ᠣᠷᠳᠣᠰ ᠬᠤᠳᠠ ᠶᠢᠨ ᠣᠷᠣᠨ ᠰᠠᠭᠤᠴᠠ ᠶᠢᠨ ᠨᠡᠶᠢᠳᠡ ᠶᠢᠨ ᠬᠤᠷᠠᠮᠳᠣᠭᠤᠯᠭ᠎ᠠ ᠶᠢᠨ ᠮᠦᠩᠭᠦ ᠶᠢᠨ ᠲᠦᠪ | ᠤᠨ ᠬᠢᠨ ᠵᠣᠭᠤᠰ ᠲᠣᠰᠢᠶᠡᠨ ᠬᠠᠳᠠᠭᠠᠯᠠᠭᠤᠯᠵᠣ ᠪᠠᠶᠢᠭ᠎ᠠ ᠠᠵᠢᠯᠳᠠᠨ ᠤ ᠬᠡᠷᠡᠭᠴᠡᠭᠡ ᠶᠢ ᠨᠡᠩ ᠰᠠᠶᠢᠳᠦᠷ ᠬᠠᠩᠭᠠᠵᠣ᠂ | ᠠᠵᠣ ᠠᠬᠤᠢ ᠶᠢᠨ ᠲᠠᠷᠣᠭᠠᠰᠦ ᠶᠢ ᠨᠢ ᠬᠦᠩᠭᠡᠯᠡᠭᠦ ᠶᠢᠨ ᠲᠦᠯᠦᠭᠡ᠂ 2022 ᠣᠨ ᠤ 9 ᠰᠠᠷ᠎ᠠ ᠶᠢᠨ 29 ᠤ | ᠡᠳᠦᠷ ᠠᠴᠠ ᠡᠬᠢᠯᠡᠨ ᠵᠠᠷᠢᠮ ᠵᠢᠭᠡᠯᠡᠯᠭᠡ ᠶᠢᠨ ᠲᠦᠷᠦ ᠶᠢᠨ ᠪᠣᠳᠣᠯᠭ᠎ᠠ ᠳᠤ ᠲᠣᠬᠢᠷᠠᠭᠤᠯᠣᠯᠳᠠ ᠬᠢᠪᠡ᠃ ᠪᠣᠳᠠᠳᠠᠢ | ᠲᠣᠬᠢᠷᠠᠭᠤᠯᠣᠯᠳᠠ ᠨᠢ ᠲᠣᠣᠷᠠᠬᠢ ᠮᠡᠳᠦ᠄ | 1. ᠰᠢᠬᠦᠬᠦ ᠬᠤᠷᠢᠶᠠᠨ ᠤ ᠦᠨ᠎ᠡ ᠬᠠᠶᠠᠯᠴᠠ ᠬᠤᠳᠠᠯᠳᠣᠬᠤ ᠣᠷᠣᠨ ᠰᠠᠭᠤᠴᠠ ᠶᠢ ᠬᠤᠳᠠᠯᠳᠣᠨ ᠠᠪᠬᠤ ᠳᠤ | ᠬᠠᠮᠤᠭ ᠤᠨ ᠦᠨᠳᠦᠷ ᠵᠢᠭᠡᠯᠡᠯᠭᠡ ᠶᠢᠨ ᠵᠣᠭᠤᠰ ᠤᠨ ᠲᠤᠭ᠎ᠠ ᠶᠢ ᠪᠣᠳᠠᠳᠠᠢ ᠠᠷᠠᠯᠵᠢᠶᠠᠯᠠᠭᠰᠠᠨ ᠦᠨ᠎ᠡ ᠶᠢᠨ 80% | ᠪᠠᠷ ᠬᠢᠨᠠᠨ ᠲᠣᠭᠳᠠᠭᠠᠵᠣ᠂ ᠬᠠᠮᠤᠭ ᠦᠨᠳᠦᠷ ᠵᠢᠭᠡᠯᠡᠯᠭᠡ ᠶᠢᠨ ᠵᠣᠭᠤᠰ ᠤᠨ ᠲᠤᠭ᠎ᠠ ᠶᠢ ᠲᠠᠰᠣᠯᠣᠨ ᠲᠣᠭᠳᠠᠭᠠᠭᠰᠠᠨ | ᠦᠨ᠎ᠡ ᠶᠢᠨ 50% ᠪᠠᠷ ᠬᠢᠨᠠᠨ ᠲᠣᠭᠳᠠᠭᠠᠬᠤ ᠬᠢᠵᠠᠭᠠᠷ ᠲᠤᠭ᠎ᠠ ᠶᠢ ᠬᠦᠴᠦᠨ ᠦᠭᠡᠢ ᠪᠣᠯᠭᠠᠨ᠎ᠠ᠃ | 2. ᠬᠤᠪᠢ ᠶᠢᠨ ᠠᠵᠣ ᠠᠬᠤᠶᠢᠯᠠᠯ ᠤᠨ ᠠᠵᠢᠯᠳᠠᠨ ᠣᠷᠣᠨ ᠰᠠᠭᠤᠴᠠ ᠶᠢᠨ ᠨᠡᠶᠢᠳᠡ ᠶᠢᠨ ᠬᠤᠷᠠᠮᠳᠣᠭᠤᠯᠭ᠎ᠠ | ᠶᠢᠨ ᠮᠦᠩᠭᠦ ᠶᠢᠨ ᠵᠢᠭᠡᠯᠡᠯᠭᠡ ᠶᠢ ᠭᠤᠶᠣᠴᠢᠯᠠᠬᠤ ᠳᠤ ᠬᠠᠩᠭᠠᠬᠤ ᠴᠢᠬᠤᠯᠠ ᠲᠠᠢ ᠪᠠᠶᠢᠭᠰᠠᠨ ᠣᠶᠢᠷ᠎ᠠ ᠶᠢᠨ 6 ᠰᠠᠷ᠎ᠠ | ᠶᠢᠨ ᠴᠠᠯᠢᠩ ᠤᠨ ᠴᠣᠪᠣᠷᠠᠯ᠂ 6 ᠰᠠᠷ᠎ᠠ ᠶᠢᠨ ᠨᠡᠶᠢᠭᠡᠮ ᠤᠨ ᠲᠠᠭᠠᠳᠬᠠᠯ ᠲᠣᠰᠢᠶᠠᠭᠰᠠᠨ ᠨᠠᠷᠢᠨ ᠲᠠᠩᠰᠠ᠂ | ᠲᠣᠰᠢᠶᠠᠵᠣ ᠬᠠᠳᠠᠭᠠᠯᠠᠭᠤᠯᠬᠤ ᠰᠠᠭᠤᠷᠢ ᠲᠤᠭ᠎ᠠ ᠨᠢ ᠬᠤᠪᠢ ᠶᠢᠨ ᠣᠷᠣᠯᠭ᠎ᠠ ᠶᠢᠨ ᠭᠠᠶᠢᠯᠢ ᠶᠢᠨ ᠡᠬᠢᠯᠡᠵᠣ | ᠲᠠᠳᠠᠪᠦᠷᠢᠯᠠᠬᠤ ᠴᠡᠭ ᠢ ᠲᠠᠪᠠᠭᠰᠠᠨ ᠭᠠᠶᠢᠯᠢ ᠲᠣᠰᠢᠶ᠋ᠭᠰᠠᠨ ᠭᠡᠷᠡᠴᠢ ᠪᠠᠷᠢᠮᠳᠠ ᠵᠡᠷᠭᠡ 3 ᠵᠣᠶᠢᠯ ᠤᠨ ᠭᠡᠷᠡᠴᠢᠯᠡᠭᠦ | ᠮᠡᠲ᠋ᠧᠷᠢᠶᠠᠯ ᠢ ᠬᠡᠷᠡᠭᠰᠡᠭᠦ ᠦᠭᠡᠢ ᠪᠣᠯᠭᠠᠪᠠ᠃ | 3. ᠠᠵᠢᠯᠳᠠᠨ ᠤ ᠣᠷᠣᠨ ᠰᠠᠭᠤᠴᠠ ᠶᠢᠨ ᠨᠡᠶᠢᠳᠡ ᠶᠢᠨ ᠬᠤᠷᠠᠮᠳᠣᠭᠤᠯᠭ᠎ᠠ ᠶᠢᠨ ᠮᠦᠩᠭᠦ ᠶᠢᠨ ᠲᠠᠩᠰᠠᠨ | ᠡᠷᠦᠭᠡ ᠨᠢ ᠪᠢᠳᠡᠭᠦᠮᠵᠢᠯᠡᠭᠳᠡᠨ ᠬᠠᠳᠠᠭᠠᠯᠠᠭᠳᠠᠭᠰᠠᠨ ᠪᠠᠶᠢᠳᠠᠯ ᠲᠣᠣᠷ᠎ᠠ᠂ ᠬᠡᠷᠪᠡ ᠨᠦᠭᠦᠴᠡᠯ ᠳᠤ ᠨᠡᠶᠢᠴᠡᠭᠰᠡᠨ ᠪᠠᠶᠢᠪᠠᠯ | ᠲᠠᠩᠰᠠ ᠳᠠᠬᠢ ᠬᠠᠳᠠᠭᠠᠯᠠᠮᠵᠢ ᠶᠢᠨ ᠵᠣᠭᠤᠰ ᠢᠶᠠᠷ ᠵᠢᠭᠡᠯᠡᠯᠭᠡ ᠪᠠᠨ ᠪᠣᠴᠠᠭᠠᠵᠣ ᠪᠣᠯᠣᠨ᠎ᠠ᠃ | 4. ᠠᠵᠢᠯᠳᠠᠨ ᠤ ᠣᠷᠣᠨ ᠰᠠᠭᠤᠴᠠ ᠶᠢᠨ ᠨᠡᠶᠢᠳᠡ ᠶᠢᠨ ᠬᠤᠷᠠᠮᠳᠣᠭᠤᠯᠭ᠎ᠠ ᠶᠢᠨ ᠮᠦᠩᠭᠦ ᠶᠢᠨ ᠲᠠᠩᠰᠠᠨ | ᠡᠷᠦᠭᠡ ᠶᠢᠨ ᠦᠯᠡᠳᠡᠪᠦᠷᠢ ᠵᠣᠭᠤᠰ ᠤᠨ ᠲᠤᠭ᠎ᠠ ᠨᠢ ᠣᠷᠢᠳᠴᠢᠯᠠᠨ ᠪᠣᠴᠠᠭᠠᠬᠤ ᠬᠡᠰᠡᠭ ᠤᠨ ᠡᠬᠡ ᠮᠦᠩᠭᠦ ᠶᠢ | ᠪᠣᠴᠠᠭᠠᠬᠤ ᠱᠠᠭᠠᠷᠳᠠᠯᠭ᠎ᠠ ᠳᠤ ᠬᠦᠷᠦᠭᠰᠡᠨ ᠪᠠᠶᠢᠪᠠᠯ᠂ ᠦᠯᠡᠳᠡᠭᠰᠡᠨ ᠵᠣᠭᠤᠰ ᠢᠶᠠᠷ ᠣᠷᠢᠳᠴᠢᠯᠠᠨ ᠪᠣᠴᠠᠭᠠᠬᠤ ᠬᠡᠰᠡᠭ | ᠤᠨ ᠡᠬᠡ ᠮᠦᠩᠭᠦ ᠶᠢ ᠪᠣᠴᠠᠭᠠᠬᠤ ᠪᠣᠯᠣᠨ᠎ᠠ᠃ | ᠲᠣᠰ ᠲᠦᠷᠦ ᠶᠢᠨ ᠪᠣᠳᠣᠯᠭ᠎ᠠ ᠶᠢ 2022 ᠣᠨ ᠤ 9 ᠰᠠᠷ᠎ᠠ ᠶᠢᠨ 29 ᠤ ᠡᠳᠦᠷ ᠠᠴᠠ ᠡᠭᠢᠯᠡᠵᠣ | ᠬᠡᠷᠡᠭᠵᠢᠭᠦᠯᠪᠡ᠃ |