ᠵᠢᠷᠠᠨ ᠬᠠᠶᠢᠯᠠᠰᠤ
ᠨᠡᠶᠢᠲᠡᠯᠡᠭᠰᠡᠨ ᠴᠠᠭ᠄
2018-07-26
           ᠵᠢᠷᠠᠨ ᠬᠠᠶᠢᠯᠠᠰᠤ     ᠵᠢᠷᠬᠠᠷᠠᠵᠦ ᠬᠠᠷᠠᠭᠳᠠᠳᠠᠭ ᠵᠢᠷᠠᠨ ᠬᠠᠶᠢᠯᠠᠰᠤ᠂     ᠵᠢᠯ ᠤᠨ ᠵᠢᠯ ᠢᠶᠠᠷ ᠭᠠᠩᠳᠠᠪᠠᠴᠤ ᠵᠢᠭᠳᠡ ᠵᠠᠩ ᠢᠶᠠᠷ ᠰᠢᠤ᠃     ᠠᠶᠢᠮᠠᠭ ᠨᠤᠳᠤᠭ ᠤᠷᠴᠢᠨ ᠲᠤᠭᠤᠷᠢᠨ ᠠᠮᠤᠷ ᠪᠠᠶᠢᠭᠰᠠᠨ ᠬᠤᠶᠢᠨ᠎ᠠ᠂     ᠠᠷᠢᠬᠢᠳᠠᠵᠦ ᠬᠠᠮᠳᠤ ᠪᠠᠷ ᠢᠶᠠᠨ ᠨᠠᠶᠢᠷᠯᠠᠨ ᠰᠠᠭᠤᠵᠠᠭᠠᠶ᠎ᠠ ᠳ᠋ᠤᠤ᠃     ᠠᠠᠳᠠ ᠲᠠᠬᠦᠰ ᠨᠦᠬᠦᠳ ᠮᠢᠨᠢ ᠠᠮᠦᠷ ᠰᠠᠶᠢᠬᠠᠨ ᠪᠠᠶᠢᠪᠠ ᠤᠤ᠂     ᠠᠯᠢᠮ᠎ᠠ ᠵᠢᠮᠢᠰ ᠤᠨ ᠦᠷ᠎ᠠ ᠠᠴᠠ ᠪᠠᠨ ᠵᠤᠭᠤᠭ ᠪᠠᠷᠢᠶ᠎ᠠ ᠳ᠋ᠤᠤ᠃     ᠠᠪᠤ ᠡᠵᠢ ᠶᠢᠨ ᠡᠨᠡᠷᠢᠯ ᠬᠠᠶᠢᠷ᠎ᠠ ᠠᠭᠤᠤ ᠵᠤᠵᠠᠭᠠᠨ ᠪᠠᠶᠢᠨ᠎ᠠ᠂     ᠠᠴᠢ ᠦᠷ᠎ᠠ ᠪᠢᠳᠠ ᠲᠠᠶᠠᠭᠠᠷ ᠬᠦᠭᠵᠢᠨ ᠠᠮᠤᠷ ᠰᠠᠶᠢᠨ᠃     ᠠᠬᠢᠰ ᠤᠨ ᠴᠡᠴᠡᠭ ᠲᠡᠯᠭᠡᠷᠡᠵᠦ ᠦᠩᠭᠡ ᠲᠦᠬᠦᠷᠠᠩ ᠪᠠᠶᠢᠨ᠎ᠠ᠂     ᠠᠮᠢᠯᠠᠯ ᠤᠨ ᠷᠠᠰᠢᠶᠠᠨ ᠪᠠᠭᠤᠭᠠᠳ ᠰᠠᠨᠠᠭ᠎ᠠ ᠲᠦᠬᠦᠷᠠᠩ ᠪᠠᠶᠢᠨ᠎ᠠ᠃     ᠠᠭᠤᠤ ᠦᠷᠭᠡᠨ ᠪᠠᠶᠠᠠᠳᠦ᠋ᠬᠦᠮ ᠠᠶᠢᠯ ᠢᠶᠠᠷ ᠲᠦᠬᠦᠷᠠᠩ ᠪᠠᠶᠢᠨ᠎ᠠ᠂     ᠠᠳᠤᠭᠤ ᠮᠠᠯ ᠠᠯᠠᠭᠰᠢᠵᠦ ᠪᠡᠯᠴᠢᠭᠡᠷ ᠲᠦᠬᠦᠷᠠᠩ ᠪᠠᠶᠢᠨ᠎ᠠ᠃     ᠠᠭᠤᠤ ᠰᠠᠶᠢᠬᠠᠨ ᠪᠠᠶᠢᠭᠤᠯᠤᠭᠰᠠᠨ ᠴᠠᠭᠠᠨ ᠭᠤᠤᠯ ᠤᠨ ᠭᠡᠶᠢᠳ᠂     ᠠᠪᠤᠷᠠᠭᠴᠢ ᠰᠠᠬᠢᠭᠤᠯᠰᠤᠨ ᠲᠤᠭᠰᠢᠨ ᠰᠢᠳᠦᠭᠡᠨ ᠲᠠᠢ᠃     ᠠᠭᠤᠤ ᠰᠠᠶᠢᠬᠠᠨ ᠪᠠᠶᠢᠭᠤᠯᠤᠭᠰᠠᠨ ᠴᠠᠭᠠᠨ ᠭᠤᠤᠯ ᠤᠨ ᠭᠡᠶᠢᠳ᠂     ᠠᠷᠪᠠᠨ ᠰᠠᠷ᠎ᠠ ᠶᠢᠨ ᠠᠷᠪᠠᠨ ᠲᠠᠪᠤᠨ ᠳᠤ ᠴᠠᠮ ᠲᠠᠢ ᠬᠤᠷᠠᠯ ᠲᠠᠢ᠃     ᠠᠭᠳᠠ ᠮᠤᠷᠢ ᠪᠠᠨ ᠪᠠᠷᠢᠵᠦ ᠢᠷᠡᠭᠡᠳ ᠰᠤᠶᠢᠵᠦ ᠬᠠᠭᠰᠠᠭᠠᠭᠠᠳ᠂     ᠠᠯᠤᠰ ᠬᠤᠯᠠ ᠨᠦᠬᠦᠳ ᠤᠨ ᠳᠤ ᠪᠠᠨ ᠬᠦᠶᠦᠯᠭᠡᠭᠡᠳ ᠬᠦᠷᠴᠡᠭᠡᠶ᠎ᠠ᠃     ︵ᠪᠠᠰᠨ᠄ ᠠᠴᠢ ᠦᠷ᠎ᠡ ᠪᠢᠳᠠ ᠳᠠᠶᠠᠭᠠᠷ ᠬᠦᠭᠵᠢᠨ ᠠᠮᠤᠷ ᠰᠠᠶᠢᠨ᠃︶     ᠠᠮᠳᠠᠳᠤ ᠰᠠᠶᠢᠬᠠᠨ ᠷᠠᠰᠢᠶᠠᠨ ᠬᠤᠷ᠎ᠠ ᠪᠠᠭᠤᠬᠤ ᠶᠢᠨ ᠦᠶ᠎ᠠ ᠳᠤ᠂     ᠠᠳᠤᠭᠤ ᠮᠠᠯ ᠢᠶᠠᠷ ᠠᠯᠠᠭᠰᠢᠵᠦ ᠰᠠᠶᠢᠬᠠᠨ ᠪᠠᠶᠢᠳᠠᠭ ᠰᠢᠤ᠃     ᠠᠯᠠᠭ ᠴᠡᠴᠡᠭ ᠲᠡᠯᠭᠡᠷᠡᠵᠦ ᠦᠩᠭᠡ ᠲᠦᠬᠦᠷᠠᠩ ᠪᠠᠶᠢᠨ᠎ᠠ᠂     ᠠᠶᠢᠯ ᠨᠤᠳᠤᠭ ᠪᠠᠶᠠᠨ ᠡᠯᠪᠡᠭ ᠰᠠᠨᠠᠭ᠎ᠠ ᠲᠦᠬᠦᠷᠠᠩ ᠪᠠᠶᠢᠨ᠎ᠠ᠃     ᠠᠯᠤᠰ ᠬᠤᠯᠠ ᠰᠦᠠᠳᠠᠷᠯᠡᠭᠴᠢ ᠬᠠᠯᠵᠠᠨ ᠬᠤᠷᠠᠬᠤ ᠰᠢᠤ᠂     ᠠᠷᠤ ᠦᠪᠤᠷ ᠬᠤᠶᠠᠷ ᠲᠠᠯ᠎ᠠ ᠳᠤ ᠪᠠᠨ ᠰᠢᠠᠵᠢ ᠲᠡᠬᠦᠰ ᠰᠢᠤ᠃     ᠠᠷᠤ ᠰᠢᠯᠢ ᠶᠢᠨ ᠡᠩᠭᠡᠷ ᠲᠠᠯ᠎ᠠ ᠶᠢ ᠠᠳᠤᠭᠤᠬᠠᠢ ᠭᠡᠳᠡᠭ ᠶᠤᠮ᠂     ᠠᠯᠢ ᠴᠦ ᠮᠠᠯ ᠢᠶᠠᠷ ᠠᠯᠠᠭᠰᠢᠵᠦ ᠠᠷᠪᠢᠨ ᠵᠤᠵᠠᠭᠠᠨ ᠪᠠᠶᠢᠨ᠎ᠠ᠃     ᠠᠷᠪᠠᠨ ᠰᠠᠷ᠎ᠠ ᠶᠢᠨ ᠠᠷᠪᠠᠨ ᠲᠠᠪᠤᠨ ᠴᠡᠮ ᠲᠠᠢ ᠬᠤᠷᠠᠯ ᠲᠠᠢ᠂     ᠠᠷᠪᠢᠨ ᠤᠯᠠᠨ ᠮᠦᠷᠬᠦᠯᠴᠢᠨ ᠨᠦᠭᠦᠳ ᠪᠠᠶᠠᠰᠬᠤᠯᠠᠩ ᠲᠠᠢ᠃     ᠠᠷᠬᠠᠰ ᠭᠡᠵᠦ ᠬᠠᠷᠠᠭᠳᠠᠳᠠᠭ ᠠᠪᠠ ᠬᠠᠨ ᠰᠢᠯᠢ ᠰᠢᠤ᠂     ᠠᠳᠤᠭᠤ ᠮᠠᠯ ᠢᠶᠠᠷ ᠦᠩᠰᠡᠭ ᠰᠠᠶᠢᠬᠠᠨ ᠭᠤᠷᠪᠠᠨ ᠪᠤᠯᠠᠭ ᠰᠢᠤ᠃     ᠡᠶᠢᠮᠦ ᠰᠠᠶᠢᠬᠠᠨ ᠨᠤᠳᠤᠭ ᠮᠢᠨᠢ ᠡᠷᠬᠢᠮ ᠪᠤᠯᠪᠠᠴᠤ᠂     ᠡᠳᠦᠭᠡᠬᠢ ᠰᠠᠮᠠᠭᠤᠨ ᠴᠠᠭ ᠤᠨ ᠡᠨᠡ ᠦᠶᠠᠰ ᠲᠤ᠃     ᠡᠶᠢᠮᠦ ᠰᠠᠶᠢᠬᠠᠨ ᠰᠢᠠᠵᠢ ᠲᠡᠬᠦᠰ ᠤᠷᠤᠨ ᠨᠤᠳᠤᠭ ᠢᠶᠠᠨ᠂     ᠡᠵᠡᠷᠭᠡᠭ ᠨᠤᠶᠠᠳ ᠢᠷᠭᠡᠨ ᠬᠢᠳᠠᠳ ᠲᠤ ᠦᠭᠴᠦ ᠠᠮᠠᠷᠠᠯ᠎ᠠ᠃     ᠡᠩᠭᠡᠷᠯᠡᠵᠦ ᠬᠠᠷᠠᠭᠳᠠᠳᠠᠭ ᠡᠷᠬᠢᠮ ᠲᠠᠯᠠᠢ ᠶᠠ᠂     ᠶᠡᠭᠡ ᠲᠦᠮᠠᠨ ᠤᠯᠠᠩᠬᠢ ᠳᠤ ᠪᠠᠨ ᠡᠵᠡᠨ ᠰᠦᠯᠳᠠ ᠶᠠ᠃     ᠡᠩᠭᠡᠷᠯᠡᠵᠦ ᠬᠠᠷᠠᠭᠳᠠᠭᠴᠢ ᠡᠷᠬᠢᠮ ᠲᠠᠯᠠᠢ ᠸᠠᠩ᠂     ᠶᠡᠭᠡ ᠲᠦᠮᠠᠨ ᠤᠯᠠᠨ ᠤ ᠪᠠᠨ ᠰᠠᠭᠤᠭᠰᠠᠨ ᠨᠤᠳᠤᠭ ᠰᠢᠤ᠃     ᠡᠮᠦᠨ᠎ᠠ ᠵᠦᠭ ᠲᠤ ᠦᠠᠳᠤᠷᠯᠡᠭᠴᠢ ᠡᠪᠦᠭᠡ ᠶᠢᠨ ᠨᠤᠳᠤᠭ ᠪᠠᠶᠢᠨ᠎ᠠ᠂     ᠡᠬᠦᠷᠢᠳᠠ ᠰᠢᠳᠤᠳᠡᠭ ᠪᠤᠭᠳᠠ ᠴᠢᠩᠬᠢᠰ ᠬᠠᠭᠠᠨ ᠰᠢᠤ᠃     ᠡᠮᠦᠨ᠎ᠠ ᠵᠦᠭ ᠲᠤ ᠬᠠᠷᠠᠭᠳᠠᠭᠴᠢ ᠦᠠᠳᠤᠷ ᠰᠢᠯᠢ ᠰᠢᠤ᠂     ᠦᠷᠬᠦᠯᠵᠢᠳᠠ ᠰᠦᠰᠦᠭᠯᠡᠳᠡᠭ ᠲᠡᠯᠭᠡᠷ ᠰᠢᠳᠦᠭᠡᠨ ᠲᠠᠢ᠃     ᠡᠮᠦᠨ᠎ᠠ ᠵᠦᠭ ᠲᠤ ᠪᠠᠨ ᠬᠠᠷᠠᠭᠳᠠᠳᠠᠭ ᠦᠠᠳᠤᠷ ᠠᠪᠠ ᠬᠠᠨ ᠤᠪᠤᠭ᠎ᠠ ᠰᠢᠤ᠂     ᠡᠷᠬᠢᠨ ᠲᠤᠭᠤᠷᠢᠨ ᠮᠠᠨᠠᠠᠳᠤᠭᠰᠠᠨ ᠰᠠᠶᠢᠬᠠᠨ ᠪᠡᠯᠴᠢᠭᠡᠷ ᠰᠢᠤ᠃     ᠡᠮᠦᠨ᠎ᠠ ᠵᠦᠭ ᠲᠤ ᠪᠠᠨ ᠬᠠᠷᠠᠭᠳᠠᠳᠠᠭ ᠠᠯᠳᠠ ᠶᠢᠨ ᠴᠠᠭᠠᠨ ᠭᠡᠷᠡᠮ ᠰᠢᠤ᠂     ᠦᠷᠬᠦᠯᠵᠢᠳᠠ ᠲᠡᠬᠢᠨ᠋ᠠᠳᠠᠳᠠᠭ ᠡᠪᠦᠭᠡ ᠲᠡᠭᠡᠳᠤᠰ ᠤᠨ ᠤᠩᠭᠤᠨ ᠰᠢᠤ᠃     ᠪᠠᠷᠠᠭᠤᠨ ᠵᠦᠭ ᠲᠤ ᠬᠠᠷᠠᠭᠳᠠᠳᠠᠭ ᠪᠠᠭ᠎ᠠ ᠰᠠᠰᠠ ᠰᠢᠤ᠂     ᠪᠠᠰᠠ ᠰᠠᠶᠢᠬᠠᠨ ᠤᠯᠠᠨ ᠮᠤᠳᠤ ᠤᠨᠢᠶᠠᠷ ᠲᠠᠢ ᠰᠢᠤ᠃     ᠪᠠᠷᠠᠭᠤᠨ ᠵᠦᠭ ᠲᠤ ᠬᠠᠷᠠᠭᠳᠠᠳᠠᠭ ᠬᠤᠶᠠᠷ ᠬᠤᠯᠪᠤᠭᠠᠯᠵᠢ᠂     ᠪᠠᠷᠠᠭᠤᠨ ᠰᠢᠯᠢ ᠶᠢᠨ ᠬᠠᠪᠢᠷᠭ᠎ᠠ ᠲᠡᠭᠡᠷ᠎ᠠ ᠪᠠᠨᠴᠢᠨ ᠰᠢᠳᠦᠭᠡᠨ ᠲᠠᠢ᠃     ᠪᠠᠷᠠᠭᠤᠠᠳᠠᠢ ᠵᠦᠭ ᠲᠤ ᠪᠠᠨ ᠬᠠᠷᠠᠭᠳᠠᠳᠠᠭ ᠪᠠᠯᠠᠷ ᠬᠦᠳᠡᠭᠡ ᠰᠢᠤ᠂     ᠪᠠᠳᠮ᠎ᠠ ᠴᠡᠴᠡᠭ ᠲᠡᠯᠭᠡᠷᠡᠭᠰᠡᠨ ᠰᠠᠶᠢᠬᠠᠨ ᠪᠡᠯᠴᠢᠭᠡᠷ ᠰᠢᠤ᠃     ᠪᠠᠷᠠᠭᠤᠠᠳᠠᠢ ᠵᠦᠭ ᠲᠤ ᠬᠠᠷᠠᠭᠳᠠᠳᠠᠭ ᠪᠠᠯᠵᠢ ᠶᠢᠨ ᠤᠷᠤᠢ ᠰᠢᠤ᠂     ᠪᠠᠭ᠎ᠠ ᠰᠠᠰᠠ ᠶᠡᠭᠡ ᠰᠠᠰᠠ ᠨᠠᠶᠢᠯᠠᠮᠠᠠᠵᠢᠨ ᠪᠠᠨᠴᠢᠨ ᠰᠢᠳᠦᠭᠡᠨ ᠲᠠᠢ ᠰᠢᠤ᠃     ᠬᠤᠶᠢᠳᠤ ᠵᠦᠭ ᠲᠤ ᠬᠠᠷᠠᠭᠳᠠᠭᠴᠢ ᠬᠤᠯᠪᠤᠭᠠᠯᠵᠢ ᠶᠢᠨ ᠤᠪᠤᠭ᠎ᠠ ᠰᠢᠤ᠂     ᠬᠤᠨᠤᠭ ᠤᠨ ᠮᠢᠨᠢ ᠡᠯᠪᠡᠭ ᠭᠡᠭᠴᠢ ᠬᠤᠶᠠᠷ ᠪᠤᠳᠤᠩ ᠰᠢᠤ᠃     ᠬᠤᠶᠢᠳᠤ ᠵᠦᠭ ᠲᠤ ᠬᠠᠷᠠᠭᠳᠠᠭᠴᠢ ᠬᠤᠶᠠᠷ ᠬᠤᠯᠪᠤᠭᠠᠯᠵᠢ᠂     ᠬᠤᠨᠳᠤᠯᠠᠢ ᠶᠢᠨ ᠰᠢᠯᠢ ᠶᠢᠨ ᠬᠠᠪᠢᠷᠭ᠎ᠠ ᠲᠡᠭᠡᠷ᠎ᠠ ᠪᠠᠨᠴᠢᠨ ᠰᠢᠳᠦᠭᠡᠨ ᠲᠠᠢ᠃     ︵ᠪᠠᠰᠠ᠄ ᠬᠤᠨᠤᠭ ᠪᠤᠳᠠᠭ᠎ᠠ ᠡᠯᠪᠡᠭ ᠭᠡᠭᠴᠢ ᠬᠤᠶᠠᠷ ᠪᠤᠳᠤᠩ ᠰᠢᠤ᠃︶     ᠬᠤᠶᠢᠳᠤ ᠵᠦᠭ ᠠᠴᠠ ᠤᠷᠤᠰᠤᠭᠠᠳ ᠪᠠᠶᠢᠳᠠᠭ ᠴᠠᠭᠠᠨ ᠪᠤᠯᠠᠭ ᠰᠢᠤ᠂     ᠬᠤᠶᠠᠷ ᠤᠩᠭᠤᠨ ᠰᠠᠰᠠ ᠪᠠᠨ ᠭᠡᠨ ᠳᠤ ᠪᠠᠨ ᠦᠯᠡᠳᠡᠭᠡᠬᠦ ᠪᠤᠢ᠃     ᠬᠤᠶᠢᠨ᠎ᠠ ᠵᠦᠭ ᠲᠤ ᠬᠠᠷᠠᠭᠳᠠᠳᠠᠭ ᠵᠠᠯᠠᠭ᠎ᠠ ᠯᠠᠪᠷᠤᠩ ᠰᠢᠤ᠂     ᠬᠤᠨᠳᠠᠨ ᠴᠡᠴᠡᠭ ᠲᠡᠯᠭᠡᠷᠡᠭᠰᠡᠨ ᠰᠠᠶᠢᠬᠠᠨ ᠪᠡᠯᠴᠢᠭᠡᠷ ᠰᠢᠤ᠃     ᠵᠠᠬᠦᠠᠳᠠᠢ ᠵᠦᠭ ᠲᠤ ᠪᠠᠨ ᠬᠠᠷᠠᠭᠳᠠᠳᠠᠭ ᠦᠠᠳᠤᠷ ᠰᠢᠯᠢ ᠰᠢᠤ᠂     ᠵᠤᠶᠢᠯ ᠤᠨ ᠲᠦᠮᠤᠰᠤ ᠪᠤᠯᠪᠠᠰᠤᠷᠠᠳᠠᠭ ᠶᠡᠭᠡ ᠪᠤᠳᠤᠩ ᠰᠢᠤ᠃     ᠵᠠᠬᠦᠠᠳᠠᠢ ᠵᠦᠭ ᠲᠤ ᠬᠠᠷᠠᠭᠳᠠᠳᠠᠭ ᠵᠢᠷᠭᠤᠭᠠᠳᠠᠢ ᠶᠢᠨ ᠰᠢᠯᠢ ᠰᠢᠤ᠂     ᠵᠤᠶᠢᠯ ᠤᠨ ᠲᠦᠮᠤᠰᠤ ᠪᠤᠯᠪᠠᠰᠤᠷᠠᠳᠠᠭ ᠶᠡᠭᠡ ᠪᠤᠳᠤᠩ ᠰᠢᠤ᠃     ︵ᠪᠠᠰᠠ᠄ ᠵᠠᠬᠦᠠᠳᠠᠢ ᠵᠦᠭ ᠲᠤ ᠬᠠᠷᠠᠭᠳᠠᠳᠠᠭ ᠵᠢᠷᠭᠤᠭᠠᠳᠠᠢ ᠶᠢᠨ ᠰᠢᠯᠢ ᠰᠢᠤ᠂     ᠵᠤᠶᠢᠯ ᠤᠨ ᠴᠡᠴᠡᠭ ᠵᠢᠬᠢᠷᠡᠭᠰᠡᠨ ᠰᠠᠶᠢᠬᠠᠨ ᠪᠡᠯᠴᠢᠭᠡᠷ ᠪᠠᠶᠢᠨ᠎ᠠ᠃︶     ᠡᠵᠢ ᠠᠪᠤ ᠶᠢᠨ ᠪᠤᠮᠪᠠ ᠭᠡᠬᠦᠷ ᠢ ᠡᠷᠬᠢᠬᠦᠯᠵᠦ ᠲᠠᠷᠢᠬᠤᠯᠠᠷ᠂     ᠡᠯᠢᠭᠡ ︵ᠶᠤ᠋︶ ᠵᠢᠷᠦᠭᠡ ᠮᠢᠨᠢ ᠡᠮᠳᠡᠷᠡᠮᠠᠷ ᠪᠠᠶᠢᠨ᠎ᠠ᠃     ᠡᠷᠳᠠ ᠤᠷᠢᠳᠤ ᠶᠢᠨ ᠢᠷᠦᠭᠡᠯ ᠤᠨ ᠪᠠᠷᠢᠯᠳᠤᠯᠭ᠎ᠠ ᠪᠠᠷ᠂     ᠤᠷᠳᠤᠰ ᠠᠶᠢᠮᠠᠭ ᠨᠤᠳᠤᠭ ᠲᠤ ᠪᠠᠨ ᠬᠤᠪᠢᠯᠤᠨ ᠮᠠᠠᠳᠤᠪᠠᠢ᠃     ︵ᠪᠠᠰᠠ᠄ ᠡᠷᠳᠠ ᠤᠷᠢᠳᠤ ᠶᠢᠨ ᠪᠠᠷᠢᠯᠳᠤᠯᠭ᠎ᠠ ᠪᠠᠷ ᠬᠠᠷ᠎ᠠ ᠮᠠᠶᠢᠷᠠᠨ ᠴᠠᠭᠳᠤᠷ᠂     ᠤᠷᠳᠤᠰ ᠦᠤᠰᠢᠨ ᠠᠶᠢᠮᠠᠭ ᠲᠤ ᠪᠠᠨ ᠬᠤᠪᠢᠯᠤᠨ ᠮᠠᠠᠳᠤᠭᠰᠠᠨ ᠰᠢᠤ᠃︶     ᠤᠪᠤᠭ᠎ᠠ ᠲᠤᠯᠤᠭᠠᠢ ᠤᠯᠵᠠᠴᠢ ᠶᠢᠨ ᠰᠢᠯᠢ ᠤᠷᠤᠳ ᠤᠨ ᠡᠵᠡᠳ ᠲᠠᠢ᠂     ᠤᠯᠠᠨ ᠰᠠᠶᠢᠬᠠᠨ ᠠᠶᠢᠮᠠᠭ ᠤᠳ ᠮᠢᠨᠢ ᠤᠶᠢᠯᠤᠨ ᠰᠠᠭᠤᠵᠦ ᠪᠠᠶᠢᠨ᠎ᠠ᠃     ᠤᠯᠠᠨ ᠲᠠᠯ᠎ᠠ ᠠᠴᠠ ᠤᠷᠤᠰᠤᠭᠠᠳ ᠢᠷᠡᠳᠡᠭ ᠤᠷᠬᠢᠯ ᠪᠤᠯᠠᠭ ᠰᠢᠤ᠂     ᠤᠯᠠᠨ ᠮᠠᠯ ᠤᠨ ᠤᠮᠳᠠ ᠪᠤᠯᠤᠭᠰᠠᠨ ᠰᠠᠶᠢᠬᠠᠨ ᠪᠡᠯᠴᠢᠭᠡᠷ ᠰᠢᠤ᠃     ᠤᠳᠤ ᠬᠠᠷᠢᠨ ᠦᠵᠡᠭᠰᠡᠭᠡᠷ ᠡᠶᠢᠮᠦ ᠪᠤᠯᠬᠤᠯ᠎ᠠ᠂     ᠤᠨᠠᠭᠰᠠᠨ ᠨᠤᠳᠤᠭ ᠬᠠᠶᠢᠷᠠᠨ ᠪᠤᠯᠪᠠᠴᠦ ᠠᠷᠭ᠎ᠠ ᠪᠠᠶᠢᠨ᠎ᠠ ᠤᠤ ᠳ᠋ᠤᠤ᠃     ᠤᠰᠤ ᠡᠪᠡᠰᠤ ᠡᠯᠪᠡᠭ ᠲᠠᠩᠰᠤᠭ ᠤᠷᠤᠰᠤᠮᠠᠠᠵᠢᠨ ᠬᠦ᠋᠂     ᠦᠵᠡᠰᠬᠦᠯᠠᠩ ᠰᠠᠶᠢᠬᠠᠨ ᠤᠨᠢᠶᠠᠷ ᠮᠠᠨᠠᠷᠠᠳᠠᠭ ᠶᠤᠮ᠃     ᠤᠰᠤᠨ ᠲᠠᠯ᠎ᠠ ᠲᠦᠬᠦᠭᠡᠢ ᠲᠤᠭᠤᠷᠢᠮ ᠪᠠᠳᠠᠭᠤ ᠶᠢᠨ ᠠᠭᠤᠯᠠ ᠰᠢᠤ᠂     ᠤᠷᠳᠤ ᠵᠦᠭ ᠤᠨ ᠭᠤᠷᠪᠠᠨ ᠦᠠᠴᠦᠭ ᠬᠦᠠᠳᠠᠢ ᠪᠠᠯᠴᠢᠭᠡᠷ ᠰᠢᠤ᠃     ᠤᠳᠠᠭᠠᠨ ᠵᠢᠯ ᠢᠶᠠᠷ ᠰᠠᠭᠤᠵᠦ ᠰᠤᠷᠤᠭᠰᠠᠨ ᠤᠷᠤᠨ ᠨᠤᠳᠤᠭ ᠢᠶᠠᠨ᠂     