ᠨᠠᠷᠢᠨ ᠨᠤᠤᠰᠤᠳᠤ ᠬᠤᠨᠢᠨ ᠤ ᠤᠷᠤᠭ᠎ᠠ ᠤᠷᠤᠬᠤ ᠶᠢ ᠨᠦᠯᠦᠭᠡᠯᠡᠬᠦ ᠬᠦᠴᠤᠨ ᠵᠦᠢᠯ
ᠨᠡᠶᠢᠲᠡᠯᠡᠭᠰᠡᠨ ᠴᠠᠭ᠄
2018-06-08
 
    ︵1︶ ᠬᠡᠷᠡᠯ ᠤᠨ ᠲᠤᠰᠤᠯᠳᠠ ᠬᠡᠷᠡᠯ ᠲᠤᠰᠬᠤ ᠬᠤᠭᠤᠴᠠᠭᠠᠨ ᠤ ᠤᠷᠳᠤ ᠤᠬᠤᠷ ᠤᠨ ᠬᠤᠪᠢᠷᠠᠯᠳᠠ ᠨᠢ ᠬᠤᠨᠢᠨ ᠤ ᠪᠡᠯᠭᠡ ᠶᠢᠨ ᠠᠵᠢᠯᠯᠠᠭ᠎ᠠ ᠶᠢ ᠢᠯᠡᠷᠭᠡᠢ ᠨᠦᠯᠦᠭᠡᠯᠡᠳᠡᠭ᠃ ᠤᠳᠠᠭᠠᠨ ᠡᠳᠤᠷ ᠡᠭᠡᠪᠦᠷᠯᠡᠬᠦᠯᠵᠤ ᠪᠠᠶᠢᠭᠰᠠᠨ ᠢᠶᠠᠨ ᠬᠤᠪᠢᠷᠠᠭᠤᠯᠤᠨ ᠴᠦᠭᠡᠨ ᠡᠳᠤᠷ ᠡᠭᠡᠪᠤᠷᠯᠡᠬᠦᠯᠵᠤ ᠭᠡᠷᠡᠯ ᠲᠤᠰᠬᠤ ᠴᠠᠭ ᠢ ᠪᠤᠭᠤᠨᠢᠰᠬᠠᠨ ᠨᠠᠷᠢᠨ ᠨᠤᠤᠰᠤᠳᠤ ᠬᠤᠨᠢᠨ ᠤ ᠤᠷᠤᠭ᠎ᠠ ᠤᠷᠤᠬᠤ ᠶᠢ ᠠᠬᠢᠭᠤᠯᠵᠤ ᠪᠤᠯᠤᠨ᠎ᠠ᠃    ︵2︶ ᠲᠤᠯᠠᠭᠠᠨ ᠤ ᠬᠡᠮᠵᠢᠶ᠎ᠡ ᠲᠤᠯᠠᠭᠠᠨ ᠤ ᠭᠡᠮᠵᠢᠶ᠎ᠠ ᠨᠢ ᠭᠡᠷᠡᠯ ᠤᠨ ᠲᠤᠰᠤᠯᠳᠠ ᠶᠢ ᠪᠤᠳᠤᠪᠠᠯ ᠬᠤᠨᠢᠨ ᠤ ᠤᠷᠤᠭ᠎ᠠ ᠤᠷᠤᠬᠤ ᠶᠢ ᠲᠡᠶᠢᠮᠤ ᠰᠦᠷᠭᠡᠢ ᠨᠦᠯᠦᠭᠡᠯᠡᠬᠦ ᠦᠬᠡᠢ᠂ ᠭᠡᠪᠡᠴᠤ ᠬᠠᠷᠢᠴᠠᠩᠭᠤᠢ ᠦᠨᠳᠤᠷ ᠲᠤᠯᠠᠭᠠᠨ ᠨᠢ ᠬᠤᠨᠢᠨ ᠤ ᠤᠷᠤᠭ᠎ᠠ ᠤᠷᠤᠬᠤ ᠶᠢ ᠬᠤᠶᠢᠰᠢᠯᠠᠭᠤᠯᠳᠠᠭ᠃    ︵3︶ ᠰᠢᠮ᠎ᠡ ᠲᠡᠵᠢᠭᠡᠯ ᠰᠢᠮ᠎ᠡ ᠲᠠᠵᠢᠭᠡᠯ ᠰᠠᠶᠢᠨ ᠪᠤᠯ ᠦᠷᠡᠵᠢᠯ ᠤᠨ ᠬᠤᠷᠮᠤᠨ ᠤ ᠬᠡᠪ ᠤᠨ ᠬᠢᠷᠢ ᠭᠡᠮᠵᠢᠶ᠎ᠠ ᠪᠠ ᠴᠢᠳᠠᠪᠤᠷᠢ ᠶᠢ ᠲᠡᠭᠡᠭᠰᠢᠯᠡᠬᠦᠯᠵᠤ᠂ ᠡᠮ᠎ᠡ ᠬᠤᠨᠢᠨ ᠤ ᠤᠷᠤᠭ᠎ᠠ ᠤᠷᠤᠬᠤ ᠤᠯᠠᠷᠢᠯ ᠢ ᠡᠷᠳᠡᠯᠡᠬᠦᠯᠳᠡᠭ᠃ ᠬᠤᠨᠢ ᠤᠷᠤᠭ᠎ᠠ ᠤᠷᠤᠬᠤ ᠤᠯᠠᠷᠢᠯ ᠳᠤ ᠤᠷᠤᠬᠤ ᠠᠴᠠ ᠡᠮᠤᠨ᠎ᠡ ᠤᠷᠤᠭᠠᠯᠠᠭᠤᠯᠬᠤ ᠲᠡᠵᠢᠭᠡᠯᠳᠤ ᠪᠤᠷᠳᠤᠭ᠎ᠠ ᠪᠠᠷ ᠲᠡᠵᠢᠭᠡᠵᠤ᠂ ᠡᠮ᠎ᠡ ᠬᠤᠨᠢᠨ ᠤ ᠤᠷᠤᠭ᠎ᠠ ᠤᠷᠤᠬᠤ ᠪᠠ ᠦᠨᠳᠡᠭᠡ ᠢᠯᠭᠠᠬᠤ ᠶᠢ ᠠᠬᠢᠭᠤᠯᠤᠨ᠎ᠠ᠃    ︵4︶ ᠦᠷᠡᠵᠢᠯ ᠤᠨ ᠬᠤᠷᠮᠤᠨ ᠡᠮ᠎ᠡ ᠬᠤᠨᠢᠨ ᠤ ᠤᠷᠤᠭ᠎ᠠ ᠤᠷᠤᠬᠤ ᠢᠯᠡᠷᠡᠯ ᠪᠠ ᠤᠷᠤᠭᠠᠯᠠᠬᠤ ᠦᠶᠡᠯᠡᠯ  ᠨᠢ ᠲᠤᠳᠤᠭᠠᠳᠤ ᠱᠦᠬᠦᠷᠡᠯ ᠤᠨ ᠦᠷᠡᠵᠢᠯ ᠤᠨ ᠬᠤᠷᠮᠤᠨ ᠳᠤ ᠵᠠᠬᠢᠷᠤᠭᠳᠠᠳᠠᠭ᠃ ᠡᠬᠦᠨ ᠳᠤ ᠦᠨᠦᠴᠢᠨ ᠲᠠᠷᠢᠬᠢᠨ ᠤ ᠡᠮᠤᠨ᠎ᠠ ᠲᠡᠯᠪᠢ ᠶᠢᠨ ᠱᠦᠬᠦᠷᠡᠬᠦᠯᠦᠭᠰᠡᠨ ᠦᠨᠳᠡᠭᠡᠨ ᠴᠦᠪᠤᠷᠢᠬᠦᠤ ᠶᠢ ᠰᠡᠳᠡᠬᠦ ᠬᠤᠷᠮᠤᠨ ᠪᠤᠯᠤᠨ ᠰᠢᠷ᠎ᠠ ᠴᠤᠭᠴᠠ ᠡᠬᠦᠰᠬᠡᠬᠦ ᠬᠤᠷᠮᠤᠨ ᠭᠤᠤᠯ ᠦᠢᠯᠡᠳᠤᠯ ᠦᠵᠡᠬᠦᠯᠳᠡᠭ᠃
 
ᠢᠷᠡᠯᠲᠡ᠄ ᠤᠷᠳᠤᠰ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号