ᠭᠡᠷ ᠤᠨ ᠲᠡᠵᠢᠭᠡᠪᠤᠷᠢ ᠶᠢᠨ ᠬᠦᠯᠳᠡᠵᠤ ᠰᠢᠷᠬᠠᠳᠤᠬᠤ ᠶᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2018-06-08
   ᠭᠡᠷ ᠤᠨ ᠲᠡᠵᠢᠭᠡᠪᠤᠷᠢ ᠶᠢᠨ ᠬᠦᠢᠳᠡᠨ ᠢ ᠲᠠᠭᠠᠭᠠᠬᠤ ᠴᠢᠳᠠᠪᠤᠷᠢ ᠪᠠᠷ ᠠᠨᠠᠢ ᠭᠡᠰᠡᠭ ᠲᠤ ᠦᠷᠬᠦᠯᠵᠢ ᠬᠦᠯᠳᠡᠵᠤ ᠰᠢᠷᠬᠠᠳᠤᠬᠤ ᠶᠠᠪᠤᠳᠠᠯ ᠭᠠᠷᠳᠠᠭ᠃ ᠵᠢᠱᠢᠶᠠᠯᠠᠪᠠᠯ᠂ ᠴᠢᠬᠢᠨ ᠲᠡᠯᠪᠢ᠂ ᠰᠢᠬᠢᠷ᠎ᠠ ᠰᠢᠯᠪᠢ᠂ ᠰᠡᠬᠦᠯ ᠬᠢᠷᠵᠠᠩ᠂ ᠬᠦᠬᠦ ᠪᠠ ᠲᠠᠬᠢᠶᠠᠨ ᠤ ᠰᠡᠴᠢᠭ ᠵᠢᠴᠢ ᠭᠡᠷ ᠤᠨ ᠵᠢᠬᠦᠷᠳᠡᠨ ᠤ ᠬᠦᠯ ᠵᠡᠷᠭᠡ ᠪᠤᠯᠤᠨ᠎ᠠ᠃ ᠡᠳᠡᠭᠡᠷ ᠭᠡᠰᠡᠭ ᠨᠢ   ᠦᠰᠤ   ᠪᠠᠭᠠᠳᠠᠢ᠂ ᠵᠢᠷᠤᠭᠡ ᠠᠴᠠ ᠨᠡᠯᠢᠶᠠᠳ ᠵᠠᠶᠢᠳᠠᠢ᠂ ᠴᠢᠰᠤᠨ ᠤ ᠬᠠᠨᠭ᠍ᠭᠠᠯᠭ᠎ᠠ ᠬᠦᠢᠴᠡᠳ ᠦᠭᠡᠢ᠂ ᠲᠠᠯᠠᠪᠠᠢ ᠨᠢ ᠶᠡᠭᠡ᠂ ᠢᠯᠴᠢ ᠲᠠᠷᠬᠠᠭᠠᠬᠤ ᠨᠢ ᠲᠦᠷᠭᠡᠨ ᠪᠠᠶᠢᠳᠠᠭ ᠠᠴᠠ ᠠᠮᠠᠷᠬᠠᠨ ᠬᠦᠯᠳᠡᠵᠤ ᠰᠢᠷᠬᠠᠳᠤᠬᠤ ᠪᠠᠶᠢᠳᠠᠯ ᠢᠯᠡᠷᠡᠨ᠎ᠡ᠃ ᠡᠬᠦᠨ ᠠᠴᠠ ᠭᠠᠳᠠᠨ᠎ᠠ᠂ ᠭᠡᠷ ᠤᠨ ᠲᠡᠵᠢᠭᠡᠪᠤᠷᠢ ᠶᠢᠨ ᠪᠡᠶ᠎ᠡ ᠨᠢ ᠭᠡᠳᠤ ᠶᠠᠳᠠᠷ ᠲᠤᠷᠤᠢ᠂ ᠠᠷᠪᠢᠨ ᠴᠢᠰᠤ ᠭᠠᠷᠤᠭᠰᠠᠨ᠂ ᠭᠡᠳᠤᠷᠭᠡᠢ ᠶᠠᠳᠠᠷᠠᠭᠰᠠᠨ᠂ ᠬᠠᠮᠠᠭᠤ ᠭᠠᠷᠤᠭᠰᠠᠨ᠂ ᠤᠳᠠᠭᠠᠨ ᠬᠤᠭᠤᠴᠠᠭ᠎ᠠ ᠪᠠᠷ ᠭᠡᠪᠳᠡᠵᠤ ᠬᠦᠳᠡᠯᠭᠡᠭᠡᠨ ᠬᠢᠭᠰᠡᠨ ᠦᠭᠡᠢ ᠵᠡᠷᠭᠡ  ᠠᠴᠠ ᠪᠤᠯᠵᠤ ᠠᠮᠠᠷᠬᠠᠨ ᠬᠦᠯᠳᠡᠵᠤ ᠰᠢᠷᠬᠠᠳᠤᠳᠠᠭ᠃ ᠭᠡᠷ ᠤᠨ ᠲᠡᠵᠢᠭᠡᠪᠤᠷᠢ ᠶᠢᠨ ᠬᠦᠯᠳᠡᠵᠤ ᠰᠢᠷᠬᠠᠳᠤᠬᠤ ᠶᠢ ᠰᠡᠷᠭᠡᠶᠢᠯᠡᠨ ᠵᠠᠰᠠᠬᠤ ᠳᠤ ᠰᠡᠷᠭᠡᠶᠢᠯᠡᠬᠦ ᠪᠠᠷ ᠭᠤᠤᠯ ᠪᠤᠯᠭᠠᠨ᠎ᠠ᠃ ᠤᠷᠢᠳᠴᠢᠯᠠᠨ ᠰᠡᠷᠭᠡᠶᠢᠯᠡᠬᠦ ᠠᠷᠭ᠎ᠠ ᠭᠡᠮᠵᠢᠶ᠎ᠡ ᠠᠪᠴᠤ᠂ ᠬᠦᠯᠳᠡᠵᠤ ᠰᠢᠷᠬᠠᠳᠤᠭᠰᠠᠨ ᠪᠤᠯ ᠪᠦᠳᠤᠮᠵᠢᠳᠡᠢ ᠵᠠᠰᠠᠬᠤ ᠠᠷᠭ᠎ᠠ ᠠᠪᠤᠪᠠᠯ ᠵᠤᠬᠢᠨ᠎ᠠ᠃    ᠨᠢᠭᠡ᠂ ᠠᠷᠠᠴᠢᠯᠠᠭ᠎ᠠ ᠬᠠᠮᠢᠶᠠᠷᠤᠯᠳᠠ ᠪᠠᠨ ᠴᠢᠩᠭᠠᠳᠬᠠᠨ᠎ᠠ᠃ ᠢᠯᠠᠩᠭᠤᠶ᠎ᠠ ᠨᠠᠰᠤ ᠪᠠᠭ᠎ᠠ᠂ ᠶᠠᠳᠠᠷ ᠲᠤᠷᠤᠢ᠂ ᠬᠦᠭᠰᠢᠷᠡᠭᠰᠡᠨ ᠭᠡᠷ ᠤᠨ ᠲᠡᠵᠢᠭᠡᠪᠤᠷᠢ ᠶᠢᠨ ᠬᠤᠷᠤᠭ᠎ᠠ ᠬᠠᠰᠢᠶ᠎ᠠ ᠶᠢ ᠲᠤᠯᠠᠭᠠᠨ ᠪᠠᠶᠢᠯᠭᠠᠵᠤ᠂ ᠬᠠᠭᠤᠷᠠᠢ᠂ ᠠᠷᠢᠭᠤᠨ ᠴᠡᠪᠡᠷ ᠪᠠᠶᠢᠬᠤ ᠶᠢ ᠪᠠᠳᠤᠯᠠᠨ᠎ᠠ᠃ ᠮᠠᠯ ᠲᠡᠵᠢᠭᠡᠪᠤᠷᠢ ᠶᠢᠨ ᠪᠡᠶ᠎ᠡ ᠶᠢ ᠦᠷᠬᠦᠯᠵᠢ ᠱᠤᠸᠠᠵᠠᠳᠠᠨ᠂ ᠠᠷᠠᠰᠤᠨ ᠤ ᠬᠢᠯᠭᠠᠰᠤᠨ ᠴᠢᠰᠤᠨ ᠰᠤᠳᠠᠯ ᠤᠨ ᠰᠤᠯᠢᠯᠴᠠᠭ᠎ᠠ ᠶᠢ ᠠᠬᠢᠭᠤᠯᠤᠨ᠎ᠠ᠃ ᠲᠤᠩᠭᠠᠯᠠᠭ ᠲᠤᠯᠠᠭᠠᠨ ᠡᠳᠤᠷ ᠮᠠᠯ ᠲᠠᠵᠢᠭᠡᠪᠤᠷᠢ ᠶᠢ ᠬᠤᠷᠤᠭ᠎ᠠ ᠬᠠᠰᠢᠶᠠᠨ ᠠᠴᠠ ᠨᠢ ᠭᠠᠷᠭᠠᠵᠤ ᠨᠠᠷᠠ ᠦᠵᠡᠬᠦᠯᠤᠨ᠎ᠠ᠃ ᠢᠡᠭᠬᠢᠪᠡᠯ ᠬᠦᠯᠳᠡᠵᠤ ᠰᠢᠷᠬᠠᠳᠤᠬᠤ ᠠᠴᠠ ᠰᠡᠷᠭᠡᠶᠢᠯᠡᠵᠤ ᠲᠡᠶᠢᠯᠤᠨ᠎ᠡ᠃    ᠬᠤᠶᠠᠷ᠂ ᠬᠦᠯᠳᠡᠵᠤ ᠰᠢᠷᠬᠠᠳᠤᠭᠰᠠᠨ ᠪᠠᠶᠢᠪᠠᠯ ᠰᠢᠷᠬᠠᠳᠤᠭᠰᠠᠨ ᠭᠡᠰᠡᠭ ᠢ ᠨᠢ ᠴᠠᠭ ᠲᠤᠬᠠᠢ ᠳᠤ ᠨᠢ 25 ᠭᠷᠡᠳᠦ᠋ᠰ ᠤᠨ ᠤᠰᠤᠨ ᠳᠤ ᠲᠡᠪᠳᠤᠭᠡᠵᠤ᠂ ᠬᠠᠭᠠᠰ ᠴᠠᠭ ᠤᠨ ᠲᠠᠷᠠᠭ᠎ᠠ ᠠᠭᠠᠵᠢᠮ ᠢᠶᠠᠷ ᠤᠰᠤᠨ ᠤ ᠲᠤᠯᠠᠭᠠᠨ ᠢ 40 ᠭᠷᠡᠳᠦ᠋ᠰ ᠤᠷᠴᠢᠮ ᠬᠦᠷᠳᠡᠯ᠎ᠠ ᠬᠠᠯᠠᠭᠠᠵᠤ᠂ ᠭᠦᠯᠳᠡᠵᠤ ᠰᠢᠷᠬᠠᠳᠤᠭᠰᠠᠨ ᠭᠡᠰᠡᠭ ᠢ ᠨᠢ ᠤᠬᠢᠶᠠᠨ᠎ᠠ᠃ ᠤᠬᠢᠶᠠᠬᠤ ᠦᠶᠡᠰ᠂ ᠤᠰᠤᠨ ᠳᠤ ᠪᠠᠨ ᠪᠠᠭ᠎ᠠ ᠭᠡᠮᠵᠢᠶᠠᠨ ᠤ ᠲᠠᠭᠡᠳᠤ ᠮᠠᠩᠭᠠᠨ ᠬᠦᠴᠢᠯ ᠤᠨ ᠺᠠᠯᠢ ᠨᠡᠮᠡᠨ᠎ᠡ᠃ ᠡᠬᠦᠨ ᠤ ᠬᠠᠮᠳᠤ᠂ ᠰᠦᠯᠢᠶᠤᠤ ᠪᠡᠭᠡᠯᠡᠢ ᠵᠡᠬᠦᠵᠤ ᠬᠦᠯᠳᠡᠵᠤ ᠰᠢᠷᠬᠠᠳᠤᠭᠰᠠᠨ ᠭᠡᠰᠡᠭ ᠢ ᠨᠢ ᠢᠯᠢᠵᠤ᠂ ᠨᠡᠭᠡᠳᠡᠰᠤ ᠶᠢ ᠨᠢ ᠵᠦᠭᠡᠯᠡᠷᠡᠬᠦᠯᠤᠨ ᠲᠤᠳᠤᠭᠠᠳᠤ ᠰᠤᠯᠢᠯᠴᠠᠭ᠎ᠠ ᠨᠢ ᠰᠡᠷᠬᠦᠭᠰᠡᠨ ᠤ ᠲᠠᠷᠠᠭ᠎ᠠ ᠰᠠᠶ᠋ᠢ ᠪᠦᠯᠢᠶᠡᠨ ᠤᠰᠤ ᠪᠠᠷ ᠤᠬᠢᠶᠠᠬᠤ ᠪᠠ ᠢᠯᠢᠬᠦ ᠪᠠᠨ ᠵᠤᠭᠰᠤᠨ᠎ᠠ᠃    ᠭᠤᠷᠪᠠ᠂ ᠬᠦᠯᠳᠡᠵᠤ ᠰᠢᠷᠬᠠᠳᠤᠭᠰᠠᠨ ᠨᠢ ᠬᠦᠡᠭᠭᠡᠨ ᠪᠤᠯ ᠢᠺᠲ᠋ᠤᠯᠢᠯ ᠭᠠᠪᠤᠷ  ᠤᠨ  ᠰᠢᠬᠠᠭᠤᠷ  ᠡᠮ  ᠢ ᠲᠦᠷᠬᠢᠵᠤ᠂ ᠲᠠᠷᠠᠭ᠎ᠠ ᠨᠢ ᠢᠤᠳ᠋ᠳᠤ ᠠᠮᠳᠠᠯᠢᠭ ᠲᠤᠰᠤ ᠶᠢᠨ ᠨᠡᠶᠢᠯᠠᠮᠠᠯ ᠡᠮ ᠪᠤᠶᠤ ᠭᠠᠪᠤᠷ ᠤᠨ ᠲᠤᠰᠤ ᠲᠦᠷᠬᠢᠵᠤ ᠪᠤᠯᠤᠨ᠎ᠠ᠃    ᠲᠦᠷᠪᠡ᠂ ᠨᠡᠯᠢᠶᠡᠳ ᠬᠦᠨᠳᠤ ᠬᠦᠯᠳᠡᠵᠤ ᠰᠢᠷᠬᠠᠳᠤᠭᠰᠠᠨ ᠪᠤᠯᠪᠠᠰᠤ ᠠᠷᠠᠰᠤ ᠨᠢ ᠭᠡᠮᠳᠦᠭᠰᠡᠨ ᠦᠭᠡᠢ᠂ ᠬᠠᠪᠤᠳᠤᠭᠰᠠᠨ ᠰᠢᠷᠬ᠎ᠠ ᠶᠢ ᠪᠤᠯ ᠵᠤᠬᠢᠬᠤ ᠭᠡᠮᠵᠢᠶᠠᠨ ᠤ ᠬᠠᠰᠢ ᠶᠢᠨ ᠰᠦᠷᠡᠯ᠂ ᠲᠡᠮᠡᠬᠢᠨ ᠰᠦᠷᠡᠯ ᠪᠤᠶᠤ ᠯᠠᠵᠤᠤ ᠶᠢᠨ ᠰᠦᠷᠡᠯ ᠢ ᠤᠰᠤᠨ ᠳᠤ ᠴᠢᠨᠠᠵᠤ᠂ ᠬᠦᠯᠳᠡᠵᠤ ᠰᠢᠷᠬᠠᠳᠤᠭᠰᠠᠨ ᠭᠡᠰᠡᠭ ᠢ ᠨᠢ ᠤᠬᠢᠶᠠᠨ᠎ᠠ᠃    ᠲᠠᠪᠤ᠂ ᠲᠡᠮᠡᠭᠡᠯᠵᠢᠭᠡᠨ᠎ᠡ ᠶᠢᠨ ᠰᠢᠬᠦᠰᠤ ᠶᠢ ᠬᠦᠯᠳᠡᠵᠤ ᠰᠢᠷᠬᠠᠳᠤᠭᠰᠠᠨ ᠭᠡᠰᠡᠭ ᠲᠤ ᠨᠢ ᠲᠦᠷᠬᠢᠨ᠎ᠠ᠃
 
ᠢᠷᠡᠯᠲᠡ᠄ ᠤᠷᠳᠤᠰ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号