ᠬᠠᠯᠳᠠᠪᠤᠷᠢᠳᠤ ᠴᠢᠨᠠᠷᠳᠠᠢ ᠢᠳᠡᠭᠡᠳᠤ ᠴᠥᠪᠥᠷᠢᠭᠦᠦ ᠶᠢᠨ ᠸᠢᠷᠥ᠋ᠰ ᠬᠠᠯᠳᠠᠪᠤᠷᠢᠯᠠᠭᠰᠠᠨ ᠠᠴᠠ ᠡᠭᠦᠰᠥᠭᠰᠡᠨ | ᠬᠤᠷᠠᠭᠠᠨ ᠤ ᠠᠮᠠᠨ ᠪᠥᠷᠬᠦᠪᠴᠢ ᠶᠢᠨ ᠥᠷᠪᠢᠰᠥᠯ ᠢ ᠠᠮᠠᠷᠠᠤ ᠭᠡᠳᠡᠭ᠃ ᠰᠥᠷᠥᠭ ᠢᠶᠠᠷ ᠡᠭᠦᠰᠬᠦ ᠨᠢ ᠤᠯᠠᠨ᠂ | ᠢᠳᠡᠰᠢᠯᠡᠬᠦ ᠶᠢ ᠨᠥᠯᠥᠭᠡᠯᠡᠵᠤ᠂ ᠬᠤᠷᠠᠭᠠᠨ ᠤ ᠥᠰᠥᠨ ᠪᠤᠶᠢᠵᠢᠯᠳᠠ ᠶᠢ ᠬᠥᠨᠳᠤ ᠨᠤᠴᠢᠳᠠᠢ ᠬᠠᠷᠰᠢᠯᠠᠳᠠᠭ᠃ ᠬᠦᠨᠳᠦ | ᠰᠢᠭ ᠨᠢ ᠪᠠᠰᠠ ᠥᠬᠦᠳᠡᠭ᠃ ᠲᠤᠰ ᠸᠢᠷᠥ᠋ᠰ ᠨᠢ ᠤᠷᠴᠢᠨ ᠲᠤᠭᠤᠷᠢᠨ ᠳᠤ ᠨᠡᠯᠢᠶᠡᠳ ᠴᠢᠩᠭ᠎ᠠ ᠡᠰᠡᠷᠭᠦᠴᠡᠬᠦ | ᠴᠢᠳᠠᠯ ᠲᠠᠢ᠃ ᠳᠠᠪᠤᠭᠠᠰᠤᠨ ᠲᠤᠳᠤᠷᠠᠬᠢ ᠸᠢᠷᠥ᠋ᠰ ᠢ ᠵᠤᠨ ᠤ ᠨᠠᠷᠠᠨ ᠳᠤ 30~60 ᠡᠳᠥᠷ ᠢᠯᠡ ᠲᠠᠯᠪᠢᠪᠠᠯ | ᠰᠠᠶ᠋ᠢ ᠬᠠᠯᠳᠠᠪᠤᠷᠢᠯᠠᠬᠤ ᠴᠢᠨᠠᠷ ᠢᠶᠠᠨ ᠠᠯᠳᠠᠳᠠᠭ᠃ ᠲᠤᠰ ᠸᠢᠷᠥ᠋ᠰ ᠭᠠᠵᠠᠷ ᠤᠨ ᠭᠠᠳᠠᠷᠭᠤ ᠳᠡᠭᠡᠷ᠎ᠡ ᠡᠪᠦᠯᠵᠢᠭᠡᠳ᠂ | ᠳᠠᠷᠠᠭ᠎ᠠ ᠬᠠᠪᠤᠷ ᠲᠤᠨᠢ ᠮᠥᠨ ᠬᠠᠯᠳᠠᠪᠤᠷᠢᠯᠠᠬᠤ ᠴᠢᠨᠠᠷ ᠲᠠᠢ ᠪᠠᠶᠢᠳᠠᠭ᠃ ᠡᠶᠢᠮᠤ ᠠᠴᠠ ᠵᠢᠯ ᠳᠠᠷᠠᠭᠠᠯᠠᠨ ᠬᠢᠯᠪᠠᠷᠬᠠᠨ | ᠡᠭᠦᠰᠴᠤ᠂ ᠬᠥᠨᠳᠤ ᠶᠡᠭᠡ ᠬᠤᠬᠢᠷᠠᠯ ᠠᠪᠴᠢᠷᠠᠳᠠᠭ᠃ ︹ ᠡᠪᠡᠳᠴᠢᠨ ᠤ ᠪᠠᠶᠢᠳᠠᠯ ︺ ᠨᠢᠭᠤᠭᠳᠠᠮᠠᠯ | ᠬᠤᠭᠤᠴᠠᠭ᠎ᠠ ᠨᠢ 4~7 ᠡᠳᠥᠷ᠂ ᠬᠠᠯᠳᠠᠪᠤᠷᠢᠯᠠᠬᠤ ᠨᠢ ᠲᠥᠷᠭᠡᠨ᠃ ᠬᠡᠮᠨᠡᠭᠰᠡᠨ ᠬᠤᠷᠠᠭᠠᠨ ᠤ ᠵᠠᠪᠠᠵᠢ᠂ | ᠤᠷᠤᠭᠤᠯ ᠤᠨ ᠭᠠᠳᠠᠷᠭᠤ ᠪᠤᠯᠤᠨ ᠬᠠᠮᠠᠷ ᠤᠨ ᠲᠤᠯᠢ ᠲᠡᠭᠡᠷ᠎ᠡ ᠤᠷᠢᠳ ᠢᠶᠠᠷ ᠴᠥᠪᠥᠷᠢᠭᠦᠦ ᠶᠢᠨ ᠬᠡᠯᠪᠡᠷᠢᠳᠡᠢ ᠵᠢᠵᠢᠭ | ᠤᠯᠠᠭᠠᠨ ᠲᠤᠯᠪᠤ ᠭᠠᠷᠴᠤ᠂ ᠤᠳᠠᠯ ᠦᠭᠡᠢ ᠤᠰᠤᠨ ᠴᠥᠪᠥᠷᠢᠭᠦᠦ᠂ ᠢᠳᠡᠭᠡᠳᠤ ᠴᠥᠪᠥᠷᠢᠭᠦᠥ ᠪᠤᠢ ᠪᠤᠯᠳᠠᠭ᠃ | ᠵᠠᠯᠭᠠᠭᠠᠳ ᠢᠳᠡᠭᠡᠳᠤ ᠴᠥᠪᠥᠷᠢᠭᠦᠥ ᠬᠠᠭᠠᠷᠠᠵᠤ ᠢᠯᠪᠤᠷᠠᠬᠤ ᠶᠢ ᠳᠠᠭᠠᠯᠳᠤᠨ ᠰᠢᠷ᠎ᠠ ᠬᠥᠷᠡᠩ ᠥᠩᠭᠡᠳᠡᠢ ᠳᠠᠪᠤᠭᠠᠰᠤ | ᠪᠤᠯᠤᠨ ᠬᠤᠪᠢᠷᠠᠳᠠᠭ᠃ ᠬᠦᠩᠭᠡᠨ ᠰᠢᠭ ᠪᠤᠯ ᠳᠠᠪᠤᠭᠠᠰᠤ ᠨᠢ ᠥᠷᠭᠡᠵᠢᠨ ᠵᠤᠵᠠᠭᠠᠷᠠᠵᠤ ᠬᠠᠳᠠᠭᠠᠳ ᠬᠤᠭᠵᠢᠷᠠᠨ | ᠤᠨᠠᠵᠤ᠂ 1~2 ᠭᠠᠷᠠᠭ ᠤᠨ ᠳᠠᠷᠠᠭ᠎ᠠ ᠠᠶᠠᠨᠳᠠᠭᠠᠨ ᠡᠳᠡᠭᠡᠷᠡᠳᠡᠭ᠃ ᠬᠥᠨᠳᠤ ᠬᠡᠮᠨᠡᠭᠰᠡᠨ ᠬᠤᠷᠠᠭᠠᠨ ᠤ ᠢᠳᠡᠭᠡᠳᠤ | ᠴᠥᠪᠥᠷᠢᠭᠦᠦ ᠨᠢ ᠬᠠᠭᠠᠷᠠᠵᠤ ᠢᠯᠪᠤᠷᠠᠭᠰᠠᠨ ᠤ ᠳᠠᠷᠠᠭ᠎ᠠ ᠬᠠᠷᠢᠯᠴᠠᠨ ᠵᠠᠯᠭᠠᠯᠳᠤᠵᠤ᠂ ᠳᠡᠭᠡᠷ᠎ᠡ ᠳᠤᠤᠷ᠎ᠠ ᠤᠷᠤᠭᠤᠯ᠂ | ᠬᠠᠮᠠᠷ ᠤᠨ ᠲᠤᠯᠢ ᠶᠢᠨ ᠭᠠᠳᠠᠷᠭᠤ ᠠᠴᠠ ᠨᠢᠳᠦᠨ ᠤ ᠠᠨᠢᠰᠬ᠎ᠠ᠂ ᠴᠢᠬᠢᠨ ᠤ ᠭᠠᠳᠠᠷᠭᠤ ᠬᠦᠷᠳᠡᠯ᠎ᠡ ᠬᠠᠯᠳᠠᠪᠤᠷᠢᠯᠠᠳᠠᠭ᠃ | ᠢᠩᠬᠢᠭᠡᠳ ᠶᠡᠭᠡ ᠬᠡᠪᠴᠢᠶ᠎ᠡ ᠪᠠᠷ ᠠᠷᠰᠠᠶᠢᠵᠤ ᠤᠰᠤᠭᠰᠠᠨ᠂ ᠴᠢᠰᠤ ᠳᠠᠭᠠᠭᠠᠪᠤᠷᠢᠯᠠᠭᠰᠠᠨ ᠵᠤᠵᠠᠭᠠᠨ ᠬᠠᠳᠠᠭᠤᠯᠢᠭ | ᠳᠠᠪᠤᠭᠠᠰᠤ ᠪᠠ ᠬᠠᠪᠤᠳᠠᠷ ᠪᠤᠯᠳᠠᠭ᠃ ᠡᠪᠡᠳᠴᠢᠨ ᠨᠢ ᠬᠦᠨᠳᠦᠷᠡᠪᠡᠯ ᠤᠷᠤᠭᠤᠯ᠂ ᠬᠠᠮᠠᠷ ᠤᠨ ᠨᠥᠬᠡᠨ ᠤ ᠬᠠᠪᠢ ᠨᠢ | ᠪᠦᠬᠦᠨ ᠢᠶᠠᠷ ᠢᠶᠠᠨ ᠬᠠᠪᠤᠳᠴᠤ ᠭᠠᠳᠠᠭᠰᠢ ᠪᠠᠨ ᠤᠷᠪᠠᠶᠢᠬᠤ ᠮᠥᠷᠳᠡᠭᠡᠨ ᠭᠥᠵᠡᠯᠵᠡᠭᠡᠨᠡ ᠶᠢᠨ ᠬᠡᠯᠪᠡᠷᠢ ᠲᠠᠢ | ᠬᠦᠳᠦ᠋ᠢᠨ ᠭᠠᠷᠴᠤ᠂ ᠪᠤᠶᠢᠯᠠ ᠨᠢ ᠤᠯᠠᠶᠢᠨ ᠬᠠᠪᠤᠳᠴᠤ ᠢᠯᠪᠤᠷᠠᠨ᠂ ᠬᠤᠷᠠᠭ᠎ᠠ ᠬᠦᠬᠦᠬᠦ ᠪᠤᠶᠤ ᠡᠪᠡᠰᠦ ᠢᠳᠡᠬᠦ | ᠠᠷᠭ᠎ᠠ ᠦᠭᠡᠢ ᠪᠤᠯᠭᠠᠵᠤ᠂ ᠡᠳᠥᠷ ᠢᠷᠡᠬᠦᠶ᠎ᠡ ᠲᠤᠷᠠᠵᠤ ᠮᠠᠭᠤᠳᠠᠳᠠᠭ᠃ ᠬᠡᠷᠪᠡ ᠳᠠᠷᠦ᠋ᠢᠬᠠᠨ ᠡᠮᠨᠡᠨ ᠵᠠᠰᠠᠬᠤ ᠦᠭᠡᠢ | ᠪᠤᠯ ᠥᠯᠪᠡᠷᠥᠨ ᠥᠬᠦᠳᠡᠭ᠃ ᠬᠡᠮᠨᠡᠭᠰᠡᠨ ᠬᠤᠷᠠᠭ᠎ᠠ ᠡᠬᠡ ᠪᠠᠨ ᠬᠦᠬᠦᠬᠦ ᠦᠶᠡᠰ ᠲᠡᠭᠡᠨ ᠠᠮᠠᠷᠠᠤ ᠪᠠᠨ ᠡᠬᠡ ᠳᠡᠭᠡᠨ | ᠬᠠᠯᠳᠠᠪᠤᠷᠢᠯᠠᠳᠠᠭ ᠠᠴᠠ ᠬᠤᠨᠢᠨ ᠤ ᠬᠦᠬᠦᠨ ᠲᠤᠪᠴᠢ ᠳᠤ ᠡᠪᠡᠳᠴᠢᠨ ᠡᠭᠦᠰᠴᠦ᠂ ᠬᠠᠪᠤᠳᠴᠤ ᠡᠪᠡᠳᠬᠦ ᠲᠤᠯᠠ | ᠬᠤᠷᠠᠭ᠎ᠠ ᠪᠠᠨ ᠬᠦᠬᠦᠬᠦᠯᠵᠤ ᠴᠢᠳᠠᠬᠤ ᠦᠭᠡᠢ ᠪᠠᠶᠢᠳᠠᠭ᠃ ︹ ᠤᠷᠢᠳᠴᠢᠯᠠᠨ ᠰᠡᠷᠭᠡᠶᠢᠯᠡᠬᠦ ︺ ᠲᠤᠰ ᠡᠪᠡᠳᠴᠢᠨ | ᠭᠤᠤᠯᠳᠠᠭᠤ ᠰᠢᠷᠬᠠᠳᠤᠯ ᠠᠴᠠ ᠬᠠᠯᠳᠠᠪᠤᠷᠢᠯᠠᠳᠠᠭ᠃ ᠬᠤᠷᠠᠭᠠᠨ ᠤ ᠠᠮᠠᠨ ᠬᠦᠨᠳᠡᠢ ᠶᠢᠨ ᠰᠠᠯᠢᠰᠤᠳᠤ ᠪᠥᠷᠬᠦᠪᠴᠢ | ᠨᠢᠮᠬᠡᠨ ᠵᠥᠭᠡᠯᠡᠨ ᠲᠤᠯᠠ ᠴᠢᠳᠠᠬᠤ ᠶᠢᠨ ᠲᠤᠳᠤᠷ᠎ᠠ ᠤᠷᠤᠭᠤᠯ ᠤᠨ ᠠᠷᠠᠰᠤᠨ ᠤ ᠰᠠᠯᠢᠰᠤᠳᠤ ᠪᠥᠷᠬᠦᠪᠴᠢ ᠶᠢ ᠨᠢ | ᠭᠡᠮᠳᠥᠯ ᠳᠤ ᠤᠴᠠᠷᠠᠭᠤᠯᠬᠤ ᠠᠴᠠ ᠰᠡᠷᠭᠡᠶᠢᠯᠡᠬᠦ ᠬᠡᠷᠡᠭᠳᠡᠢ᠃ ᠲᠥᠯᠯᠡᠬᠦ ᠦᠶᠡᠰ ᠡᠮ᠎ᠡ ᠬᠤᠨᠢᠨ ᠤ ᠬᠦᠬᠦ ᠪᠤᠯᠤᠨ | ᠪᠡᠶ᠎ᠡ ᠶᠢᠨ ᠬᠤᠶᠢᠳᠤ ᠬᠡᠰᠡᠭ ᠲᠤ ᠨᠠᠭᠠᠯᠳᠤᠭᠰᠠᠨ ᠬᠤᠨᠢᠨ ᠵᠠᠩᠭᠤᠤ ᠵᠡᠷᠭᠡ ᠥᠷᠭᠡᠰᠤ ᠲᠠᠢ ᠪᠤᠳᠠᠰ ᠢ ᠠᠷᠢᠯᠭᠠᠨ | ᠬᠠᠶᠠᠵᠤ᠂ ᠰᠢᠷᠬᠠᠳᠤᠯ ᠢᠶᠠᠷ ᠬᠠᠯᠳᠠᠪᠤᠷᠢᠯᠠᠬᠤ ᠲᠤᠬᠢᠶᠠᠯ ᠢ ᠪᠠᠭᠠᠰᠬᠠᠨ᠎ᠠ᠃ ᠬᠤᠷᠠᠭ᠎ᠠ ᠶᠢ ᠡᠪᠡᠰᠥᠨ ᠪᠤᠷᠳᠤᠭ᠎ᠠ ᠪᠠᠷ | ᠲᠡᠵᠢᠭᠡᠬᠦ ᠳᠡᠭᠡᠨ ᠴᠠᠷᠭᠠᠰᠤ᠂ ᠬᠤᠩᠭᠤᠷᠴᠤᠭᠳᠤ ᠮᠤᠳᠤᠨ ᠤ ᠨᠠᠪᠴᠢ᠂ ᠬᠤᠸᠠᠱᠧᠩ ᠤᠨ ᠨᠠᠪᠴᠢ ᠵᠡᠷᠭᠡ ᠵᠥᠭᠡᠯᠡᠨ | ᠨᠢᠯᠵᠠᠷᠠᠢ ᠲᠡᠵᠢᠭᠡᠯ ᠪᠤᠷᠳᠤᠭ᠎ᠠ ᠶᠢ ᠰᠤᠩᠭᠤᠬᠤ ᠬᠡᠷᠡᠭᠳᠡᠢ᠃ ᠨᠠᠷᠢᠯᠢᠭ ᠪᠤᠷᠳᠤᠭ᠎ᠠ ᠪᠠᠷ ᠲᠡᠵᠢᠭᠡᠬᠦ ᠳᠡᠭᠡᠨ | ᠤᠷᠢᠳ ᠢᠶᠠᠷ ᠬᠡᠮᠬᠡᠯᠵᠤ᠂ ᠤᠰᠤᠨ ᠳᠤ ᠲᠡᠪᠳᠡᠭᠡᠨ ᠵᠥᠭᠡᠯᠡᠷᠡᠭᠦᠯᠥᠨᠡ᠃ ᠬᠠᠰᠢᠶ᠎ᠠ ᠰᠠᠷᠠᠪᠴᠢᠨ ᠲᠤᠳᠤᠷ᠎ᠠ | ᠥᠷᠭᠡᠰᠤ ᠲᠠᠢ ᠪᠠ ᠪᠥᠳᠦᠭᠦᠯᠢᠭ ᠬᠠᠳᠠᠭᠤ ᠡᠪᠡᠰᠤ ᠳᠡᠪᠢᠰᠴᠤ ᠪᠤᠯᠬᠤ ᠦᠭᠡᠢ᠃ ᠬᠡᠮᠨᠡᠭᠰᠡᠨ ᠬᠤᠷᠠᠭ᠎ᠠ ᠶᠢ | ᠲᠤᠰᠠᠭᠠᠷᠯᠠᠨ ᠲᠡᠵᠢᠭᠡᠵᠤ ᠠᠷᠠᠴᠢᠯᠠᠨ᠎ᠠ᠃ ᠬᠡᠮᠨᠡᠭᠰᠡᠨ ᠬᠤᠷᠠᠭᠠᠨ ᠳᠤ ᠬᠡᠷᠡᠭᠯᠡᠬᠦ ᠬᠠᠰᠢᠶ᠎ᠠ ᠰᠠᠷᠠᠪᠴᠢ᠂ ᠪᠠᠭᠠᠵᠢ | ᠬᠡᠷᠡᠭᠰᠡᠯ ᠢ 3% ᠶᠢᠨ ᠡᠪᠡᠰᠤ ᠮᠤᠳᠤᠨ ᠤ ᠥᠨᠡᠰᠦ᠂ 20% ᠶᠢᠨ ᠲᠥᠭᠦᠬᠡᠢ ᠴᠤᠬᠤᠢ ᠶᠢᠨ ᠴᠢᠢᠳᠡᠮᠡᠭ ᠪᠤᠶᠤ | 2% ᠤᠨ ᠤᠰᠤᠮᠠᠭᠳᠤ ᠨᠠᠳ᠋ᠷᠢ ᠪᠠᠷ ᠰᠥᠷᠴᠢᠨ ᠠᠷᠢᠭᠤᠳᠬᠠᠵᠤ ᠭᠡᠮ ᠬᠢᠵᠢᠭ ᠳᠡᠯᠭᠡᠷᠡᠬᠦ ᠠᠴᠠ ᠰᠡᠷᠭᠡᠶᠢᠯᠡᠨ᠎ᠡ ᠃ | ︹ ᠡᠮᠴᠢᠯᠡᠭᠡ ︺ ᠬᠥᠩᠭᠡᠨ ᠬᠡᠮᠨᠡᠭᠰᠡᠨ ᠬᠤᠷᠠᠭᠠᠨ ᠤ ᠡᠪᠡᠳᠴᠢᠳᠡᠢ ᠭᠡᠰᠡᠭ ᠢ 2%~3% ᠶᠢᠨ ᠯᠠᠶᠢᠰᠤᠷ ᠤᠨ | ᠠᠭᠤᠰᠤᠮᠠᠯ ᠢᠶᠠᠷ ᠣᠬᠢᠶᠠᠨ ᠠᠷᠢᠭᠤᠳᠬᠠᠵᠤ᠂ ᠬᠢᠮᠰᠠ ᠪᠠᠷ ᠳᠠᠪᠤᠭᠠᠰᠤ ᠶᠢ ᠨᠢ ᠠᠷᠢᠯᠭᠠᠭᠰᠠᠨ ᠤ ᠳᠠᠷᠠᠭ᠎ᠠ | 2%~3% ᠶᠢᠨ ᠢᠤᠳ᠋ ᠬᠠᠨᠳᠠ ᠳᠡᠭᠡᠷ᠎ᠡ ᠭᠯᠢᠼᠧᠷᠢᠨ ᠨᠡᠮᠡᠵᠤ ᠨᠠᠶᠢᠷᠠᠭᠤᠯᠤᠭᠰᠠᠨ ᠳ᠋ᠢᠶᠠᠨ ᠭᠠᠨ ᠶᠢᠤ ᠶᠢ | ᠡᠪᠡᠳᠴᠢᠳᠡᠢ ᠬᠡᠰᠡᠭ ᠲᠤ ᠳᠥᠷᠬᠢᠨᠡ᠃ ᠳᠤᠮᠳᠠ ᠬᠡᠮᠵᠢᠶ᠎ᠡ ᠪᠠᠷ ᠬᠡᠮᠨᠡᠭᠰᠡᠨ ᠬᠤᠨᠢᠨ ᠳᠤ ᠳᠡᠭᠡᠷ᠎ᠡ ᠳᠤᠷᠠᠳᠤᠭᠰᠠᠨ | ᠠᠷᠭ᠎ᠠ ᠶᠢ ᠬᠡᠷᠡᠭᠯᠡᠬᠦ ᠠᠴᠠ ᠭᠠᠳᠠᠨ᠎ᠠ᠂ ᠲᠠᠬᠢᠵᠤ ᠬᠡᠰᠡᠭᠳᠤ ᠬᠦᠬᠦᠷ ᠬᠦᠴᠢᠯ ᠤᠨ ᠵᠡᠰ ᠢᠶᠠᠷ ᠡᠪᠡᠳᠴᠢᠳᠡᠢ ᠬᠡᠰᠡᠭ ᠢ | ᠱᠥᠷᠭᠦᠭᠡᠨ ᠢᠳᠡᠭᠳᠡᠭᠦᠯᠵᠤ᠂ ᠳᠡᠭᠡᠷ᠎ᠡ ᠨᠢ ᠳ᠋ᠢᠶᠠᠨ ᠭᠠᠨ ᠶᠢᠤ ᠲᠥᠷᠬᠢᠨ᠎ᠡ᠃ ᠬᠥᠨᠳᠤ ᠬᠡᠮᠨᠡᠭᠰᠡᠨ ᠬᠤᠨᠢᠨ ᠤ ᠪᠤᠶᠢᠯᠠ | ᠵᠡᠷᠭᠡ ᠢᠯᠪᠤᠷᠠᠭᠰᠠᠨ ᠡᠪᠡᠳᠴᠢᠳᠡᠢ ᠬᠡᠰᠡᠭ ᠢ ᠮᠡᠰᠡ ᠵᠠᠰᠠᠯ ᠤᠨ ᠬᠠᠶᠢᠴᠢ ᠪᠠᠷ ᠠᠮᠢᠳᠤ ᠮᠢᠬᠠᠨ ᠳᠤᠨᠢ ᠬᠥᠷᠳᠡᠯ᠎ᠡ | ᠬᠠᠶᠢᠴᠢᠯᠠᠨ ᠬᠠᠶᠠᠵᠤ᠂ ᠳᠠᠠᠷᠠᠭᠠ ᠳᠤᠨᠢ ᠬᠦᠬᠦᠷ ᠬᠦᠴᠢᠯ ᠤᠨ ᠵᠡᠰ ᠢᠶᠠᠷ ᠢᠳᠡᠭᠳᠡᠭᠦᠯᠥᠭᠰᠡᠨ ᠤ ᠳᠠᠷᠠᠭ᠎ᠠ ᠳ᠋ᠢᠶᠠᠨ | ᠭᠠᠨ ᠲᠥᠷᠬᠢᠵᠤ ᠲᠠᠯᠪᠢᠪᠠᠯ ᠠᠭᠠᠵᠢᠮ ᠢᠶᠠᠷ ᠡᠳᠡᠭᠡᠷᠡᠳᠡᠭ᠃ | | |