ᠸᠠᠯᠠᠭᠰᠠᠨ ᠪᠤᠷᠳᠤᠭ᠎ᠠ ᠶᠢ ᠰᠢᠢᠳᠪᠤᠷᠢᠯᠡᠬᠦ ᠠᠷᠭ᠎ᠠ
ᠨᠡᠶᠢᠲᠡᠯᠡᠭᠰᠡᠨ ᠴᠠᠭ᠄
2018-06-08
   ᠢᠯᠠᠭᠠᠵᠤ ᠭᠠᠷᠭᠠᠬᠤ ᠠᠷᠭ᠎ᠠ᠄ ᠡᠰᠢ ᠰᠦᠷᠠᠯ᠂ ᠮᠦᠬᠦᠯᠢᠭᠳᠦ ᠪᠤᠷᠳᠤᠭ᠎ᠠ ᠸᠠᠯᠠᠪᠠᠯ ᠸᠠᠯᠠᠭᠰᠠᠨ ᠭᠡᠰᠡᠭ ᠢ ᠨᠢ ᠰᠢᠭᠤᠳ ᠢᠯᠭᠠᠵᠤ ᠴᠡᠪᠡᠷᠯᠡᠵᠤ ᠭᠠᠷᠭᠠᠪᠠᠯ ᠪᠤᠯᠴᠢᠬᠠᠨ᠎ᠠ᠃ ᠤᠰᠤ ᠪᠠᠷ ᠤᠬᠢᠶᠠᠬᠤ ᠠᠷᠭ᠎ᠠ᠄ ᠦᠷ᠎ᠠ ᠶᠢᠨ ᠲᠦᠷᠦᠯ ᠤᠨ ᠪᠤᠷᠳᠤᠭ᠎ᠠ ᠸᠠᠯᠠᠪᠠᠯ ᠤᠷᠢᠳᠠᠪᠠᠷ ᠸᠠᠯᠠᠭᠰᠠᠨ ᠪᠤᠷᠳᠤᠭ᠎ᠠ ᠶᠢ ᠭᠡᠮᠭᠡᠯᠡᠵᠤ᠂ ᠭᠠᠨᠭ᠌ ᠲᠤᠳᠤᠷ᠎ᠠ ᠬᠢᠵᠤ 3~4 ᠲᠠᠬᠢᠨ ᠤᠰᠤ ᠨᠡᠮᠡᠵᠤ ᠵᠢᠭᠳᠡ ᠵᠢᠭᠤᠷᠠᠨ᠎ᠠ᠂ ᠲᠠᠷᠠᠭ᠎ᠠ  ᠨᠢ ᠡᠳᠤᠷ ᠪᠦᠷᠢ ᠤᠰᠤ ᠰᠤᠯᠢᠵᠤ ᠬᠤᠶᠠᠷ ᠤᠳᠠᠭ᠎ᠠ ᠵᠢᠭᠤᠷᠠᠨ᠂ ᠲᠡᠪᠡᠳᠤᠭᠡᠭᠰᠡᠨ ᠤᠰᠤ ᠨᠢ ᠰᠢᠷ᠎ᠠ ᠬᠦᠷᠡᠩ ᠦᠡᠭᠭᠡ  ᠠᠴᠠ ᠪᠠᠨ ᠦᠡᠭᠭᠡ ᠦᠭᠡᠢ ᠪᠤᠯᠪᠠᠯ ᠪᠤᠯᠴᠢᠬᠠᠨ᠎ᠠ᠃ ᠬᠠᠳᠠᠭᠠᠬᠤ ᠠᠷᠭ᠎ᠠ᠄ ᠭᠤᠤᠯᠳᠠᠭᠤ ᠶᠡᠭᠡ ᠭᠡᠮᠵᠢᠶᠠᠨ ᠤ ᠡᠰᠢ ᠰᠦᠷᠡᠯ ᠤᠨ ᠪᠤᠷᠳᠤᠭ᠎ᠠ ᠳᠤ ᠭᠡᠷᠡᠭᠯᠡᠨ᠎ᠡ᠃ ᠠᠷᠭ᠎ᠠ ᠨᠢ᠂ ᠸᠠᠯᠠᠭᠰᠠᠨ ᠪᠤᠷᠳᠤᠭ᠎ᠠ ᠶᠢ ᠤᠷᠢᠳᠠᠪᠠᠷ ᠨᠠᠷᠠᠨ ᠤ ᠲᠤᠤᠷ᠎ᠠ ᠬᠠᠳᠠᠭᠠᠵᠤ ᠬᠠᠭᠰᠠᠭᠠᠭᠰᠠᠨ ᠤ ᠰᠡᠬᠦᠯᠡᠷ ᠰᠠᠯᠬᠢ ᠨᠡᠪᠳᠡᠷᠡᠬᠦᠯᠵᠤ ᠰᠡᠭᠰᠤᠷᠴᠤ ᠬᠦᠭᠡᠴᠤ ᠶᠢ ᠨᠢ ᠠᠷᠢᠯᠭᠠᠨ᠎ᠠ᠃ ᠬᠠᠯᠠᠭᠠᠬᠤ ᠠᠷᠭ᠎ᠠ᠄ ᠰᠢᠭᠠᠷᠤ ᠭᠡᠮᠭᠡᠷᠭᠡᠢ ᠶᠢᠨ ᠲᠦᠷᠦᠯ ᠤᠨ ᠲᠦᠬᠦᠭᠡᠢ ᠮᠠᠲ᠋ᠧᠷᠢᠶᠠᠯ ᠢ 150 ᠭᠷᠡᠳᠦ᠋ᠰ ᠤᠨ ᠬᠠᠯᠠᠭᠤᠨ ᠤ ᠲᠤᠳᠤᠷ᠎ᠠ 30 ᠮᠢᠨᠦ᠋ᠲ ᠬᠠᠯᠠᠭᠠᠬᠤ ᠪᠤᠶᠤ ᠪᠢᠴᠢᠯ ᠲᠤᠯᠬᠢᠶᠠᠨᠳᠤ ᠵᠤᠤᠬ᠎ᠠ ᠪᠠᠷ 8 ~9 ᠮᠢᠨᠦ᠋ᠲ ᠬᠠᠯᠠᠭᠠᠪᠠᠯ ᠲᠡᠬᠦᠨ ᠤ ᠲᠤᠳᠤᠷᠠᠬᠢ ᠬᠤᠸᠠᠩ ᠴᠢᠤᠢ ᠮᠸᠢ ᠰᠦ᠋ ᠶᠢᠨ 48% ~ 61% ᠶᠢ ᠡᠪᠡᠳᠡᠵᠤ ᠲᠡᠶᠢᠯᠦᠨ᠎ᠡ᠃ ᠰᠤᠷᠤᠬᠤ ᠠᠷᠭ᠎ᠠ᠄ ᠨᠠᠩᠭᠢ ᠰᠢᠷᠤᠢ ᠪᠠ ᠪᠤᠴᠠᠯᠭᠠᠭᠤᠷ ᠴᠢᠯᠠᠭᠤ ︵ᠲᠡᠬᠦᠨ ᠤ ᠭᠤᠤᠯ ᠪᠦᠷᠢᠯᠳᠤᠬᠦᠨ ᠨᠢ ᠴᠠᠬᠢᠭᠤᠷᠳᠤ ᠬᠦᠡᠭᠭᠡᠨ ᠴᠠᠭᠠᠨ ᠤ ᠲᠠᠪᠤᠰᠤ ᠪᠤᠯᠤᠨ᠎ᠠ ︶ ᠨᠢ ᠭᠡᠷ ᠤᠨ ᠲᠡᠵᠢᠭᠡᠪᠤᠷᠢ ᠶᠢᠨ ᠦᠰᠦᠯᠳᠡ ᠪᠤᠶᠢᠵᠢᠯᠳᠠ ᠶᠢ ᠠᠬᠢᠭᠤᠯᠬᠤ ᠮᠦᠷᠳᠡᠭᠡᠨ ᠪᠠᠰᠠ ᠲᠤᠩ ᠴᠢᠩᠭ᠎ᠠ ᠰᠤᠷᠤᠬᠤ ᠦᠢᠯᠡᠳᠤᠯ ᠲᠠᠢ ᠪᠠᠶᠢᠳᠠᠭ᠃ ᠪᠤᠷᠳᠤᠭ᠎ᠠ ᠲᠤᠳᠤᠷ᠎ᠠ 0. 5% ᠶᠢᠨ ᠨᠠᠩᠭᠢ ᠰᠢᠷᠤᠢ ᠪᠤᠯᠤᠨ ᠪᠤᠴᠠᠯᠭᠠᠭᠤᠷ ᠴᠢᠯᠠᠭᠤ ᠶᠢ ᠨᠡᠮᠡᠵᠤ᠂ ᠪᠤᠷᠳᠤᠭ᠎ᠠ ᠳᠠᠬᠢ ᠬᠦᠭᠡᠴᠤ ᠶᠢᠨ ᠬᠤᠤᠷᠠᠳᠤ ᠡᠳ᠋ ᠢ ᠰᠤᠷᠤᠵᠤ ᠭᠠᠷᠭᠠᠨ᠎ᠠ᠃
 
ᠢᠷᠡᠯᠲᠡ᠄ ᠤᠷᠳᠤᠰ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号