ᠨᠤᠮ ᠤᠩᠰᠢᠵᠤ ᠦᠯᠢᠬᠡᠷ ᠶᠠᠷᠢᠵᠤ ᠶᠠᠪᠤᠭ᠎ᠠ ᠮᠠᠯᠴᠢᠨ ᠳᠠᠯᠠᠠᠭᠤᠷᠪᠠ
ᠨᠡᠶᠢᠲᠡᠯᠡᠭᠰᠡᠨ ᠴᠠᠭ᠄
2022/4/12
    ᠳᠠᠯᠠᠠᠭᠤᠷᠪᠠ ᠪᠤᠯ ᠤᠳᠤᠭ ᠤᠨ ᠡᠮᠤᠨᠡᠳᠤ ᠬᠤᠰᠢᠭᠤᠨ ᠤ ᠤᠯᠵᠠᠴᠢ ᠪᠠᠯᠭᠠᠰᠤ ᠶᠢᠨ ᠴᠠᠭᠠᠠᠪᠠᠯᠭᠠᠰᠤ ᠭᠠᠴᠠᠭᠠᠨ  ᠤ ᠮᠠᠯᠴᠢᠨ ᠶᠤᠮ᠃ ᠳᠠᠷᠠ᠂ 2018 ᠤᠨ ᠠᠴᠠ ᠡᠬᠢᠯᠡᠨ ᠮᠠᠯ ᠤᠶᠢᠯᠡᠤᠨᠪᠤᠷᠢᠯᠡᠯ ᠤᠨ ᠰᠤᠯᠠ ᠰᠡᠯᠡᠬᠦᠤ ᠴᠠᠭ ᠢᠶᠠᠨ ᠠᠰᠢᠭᠯᠠᠨ ᠦᠷᠬᠡᠨ ᠤᠯᠠᠨ ᠨᠠᠰᠤᠳᠠᠶᠢᠴᠤᠤᠨ ᠪᠠ ᠵᠡᠮᠳᠡᠭ ᠪᠠᠭᠤᠷᠠᠢ ᠬᠦᠮᠤᠰ ᠤᠨ ᠨᠤᠮ ᠤᠩᠰᠢᠵᠤ᠂ ᠦᠯᠢᠬᠡᠷ ᠰᠤᠨᠤᠰᠬᠤ ᠬᠦᠰᠡᠯ ᠱᠠᠭᠠᠷᠳᠠᠯᠭ᠎ᠠ ᠳᠤ ᠵᠤᠬᠢᠴᠠᠭᠤᠯᠤᠨ ︽ᠪᠠᠷᠠᠭᠤᠨᠰᠢ ᠵᠤᠷᠴᠢᠭᠰᠡᠨ ᠦᠯᠢᠬᠡᠷ︾᠂ ︽ᠱᠦᠢ ᠬᠤ᠋  ᠶᠢᠨ ᠦᠯᠢᠬᠡᠷ︾᠂ ︽ᠳᠠᠩ ᠤᠯᠤᠰ ᠤᠨ ᠦᠯᠢᠬᠡᠷ︾ ᠵᠢᠴᠢ ᠮ᠊ · ᠬᠠᠰᠪᠠᠭᠠᠨ᠎ᠠ ᠶᠢᠨ ᠵᠤᠬᠢᠶᠠᠭᠰᠡᠨ ︽ᠵᠠᠰᠠᠭ  ᠤᠨ ᠬᠤᠳᠤᠭᠤᠷ︾᠂ ︽ᠪᠦᠰᠡᠬᠦᠢ ᠪᠠᠷᠠᠭᠠᠨ ᠽᠠᠨᠪᠦᠯᠢᠭ︾᠂ ︽ᠨᠤᠳᠤᠭ ᠤᠨ ᠬᠠᠯᠠᠭᠤᠨ ᠰᠢᠷᠤᠢ︾᠂ ︽ᠳᠡᠮᠡᠬᠡᠨ ᠳᠡᠬᠡᠷ᠎ᠡ ᠳᠠᠨᠢᠯᠴᠠᠯ᠎ᠠ︾ ᠵᠡᠷᠬᠡ ᠨᠡᠷᠡᠳᠤ ᠵᠤᠬᠢᠶᠠᠯ ᠤᠳ ᠢ ᠤᠩᠰᠢᠨ ᠬᠦᠷᠬᠡᠭᠰᠡᠬᠡᠷ ᠢᠷᠡᠵᠡᠢ᠃     ᠳᠠᠷᠠ᠂ ᠶᠠᠷᠢᠬᠤ ᠦᠯᠢᠬᠡᠷ ᠢᠶᠠᠨ ᠤᠷᠢᠳᠠᠪᠠᠷ ᠭᠠᠷ ᠮᠠᠰᠢᠨ ᠳᠡᠬᠡᠷ᠎ᠡ ᠪᠠᠨ ᠨᠢᠬᠡ ᠤᠳᠠᠭ᠎ᠠ ᠰᠢᠩᠬᠡᠬᠡᠭᠰᠡᠨ ᠤ ᠳᠠᠷᠠᠭ᠎ᠠ ᠳᠠᠬᠢᠨ ᠦᠬᠡᠷ᠎ᠡ ᠨᠢᠬᠡ ᠮᠠᠰᠢᠨ ᠢᠶᠠᠷ ᠰᠢᠩᠬᠡᠬᠡᠨ ᠠᠪᠴᠤ ᠬᠠᠶᠢᠷᠴᠠᠭᠯᠠᠭᠠᠤᠨ ︽ᠦᠯᠢᠬᠡᠷ ᠰᠤᠨᠤᠰᠬᠤ︾ ᠸᠢᠴᠠᠲ ᠬᠤᠯᠪᠤᠭᠠᠨ ᠳᠤ ᠪᠠᠨ ᠶᠠᠪᠤᠭᠤᠯᠳᠠᠭ ᠪᠠᠶᠢᠨ᠎ᠠ᠃ ᠳᠡᠬᠦᠨ ᠤ ᠦᠯᠢᠬᠡᠷ ᠶᠠᠷᠢᠬᠤ ᠨᠢ ᠮᠠᠰᠢ ᠠᠮᠢᠳᠤᠯᠢᠭ ᠴᠢᠯᠤᠬᠡᠳᠠᠢ᠂ ᠢᠯᠠᠩᠭᠤᠶ᠎ᠠ ᠵᠠᠷᠢᠮ ᠨᠤᠳᠤᠭ ᠤᠨ ᠬᠡᠯᠡ ᠠᠶᠠᠯᠭᠤ ᠶᠢ ᠳᠡᠷᠠ ᠬᠡᠪ ᠢᠶᠠᠷ ᠨᠢ ᠳᠤᠭᠯᠠᠨ ᠶᠠᠷᠢᠳᠠᠭ ᠪᠤᠯᠬᠤᠷ ᠰᠤᠨᠤᠰᠤᠭᠴᠢᠤᠨ ᠤᠨ ᠰᠤᠨᠢᠷᠬᠠᠯ ᠢ ᠶᠡᠭᠡ ᠪᠠᠷ ᠳᠠᠳᠠᠵᠤ᠂ ᠦᠯᠢᠬᠡᠷ ᠰᠤᠨᠤᠰᠬᠤ ᠬᠦᠮᠤᠨ ᠨᠢ ᠡᠳᠤᠷ ᠠᠴᠠ ᠡᠳᠤᠷ ᠤᠯᠠᠰᠢᠷᠠᠵᠤ ᠪᠠᠶᠢᠳᠠᠭ ᠪᠢᠯᠡ᠃     ᠳᠠᠯᠠᠠᠭᠤᠷᠪᠠ᠂ ︽ᠨᠢᠬᠡ ᠶᠢ ᠰᠤᠨᠤᠰᠬᠤ ᠪᠠᠷ ᠨᠢᠬᠡ ᠶᠢ ᠦᠵᠠ᠂ ᠨᠢᠬᠡ ᠶᠢ ᠦᠵᠡᠭᠰᠡᠨ ᠠᠴᠠ ᠨᠢᠬᠡ ᠶᠢ ᠬᠢ᠂ ᠨᠢᠬᠡ ᠶᠢ ᠬᠢᠭᠰᠡᠨ ᠠᠴᠠ ᠨᠢᠬᠡ ᠶᠢ ᠪᠦᠳᠤᠬᠡ︾ ᠬᠡᠵᠤ ᠬᠡᠤᠬᠡᠤᠨ ᠳᠡᠬᠦᠤ ᠨᠠᠷ ᠲᠤ ᠪᠠᠨ ᠦᠷᠬᠦᠯᠵᠢ ᠬᠡᠯᠡᠵᠤ ᠰᠠᠨᠠᠭᠤᠯᠵᠤ ᠪᠠᠶᠢᠳᠠᠭ ᠪᠦᠬᠡᠤᠨ ᠮᠦᠨ ᠡᠬᠦᠨ ᠢᠶᠠᠷ ᠦᠪᠡᠷ ᠤᠨ ᠠᠮᠢᠳᠤᠷᠠᠯ ᠤᠨ ᠬᠡᠪ ᠵᠤᠷᠰᠢᠯ ᠢᠶᠠᠨ ᠪᠤᠯᠭᠠᠵᠤ᠂ ᠳᠤᠮᠳᠠᠳᠤ ᠶᠢᠨ ᠦᠨᠳᠤᠰᠤᠳᠠᠨ ᠤ ᠨᠢᠬᠡᠨ ᠪᠤᠳᠢ ᠴᠡᠴᠡᠭ ᠢ ᠡᠬᠦᠷᠢᠳᠠ ᠴᠡᠴᠡᠭᠯᠡᠬᠦᠯᠵᠤ ᠶᠠᠪᠤᠬᠤ ᠶᠢ ᠰᠠᠨᠠᠨ᠂ ᠦᠢ ᠲᠦᠮᠡᠨ ᠮᠤᠩᠭᠤᠯᠴᠤᠤᠨ ᠲᠤ ᠪᠠᠨ ᠨᠤᠮ ᠤᠨ ᠴᠠᠭᠠᠨ ᠬᠡᠰᠢᠭ ᠢ ᠦᠷᠬᠦᠯᠵᠢᠯᠡᠨ ᠲᠦᠬᠡᠬᠡᠭᠰᠡᠬᠡᠷ ᠪᠠᠶᠢᠨᠠᠮ︕
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号