ᠮᠠᠯ ᠤᠨ ᠲᠥᠷᠥᠯ᠂ ᠨᠠᠰᠤ᠂ ᠦᠢᠯᠡᠳᠪᠥᠷᠢᠯᠡᠯ ᠤᠨ ᠴᠢᠳᠠᠪᠤᠷᠢ᠂ ᠲᠡᠵᠢᠭᠡᠯ ᠪᠤᠷᠳᠤᠭᠠᠨ ᠤ ᠪᠥᠷᠢᠯᠳᠥᠭᠦᠨ᠂ | ᠭᠠᠳᠠᠭᠠᠳᠤ ᠤᠷᠴᠢᠨ ᠤ ᠠᠭᠤᠷ ᠠᠮᠢᠰᠬᠤᠯ ᠵᠡᠷᠭᠡ ᠠᠳᠠᠯᠢ ᠪᠤᠰᠤ ᠨᠥᠬᠦᠴᠡᠯ ᠠᠴᠠ ᠪᠤᠯᠵᠤ᠂ ᠡᠯ᠎ᠡ ᠲᠥᠷᠥᠯ ᠤᠨ | ᠮᠠᠯ ᠤᠨ ᠤᠰᠤ ᠬᠡᠷᠡᠭᠰᠡᠬᠦ ᠬᠡᠮᠵᠢᠶ᠎ᠡ ᠶᠡᠭᠡ ᠵᠥᠷᠢᠶ᠎ᠡ ᠲᠠᠢ ᠪᠠᠶᠢᠳᠠᠭ᠃ ᠨᠢᠯᠬ᠎ᠠ ᠮᠠᠯ ᠤᠨ ᠤᠰᠤ ᠬᠡᠷᠡᠭᠰᠡᠬᠦ ᠬᠡᠮᠵᠢᠶ᠎ᠡ | ᠨᠢ ᠨᠠᠰᠤ ᠭᠦᠢᠴᠡᠭᠰᠡᠨ ᠮᠠᠯ ᠠᠴᠠ ᠢᠯᠡᠭᠦᠦ᠂ ᠰᠥ᠋ ᠱᠥᠭᠦᠷᠡᠭᠦᠯᠬᠦ ᠮᠠᠯ ᠤᠨ ᠬᠢᠨᠢ ᠲᠠᠷᠭᠤᠯᠠᠭᠤᠯᠬᠤ ᠮᠠᠯ ᠠᠴᠠ | ᠢᠯᠡᠭᠦᠦ᠂ ᠬᠦᠨᠳᠦ ᠡᠳ᠋ᠯᠡᠭᠡᠨ ᠤ ᠮᠠᠯ ᠤᠨ ᠬᠢᠨᠢ ᠬᠥᠩᠭᠡᠨ ᠡᠳ᠋ᠯᠡᠭᠡᠨ ᠤ ᠮᠠᠯ ᠠᠴᠠ ᠢᠯᠡᠭᠦᠦ ᠪᠠᠶᠢᠳᠠᠭ᠃ ᠲᠡᠵᠢᠭᠡᠯ | ᠪᠤᠷᠳᠤᠭᠠᠨ ᠤ ᠲᠤᠳᠤᠷ᠎ᠠ ᠪᠥᠳᠥᠭᠦᠯᠢᠭ ᠪᠤᠷᠳᠤᠭ᠎ᠠ ᠪᠠ ᠤᠭᠤᠷᠠᠭᠳᠤ ᠪᠤᠷᠳᠤᠭ᠎ᠠ ᠶᠢᠨ ᠬᠠᠷᠢᠴᠠᠯ ᠨᠢ ᠢᠯᠡᠭᠦᠦ ᠪᠠᠶᠢᠪᠠᠯ | ᠮᠠᠯ ᠤᠨ ᠤᠰᠤ ᠬᠡᠷᠡᠭᠰᠡᠬᠦ ᠬᠡᠮᠵᠢᠶ᠎ᠡ ᠨᠢ ᠪᠠᠰᠠ ᠢᠯᠡᠭᠦᠦ ᠪᠤᠯᠳᠠᠭ᠂ ᠵᠤᠨ ᠤ ᠤᠯᠠᠷᠢᠯ ᠳᠤ ᠮᠠᠯ ᠤᠨ ᠤᠰᠤ ᠬᠡᠷᠡᠭᠰᠡᠬᠦ | ᠬᠡᠮᠵᠢᠶ᠎ᠡ ᠨᠢ ᠡᠪᠦᠯ ᠤᠨ ᠤᠯᠠᠷᠢᠯ ᠠᠴᠠ ᠢᠯᠡᠭᠦᠦ ᠪᠠᠶᠢᠳᠠᠭ᠃ ᠠᠮᠢᠳᠠᠨ ᠤ ᠤᠰᠤᠨ ᠤ ᠲᠡᠩᠴᠡᠭᠦᠷᠢ ᠶᠢᠨ | ᠲᠤᠷᠰᠢᠯᠳᠠ ᠪᠠᠷ ᠳᠠᠮᠵᠢᠨ ᠤᠰᠤ ᠬᠡᠷᠡᠭᠰᠡᠬᠦ ᠬᠡᠮᠵᠢᠶ᠎ᠡ ᠶᠢ ᠪᠠᠷᠤᠭᠴᠠᠭᠠᠯᠠᠬᠤ ᠨᠡᠯᠢᠶᠡᠳ ᠲᠤᠬᠢᠷᠠᠮᠵᠢᠳᠠᠢ ᠠᠷᠭ᠎ᠠ ᠨᠢ | ᠭᠡᠪᠡᠯ ᠳᠠᠷᠤᠢ ᠪᠡᠶ᠎ᠡ ᠶᠢᠨ ᠢᠯᠴᠢ ᠭᠠᠷᠬᠤ ᠬᠡᠮᠵᠢᠶ᠎ᠡ ᠪᠠᠷ ᠤᠯᠤᠨ᠎ᠠ᠃ ᠥᠭᠡᠷ᠎ᠡ ᠪᠠᠷ ᠬᠡᠯᠡᠪᠡᠯ᠂ ᠨᠢᠭᠡ ᠺᠢᠯᠤᠺᠠᠯᠤᠷᠢ | ᠢᠯᠴᠢ ᠭᠠᠷᠭᠠᠬᠤ ᠪᠦᠷᠢ ᠨᠢᠭᠡ ᠮᠢᠯᠢᠯᠢᠳ᠋ᠷ ᠤᠰᠤ ᠬᠡᠷᠡᠭᠰᠡᠬᠦ ᠪᠠᠷ ᠪᠤᠳᠤᠨ᠎ᠠ᠃ ᠪᠤᠳᠠᠳᠠᠢ ᠦᠢᠯᠡᠳᠪᠦᠷᠢᠯᠡᠯ ᠤᠨ | ᠦᠢᠯᠡᠳᠦᠯᠭᠡ ᠳᠤ ᠶᠡᠷᠦ ᠳᠡᠭᠡᠨ ᠮᠠᠯ ᠤᠨ ᠤᠰᠤ ᠬᠡᠷᠡᠭᠰᠡᠬᠦ ᠬᠡᠮᠵᠢᠶ᠎ᠡ ᠶᠢ ᠥᠷᠭᠦᠯᠵᠢ ᠢᠳᠡᠵᠤ ᠪᠠᠶᠢᠭ᠎ᠠ ᠪᠤᠷᠳᠤᠭᠠᠨ ᠤ | ᠬᠠᠭᠤᠷᠠᠢ ᠪᠤᠳᠠᠰ ᠤᠨ ᠬᠡᠮᠵᠢᠶ᠎ᠡ ᠪᠠᠷ ᠨᠢ ᠪᠠᠷᠤᠭᠴᠠᠭᠠᠯᠠᠨᠠ᠃ ᠡᠯ᠎ᠡ ᠲᠥᠷᠥᠯ ᠤᠨ ᠮᠠᠯ ᠵᠢᠭᠦᠷᠳᠡᠨ ᠤ ᠺᠢᠯᠤᠭ᠍ᠷᠠᠮ ᠪᠥᠷᠢ | ᠪᠤᠷᠳᠤᠭᠠᠨ ᠤ ᠲᠤᠮᠳᠠᠴᠢ ᠪᠠᠷ ᠤᠰᠤ ᠬᠡᠷᠡᠭᠰᠡᠬᠦ ᠬᠡᠮᠵᠢᠶ᠎ᠡ ᠨᠢ᠄ ᠥᠬᠡᠷ 4 — 6 ᠺᠢᠯᠤᠭ᠍ᠷᠠᠮ ᠬᠤᠨᠢ 2 — 3 | ᠺᠢᠯᠤᠭ᠍ᠷᠠᠮ ᠠᠳᠤᠭᠤ 2 — 3 ᠺᠢᠯᠤᠭ᠍ᠷᠠᠮ ᠭᠠᠭ᠋ᠠᠢ 6 — 8 ᠺᠢᠯᠤᠭ᠍ᠷᠠᠮ ᠡᠯ᠎ᠡ ᠲᠥᠷᠥᠯ ᠤᠨ ᠮᠠᠯ ᠤᠨ ᠡᠳᠥᠷ | ᠪᠥᠷ ᠶᠢᠨ ᠬᠡᠷᠡᠭᠰᠡᠬᠦ ᠬᠡᠮᠵᠢᠶ᠎ᠡ ᠨᠢ᠄ ᠠᠳᠤᠭᠤ 35 — 40 ᠯᠢᠳ᠋ᠷ ᠥᠬᠡᠷ 40 — 50 ᠯᠢᠳ᠋ᠷ ᠬᠤᠨᠢ 4 | — 5 ᠯᠢᠳ᠋ᠷ ᠭᠠᠭ᠋ᠠᠢ 10 — 15 ᠯᠢᠳ᠋ᠷ | | |