ᠤᠷᠬᠢᠵᠦ ᠬᠠᠶᠠᠭᠠᠳ ᠶᠠᠪᠤᠨ᠎ᠠ ᠭᠡᠭᠴᠢ ᠤᠶᠠᠷᠠᠯᠳᠠᠢ ᠪᠠᠶᠢᠨ᠎ᠠ᠃     ᠤᠷᠳᠤ ᠲᠠᠷᠠᠰᠤᠳᠤ ᠦᠯᠦᠩ ᠴᠠᠶᠢᠳᠠᠮ ᠠᠭᠤᠳᠠᠮ ᠪᠠᠯᠴᠢᠭᠡᠷ ᠰᠢᠤ᠂     ᠤᠯᠠᠨ ᠠᠶᠢᠮᠠᠭ ᠲᠠᠷᠠ ᠭᠠᠵᠠᠷ ᠨᠤᠳᠤᠭᠯᠠᠬᠤ ᠶᠤᠮ ᠰᠢᠤ᠃     ᠤᠷᠳᠤ ᠬᠤᠶᠢᠳᠤ ᠬᠤᠶᠠᠷ ᠭᠡᠵᠤᠤᠷ ᠠᠭᠤᠵᠢᠮ ᠪᠡᠯᠴᠢᠭᠡᠷ ᠪᠠᠶᠢᠨ᠎ᠠ᠂     ᠤᠷᠬᠢᠵᠦ ᠲᠡᠭᠵᠢᠷᠡᠬᠦ ᠰᠢᠠᠵᠢ ᠮᠠᠶ᠋ᠢᠭ ᠮᠠᠭᠠᠳ ᠢᠯᠡᠭᠡᠨ ᠪᠠᠶᠢᠨ᠎ᠠ᠃     ᠤᠷᠳᠤ ᠬᠤᠶᠢᠳᠤ ᠭᠠᠨᠵᠤᠤᠷ ᠴᠠᠶᠢᠳᠠᠮ ᠠᠭᠤᠵᠢᠮ ᠪᠠᠯᠴᠢᠭᠡᠷ ᠪᠠᠶᠢᠨ᠎ᠠ᠂     ᠤᠯᠠᠨ ᠠᠶᠢᠮᠠᠭ ᠲᠠᠷᠠ ᠭᠠᠵᠠᠷ ᠨᠤᠳᠤᠭᠯᠠᠵᠦ ᠪᠠᠶᠢᠨ᠎ᠠ᠃     ᠤᠷᠳᠤ ᠭᠠᠵᠠᠷ ᠤᠨ ᠤᠷᠮᠤᠳᠠᠢ ᠡᠵᠡᠯᠡᠭᠰᠡᠨ ᠤ ᠬᠤᠶᠢᠨ᠎ᠠ᠂     ᠤᠰᠤ ᠪᠡᠯᠴᠢᠭᠡᠷ ᠬᠠᠶᠢᠷᠠᠨ ᠴᠦ ᠶᠠᠭᠠᠬᠢᠬᠤ ᠶᠢᠨ ᠠᠷᠭ᠎ᠠ ᠦᠭᠡᠢ᠃         ᠦᠩᠭᠡ ᠪᠦᠷᠢ ᠶᠢᠨ ᠰᠠᠶᠢᠬᠠᠨ ᠤᠨᠢᠶᠠᠷ ᠲᠠᠷᠬᠠᠨ ᠪᠦᠷᠬᠦᠮᠠᠠᠵᠢᠨ᠂     ᠦᠯᠵᠠᠢ ᠰᠠᠶᠢᠬᠠᠨ ᠨᠤᠳᠤᠭ ᠭᠡᠭᠴᠢ ᠮᠠᠨ ᠤ ᠲᠠᠠᠳᠠ ᠰᠢᠤ᠃     ᠦᠩᠰᠡᠭ ᠰᠠᠶᠢᠬᠠᠨ ᠦᠰᠦᠭᠰᠡᠨ ᠨᠤᠳᠤᠭ ᠶᠡᠭᠡ ᠪᠤᠳᠤᠩ ᠰᠢᠤ᠂     ᠡᠷᠬᠢᠨ ᠲᠤᠭᠤᠷᠢᠨ ᠵᠡᠷᠭᠡᠯᠭᠡᠨ ᠲᠠᠳᠠᠳᠠᠭ ᠰᠠᠶᠢᠬᠠᠨ ᠪᠡᠯᠴᠢᠭᠡᠷ ᠰᠢᠤ᠃     ᠦᠠᠳᠤᠷᠯᠡᠵᠤ ᠬᠠᠷᠬᠠᠳᠠᠳᠠᠭ ᠦᠤᠰᠢᠨ ᠬᠤᠷᠠᠬᠤ᠂     ᠦᠶ᠎ᠡ ᠶᠢᠨ ᠦᠶ᠎ᠡ ᠪᠠᠷ ᠰᠠᠭᠤᠯᠲᠡᠢ ᠨᠤᠳᠤᠭ ᠤᠰᠤᠨ ᠴᠡᠶᠢᠳᠠᠮ ᠰᠢᠤ᠃※ ᠦᠠᠳᠤᠷᠯᠠᠵᠦ ᠬᠠᠷᠠᠭᠳᠠᠳᠠᠭ ᠪᠤᠳᠤᠢ ᠶᠢᠨ ᠰᠢᠯᠢ ᠶᠠ᠂     ᠦᠶ᠎ᠠ ᠦᠶ᠎ᠠ ᠦᠠᠳᠤᠷ ᠭᠡᠷᠭᠡᠮ ᠪᠠᠶᠢᠬᠤ ᠰᠢᠠᠵᠢᠳᠠᠢ᠃※ ᠦᠠᠳᠤᠷᠯᠠᠵᠦ ᠬᠠᠷᠠᠭᠳᠠᠭᠴᠢ ᠶᠡᠭᠡ ᠲᠤᠯᠤᠭᠠᠢ᠂     ᠦᠶ᠎ᠠ ᠦᠶ᠎ᠠ ᠰᠠᠭᠤᠯᠳᠠᠢ ᠨᠤᠳᠤᠭ ᠲᠠᠠᠳᠠ ᠭᠡᠰᠠᠨ ᠶᠤᠮ ᠳ᠋ᠤᠤ᠃          ︵ᠪᠠᠰᠠ᠄ ᠦᠠᠳᠤᠷᠯᠠᠵᠦ ᠬᠠᠷᠠᠭᠳᠠᠳᠠᠭ ᠬᠤᠶᠠᠷ ᠤᠩᠭᠤᠨ ᠰᠢᠤ᠂     ᠦᠶ᠎ᠠ ᠶᠢᠨ ᠦᠶ᠎ᠠ ᠪᠠᠷ ᠰᠠᠭᠤᠯᠳᠠᠢ ᠨᠤᠳᠤᠭ ᠬᠤᠶᠠᠷ ᠪᠤᠳᠤᠩ ᠰᠢᠤ᠃︶         ᠦᠯᠦᠩ ᠵᠠᠩᠭᠤᠳᠤ ᠭᠡᠳᠡᠭ ᠴᠢᠨᠢ ᠦᠩᠰᠡᠭ ᠪᠡᠯᠴᠢᠭᠡᠷ ᠰᠢᠤ᠂     ᠦᠯᠤᠨ ᠴᠢᠳᠬᠦᠷ ᠪᠠᠷᠠᠭᠤᠨ ᠮᠠᠶᠢᠷᠠᠨ ᠦᠷᠳᠡᠭᠡᠳ ᠲᠠᠯᠪᠢᠯ᠎ᠠ᠃         ᠦᠵᠡᠭᠰᠡᠭᠡᠷ ᠬᠠᠷᠠᠭᠰᠠᠭᠠᠷ ᠡᠶᠢᠮᠦ ᠪᠤᠯᠬᠤᠯ᠎ᠠ᠂     ᠡᠷᠭᠡ ᠦᠭᠡᠢ ᠤᠯᠠᠨ ᠠᠷᠠᠳ ᠶᠠᠪᠤ ᠯᠠ ᠦᠭᠡᠢ ᠳ᠋ᠤᠤ᠃         ᠦᠶ᠎ᠠ ᠶᠢᠨ ᠦᠶ᠎ᠠ ᠪᠠᠷ ᠰᠠᠭᠤᠵᠦ ᠰᠤᠷᠤᠭᠰᠠᠨ ᠶᠡᠭᠡ ᠪᠤᠳᠤᠩ ᠮᠢᠨᠢ᠂     ᠡᠷᠬᠢᠨ ᠲᠤᠭᠤᠷᠢᠨ ᠮᠠᠨᠠᠷᠬᠠᠰᠠᠨ ᠰᠠᠶᠢᠬᠠᠨ ᠪᠡᠯᠴᠢᠭᠡᠷ ᠪᠠᠶᠢᠨ᠎ᠠ᠃     ︵ᠪᠠᠰᠠ᠄ ᠦᠶ᠎ᠠ ᠶᠢᠨ ᠦᠶ᠎ᠠ ᠪᠠᠷ ᠰᠠᠭᠤᠵᠦ ᠰᠤᠷᠤᠭᠰᠠᠨ ᠬᠤᠶᠠᠷ ᠪᠤᠳᠤᠩ ᠰᠢᠤ᠂     ᠦᠷᠬᠦᠯᠵᠢᠳᠠ ᠲᠠᠬᠢᠭᠳᠠᠭᠰᠠᠨ ᠲᠡᠯᠭᠡᠷ ᠤᠪᠤᠭ᠎ᠠ ᠰᠢᠤ᠃︶         ᠨᠠᠮᠰᠠᠷᠠᠢ ᠶᠢᠨ ᠲᠡᠭᠡᠵᠢ ᠶᠢᠨ ᠱᠠᠩ ᠮᠠᠳᠤ ᠬᠠᠷ᠎ᠠ ᠮᠠᠶᠢᠷᠠᠨ ᠨᠢ᠂     ᠨᠠᠢᠮᠠᠨ ᠱᠠᠩ ᠤᠨ ᠡᠵᠡᠳ ᠠᠴᠠ ᠪᠠᠰᠠ ᠨᠢᠭᠡ ᠨᠢ ᠭᠡᠨ᠎ᠠ᠃         ᠪᠠᠶᠢᠬᠤ ᠪᠦᠷᠢ ᠶᠢᠨ ᠴᠡᠴᠡᠭ ᠨᠠᠪᠴᠢ ᠲᠡᠯᠭᠡᠷᠡᠮᠠᠠᠵᠢᠨ᠂     ᠪᠠᠰᠠ ᠴᠦ ᠲᠠᠷᠠ ᠽᠠᠮᠪᠦᠳᠢᠪ ᠤᠨ ᠮᠠᠩᠯᠠᠢ ᠤᠷᠤᠨ ᠪᠠᠶᠢᠨ᠎ᠠ᠃         ᠪᠠᠶᠢᠬᠤ ᠵᠤᠶᠢᠯ ᠤᠨ ᠡᠳ᠋ ᠪᠠᠷᠠᠭ᠎ᠠ ᠡᠯᠪᠡᠭ ᠲᠠᠸᠠᠷ ᠪᠠᠶᠢᠨ᠎ᠠ᠂     ᠪᠠᠶᠢᠳᠠᠭ ᠪᠦᠬᠦᠨ ᠢ ᠠᠪᠬᠤ ᠳᠤ ᠲᠤᠳᠠᠯ ᠦᠭᠡᠢ ᠪᠠᠶᠢᠨ᠎ᠠ᠃         ᠪᠠᠨᠴᠢᠨ ᠰᠦᠮ᠎ᠠ ᠶᠢᠨ ᠬᠤᠷᠢᠭᠤᠯ ᠢ ᠪᠠᠨᠳ᠋ᠸᠤ ᠮᠦᠩᠭᠦ ᠪᠠᠷ ᠰᠤᠯᠢᠯ᠎ᠠ᠂     ᠪᠠᠷᠠᠭᠤᠨ ᠬᠤᠶᠠᠷ ᠰᠠᠰᠠ ᠶᠢ ᠪᠠᠨ ᠪᠦᠷᠢᠨ ᠬᠠᠮᠠᠭᠠᠯᠠᠵᠦ ᠦᠯᠡᠳᠡᠭᠡᠶ᠎ᠠ᠃         ᠪᠠᠭ᠎ᠠ ᠮᠠᠰᠢᠩ ᠶᠡᠭᠡ ᠮᠠᠰᠢᠩ ᠲᠡᠷᠭᠡ ᠬᠤᠳᠠ ᠨᠢ᠂     ᠪᠠᠷᠠᠭᠤᠨ ᠵᠦᠭ ᠤᠨ ᠭᠤᠷᠪᠠᠨ ᠭᠡᠰᠡᠭ ᠡᠷᠬᠢᠮ ᠤᠷᠤᠨ ᠪᠠᠶᠢᠨ᠎ᠠ᠃ ※ᠪᠠᠭ᠎ᠠ ᠮᠠᠰᠢᠩ ᠶᠡᠭᠡ ᠮᠠᠰᠢᠩ ᠳᠤ ᠪᠠᠶᠢᠳᠠᠭ ᠮᠠᠶᠢᠮᠠᠢ ᠲᠡᠯᠭᠡᠷᠡᠨ᠎ᠠ᠂     ᠪᠠᠶᠢᠳᠠᠭ ᠵᠤᠶᠢᠯ ᠤᠨ ᠨᠠᠪᠴᠢ ᠴᠡᠴᠡᠭ ᠲᠡᠯᠭᠡᠷᠡᠩᠬᠦᠢ ᠰᠠᠶᠢᠨ᠃         ᠪᠠᠯᠠᠷ ᠮᠠᠩᠬ᠎ᠠ ᠤᠷᠤᠢ ᠲᠠᠯᠠᠩ ᠪᠠᠭ᠋ᠠᠨ ᠶᠡᠭᠡ ᠪᠤᠯᠪᠠᠴᠦ᠂     ᠪᠠᠰᠠ ᠨᠢᠭᠡ ᠰᠢᠠᠵᠢᠬᠦᠯ᠎ᠠ ᠮᠠᠩᠯᠠᠢ ᠶᠢᠨ ᠤᠷᠤᠨ ᠰᠢᠤ᠃ ※ᠪᠠᠰᠠ ᠨᠢᠭᠡ ᠽᠠᠮᠪᠦᠳᠢᠪ ᠤᠨ ᠮᠠᠩᠯᠠᠢ ᠤᠷᠤᠨ ᠶᠠ᠂     ᠪᠠᠭ᠎ᠠ ᠰᠦᠮ᠎ᠠ ᠳᠤ ᠮᠦᠷᠬᠦᠶ᠎ᠠ ᠭᠡᠪᠠᠯ ᠪᠠᠢ ᠶᠢᠨ ︵ᠯᠠ︶ ᠰᠢᠯᠢ ᠶᠠ᠃         ᠶᠡᠭᠡ ᠮᠠᠰᠢᠩ ᠪᠠᠭ᠎ᠠ ᠮᠠᠰᠢᠩ ᠠᠮᠤᠷ ᠦᠭᠡᠢ ᠬᠤᠳᠠ ᠪᠠᠶᠢᠨ᠎ᠠ᠂     ᠡᠯᠳᠡᠪ ᠵᠤᠶᠢᠯ ᠤᠨ ᠠᠯᠢᠮ᠎ᠠ ᠵᠢᠮᠢᠰ ᠰᠠᠶᠢᠬᠠᠨ ᠭᠠᠷᠳᠠᠭ ᠰᠢᠤ᠃※ ᠪᠠᠳᠠᠷᠠᠩᠭᠤᠢ ᠦᠩᠰᠡᠭ ᠰᠠᠶᠢᠬᠠᠨ ᠪᠠᠶᠠᠠᠳᠦ᠋ᠬᠦᠮ ᠳ᠋ᠤᠤ᠂     ᠪᠠᠷᠠᠭᠤᠨ ᠵᠠᠬᠦᠨ ᠲᠦᠷᠪᠡᠨ ᠲᠠᠯ᠎ᠠ ᠳᠤ ᠪᠠᠨ ᠰᠢᠠᠵᠢ ᠲᠡᠬᠦᠰ ᠪᠠᠶᠢᠨ᠎ᠠ᠃         ᠪᠠᠶᠠᠨ ᠤᠪᠤᠭ᠎ᠠ ᠬᠠᠷ᠎ᠠ ᠰᠢᠯᠢ ᠠᠭᠤᠵᠢᠮ ᠪᠡᠯᠴᠢᠭᠡᠷ ᠪᠠᠶᠢᠨ᠎ᠠ᠂     ᠪᠠᠭ᠎ᠠ ᠶᠡᠭᠡ ᠮᠦᠷᠬᠦᠯᠴᠢᠨ ᠤ ᠤᠷᠤᠨ ᠰᠢᠯᠢ ᠶᠢᠨ ᠰᠦᠮ᠎ᠠ ᠪᠠᠶᠢᠨ᠎ᠠ᠃※ ᠪᠠᠶᠠᠨ ᠲᠦᠬᠦᠮ ᠪᠠᠭ᠋ᠠᠨ ᠠᠭᠤᠵᠢᠮ ᠪᠤᠯᠪᠠᠴᠦ᠂     ᠪᠠᠰᠠ ᠨᠢᠭᠡ ᠰᠢᠠᠵᠢᠬᠦᠯ᠎ᠠ ᠠᠳᠤᠭᠤ ᠮᠠᠯ ᠢᠶᠠᠷ ᠠᠯᠠᠭᠰᠢᠵᠦ ᠵᠠᠪᠰᠠᠷ ᠦᠭᠡᠢ ᠪᠠᠶᠢᠨ᠎ᠠ᠃         ᠪᠠᠷ᠎ᠠ ᠦᠠᠳᠤᠷ ᠬᠠᠷᠠᠭᠳᠠᠬᠤ ᠰᠠᠶᠢᠬᠠᠨ ᠲᠤᠯᠤᠭᠠᠢ᠂     ᠪᠡᠯᠭᠡ ᠰᠢᠠᠵᠢ ᠪᠦᠷᠢᠳᠦᠭᠰᠡᠨ ᠡᠷᠬᠢᠮ ᠭᠠᠵᠠᠷ ᠰᠢᠤ᠃         ᠪᠠᠷᠠᠭᠤᠨ ᠵᠡᠬᠦᠨ ᠠᠶᠢᠮᠠᠭ ᠨᠤᠳᠤᠭ ᠡᠩᠭᠡ ᠮᠠᠠᠳᠤ ᠪᠠᠶᠢᠨ᠎ᠠ᠂     ᠵᠤᠶᠢᠯ ᠤᠨ ᠬᠦᠭᠵᠢᠮ ᠤᠨ ᠡᠭᠡᠰᠢᠭ ᠢ ᠲᠠᠭᠠᠨ ᠲᠠᠭᠤᠯᠠᠵᠠᠭᠠᠶ᠎ᠠ᠃         ᠪᠠᠷᠠᠭᠤᠨ ᠵᠠᠬᠦᠨ ᠠᠶᠢᠮᠠᠭ ᠲᠠᠶᠠᠭᠠᠷ ᠨᠠᠶᠢᠷᠳᠠᠢ ᠪᠠᠶᠢᠭᠰᠠᠨ ᠬᠤᠶᠢᠨ᠎ᠠ᠂     ᠪᠠᠳᠠᠷᠠᠵᠦ ᠶᠠᠪᠤᠬᠤ ᠰᠢᠠᠵᠢ ᠮᠠᠶ᠋ᠢᠭ ᠪᠠᠰᠠ ᠴᠦ ᠢᠯᠡᠭᠡᠨ ᠪᠠᠶᠢᠨ᠎ᠠ᠃         ᠪᠠᠷᠬᠠᠰ ᠭᠡᠵᠦ ᠬᠠᠷᠠᠭᠳᠠᠳᠠᠭ ᠪᠠᠯᠠᠩ ᠤᠨ ᠰᠢᠯᠢ ᠶᠠ᠂     ᠪᠠᠭᠰᠢ ᠯᠠᠮᠠ ᠪᠠᠷᠴᠢᠭᠢᠷ ᠬᠠᠮᠪᠤ ᠪᠠᠳᠮᠠᠭᠠᠷᠪᠤ ᠶᠢᠨ ᠲᠡᠭᠡᠷ᠎ᠠ᠃     ᠪᠠᠶᠢᠯᠠ ᠪᠠᠶᠢᠰᠠ ᠶᠢᠨ ᠵᠠᠬᠢᠶ᠎ᠠ ᠪᠠᠶᠢᠪᠠᠯ ᠲᠠᠭ᠎ᠠ ᠯᠠ ᠦᠭᠡᠢ ᠳ᠋ᠤᠤ᠂     ᠪᠡᠯᠴᠢᠭᠡᠷ ᠨᠤᠳᠤᠭ ᠢᠶᠠᠨ ᠰᠠᠨᠠᠭᠰᠠᠨ ᠬᠤᠶᠢᠨ᠎ᠠ ᠤᠬᠢᠯᠠ ᠯᠠ ᠦᠭᠡᠢ ᠳ᠋ᠤᠤ᠃     ᠪᠡᠯᠴᠢᠭᠡᠷ ᠤᠰᠤ ᠡᠪᠡᠰᠤ ᠨᠢ ᠬᠤᠯᠠ ᠶᠢᠨ ᠵᠡᠷᠭᠡᠮᠵᠢ᠂     ᠪᠢᠳᠠ ᠪᠦᠬᠦᠨ ᠨᠤᠳᠤᠭ ᠲᠠᠶᠠᠭᠠᠷ ᠠᠮᠦᠷ ᠰᠠᠶᠢᠬᠠᠨ ᠪᠠᠶᠢᠨ᠎ᠠ᠃     