ᠬᠤᠰᠢᠭᠤ ᠠᠷᠠᠤᠨ ᠤᠨ ᠵᠠᠰᠠᠭ ᠤᠨ ᠤᠷᠳᠤᠨ ᠨᠤᠮᠤᠬᠠᠨ ᠳᠠᠯᠠᠢ ᠪᠦᠳᠤᠬᠡᠨ ᠪᠠᠶᠢᠭᠤᠯᠤᠯᠳᠠ ᠶᠢᠨ ᠪᠦᠯᠦᠭᠯᠡᠯ  ᠲᠠᠢ ᠰᠠᠭᠤᠳᠠᠯ ᠤᠨ ᠬᠤᠷᠠᠯ ᠬᠢᠪᠠ
ᠨᠡᠶᠢᠲᠡᠯᠡᠭᠰᠡᠨ ᠴᠠᠭ᠄
2022/7/8
    7 ᠰᠠᠷ᠎ᠠ ᠶᠢᠨ 6 ᠤ ᠡᠳᠤᠷ᠂ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠬᠡᠰᠢᠬᠦᠨ᠂ ᠵᠠᠰᠠᠭ ᠤᠨ ᠤᠷᠳᠤᠨ ᠤ ᠳᠡᠳ᠋ ᠳᠠᠷᠤᠭ᠎ᠠ ᠴᠢᠦ ᠯᠢᠨ ᠨᠤᠮᠤᠬᠠᠨ ᠳᠠᠯᠠᠢ ᠪᠦᠳᠤᠬᠡᠨ ᠪᠠᠶᠢᠭᠤᠯᠤᠯᠳᠠ ᠶᠢᠨ ᠪᠦᠯᠦᠭᠯᠡᠯ ᠤᠨ ᠶᠡᠷᠤᠩᠬᠡᠶᠢᠯᠡᠭᠴᠢ ᠭᠥᠸᠧ ᠯᠢᠶᠠᠩ ᠨᠠᠷ ᠲᠠᠢ ᠰᠠᠭᠤᠳᠠᠯ ᠤᠨ ᠬᠤᠷᠠᠯ ᠬᠢᠪᠡ᠃     ᠭᠥᠸᠧ ᠯᠢᠶᠠᠩ ᠠᠴᠠ ᠠᠵᠤ ᠠᠬᠤᠶᠢᠯᠠᠯ ᠤᠨ ᠬᠦᠭᠵᠢᠯᠳᠠ ᠶᠢᠨ ᠶᠠᠪᠤᠴᠠ᠂ ᠡᠵᠡᠩᠨᠡᠯᠳᠠ ᠶᠢᠨ ᠦᠵᠡᠯᠳᠠ ᠪᠠ ᠴᠢᠭᠯᠡᠯ ᠢᠶᠠᠨ ᠳᠠᠨᠢᠯᠴᠠᠭᠤᠯᠪᠠ᠃ ᠳᠠᠷᠠ᠂ ᠤᠳᠤᠭ ᠤᠨ ᠡᠮᠤᠨᠡᠳᠤ ᠬᠤᠰᠢᠭᠤᠨ ᠤ ᠬᠦᠭᠵᠢᠯᠳᠠ ᠶᠢᠨ ᠨᠢᠭᠤᠭᠳᠠᠮᠠᠯ ᠬᠦᠴᠤ ᠶᠡᠭᠡ᠂ ᠠᠵᠢᠯ ᠬᠢᠨ ᠤᠶᠢᠯᠡᠰ ᠪᠦᠳᠤᠬᠡᠬᠦ ᠠᠭᠤᠷ ᠠᠮᠢᠰᠬᠤᠯ ᠰᠠᠶᠢᠨ᠂ ᠬᠤᠷᠰᠢᠨ ᠠᠵᠢᠯᠯᠠᠬᠤ ᠤᠷᠤᠨ ᠵᠠᠢ ᠠᠭᠤᠳᠠᠮ ᠪᠤᠯᠬᠤᠷ ᠠᠵᠤ ᠠᠬᠤᠶᠢᠯᠠᠯ ᠤᠨ ᠡᠬᠢ ᠪᠠᠶᠠᠯᠢᠭ᠂ ᠤᠶᠤᠨ ᠤ ᠬᠦᠮᠤᠷᠬᠡ᠂ ᠬᠦᠷᠤᠩᠬᠡ ᠶᠢᠨ ᠳᠠᠪᠠᠭᠤᠯᠢᠭ  ᠢᠶᠠᠨ ᠬᠦᠢᠴᠡᠤᠨ ᠪᠠᠳᠠᠷᠠᠭᠤᠯᠤᠨ᠂ ᠪᠦᠬᠦ ᠳᠠᠯ᠎ᠠ ᠶᠢᠨ ᠤᠯᠠᠨ ᠬᠦᠷᠢᠶ᠎ᠡ ᠬᠡᠪᠴᠢᠶᠡᠨ ᠤ ᠪᠤᠳᠠᠳᠤ ᠬᠠᠮᠳᠤᠷᠠᠯᠴᠠᠭ᠎ᠠ ᠪᠠᠨ ᠬᠦᠨᠵᠡᠬᠡᠶᠢᠷᠡᠬᠦᠯᠵᠤ᠂ ᠤᠳᠤᠭ ᠤᠨ ᠡᠮᠤᠨᠡᠳᠤ ᠬᠤᠰᠢᠭᠤᠨ ᠤ ᠠᠵᠤ ᠠᠬᠤᠢ ᠨᠠᠶᠢᠬᠡᠮ ᠤᠨ ᠴᠢᠨᠠᠷᠯᠢᠭ ᠬᠦᠭᠵᠢᠯᠳᠠ  ᠳᠤ ᠢᠳᠡᠪᠬᠢᠳᠠᠢ ᠬᠤᠪᠢ ᠨᠡᠮᠡᠷᠢ ᠦᠵᠡᠬᠦᠯᠤᠨ᠎ᠠ ᠬᠡᠵᠤ ᠢᠯᠡᠷᠬᠡᠶᠢᠯᠡᠭᠰᠡᠨ ᠪᠠᠶᠢᠨ᠎ᠠ᠃     ᠴᠢᠦ ᠯᠢᠨ ᠠᠴᠠ ᠭᠥᠸᠧ ᠯᠢᠶᠠᠩ ᠨᠠᠷ ᠤᠨ ᠮᠠᠨ ᠤ ᠬᠤᠰᠢᠭᠤᠨ ᠳᠤ ᠪᠠᠶᠢᠴᠠᠭᠠᠨ ᠰᠤᠳᠤᠯᠤᠯᠳᠠ ᠬᠢᠵᠤ ᠬᠠᠮᠳᠤᠷᠠᠯᠴᠠᠨ ᠬᠦᠭᠵᠢᠬᠦ ᠶᠢ ᠬᠠᠮᠳᠤ ᠪᠠᠷ ᠡᠷᠢᠯᠬᠢᠯᠡᠭᠰᠡᠨ ᠳᠤ ᠳᠠᠯᠠᠷᠬᠠᠵᠤ ᠪᠠᠶᠢᠭ᠎ᠠ ᠪᠠᠨ ᠢᠯᠡᠤᠨᠬᠡᠭᠰᠡᠨ ᠮᠦᠷᠳᠡᠬᠡᠨ ᠤᠳᠤᠭ ᠤᠨ ᠡᠮᠤᠨᠡᠳᠤ ᠬᠤᠰᠢᠭᠤᠨ ᠤ ᠤᠷᠤᠨ ᠪᠠᠶᠢᠷᠢᠰᠢᠯ ᠤᠨ ᠤᠷᠴᠢᠨ᠂ ᠠᠷᠠᠯᠵᠢᠶ᠎ᠡ ᠡᠵᠡᠩᠨᠡᠯᠳᠠ ᠶᠢᠨ ᠤᠷᠴᠢᠨ᠂ ᠠᠵᠤ ᠤᠶᠢᠯᠡᠰ ᠤᠨ ᠬᠦᠭᠵᠢᠯᠳᠠ ᠵᠡᠷᠬᠡ ᠳᠠᠯ᠎ᠠ ᠶᠢᠨ ᠳᠠᠪᠠᠭᠤᠯᠢᠭ ᠢᠶᠠᠨ ᠭᠤᠤᠯᠳᠠᠯᠭ᠎ᠠ ᠲᠠᠢ ᠳᠠᠨᠢᠯᠴᠠᠭᠤᠯᠪᠠ᠃ ᠳᠠᠷᠠ᠂ ᠤᠳᠤᠬᠠᠨ ᠳᠤ᠂ ᠤᠳᠤᠭ ᠤᠨ ᠡᠮᠤᠨᠡᠳᠤ ᠬᠤᠰᠢᠭᠤ ᠶᠠᠭ ᠠᠵᠤ ᠠᠬᠤᠢ ᠶᠢᠨ ᠴᠢᠨᠠᠷᠯᠢᠭ ᠬᠦᠭᠵᠢᠯᠳᠠ ᠶᠢ ᠲᠦᠷᠬᠡᠤᠨᠬᠡᠨ ᠠᠬᠢᠭᠤᠯᠬᠤ ᠰᠢᠵᠢᠷ ᠠᠯᠳᠠᠨ ᠬᠦᠭᠵᠢᠯᠳᠠ ᠶᠢᠨ ᠬᠤᠭᠤᠴᠠᠭᠠᠨ ᠳᠤ ᠤᠷᠤᠰᠢᠵᠤ ᠪᠠᠶᠢᠭ᠎ᠠ ᠪᠤᠯᠬᠤᠷ ᠬᠤᠶᠠᠷ ᠳᠠᠯ᠎ᠠ ᠪᠠᠷ ᠢᠶᠠᠨ ᠳᠤᠰ ᠤᠳᠠᠭᠠᠨ ᠤ ᠰᠠᠭᠤᠳᠠᠯ ᠤᠨ ᠬᠤᠷᠠᠯ ᠢᠶᠠᠷ ᠳᠤᠬᠢᠶᠠᠯ ᠪᠤᠯᠭᠠᠨ᠂ ᠶᠠᠷᠢᠯᠴᠠᠭ᠎ᠠ ᠬᠠᠷᠢᠯᠴᠠᠭ᠎ᠠ ᠪᠠᠨ ᠤᠯᠠᠮ ᠨᠢᠬᠡ ᠠᠯᠬᠤᠮ ᠴᠢᠩᠭᠠᠤᠨᠬᠠᠵᠤ᠂ ᠰᠠᠭᠤᠷᠢ ᠲᠦᠬᠦᠬᠡᠷᠤᠮᠵᠢ ᠶᠢᠨ ᠪᠠᠶᠢᠭᠤᠯᠤᠯᠳᠠ᠂ ᠠᠷᠠᠯᠵᠢᠶᠠᠴᠢᠨ ᠤᠷᠢᠯᠳᠠ ᠤᠶᠤᠨ ᠤ ᠤᠷᠤᠭᠤᠯᠤᠯᠳᠠ ᠪᠠ ᠴᠢᠨᠠᠷᠯᠢᠭ ᠬᠦᠭᠵᠢᠯᠳᠠ ᠵᠡᠷᠬᠡ ᠳᠠᠯ᠎ᠠ ᠪᠠᠷ ᠨᠠᠩ ᠠᠷᠪᠢᠨ ᠬᠠᠮᠳᠤᠷᠠᠯᠴᠠᠭᠠᠨ ᠤ ᠴᠡᠭ ᠢ ᠡᠷᠢᠯᠬᠢᠯᠡᠨ᠂ ᠬᠤᠶᠠᠷ ᠳᠠᠯ᠎ᠠ ᠶᠢᠨ ᠦᠨᠳᠤᠷ ᠪᠦᠳᠤᠮᠵᠢᠳᠤ ᠪᠤᠳᠠᠳᠤ ᠬᠠᠮᠳᠤᠷᠠᠯᠴᠠᠭ᠎ᠠ ᠶᠢ ᠴᠢᠷᠮᠠᠶᠢᠨ ᠠᠬᠢᠭᠤᠯᠬᠤ ᠶᠢ ᠬᠦᠰᠡᠵᠤ ᠪᠠᠶᠢᠨ᠎ᠠ ᠬᠡᠪᠡ᠃     ᠬᠤᠷᠠᠯ ᠳᠡᠬᠡᠷ᠎ᠡ᠂ ᠬᠤᠶᠠᠷ ᠳᠠᠯ᠎ᠠ ᠪᠠᠷ ᠢᠶᠠᠨ ᠨᠤᠮᠤᠬᠠᠨ ᠳᠠᠯᠠᠢ ᠪᠦᠳᠤᠬᠡᠨ ᠪᠠᠶᠢᠭᠤᠯᠤᠯᠳᠠ ᠶᠢᠨ ᠪᠦᠯᠦᠭᠯᠡᠯ ᠤᠨ ᠬᠢᠵᠠᠭᠠᠷᠳᠤ ᠺᠤᠮᠫᠠᠨᠢ ᠶᠢᠨ ᠤᠬᠠᠭᠤᠯᠭ᠎ᠠ ᠶᠢᠨ ᠹᠢᠯᠢᠮ ᠢ ᠬᠠᠮᠳᠤᠪᠠᠷ ᠦᠵᠡᠵᠤ᠂ ᠬᠤᠶᠠᠷ ᠳᠠᠯ᠎ᠠ ᠶᠢᠨ ᠤᠶᠢᠯᠠᠭᠠᠯᠴᠠᠭ᠎ᠠ  ᠪᠠᠨ ᠠᠬᠢᠭᠤᠯᠤᠨ᠂ ᠬᠤᠶᠠᠷ ᠳᠠᠯ᠎ᠠ ᠪᠠᠷ ᠢᠶᠠᠨ ᠬᠤᠷᠰᠢᠨ ᠬᠠᠮᠳᠤ ᠪᠠᠷ ᠢᠯᠠᠯᠳᠠ ᠤᠯᠬᠤ ᠢᠳᠡᠬᠡᠯ ᠵᠤᠷᠢᠭ ᠢᠶᠠᠨ ᠨᠠᠩ ᠪᠠᠳᠤᠤᠨᠬᠠᠭᠰᠡᠨ ᠪᠠᠶᠢᠨ᠎ᠠ᠃     ᠬᠤᠰᠢᠭᠤ ᠤᠳᠤᠷᠢᠳᠤᠯᠭ᠎ᠠ ᠱᠢ ᠬᠤᠢ᠂ ᠦ᠋ ᠰᠢᠶᠣᠣ ᠹᠠᠩ᠂ ᠵᠠᠰᠠᠭ ᠤᠨ ᠤᠷᠳᠤᠨ ᠤ ᠠᠯᠪᠠᠨ ᠬᠡᠷ ᠵᠢᠴᠢ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠷᠢᠭᠤᠴᠠᠯᠭᠠᠳᠠᠤᠨ ᠰᠠᠭᠤᠳᠠᠯ ᠤᠨ ᠬᠤᠷᠠᠯ ᠳᠤ ᠤᠷᠤᠯᠴᠠᠪᠠ᠃
 
ᠢᠷᠡᠯᠲᠡ᠄ ᠣᠳᠤᠭ ᠤᠨ ᠡᠮᠦᠨᠡᠳᠦ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号