵᠢᠯᠯᠠᠵᠤ ᠪᠠᠶᠢᠬᠤ ᠳᠤᠯᠠ ᠨᠤᠷᠠᠬᠤ ᠠᠶᠤᠯᠳᠠᠢ ᠪᠤᠯᠤᠭᠰᠡᠨ ᠬᠠᠭᠤᠴᠢᠨ ᠪᠠᠶᠢᠰᠢᠩ ᠢᠶᠠᠨ ᠦᠪᠡᠷ ᠢᠶᠠᠨ ᠰᠠᠯᠪᠢᠨ | ᠵᠠᠰᠠᠬᠤ ᠴᠢᠳᠠᠯ ᠦᠬᠡᠢ᠃ ᠡᠨᠡ ᠪᠠᠶᠢᠳᠠᠯ ᠢ ᠤᠶᠢᠯᠠᠭᠠᠭᠰᠡᠨ ᠤ ᠳᠠᠷᠠᠭ᠎ᠠ᠂ ᠭᠠᠴᠠᠭᠠᠨ ᠠᠴᠠ ᠡᠳᠡᠨ ᠳᠤ ︿ᠨᠤᠷᠠᠬᠤ | ᠠᠶᠤᠯᠳᠠᠢ ᠬᠡᠷ ᠪᠠᠶᠢᠰᠢᠩ ᠢ ᠦᠬᠡᠷᠡᠴᠢᠯᠡᠨ ᠰᠢᠨᠡᠤᠨᠬᠡᠬᠦ﹀ ᠲᠦᠷᠤᠯ ᠵᠦᠢᠯ ᠢ ᠭᠤᠶᠤᠴᠢᠯᠠᠨ ᠦᠭᠴᠤ᠂ ᠤᠯᠠᠨ ᠢᠶᠠᠷ | ᠢᠶᠠᠨ ᠰᠡᠤᠨᠬᠢᠯ ᠨᠢᠬᠡᠳᠤᠨ ᠬᠦᠴᠤ ᠪᠠᠨ ᠬᠠᠮᠳᠤᠤᠨᠬᠠᠵᠤ᠂ 3 ᠰᠠᠷ᠎ᠠ ᠶᠢᠨ ᠳᠤᠳᠤᠷ᠎ᠠ ᠰᠢᠨ᠎ᠠ ᠪᠠᠶᠢᠰᠢᠩ ᠢ ᠨᠢ ᠪᠠᠷᠢᠵᠤ | ᠪᠤᠰᠬᠠᠵᠠᠢ᠃ ᠨᠡᠷᠡᠨᠴᠢᠮᠡᠭ ᠳᠡᠭᠷᠢ ᠬᠦᠢᠳᠡᠷᠡᠬᠦ ᠶᠢᠨ ᠡᠮᠤᠨ᠎ᠡ ᠵᠠᠪᠳᠤᠵᠤ ᠰᠢᠨ᠎ᠠ ᠬᠡᠷ ᠲᠡᠭᠡᠨ ᠤᠷᠤᠵᠤ ᠰᠠᠭᠤᠭᠰᠡᠨ ᠳᠤ | ᠤᠯᠠᠨ ᠢᠶᠠᠷ ᠢᠶᠠᠨ ᠴᠦᠮ ᠪᠠᠶᠠᠷᠯᠡᠵᠤ ᠪᠠᠶᠢᠨ᠎ᠠ︾ ᠬᠡᠵᠤ ᠪᠠᠯᠭᠠᠰᠤ ᠮᠠᠯᠵᠢᠯ ᠤᠨ ᠬᠤᠷᠰᠢᠶᠠᠨ ᠤ ᠳᠤᠤᠷᠵᠢᠯ ᠤᠨ | ᠬᠡᠰᠢᠬᠦᠨ ᠡᠷᠳᠡᠨᠢ ᠤᠷᠮᠠᠳᠠᠢ ᠶᠠᠷᠢᠪᠠ᠃ |