ᠰᠢᠪᠠᠭ ᠬᠤᠷᠤᠭ᠎ᠠ
ᠨᠡᠶᠢᠲᠡᠯᠡᠭᠰᠡᠨ ᠴᠠᠭ᠄
2022/4/12
    ᠰᠤᠷᠪᠤᠯᠵᠢᠯᠠᠭᠴᠢ ᠤᠶᠢᠷ᠎ᠠ ᠳᠤ ᠤᠳᠤᠭ ᠤᠨ ᠡᠮᠤᠨᠡᠳᠤ ᠬᠤᠰᠢᠭᠤᠨ ᠤ ᠱᠠᠩᠬᠠᠢ ᠶᠢᠨ ᠰᠦᠮ᠎ᠠ ᠪᠠᠯᠭᠠᠰᠤ ᠪᠠᠷ ᠰᠤᠷᠪᠤᠯᠵᠢᠯᠠᠨ ᠶᠠᠪᠤᠬᠤ ᠳᠤ ᠠᠳᠡᠬᠢ ᠶᠢᠨ ᠮᠠᠯᠴᠢᠨ ᠡᠷᠤᠬᠡ ᠤᠳ ᠤᠨ ᠭᠠᠳᠠᠨ᠎ᠠ ᠬᠢ ᠳᠤᠭᠤᠷᠢᠭ ᠬᠡᠯᠪᠡᠷᠢᠳᠠᠢ ᠮᠠᠯ  ᠤᠨ ᠰᠢᠪᠠᠭ ᠬᠤᠷᠤᠭ᠎ᠠ ᠨᠤᠭᠤᠳ ᠨᠢ ᠪᠢᠳᠠᠨ ᠤ ᠠᠩᠬᠠᠷᠤᠯ ᠢ ᠳᠠᠳᠠᠭᠰᠡᠨ ᠶᠤᠮ᠃     ᠦᠩᠬᠡᠷᠡᠭᠰᠡᠨ ᠳᠤ ᠮᠠᠯᠴᠢᠤᠨ ᠪᠡᠯᠴᠢᠬᠡᠷ ᠤᠰᠤᠨ ᠤ ᠦᠩ ᠰᠢᠮᠡᠯᠢᠭ ᠢ ᠳᠠᠭᠠᠵᠤ ᠤᠳᠤᠷ ᠶᠠᠪᠤᠬᠤ ᠳᠤ ᠪᠠᠨ ᠬᠠᠮᠢᠭ᠎ᠠ ᠰᠠᠭᠤᠷᠢᠰᠢᠪᠠᠯ ᠳᠡᠨᠳᠠ ᠪᠠᠨ ᠰᠢᠪᠠᠭ ᠢᠶᠠᠷ ᠮᠠᠯ ᠤᠨ ᠬᠤᠷᠤᠭ᠎ᠠ ᠬᠠᠰᠢᠶ᠎ᠠ ᠪᠠᠨ ᠪᠤᠰᠬᠠᠳᠠᠭ ᠪᠠᠶᠢᠪᠠ᠃ ᠰᠢᠪᠠᠭ ᠬᠤᠷᠤᠭ᠎ᠠ ᠶᠢ ᠪᠠᠷᠢᠵᠤ ᠪᠤᠰᠬᠠᠬᠤ ᠳᠤ ᠲᠦᠬᠦᠮ᠃ ᠴᠠᠪᠴᠢᠵᠤ ᠠᠪᠴᠢᠷᠠᠭᠰᠡᠨ ᠰᠢᠪᠠᠭ ᠤᠨ ᠦᠨᠳᠤᠰᠤ ᠶᠢ  ᠨᠢ ᠨᠠᠶᠢᠯᠡᠬᠦᠯᠤᠨ ᠪᠤᠰᠤᠭ᠎ᠠ ᠪᠠᠷ ᠪᠠᠷᠢᠬᠤ ᠪᠤᠶᠤ ᠳᠠᠷᠤᠰᠢᠭᠤᠯᠤᠨ ᠪᠠᠷᠢᠪᠠᠯ ᠪᠤᠯᠴᠢᠬᠠᠳᠠᠭ᠃ ᠪᠤᠰᠤᠭ᠎ᠠ ᠪᠠᠷ ᠪᠠᠷᠢᠭᠰᠡᠨ ᠬᠤᠷᠤᠭ᠎ᠠ ᠶᠢ ᠰᠢᠪᠡᠭᠡ ᠬᠤᠷᠤᠭ᠎ᠠ ᠬᠡᠵᠤ᠂ ᠳᠠᠷᠤᠰᠢᠭᠤᠯᠤᠨ ᠪᠠᠷᠢᠭᠰᠡᠨ ᠬᠤᠷᠤᠭ᠎ᠠ ᠪᠠᠨ ︽ᠶᠠ ᠬᠤᠷᠤᠭ᠎ᠠ︾ ᠬᠡᠳᠡᠭ᠃ ︽ᠶᠠ︾ ᠬᠤᠷᠤᠭ᠎ᠠ ᠬᠡᠳᠡᠭ ᠨᠢ ᠬᠢᠳᠠᠤᠨ ᠠᠪᠢᠶᠠᠨ ᠤ ᠳᠠᠷᠤᠭᠰᠡᠨ ᠬᠤᠷᠤᠭ᠎ᠠ ᠪᠠᠨ ᠬᠡᠯᠡᠳᠡᠭ᠃ ᠰᠢᠪᠠᠭ ᠬᠤᠷᠤᠭ᠎ᠠ ᠨᠢ ᠵᠤᠨ ᠳᠤ ᠪᠠᠨ ᠰᠡᠷᠢᠬᠦᠨ᠂ ᠡᠪᠤᠯ ᠳᠤ ᠪᠠᠨ ᠳᠤᠯᠠᠭᠠᠨ ᠪᠠᠶᠢᠳᠠᠭ ᠪᠤᠯᠬᠤᠷ ᠠᠳᠡᠬᠢ ᠶᠢᠨ ᠮᠠᠯᠴᠢᠤᠨ ᠤᠳᠤ ᠴᠤ ᠬᠡᠰᠡᠨ ᠡᠨᠡ ᠬᠦ ᠨᠡᠬᠦᠳᠡᠯ ᠮᠠᠯᠵᠢᠯ ᠰᠤᠶᠤᠯ ᠤᠨ ᠢᠮ ᠳᠠᠮᠠᠭ᠎ᠠ ᠪᠤᠯᠤᠭᠰᠡᠨ ᠰᠢᠪᠠᠭ ᠬᠤᠷᠤᠭ᠎ᠠ ᠪᠠᠨ ᠦᠯᠡᠳᠡᠬᠡᠨ ᠬᠠᠳᠠᠭᠠᠯᠠᠵᠤ ᠬᠡᠷᠡᠭᠯᠡᠭᠰᠡᠬᠡᠷ ᠪᠠᠶᠢᠨ᠎ᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠨᠡᠶᠢᠳᠡᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号