ᠳᠠᠶᠢᠤᠨᠬᠠᠷᠠᠭᠤᠯᠤᠨ ᠤᠨᠳᠠᠭᠤᠯᠬᠤ ᠡᠮ ᠪᠠ ᠡᠪᠡᠤᠨᠬᠦ ᠶᠢ ᠵᠤᠭᠰᠤᠭᠠᠬᠤ ᠡᠮ ᠵᠡᠷᠬᠡ ᠰᠢᠨᠤᠯ ᠲᠠᠢ ᠪᠤᠯᠬᠤ ᠡᠮ  ᠢ ᠳᠤᠷ᠎ᠠ ᠪᠠᠷ ᠤᠤᠭᠤᠬᠤ ᠦᠬᠡᠢ
ᠨᠡᠶᠢᠲᠡᠯᠡᠭᠰᠡᠨ ᠴᠠᠭ᠄
2022/7/5
    ᠮᠠᠰᠢ ᠤᠯᠠᠨ ᠳᠠᠶᠢᠤᠨᠬᠠᠷᠠᠭᠤᠯᠤᠨ ᠤᠨᠳᠠᠭᠤᠯᠬᠤ ᠡᠮ ᠪᠠ ᠡᠪᠡᠤᠨᠬᠦ ᠶᠢ ᠵᠤᠭᠰᠤᠭᠠᠬᠤ ᠡᠮ ᠢ ᠤᠳᠠᠭᠠᠨ ᠬᠤᠭᠤᠴᠠᠭ᠎ᠠ ᠬᠡᠷᠡᠭᠯᠡᠪᠡᠯ ᠰᠢᠨᠤᠯ ᠲᠠᠢ ᠪᠤᠯᠵᠤ᠂ ᠡᠮ ᠳᠤ ᠨᠠᠶᠢᠳᠠᠮᠠᠳᠠᠭᠠᠢ ︵ᠡᠮ ᠤᠨ ᠰᠢᠨᠤᠯ︶ ᠪᠤᠯᠳᠠᠭ᠂ ᠵᠢᠱᠢᠶᠡᠯᠡᠪᠡᠯ ᠡᠪᠡᠤᠨᠬᠦ ᠶᠢ ᠵᠤᠭᠰᠤᠭᠠᠬᠤ ᠬᠠᠪᠳᠠᠭᠠᠢ ᠦᠷᠢᠯ ᠤᠨ ᠰᠢᠨᠤᠯ ᠲᠠᠢ ᠪᠤᠯᠬᠤ᠂ ᠤᠨᠳᠠᠭᠤᠯᠬᠤ ᠡᠮ ᠤᠨ ᠰᠢᠨᠤᠯ ᠲᠠᠢ ᠪᠤᠯᠬᠤ ᠵᠡᠷᠬᠡ᠃ ᠬᠦᠮᠤᠰ ᠢ ᠡᠮ ᠳᠤ ᠨᠠᠶᠢᠳᠠᠮᠠᠳᠠᠭᠠᠢ ᠪᠤᠯᠭᠠᠬᠤ ᠡᠮ ᠢ ᠰᠢᠨᠤᠯ ᠲᠠᠢ ᠪᠤᠯᠭᠠᠬᠤ ᠡᠮ ᠬᠡᠳᠡᠭ᠃ ᠡᠮ ᠤᠨ ᠰᠢᠨᠤᠯ ᠬᠡᠳᠡᠭ ᠨᠢ ᠡᠮ ᠢ ᠠᠬᠢᠨ ᠳᠠᠬᠢᠨ ᠬᠡᠷᠡᠭᠯᠡᠭᠰᠡᠨ ᠤ ᠬᠤᠶᠢᠨ᠎ᠠ ᠡᠬᠦᠰᠳᠡᠭ ᠨᠢᠬᠡ ᠵᠦᠢᠯ ᠤᠨ ᠦᠶᠡᠯᠡᠯ ᠤᠨ ᠴᠢᠨᠠᠷᠳᠠᠢ ᠪᠤᠶᠤ ᠤᠳᠠᠭᠠᠨ ᠴᠢᠨᠠᠷᠳᠠᠢ ᠬᠤᠤᠷᠳᠠᠯᠭ᠎ᠠ ᠶᠢᠨ ᠴᠢᠨᠠᠷᠳᠠᠢ ᠪᠠᠶᠢᠳᠠᠯ ᠢ ᠬᠡᠯᠡᠨ᠎ᠡ᠂ ᠡᠬᠦᠨ ᠳᠤ ᠤᠶᠤᠨ ᠮᠡᠳᠡᠷᠡᠯ ᠪᠠ ᠪᠠᠶ᠎ᠠ ᠮᠠᠬᠠᠪᠤᠤᠨ ᠬᠤᠶᠠᠷ ᠳᠠᠯ᠎ᠠ ᠶᠢᠨ ᠨᠠᠶᠢᠳᠠᠮᠠᠳᠠᠭᠠᠢ ᠴᠢᠨᠠᠷ ᠢ ᠪᠠᠭᠳᠠᠭᠠᠵᠤ ᠪᠤᠢ᠃ ᠤᠶᠤᠨ ᠮᠡᠳᠡᠷᠡᠯ ᠢᠶᠠᠷ ᠨᠠᠶᠢᠳᠠᠮᠠᠳᠠᠭᠠᠢ ᠪᠤᠯᠬᠤ ᠨᠢ ᠡᠪᠡᠤᠨᠴᠢᠳᠠᠨ ᠡᠮ ᠬᠦᠰᠡᠬᠦ ᠪᠤᠯᠵᠤ᠂ ᠰᠢᠨᠤᠯ ᠲᠠᠢ ᠡᠮ ᠢᠶᠠᠨ ᠤᠤᠭᠤᠭᠰᠡᠨ ᠤ ᠳᠠᠷᠠᠭᠠᠬᠢ ᠤᠨᠴᠠᠭᠠᠢ ᠪᠠᠬ᠎ᠠ ᠴᠡᠩᠬᠡᠯ ᠢ ᠤᠯᠬᠤ ᠢᠶᠠᠷ ᠬᠦᠰᠡᠨ ᠬᠦᠯᠢᠶᠡᠳᠡᠭ ᠢ ᠬᠡᠯᠡᠵᠤ ᠪᠤᠢ᠃ ᠪᠡᠶ᠎ᠡ ᠮᠠᠬᠠᠪᠤᠤᠨ ᠢᠶᠠᠷ ᠨᠠᠶᠢᠳᠠᠮᠠᠳᠠᠭᠠᠢ ᠪᠤᠯᠬᠤ ᠨᠢ ᠰᠢᠨᠤᠯ ᠲᠠᠢ ᠡᠮ ᠢᠶᠠᠨ ᠠᠬᠢᠨ ᠳᠠᠬᠢᠨ ᠬᠡᠷᠡᠭᠯᠡᠭᠰᠡᠨ ᠤ ᠳᠠᠷᠠᠭ᠎ᠠ ᠲᠦᠪ ᠮᠡᠳᠡᠷᠡᠯ ᠤᠨ ᠰᠢᠰᠲ᠋ᠧᠮ ᠳᠤ ᠶᠠᠮᠠᠷ ᠨᠢᠬᠡ ᠵᠦᠢᠯ ᠤᠨ ᠠᠮᠢᠳᠤ ᠪᠤᠳᠠᠰ ᠤᠨ ᠬᠢᠮᠢ ᠶᠢᠨ ᠪᠤᠶᠤ ᠹᠢᠽᠢᠤᠯᠤᠬᠢ  ᠶᠢᠨ ᠬᠤᠪᠢᠷᠠᠯᠳᠠ ᠭᠠᠷᠴᠤ᠂ ᠡᠮ ᠪᠡᠶ᠎ᠡ ᠮᠠᠬᠠᠪᠤᠤᠨ ᠤᠨ ᠬᠢᠨᠢ ᠳᠤᠳᠤᠷ᠎ᠠ ᠦᠷᠬᠦᠯᠵᠢᠯᠡᠨ ᠦᠯᠡᠳᠡᠪᠡᠯ ᠰᠠᠶ᠋ᠢ ᠡᠮ ᠳᠠᠰᠤᠯᠤᠭᠰᠡᠨ ᠳᠤᠰᠬᠠᠯ ︵ᠡᠮ ᠳᠠᠰᠤᠯᠤᠭᠰᠡᠨ ᠨᠠᠶᠢᠯᠡᠭ ᠬᠡᠮ︶ ᠡᠬᠦᠰᠬᠦ ᠠᠴᠠ ᠵᠠᠶᠢᠯᠠᠰᠬᠢᠵᠤ ᠴᠢᠳᠠᠬᠤ ᠶᠢ ᠬᠡᠯᠡᠵᠤ ᠪᠤᠢ᠃ ᠡᠮ ᠳᠠᠰᠤᠯᠤᠭᠰᠡᠨ ᠳᠤᠰᠬᠠᠯ ᠬᠡᠳᠡᠭ ᠨᠢ ᠰᠢᠨᠤᠯ ᠤᠨ ᠴᠢᠨᠠᠷᠳᠠᠢ ᠡᠮ ᠢ ᠳᠠᠰᠤᠯᠤᠭᠰᠡᠨ ᠤ ᠳᠠᠷᠠᠭ᠎ᠠ ᠡᠬᠦᠰᠬᠦ ᠹᠢᠽᠢᠤᠯᠤᠬᠢ ᠶᠢᠨ ᠴᠢᠳᠠᠪᠤᠷᠢ ᠶᠢᠨ ᠰᠠᠮᠠᠭᠤᠷᠠᠯ ᠢ ᠵᠢᠭᠠᠵᠤ ᠪᠤᠢ᠂ ᠳᠠᠷᠠ ᠨᠢ ᠪᠠᠴᠢᠮᠳᠠᠬᠤ᠂ ᠳᠤᠷ᠎ᠠ  ᠪᠤᠯᠬᠢᠬᠤ᠂ ᠪᠦᠬᠡᠯᠵᠢᠬᠦ᠂ ᠪᠤᠯᠴᠢᠩ ᠡᠪᠡᠤᠨᠬᠦ ᠴᠢᠨᠠᠷᠳᠠᠢ ᠵᠠᠭᠤᠷᠠᠯ ᠵᠡᠷᠬᠡ ᠪᠠᠷ ᠢᠯᠡᠷᠡᠳᠡᠭ᠃ ᠬᠦᠨᠳᠤ ᠨᠤᠴᠢᠳᠠᠢ ᠦᠶ᠎ᠡ ᠳᠡᠭᠡᠨ ᠠᠮᠢᠨ ᠳᠤ ᠴᠤ ᠬᠦᠷᠬᠦ ᠠᠶᠤᠯᠳᠠᠢ᠃     ᠮᠠᠰᠢ ᠤᠯᠠᠨ ᠳᠠᠶᠢᠤᠨᠬᠠᠷᠠᠭᠤᠯᠤᠨ ᠤᠨᠳᠠᠭᠤᠯᠬᠤ ᠡᠮ ᠪᠠ ᠡᠪᠡᠤᠨᠬᠦ ᠶᠢ ᠵᠤᠭᠰᠤᠭᠠᠬᠤ ᠡᠮ ᠨᠢ ᠶᠡᠭᠡ ᠳᠠᠷᠢᠬᠢ ᠵᠡᠷᠬᠡ ᠲᠦᠪ ᠮᠡᠳᠡᠷᠡᠯ ᠤᠨ ᠡᠷᠬᠡᠳᠠᠨ ᠳᠤ ᠤᠶᠢᠯᠡᠳᠤᠯ ᠦᠭᠬᠦ ᠪᠠᠷ ᠳᠠᠮᠵᠢᠨ ᠡᠮᠨᠡᠨ ᠵᠠᠰᠠᠬᠤ ᠳ᠋ᠦᠩ ᠳᠤ ᠬᠦᠷᠳᠡᠭ᠂ ᠡᠳᠡᠬᠡᠷ ᠡᠮ ᠢ ᠤᠷᠳᠤ ᠬᠤᠭᠤᠴᠠᠭ᠎ᠠ ᠪᠠᠷ ᠬᠡᠷᠡᠭᠯᠡᠬᠦ ᠨᠢ ᠬᠦᠮᠤᠨ ᠢ ᠡᠮ ᠳᠤ ᠨᠠᠶᠢᠳᠠᠮᠠᠳᠠᠭᠠᠢ  ᠪᠤᠯᠭᠠᠬᠤ ᠪᠠᠷ ᠦᠯᠤ ᠪᠠᠷᠠᠨ᠂ ᠪᠠᠰᠠ ᠠᠭᠠᠵᠢᠮ ᠢᠶᠠᠷ ᠡᠮ ᠳᠤ ᠳᠠᠰᠤᠮᠠᠳᠠᠬᠡᠢ ᠪᠤᠯᠭᠠᠬᠤ ᠪᠤᠯᠬᠤᠷ ᠡᠪᠡᠤᠨᠴᠢᠳᠠᠨ ᠠᠷᠭ᠎ᠠ ᠦᠬᠡᠢ ᠤᠤᠭᠤᠬᠤ ᠡᠮ ᠤᠨ ᠢᠶᠠᠨ ᠬᠡᠮᠵᠢᠶ᠎ᠡ ᠶᠢ ᠨᠡᠮᠡᠭᠳᠡᠬᠦᠯᠵᠤ᠂ ᠬᠡᠷᠡᠭᠰᠡᠵᠤ ᠪᠠᠶᠢᠭ᠎ᠠ ᠡᠮ ᠤᠨ ᠢᠶᠠᠨ ᠤᠶᠢᠯᠡᠳᠤᠯ ᠢ ᠤᠯᠳᠠᠭ᠂ ᠡᠬᠦᠨ ᠤ ᠳ᠋ᠦᠩ ᠳᠤ ᠡᠮ ᠳᠤ ᠤᠯᠠᠮ ᠢᠯᠡᠬᠦᠤ ᠨᠠᠶᠢᠳᠠᠮᠠᠳᠠᠭᠠᠢ ᠪᠤᠯᠤᠨ᠎ᠠ᠃ ᠦᠬᠡᠷ᠎ᠡ ᠪᠠᠷ ᠬᠡᠯᠡᠪᠡᠯ ᠡᠮ ᠤᠨ ᠰᠢᠨᠤᠯ ᠨᠢ ᠤᠯᠠᠮ ᠬᠡᠴᠡᠬᠦᠤ ᠪᠤᠯᠤᠨ᠎ᠠ᠃ ᠡᠮ ᠤᠤᠭᠤᠵᠤ ᠰᠢᠨᠤᠯ ᠲᠠᠢ ᠪᠤᠯᠪᠠᠯ ᠪᠡᠶ᠎ᠡ ᠶᠢᠨ ᠡᠷᠡᠬᠦᠯ ᠮᠠᠨᠳᠤ ᠶᠢ ᠬᠤᠪᠢᠷᠠᠭᠤᠯᠬᠤ ᠪᠦᠬᠡᠤᠨ ᠬᠦᠨᠳᠤ ᠨᠤᠴᠢᠳᠠᠢ ᠦᠶ᠎ᠡ ᠳᠡᠭᠡᠨ ᠬᠦᠮᠤᠨ ᠤ ᠤᠷᠮ᠎ᠠ ᠰᠡᠤᠨᠬᠢᠯ᠂ ᠤᠬᠠᠮᠰᠠᠷ ᠪᠠ ᠠᠵᠢᠯᠯᠠᠭ᠎ᠠ ᠶᠢ ᠴᠤ ᠦᠬᠡᠷᠡᠴᠢᠯᠡᠨ᠂ ᠬᠦᠮᠤᠨ ᠮᠦᠰᠤ ᠶᠢ ᠬᠤᠪᠢᠷᠠᠭᠤᠯᠵᠤ᠂ ᠡᠯ᠎ᠡ ᠵᠦᠢᠯ ᠤᠨ ᠤᠶᠤᠨ ᠮᠡᠳᠡᠷᠡᠯ ᠤᠨ ᠰᠠᠭᠠᠤᠨ ᠲᠠᠢ ᠪᠤᠯᠭᠠᠵᠤ᠂ ᠴᠢᠨᠠᠭᠰᠢᠯᠠᠭᠠᠤᠨ ᠲᠦᠷᠬᠡᠨ ᠴᠢᠨᠠᠷᠳᠠᠢ ᠬᠤᠤᠷᠳᠠᠭᠳᠠᠬᠤ ᠪᠠ ᠦᠬᠦᠬᠦ ᠳᠤ ᠬᠦᠷᠤᠬᠦᠯᠤᠨ᠎ᠠ᠃     ᠰᠢᠨᠤᠯ ᠲᠠᠢ ᠡᠮ ᠢ ᠳᠤᠷ᠎ᠠ ᠪᠠᠷ ᠬᠡᠷᠡᠭᠯᠡᠬᠦ ᠶᠢ ᠰᠡᠷᠬᠡᠶᠢᠯᠡᠬᠦ ᠶᠢᠨ ᠲᠦᠯᠤᠬᠡ ᠮᠠᠨ ᠤ ᠤᠯᠤᠰ ᠠᠴᠠ ᠰᠢᠨᠤᠯ ᠤᠨ ᠴᠢᠨᠠᠷᠳᠠᠢ ᠡᠮ ᠢ ᠡᠷᠬᠡᠪᠰᠢ ᠡᠮᠴᠢ ᠶᠢᠨ ᠪᠢᠴᠢᠭᠰᠡᠨ ᠵᠤᠷ ᠢ ᠵᠢᠷᠤᠮᠯᠠᠨ ᠬᠤᠳᠠᠯᠳᠤᠨ ᠠᠪᠬᠤ ᠬᠡᠷᠡᠭᠳᠠᠢ ᠬᠡᠵᠤ ᠳᠤᠭᠳᠠᠭᠠᠭᠰᠡᠨ ᠪᠠᠶᠢᠨ᠎ᠠ᠃ ᠳᠠᠶᠢᠤᠨᠬᠠᠷᠠᠭᠤᠯᠤᠨ ᠤᠨᠳᠠᠭᠤᠯᠬᠤ ᠡᠮ ᠪᠠ ᠡᠪᠡᠤᠨᠬᠦ ᠶᠢ ᠵᠤᠭᠰᠤᠭᠠᠬᠤ ᠡᠮ ᠵᠡᠷᠬᠡ ᠰᠢᠨᠤᠯ ᠤᠨ ᠴᠢᠨᠠᠷᠳᠠᠢ ᠡᠮ ᠢ ᠵᠠᠪᠠᠯ ᠡᠮᠴᠢ ᠶᠢᠨ ᠵᠢᠯᠤᠭᠤᠳᠤᠯᠭ᠎ᠠ ᠶᠢᠨ ᠳᠠᠭᠠᠤ ᠤᠤᠭᠤᠬᠤ ᠬᠡᠷᠡᠭᠳᠠᠢ᠂ ᠶᠠᠭᠠᠬᠢᠭᠰᠡᠨ ᠴᠤ ᠦᠪᠡᠷ ᠢᠶᠠᠨ ᠳᠤᠷ᠎ᠠ ᠪᠠᠷ ᠢᠶᠠᠨ ᠤᠤᠭᠤᠵᠤ ᠪᠤᠯᠬᠤ ᠦᠬᠡᠢ᠃ ᠡᠪᠡᠤᠨᠴᠢᠨ ᠢᠯᠡᠷᠢᠰᠢᠵᠤ ᠡᠬᠢᠯᠡᠪᠡᠯ ᠢᠳᠡᠭ ᠢᠳᠡᠭ ᠢᠶᠠᠷ ᠬᠡᠮᠵᠢᠶ᠎ᠡ ᠶᠢ ᠨᠢ ᠪᠠᠭᠠᠰᠬᠠᠨ᠎ᠠ᠃ ᠢᠯᠠᠩᠭᠤᠶ᠎ᠠ ᠤᠨᠳᠠᠭᠤᠯᠬᠤ ᠡᠮ ᠢ ᠬᠠᠮᠤᠭ ᠪᠠᠭ᠎ᠠ ᠬᠡᠮᠵᠢᠶ᠎ᠡ ᠪᠠᠷ ᠤᠤᠭᠤᠵᠤ᠂ ᠨᠤᠶᠢᠷ ᠰᠠᠶᠢᠵᠢᠷᠠᠪᠠᠯ ᠤᠤᠭᠤᠬᠤ ᠪᠠᠨ ᠪᠤᠯᠢᠬᠤ ᠬᠡᠷᠡᠭᠳᠠᠢ᠃ ᠶᠠᠮᠠᠷ ᠨᠢᠬᠡᠨ ᠡᠮ ᠢ ᠤᠤᠭᠤᠭᠠᠤᠨ ᠳᠤᠬᠢᠷᠠᠵᠤ ᠪᠠᠶᠢᠨ᠎ᠠ ᠬᠡᠵᠤ ᠪᠤᠳᠤᠬᠤ ᠨᠢ ᠨᠢᠬᠡᠨᠳᠠ ᠰᠢᠨᠤᠯ ᠲᠠᠢ ᠪᠤᠯᠤᠭᠰᠡᠨ ᠤ ᠰᠢᠯᠳᠠᠭᠠᠨ ᠴᠤ ᠪᠠᠶᠢᠵᠤ ᠮᠡᠳᠡᠨ᠎ᠡ᠃ ᠶᠠᠮᠠᠷ ᠨᠢᠬᠡ ᠲᠦᠷᠤᠯ ᠤᠨ ᠡᠮ ᠳᠤ ᠵᠤᠬᠢᠬᠤ ᠬᠡᠮᠵᠢᠶ᠎ᠡ ᠪᠠᠷ ᠨᠠᠶᠢᠳᠠᠮᠠᠳᠠᠭᠠᠢ ᠪᠤᠯᠤᠭᠰᠡᠨ ᠢᠶᠠᠨ ᠮᠡᠳᠡᠪᠡᠯ ᠴᠠᠭ ᠳᠤᠬᠠᠢ  ᠳᠤ ᠨᠢ ᠡᠮᠴᠢ ᠠᠴᠠ ᠠᠰᠠᠭᠤᠵᠤ᠂ ᠵᠢᠯᠤᠭᠤᠳᠤᠯᠭ᠎ᠠ ᠶᠢᠨ ᠬᠢᠨᠢ ᠳᠠᠭᠠᠤ ᠬᠡᠮᠵᠢᠶ᠎ᠡ ᠶᠢ ᠨᠢ ᠠᠭᠠᠵᠢᠮ ᠢᠶᠠᠷ ᠪᠠᠭᠠᠰᠬᠠᠬᠤ ᠪᠤᠶᠤ ᠠᠭᠠᠵᠢᠮ ᠢᠶᠠᠷ ᠡᠮ ᠢᠶᠠᠨ ᠰᠤᠯᠢᠬᠤ ᠬᠡᠷᠡᠭᠳᠠᠢ᠃ ᠡᠩ ᠤᠨ ᠪᠠᠶᠢᠳᠠᠯ ᠳᠤ ᠳᠠᠶᠢᠤᠨᠬᠠᠷᠠᠭᠤᠯᠤᠨ ᠤᠨᠳᠠᠭᠤᠯᠬᠤ ᠡᠮ ᠢ ᠵᠠᠯᠭᠠᠭ᠎ᠠ ᠪᠠᠷ ᠤᠤᠭᠤᠬᠤ ᠳᠠᠭᠠᠨ 4 ᠰᠠᠷ᠎ᠠ ᠠᠴᠠ ᠬᠡᠳᠤᠷᠡᠬᠦᠯᠬᠦ ᠦᠬᠡᠢ ᠪᠤᠯ ᠬᠠᠮᠤᠭ ᠰᠠᠶᠢᠨ᠃ ᠵᠠᠪᠠᠯ ᠵᠠᠯᠭᠠᠨ ᠤᠤᠭᠤᠬᠤ ᠱᠠᠭᠠᠷᠳᠠᠯᠭ᠎ᠠ ᠲᠠᠢ ᠪᠤᠯ ᠡᠮᠴᠢ ᠳᠤ ᠳᠤᠳᠤᠷᠬᠠᠶᠢᠯᠠᠬᠤ ᠬᠡᠷᠡᠭᠳᠠᠢ᠃ ᠡᠮ ᠤᠨ ᠰᠢᠨᠤᠯ ᠲᠠᠢ ᠪᠤᠯᠤᠭᠴᠢᠤᠨ ᠡᠮᠴᠢ ᠶᠢᠨ ᠵᠢᠯᠤᠭᠤᠳᠤᠯᠭ᠎ᠠ ᠪᠠᠷ ᠠᠯᠢ ᠲᠦᠷᠬᠡᠨ ᠢᠶᠠᠷ ᠡᠮ ᠢᠶᠠᠨ ᠳᠠᠰᠤᠯᠬᠤ ᠬᠡᠷᠡᠭᠳᠠᠢ᠃ ᠡᠪᠡᠤᠨᠴᠢᠳᠠᠨ ᠨᠠᠷ᠎ᠠ ᠵᠢᠭᠠᠨ ᠡᠮ ᠠᠪᠬᠤ ᠬᠡᠪᠡᠯ ᠡᠮᠴᠢ ᠰᠠᠨᠠᠭ᠎ᠠ ᠪᠠᠷ ᠨᠢ ᠦᠭᠴᠤ ᠪᠤᠯᠬᠤ ᠦᠬᠡᠢ᠃     ᠡᠮ ᠨᠢ ᠡᠪᠡᠤᠨᠴᠢᠨ ᠵᠠᠰᠠᠬᠤ ᠠᠴᠠ ᠭᠠᠳᠠᠨ᠎ᠠ ᠪᠠᠨ ᠭᠠᠵᠢᠭᠤ ᠤᠶᠢᠯᠡᠳᠤᠯ ᠲᠠᠢ ᠪᠠᠶᠢᠳᠠᠭ᠃ ᠶᠠᠮᠠᠷ ᠴᠤ ᠡᠮ ᠢ ᠴᠦᠮ ᠳᠤᠷ᠎ᠠ ᠪᠠᠷ ᠬᠡᠷᠡᠭᠯᠡᠵᠤ ᠦᠯᠤ ᠪᠤᠯᠤᠨ᠎ᠠ᠃ ᠰᠠᠨᠠᠭ᠎ᠠ ᠳᠤᠷ᠎ᠠ ᠪᠠᠷ ᠢᠶᠠᠨ ᠡᠮ ᠬᠡᠷᠡᠭᠯᠡᠬᠦ ᠨᠢ ᠡᠷᠡᠬᠦᠯ ᠮᠠᠨᠳᠤ ᠶᠢ ᠶᠡᠭᠡ ᠪᠠᠷ ᠬᠤᠬᠢᠷᠠᠭᠤᠯᠳᠠᠭ᠃ ᠡᠶᠢᠮᠤ ᠠᠴᠠ ᠵᠡᠪᠡᠯ ᠰᠢᠨᠵᠢᠯᠡᠬᠦ ᠤᠬᠠᠭᠠᠨᠴᠢ ᠪᠠᠷ ᠡᠮ ᠬᠡᠷᠡᠭᠯᠡᠬᠦ ᠴᠢᠬᠤᠯᠠ   ᠲᠠᠢ᠃
 
ᠢᠷᠡᠯᠲᠡ᠄ ᠡᠷᠡᠭᠦᠯ ᠮᠡᠨᠳᠦ ᠶᠢᠨ 66 ᠵᠣᠷᠪᠣᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号