ᠸᠠᠩ ᠢᠦᠢ ᠴᠢᠶᠠᠩ ᠪᠦᠬᠦ ᠬᠤᠰᠢᠭᠤᠨ ᠤ ᠴᠢᠬᠤᠯᠠ ᠶᠡᠭᠡ ᠲᠦᠷᠦᠯ ᠵᠣᠶᠢᠯ ᠭᠤᠣᠯᠳᠠᠯᠭᠠᠳᠦ ᠠᠵᠢᠯ ᠤᠨ ᠲᠣᠰᠬᠠᠢ ᠰᠡᠳᠦᠪᠳᠦ ᠲᠣᠬᠢᠷᠠᠭᠤᠯᠣᠯᠳᠠ ᠶᠢᠨ ᠬᠤᠷᠠᠯ ᠢ ᠡᠷᠬᠢᠯᠡᠨ ᠬᠤᠷᠠᠯᠳᠣᠪᠠ
ᠨᠡᠶᠢᠲᠡᠯᠡᠭᠰᠡᠨ ᠴᠠᠭ᠄
2022/11/10
    11 ᠰᠠᠷ᠎ᠠ ᠶᠢᠨ 7 ᠤ ᠣᠷᠣᠢ᠂ ᠬᠤᠰᠢᠭᠤ ᠨᠠᠮ ᠤᠨ ᠬᠤᠷᠢᠶ᠎ᠠ ᠶᠢᠨ ᠱᠦᠵᠢ ᠸᠠᠩ ᠢᠦᠢ ᠴᠢᠶᠠᠩ ᠪᠦᠬᠦ ᠬᠤᠰᠢᠭᠤᠨ ᠤ ᠴᠢᠬᠤᠯᠠ ᠶᠡᠭᠡ ᠲᠦᠷᠦᠯ ᠵᠣᠶᠢᠯ ᠭᠤᠣᠯᠳᠠᠯᠭᠠᠳᠦ ᠠᠵᠢᠯ ᠤᠨ ᠲᠣᠰᠬᠠᠢ ᠰᠡᠳᠦᠪᠳᠦ ᠲᠣᠬᠢᠷᠠᠭᠤᠯᠣᠯᠳᠠ ᠶᠢᠨ ᠬᠤᠷᠠᠯ ᠢ ᠡᠷᠬᠢᠯᠡᠨ ᠬᠤᠷᠠᠯᠳᠣᠭᠤᠯᠵᠣ᠂ ᠴᠢᠬᠤᠯᠠ ᠶᠡᠭᠡ ᠲᠦᠷᠦᠯ ᠤᠨ ᠪᠠᠶᠢᠭᠤᠯᠣᠯᠳᠠ ᠶᠢᠨ ᠠᠵᠢᠯ ᠢ ᠪᠠᠶᠢᠷᠢᠯᠠᠭᠤᠯᠪᠠ᠃     ᠸᠠᠩ ᠢᠦᠢ ᠴᠢᠶᠠᠩ᠂ ᠨᠡᠭᠡᠭᠡᠯᠳᠡ ᠶᠢᠨ ᠣᠷᠣᠨ᠂ ᠡᠯ᠎ᠡ ᠬᠠᠮᠢᠶ᠎ᠠ ᠪᠦᠬᠦᠢ ᠰᠠᠯᠠᠭ᠎ᠠ ᠮᠦᠴᠢᠷ ᠬᠤᠳᠠᠯᠳᠤᠭ᠎ᠠ ᠡᠵᠡᠩᠨᠡᠯᠳᠡ ᠶᠢᠨ ᠣᠷᠴᠢᠨ ᠢ ᠦᠷᠭᠦᠯᠵᠢᠯᠡᠨ ᠰᠢᠯᠢᠳᠡᠭᠵᠢᠭᠦᠯᠦᠨ᠂ ᠣᠶᠢᠯᠡᠴᠢᠯᠡᠭᠡᠨ ᠤ ᠪᠠᠳᠣᠯᠠᠭ᠎ᠠ ᠪᠠᠨ ᠲᠠᠰᠣᠷᠠᠯᠳᠠ ᠦᠭᠡᠢ ᠴᠢᠩᠭᠠᠳᠬᠠᠵᠣ᠂ ᠲᠦᠷᠦᠯ ᠵᠣᠶᠢᠯ ᠤᠨ ᠭᠤᠣᠯ ᠴᠣᠭᠴᠠ ᠲᠠᠢ ᠬᠠᠮᠵᠢᠯᠴᠠᠨ ᠴᠣᠬᠤᠯᠠᠪᠦᠷᠢᠯᠠᠯᠳᠠ ᠶᠢᠨ ᠭᠠᠷ ᠬᠦᠢᠴᠡᠳᠭᠡᠯ ᠢ ᠭᠦᠢᠴᠡᠳᠬᠡᠵᠣ᠂ ᠠᠰᠢᠭᠳᠠᠢ ᠲᠦᠷᠦ ᠶᠢᠨ ᠪᠣᠳᠣᠯᠭ᠎ᠠ ᠶᠢ ᠴᠢᠷᠮᠠᠶᠢᠨ ᠣᠯᠵᠣ᠂ ᠠᠵᠣ ᠠᠬᠤᠶᠢᠯᠠᠯ ᠢ ᠬᠠᠪᠰᠣᠷᠣᠨ ᠪᠠᠴᠢᠮ ᠬᠦᠴᠢᠷᠳᠡᠯ ᠢ ᠨᠢ ᠪᠣᠳᠠᠳᠠᠢ ᠰᠢᠢᠳᠪᠦᠷᠢᠯᠡᠵᠣ᠂ ᠲᠦᠷᠦᠯ ᠵᠣᠶᠢᠯ ᠤᠨ ᠡᠮᠬᠢ ᠲᠢᠭᠯᠢᠮ ᠲᠠᠢ ᠶᠠᠪᠣᠭᠳᠠᠬᠤ ᠶᠢ ᠪᠦᠬᠦ ᠲᠠᠯ᠎ᠠ ᠪᠠᠷ ᠠᠬᠢᠭᠤᠯᠬᠤ ᠬᠡᠷᠡᠭᠳᠡᠢ᠃ ᠴᠢᠬᠤᠯᠠ ᠶᠡᠭᠡ ᠲᠦᠷᠦᠯ ᠵᠣᠶᠢᠯ ᠤᠨ ᠠᠵᠢᠯ ᠤᠨ ᠲᠣᠰᠬᠠᠢ ᠪᠠᠭ ᠪᠠᠶᠢᠭᠤᠯᠣᠨ᠂ ᠲᠠᠭᠠᠭᠠᠴᠢᠯᠠᠨ ᠬᠤᠯᠪᠣᠭᠠᠯᠠᠬᠤ ᠰᠢᠶᠠᠨ ᠤ ᠲᠡᠰ ᠤᠨ ᠣᠳᠣᠷᠢᠳᠣᠯᠭ᠎ᠠ ᠶᠢᠨ ᠲᠣᠯᠣᠭᠠᠶᠢᠯᠠᠭᠴᠢ ᠶᠢᠨ ᠣᠶᠢᠯᠠᠳᠣᠯ ᠢᠶᠠᠨ ᠪᠠᠳᠠᠷᠠᠭᠤᠯᠵᠣ᠂ ᠦᠪᠡᠷ ᠤᠨ ᠪᠡᠶ᠎ᠡ ᠪᠠᠷ ᠢᠶᠠᠨ ᠬᠦᠳᠡᠯᠦᠯᠴᠡᠨ ᠣᠶᠢᠯᠡᠴᠢᠯᠡᠵᠣ᠂ ᠲᠣᠭᠳᠠᠭᠰᠠᠨ ᠬᠤᠭᠤᠴᠠᠭ᠎ᠠ ᠲᠠᠢ ᠪᠠᠷ ᠠᠵᠣ ᠠᠬᠤᠶᠢᠯᠠᠯ ᠳᠤ ᠭᠦᠨᠵᠡᠭᠡᠶᠢᠷᠡᠨ᠂ ᠲᠦᠷᠦᠯ ᠵᠣᠶᠢᠯ  ᠤᠨ ᠠᠬᠢᠴᠠ ᠶᠢᠨ ᠪᠠᠶᠢᠳᠠᠯ ᠢ ᠲᠣᠬᠢᠷᠠᠭᠤᠯᠵᠣ᠂ ᠲᠦᠷᠦᠯ ᠵᠣᠶᠢᠯ ᠤᠨ ᠪᠠᠷᠢᠯᠭ᠎ᠠ ᠡᠬᠢᠯᠡᠯᠳᠡ ᠪᠠᠨ ᠬᠤᠭᠤᠴᠠᠭᠠᠯᠠᠨ᠂ ᠡᠭᠦᠷᠭᠡ ᠪᠠᠨ ᠲᠣᠳᠣᠷᠬᠠᠶᠢᠯᠠᠵᠣ᠂ ᠭᠠᠷᠠᠭ ᠪᠦᠷᠢ ᠲᠣᠬᠢᠷᠠᠭᠤᠯᠣᠨ᠂ ᠡᠯ᠎ᠡ ᠲᠦᠷᠦᠯ ᠵᠣᠶᠢᠯ ᠤᠨ ᠠᠵᠢᠯ ᠪᠣᠳᠠᠳᠠᠢ ᠠᠮᠵᠢᠯᠳᠠ ᠣᠯᠬᠤ ᠶᠢ ᠦᠨᠡᠨ ᠬᠦ ᠠᠬᠢᠭᠤᠯᠬᠤ ᠬᠡᠷᠡᠭᠳᠡᠢ᠃ ᠬᠦᠷᠢᠶᠡᠯᠡᠩ ᠲᠣᠭᠤᠷᠢᠭ ᠤᠨ ᠠᠵᠣ ᠣᠶᠢᠯᠠᠰ ᠤᠨ ᠪᠠᠶᠢᠷᠢᠯᠠᠭᠤᠯᠣᠯᠳᠠ ᠳᠤ ᠠᠩᠬᠠᠷᠣᠯ ᠢᠶᠠᠨ ᠲᠦᠪᠯᠡᠷᠡᠭᠦᠯᠦᠨ᠂ ᠡᠨᠧᠷᠬᠢ ᠶᠢᠨ ᠬᠤᠷᠣᠭᠳᠠᠯ᠂ ᠠᠮᠢ ᠠᠬᠤᠢ᠂ ᠣᠷᠴᠢᠨ ᠲᠣᠭᠤᠷᠢᠨ ᠵᠡᠷᠭᠡ ᠱᠠᠭᠠᠷᠳᠠᠯᠭ᠎ᠠ ᠲᠠᠢ ᠣᠶᠠᠯᠳᠣᠭᠤᠯᠵᠣ᠂ ᠠᠵᠣ ᠣᠶᠢᠯᠠᠰ ᠤᠨ ᠬᠡᠯᠬᠢᠶᠡᠵᠢᠯ ᠤᠨ ᠲᠣᠭᠤᠷᠢᠨ ᠳᠤ ᠣᠨᠣᠪᠴᠢᠳᠠᠢ ᠬᠦᠴᠦᠯᠡᠨ᠂ ᠲᠦᠷᠦᠯ ᠵᠣᠶᠢᠯ ᠢᠶᠠᠨ ᠰᠢᠨᠵᠢᠯᠡᠭᠦ ᠣᠬᠠᠭᠠᠨᠴᠢ ᠪᠠᠷ ᠪᠠᠶᠢᠷᠢᠯᠠᠭᠤᠯᠵᠣ᠂ ᠡᠯ᠎ᠡ ᠴᠢᠬᠤᠯᠠ ᠶᠡᠭᠡ ᠲᠦᠷᠦᠯ ᠵᠣᠶᠢᠯ ᠢ ᠡᠷᠳᠡᠭᠡᠨ ᠨᠠᠶᠢᠳᠠᠪᠦᠷᠢᠵᠢᠭᠤᠯᠬᠤ ᠶᠢ ᠠᠬᠢᠭᠤᠯᠬᠤ ᠬᠡᠷᠡᠭᠳᠡᠢ᠃ ᠣᠷᠣᠨ ᠪᠦᠰᠡ ᠶᠢᠨ ᠬᠠᠮᠳᠣᠷᠠᠯᠴᠠᠭᠠᠨ ᠤ ᠲᠦᠯᠦᠪᠵᠢᠭᠦᠯᠭᠡ ᠶᠢ ᠰᠠᠶᠢᠳᠦᠷ ᠬᠢᠨ᠂ ᠨᠢᠩᠰᠢᠶᠠ ᠶᠢᠨ ᠨᠢᠩᠳᠦ᠋ᠩ ᠤᠨ ᠠᠵᠣ ᠣᠶᠢᠯᠠᠳᠪᠦᠷᠢ  ᠶᠢᠨ ᠬᠦᠷᠢᠶᠡᠯᠡᠩ ᠲᠣᠭᠤᠷᠢᠭ ᠲᠠᠢ ᠬᠠᠮᠳᠣᠷᠠᠯᠴᠠᠭ᠎ᠠ ᠪᠠᠨ ᠴᠢᠩᠭᠠᠳᠬᠠᠵᠣ᠂ ᠲᠠᠪᠠᠭᠤᠯᠢᠭ ᠢᠶᠠᠨ ᠬᠠᠷᠢᠯᠴᠠᠨ ᠨᠦᠬᠦᠪᠦᠷᠢᠯᠡᠭᠦ ᠬᠡᠷᠡᠭᠳᠡᠢ ᠭᠡᠵᠣ ᠴᠢᠬᠤᠯᠠᠴᠢᠯᠠᠭᠰᠠᠨ ᠪᠠᠶᠢᠨ᠎ᠠ᠃     ᠸᠠᠩ ᠢᠦᠢ ᠴᠢᠶᠠᠩ᠂ ᠠᠵᠣ ᠠᠬᠤᠶᠢᠯᠠᠯ ᠤᠨ ᠬᠢᠨ ᠭᠠᠵᠠᠷ ᠰᠢᠷᠣᠢ ᠶᠢᠨ ᠮᠡᠳᠡᠭᠦᠯᠦᠨ ᠴᠣᠬᠤᠯᠪᠦᠷᠢᠯᠠᠬᠤ ᠭᠠᠵᠷ ᠭᠦᠢᠴᠡᠳᠭᠡᠯ ᠢᠶᠠᠨ ᠲᠦᠷᠭᠡᠳᠬᠡᠵᠣ᠂ ᠲᠣᠰᠬᠠᠢ ᠪᠠᠭ ᠪᠠᠶᠢᠭᠤᠯᠣᠨ ᠲᠦᠷᠦᠯ ᠵᠣᠶᠢᠯ ᠤᠨ ᠡᠮᠦᠨ᠎ᠡ ᠬᠤᠭᠤᠴᠠᠭᠠᠨ ᠤ ᠭᠠᠷ ᠬᠦᠢᠴᠡᠳᠬᠡᠯ ᠤᠨ ᠠᠵᠢᠯ ᠢ ᠬᠠᠷᠢᠭᠤᠴᠠᠭᠤᠯᠬᠤ ᠶᠢᠨ ᠬᠠᠮᠳᠦ ᠭᠠᠵᠠᠷ ᠰᠢᠷᠣᠢ᠂ ᠣᠶᠢᠯᠠᠳᠪᠦᠷᠢ ᠶᠢᠨ ᠲᠣᠭᠤᠷᠢᠭ ᠤᠨ ᠰᠠᠭᠤᠷᠢ ᠲᠦᠬᠦᠭᠡᠷᠦᠮᠵᠢ᠂ ᠰᠢᠭᠠᠷᠣ ᠶᠢᠨ ᠲᠠᠯᠠᠪᠠᠢ᠂ ᠬᠤᠭᠤᠯᠠᠢ ᠰᠣᠪᠠᠭ ᠵᠡᠷᠭᠡ ᠠᠵᠢᠯ ᠢ ᠰᠠᠶᠢᠳᠦᠷ ᠬᠢᠵᠣ᠂ ᠪᠣᠳᠠᠳᠦ ᠴᠢᠨᠠᠷᠳᠡᠢ ᠪᠠᠷᠢᠯᠭ᠎ᠠ ᠡᠬᠢᠯᠡᠭᠦᠯᠬᠦ ᠬᠡᠷᠡᠭᠳᠡᠢ᠃ ᠠᠷᠠᠳ ᠲᠦᠮᠡᠨ ᠢᠶᠠᠷ ᠭᠤᠣᠯ ᠪᠣᠯᠭᠠᠬᠤ ᠶᠢ ᠪᠠᠷᠢᠮᠳᠠᠯᠠᠨ᠂ ᠲᠦᠷᠦᠯ ᠵᠣᠶᠢᠯ ᠤᠨ ᠪᠠᠶᠢᠭᠤᠯᠣᠯᠳᠠ ᠶᠢ ᠠᠮᠢ ᠠᠬᠤᠢ ᠶᠢ ᠲᠡᠷᠢᠭᠦᠨ ᠪᠠᠶᠢᠷᠢᠨ ᠳᠤ ᠲᠠᠯᠪᠢᠬᠤ᠂ ᠪᠣᠬᠢᠷᠳᠣᠯ ᠦᠭᠡᠢ ᠬᠦᠭᠵᠢᠯᠳᠡ ᠶᠢᠨ ᠣᠳᠣᠷᠢᠳᠣᠮᠵᠢ ᠶᠢᠨ ᠨᠦᠭᠦᠴᠡᠯ ᠳᠤ ᠨᠡᠶᠢᠴᠡᠭᠦᠯᠵᠣ᠂ ᠠᠷᠠᠳ ᠲᠦᠮᠡᠨ ᠳᠤ ᠪᠣᠳᠠᠳᠠᠢ ᠠᠰᠢᠭ ᠬᠦᠷᠳᠡᠭᠡᠨ᠂ ᠣᠷᠣᠨ ᠨᠣᠳᠤᠭ ᠤᠨ ᠬᠦᠳᠡᠭᠡ ᠲᠣᠰᠬᠤᠨ ᠤ ᠬᠦᠴᠦᠷᠭᠡᠭᠵᠢᠯ ᠢ ᠠᠬᠢᠭᠤᠯᠬᠤ ᠬᠡᠷᠡᠭᠳᠡᠢ᠃ ᠪᠡᠶᠡᠴᠢ ᠴᠢᠳᠠᠮᠠᠭᠠᠢ ᠴᠢᠨᠠᠷ ᠢᠶᠠᠨ ᠭᠦᠢᠴᠡᠳ ᠪᠠᠳᠠᠷᠠᠭᠤᠯᠣᠨ᠂ ᠰᠠᠨᠠᠭᠠᠴᠢᠯᠠᠭ᠎ᠠ ᠠᠴᠠ ᠪᠠᠨ ᠬᠠᠷᠢᠯᠴᠠᠵᠣ᠂ ᠬᠠᠷᠢᠯᠴᠠᠭ᠎ᠠ ᠪᠠᠨ ᠴᠢᠩᠭᠠᠳᠬᠠᠨ᠂ ᠨᠠᠷᠢᠯᠢᠭ ᠲᠦᠯᠦᠪᠯᠡᠨ ᠪᠠᠶᠢᠷᠢᠯᠠᠭᠤᠯᠵᠣ᠂ ᠲᠦᠯᠦᠪᠵᠢᠭᠦᠯᠭᠡ ᠲᠠᠢ᠂ ᠴᠢᠭᠯᠡᠯᠳᠦ ᠴᠢᠨᠠᠷᠳᠠᠢ ᠪᠠᠷ ᠡᠯ᠎ᠡ ᠲᠦᠷᠦᠯ ᠤᠨ ᠠᠰᠠᠭᠤᠳᠠᠯ ᠢ ᠰᠢᠢᠳᠪᠦᠷᠢᠯᠡᠨ᠂ ᠡᠷᠳᠡᠬᠡᠨ ᠪᠠᠷᠢᠯᠭ᠎ᠠ ᠡᠬᠢᠯᠡᠭᠦᠯᠬᠦ ᠶᠢ ᠪᠠᠳᠣᠯᠠᠬᠤ ᠬᠡᠷᠡᠭᠳᠡᠢ ᠭᠡᠵᠣ ᠴᠢᠬᠤᠯᠠᠴᠢᠯᠠᠭᠰᠠᠨ ᠪᠠᠶᠢᠨ᠎ᠠ᠃     ᠬᠤᠷᠠᠯ ᠠᠴᠠ ᠷᠦᠨ ᠶᠠᠩ ᠤᠨ ᠨᠠᠷᠠᠨ ᠤ ᠡᠨᠧᠷᠬᠢ ᠶᠢᠨ ᠳᠦᠬᠦᠭᠡᠷᠦᠮᠵᠢ ᠦᠢᠯᠡᠳᠬᠦ ᠠᠵᠤ ᠦᠢᠯᠡᠰ ᠤᠨ ᠪᠦᠬᠦ ᠬᠡᠯᠬᠢᠶᠡᠵᠢᠯ   ᠤᠨ ᠲᠦᠷᠦᠯ ᠵᠦᠢᠯ᠂ ᠵᠢᠯ ᠳᠤ 40 ᠳ᠋ᠦᠩᠰᠢᠭᠤᠷ ᠪᠣᠰᠤᠭ᠎ᠠ ᠲᠦᠷᠪᠡᠯᠵᠢᠨ ᠮᠧᠲᠷ ᠨᠡᠭᠦᠷᠡᠰᠦ ᠪᠠᠷ ᠰᠢᠳᠠᠮᠠᠬᠠᠢ ᠬᠡᠢ ᠣᠶᠢᠯᠠᠳᠬᠦ ᠲᠦᠷᠦᠯ ᠵᠣᠶᠢᠯ᠂ ᠣᠳᠤᠭ ᠤᠨ ᠡᠮᠦᠨᠡᠳᠦ ᠬᠤᠰᠢᠭᠤᠨ ᠳᠠᠬᠢ ᠦᠪᠦᠷ ᠮᠣᠩᠭᠤᠯ ᠤᠨ ᠪᠠᠷᠠᠭᠤᠨ ᠪᠡᠶ᠎ᠡ ᠶᠢᠨ ᠣᠷᠳᠣᠰ ᠶᠢᠨ ᠨᠡᠭᠦᠷᠡᠰᠦ ᠮᠠᠯᠳᠠᠭᠰᠠᠨ ᠠᠴᠠ ᠴᠦᠮᠦᠷᠡᠭᠰᠡᠨ ᠣᠷᠣᠨ ᠤ ᠰᠢᠨ᠎ᠡ ᠡᠨᠧᠷᠬᠢ ᠶᠢᠨ ᠲᠦᠷᠦᠯ ᠵᠣᠶᠢᠯ᠂ ᠬᠠᠷᠴᠠᠭᠠᠢ ᠬᠦᠯᠦᠭ ᠭᠤᠷᠪᠠ ᠨᠣᠮᠧᠷᠳᠦ ᠨᠡᠭᠦᠷᠡᠰᠣᠨ ᠠᠭᠤᠷᠬᠠᠢ᠂ ᠪᠠᠯᠠᠩ ᠨᠡᠭᠦᠷᠡᠰᠣᠨ ᠠᠭᠤᠷᠬᠠᠢ ᠵᠡᠷᠭᠡ ᠶᠢᠨ ᠭᠠᠷ ᠭᠦᠢᠴᠡᠳᠭᠡᠯ ᠤᠨ ᠪᠠᠶᠢᠳᠠᠯ ᠵᠢᠴᠢ ᠣᠷᠣᠰᠢᠵᠣ ᠪᠠᠶᠢᠭ᠎ᠠ ᠠᠰᠠᠭᠤᠳᠠᠯ᠂ ᠨᠡᠭᠡᠭᠡᠯᠳᠡ ᠶᠢᠨ ᠣᠷᠣᠨ ᠪᠣᠯᠣᠨ ᠨᠢᠩᠳᠦ᠋ᠩ ᠤᠨ ᠡᠨᠧᠷᠬᠢ ᠶᠢᠨ ᠠᠵᠣ ᠣᠶᠢᠯᠠᠳᠪᠦᠷᠢ ᠶᠢᠨ ᠰᠠᠭᠤᠷᠢᠨ ᠤ ᠣᠷᠣᠨ ᠪᠦᠰᠡ ᠶᠢᠨ ᠬᠠᠮᠳᠣᠷᠠᠯᠴᠠᠭᠠᠨ ᠤ ᠬᠠᠮᠢᠶ᠎ᠠ ᠪᠦᠬᠦᠢ ᠬᠡᠷᠡᠭ ᠶᠠᠪᠣᠳᠠᠯ ᠤᠨ ᠬᠠᠷᠢᠭᠤ ᠮᠡᠳᠡᠭᠦᠯᠦᠯᠳᠡ ᠶᠢ ᠰᠣᠨᠣᠰᠴᠦ᠂ ᠲᠠᠷᠠᠭ᠎ᠠ ᠠᠯᠬᠤᠮ ᠤᠨ ᠭᠤᠣᠯᠳᠠᠯᠭᠠᠳᠦ ᠠᠵᠢᠯ ᠳᠤ ᠪᠠᠶᠢᠷᠢᠯᠠᠭᠤᠯᠣᠯᠳᠠ ᠬᠢᠪᠡ᠃     ᠬᠤᠰᠢᠭᠤ ᠣᠳᠣᠷᠢᠳᠣᠯᠭ᠎ᠠ ᠶᠠᠩ ᠶᠢᠩ ᠰᠢᠨ᠂ ᠵᠣᠣ ᠱᠤᠸᠠᠨ᠂ ᠰᠦᠨ ᠶᠢᠣ ᠵᠢᠶᠦ᠋ᠨ᠂ ᠴᠢᠦ ᠯᠢᠨ᠂ ᠹᠦ᠋ ᠺᠧ᠂ ᠯᠢ ᠵᠢᠶᠠ ᠭᠤᠸᠠᠨ᠂ ᠶᠢᠦ ᠵᠢᠶᠠᠨ ᠴᠢᠩ᠂ ᠸᠧᠢ ᠵᠧᠨ ᠰᠢᠤᠸᠠᠨ᠂ ᠱᠢ ᠬᠤᠢ᠂ ᠶᠠᠩ ᠵᠢᠢ ᠴᠢᠶᠠᠩ᠂ ᠳ᠋ᠤᠸᠠᠨ ᡁᠢ ᠴᠢᠶᠠᠩ᠂ ᠱᠢ ᠵᠢᠶᠦ᠋ᠨ᠂ ᠵᠢᠶᠠ ᠰᠢᠶᠠᠩ ᠪᠢᠩ᠂ ᠱᠠᠩᠬᠠᠢ ᠶᠢᠨ ᠰᠦᠮ᠎ᠡ ᠠᠵᠣ ᠠᠬᠤᠢ ᠶᠢᠨ ᠨᠡᠭᠡᠭᠡᠯᠳᠡ ᠶᠢᠨ ᠣᠷᠣᠨ᠂ ᠱᠠᠩᠬᠠᠢ ᠶᠢᠨ ᠰᠦᠮ᠎ᠡ ᠪᠠᠯᠭᠠᠰᠦ᠂ ᠬᠤᠰᠢᠭᠤ ᠰᠢᠭᠤᠳ ᠬᠠᠷᠢᠶ᠎ᠠ ᠬᠠᠮᠢᠶ᠎ᠠ ᠪᠦᠬᠦᠢ ᠰᠠᠯᠠᠭ᠎ᠠ ᠮᠦᠴᠢᠷ ᠵᠢᠴᠢ ᠬᠠᠮᠢᠶ᠎ᠠ ᠪᠦᠬᠦᠢ ᠠᠵᠣ ᠠᠬᠤᠶᠢᠯᠠᠯ ᠤᠨ ᠭᠤᠣᠯ ᠬᠠᠷᠢᠭᠤᠴᠠᠯᠭᠠᠳᠠᠳ ᠬᠤᠷᠠᠯ ᠳᠤ ᠣᠷᠣᠯᠴᠠᠪᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号