ᠪᠤᠳᠠᠰ ᠤᠨ ᠲᠦᠮᠠᠨ ᠪᠤᠷᠤ ᠵᠠᠯᠠᠨ ᠴᠢᠨᠠᠷ ᠮᠠᠭᠤᠳᠠᠢ ᠪᠠᠶᠢᠨ᠎ᠠ᠂     ᠪᠤᠵᠠᠷ ᠬᠠᠷ᠎ᠠ ᠵᠠᠨᠠᠭ ᠤᠳ ᠤᠨ ᠰᠢᠭᠡᠰᠤ ᠪᠠᠶᠢᠭᠰᠠᠨ ᠶᠤᠮ ᠪᠠᠶᠢᠨ᠎ᠠ᠃     ᠪᠤᠳᠤᠩ ᠤᠨ ᠴᠢᠨᠢ ᠭᠠᠵᠠᠷ ᠢ ᠪᠤᠯᠬᠤ ᠦᠭᠡᠢ ᠪᠠᠶᠢᠭᠠᠳ ᠲᠠᠯᠪᠢᠯ᠎ᠠ᠂     ᠪᠠᠷᠠᠭᠤᠨ ᠮᠠᠶᠢᠷᠠᠨ ᠭᠠᠯᠵᠠᠭᠤ ᠳᠤ ᠪᠤᠳᠤᠯ ᠪᠠᠶᠢᠨ᠎ᠠ ᠤᠤ ᠳ᠋ᠤᠤ᠃     ᠪᠤᠳᠤᠩ ᠭᠡᠭᠴᠢ ᠰᠠᠶᠢᠬᠠᠨ ᠰᠠᠭᠤᠯᠳᠠᠢ ᠨᠤᠳᠤᠭ ᠰᠢᠤ᠂     ᠪᠤᠭᠤᠷᠰᠤᠭ ᠭᠡᠭᠴᠢ ᠰᠠᠶᠢᠬᠠᠨ ᠢᠳᠡᠯᠳᠠᠢ ᠬᠤᠭᠤᠯᠠ ᠰᠢᠤ᠃     ᠪᠤᠳᠤᠩ ᠠᠷᠴᠠᠳᠤ ᠤᠩᠭᠤᠨ ᠴᠠᠶᠢᠳᠠᠮ ᠴᠢᠪᠠᠭᠠᠳᠤ ᠶᠢᠨ ᠰᠢᠯᠢ᠂     ᠪᠤᠭᠳᠠ ᠮᠡᠷᠭᠡᠳ ᠤᠷᠤᠰᠢᠭᠰᠠᠨ ᠡᠷᠬᠢᠮ ᠤᠷᠤᠨ ᠰᠢᠤ᠃     ᠪᠤᠳᠤᠩ ᠰᠢᠬᠢᠷ ᠤᠯᠠᠭᠠᠨ ᠦᠯᠦᠩ ᠬᠠᠯᠢᠭᠤᠳᠤ ᠨᠢ᠂     ᠪᠤᠭᠳᠠ ᠮᠡᠷᠭᠡᠳ ᠤᠨ ᠤᠷᠤᠰᠢᠬᠤ ᠨᠤᠳᠤᠭ ᠰᠢᠤ᠃     ᠪᠤᠷᠤ ᠬᠠᠯᠳᠠᠷ ᠯᠠᠭᠤᠰᠠ ᠴᠢᠨᠢ ᠪᠤᠷᠳᠤᠭ᠎ᠠ ᠲᠠᠭᠠᠭᠠᠭᠰᠠᠨ ᠰᠠᠶᠢᠨ᠂     ᠪᠤᠷᠤᠭᠤ ᠪᠠᠨ ᠬᠢᠭᠰᠡᠨ ᠰᠤᠨᠤᠮᠷᠠᠰᠢ ᠶᠢ ᠪᠤᠤᠳᠠᠨ ᠴᠤᠬᠢᠭᠰᠠᠨ ᠰᠠᠶᠢᠨ᠃     ᠪᠤᠭᠤᠷᠤᠯᠳᠤᠵᠤ ᠬᠠᠷᠬᠠᠳᠠᠬᠤ ᠵᠢᠷᠠᠨ ᠬᠠᠶᠢᠯᠠᠰᠤ᠂     ᠪᠤᠳᠠᠩ ᠤᠨ ᠭᠤᠤᠯ ᠤᠨ ᠡᠬᠢ ᠪᠤᠯᠤᠠᠠᠰᠠᠨ ᠪᠤᠠᠠᠳᠠ ᠶᠢᠨ ᠰᠠᠶᠢᠬᠠᠨ ᠬᠤᠷᠢᠭ᠎ᠠ᠃     ᠬᠠᠭᠤᠴᠢᠨ ᠵᠢᠯ ᠤᠨ ᠬᠤᠷᠢ ᠶᠢᠰᠤᠨ ᠬᠤᠶᠢᠨ᠎ᠠ ᠪᠠᠨ ᠰᠠᠯᠬᠢᠨ ᠲᠠᠢ᠂     ᠬᠠᠮᠤᠭ ᠮᠠᠯ ᠤᠨ ᠬᠤᠬᠢᠷ ᠰᠢᠯᠡᠭᠡ ᠬᠤᠭᠵᠢᠷᠠᠭᠰᠠᠨ ᠶᠤᠮ᠃         ᠬᠠᠮᠤᠭ ᠠᠴᠠ ᠰᠠᠶᠢᠬᠠᠨ ᠪᠠᠶᠢᠭᠤᠯᠤᠭᠰᠠᠨ ᠮᠠᠶᠢᠷᠠᠨ ᠰᠦᠮ᠎ᠠ ᠰᠢᠤ᠂     ᠬᠠᠷ᠎ᠠ ᠮᠠᠶᠢᠷᠠᠨ ᠴᠠᠭᠳᠤᠷ ᠴᠢ ᠬᠠᠮᠢᠭ᠎ᠠ ᠪᠠᠶᠢᠨ᠎ᠠ ᠤᠤ ᠳ᠋ᠤᠤ᠃     ᠭᠡᠰᠡᠭ ᠪᠦᠯᠦᠭ ᠬᠠᠷᠠᠭᠳᠠᠭᠴᠢ ᠭᠡᠵᠤᠤᠷ ᠤᠨ ᠡᠷᠢᠶᠠᠨ ᠪᠠᠶᠢᠨ᠎ᠠ᠂     ᠭᠡᠬᠦᠰ ᠭᠡᠵᠦ ᠪᠤᠳᠤᠭᠳᠠᠳᠠᠭ ᠭᠡᠭᠡᠨᠴᠢᠷ ᠪᠠᠶ᠎ᠠ ᠪᠠᠶᠢᠨ᠎ᠠ᠃     ᠭᠡᠰᠡᠭ ᠪᠦᠯᠦᠭ ᠬᠠᠷᠠᠭᠳᠠᠳᠠᠭ ᠭᠡᠵᠤᠤᠷ ᠤᠨ ᠰᠦᠮ᠎ᠠ ᠶᠠ᠂     ᠭᠡᠰᠡᠭ ᠦᠶ᠎ᠠ ᠪᠤᠳᠤᠭᠳᠠᠳᠠᠭ ᠭᠡᠭᠡᠨᠴᠢᠷ ᠨᠦᠬᠦᠷ ᠶᠠ᠃     ᠬᠤᠩᠬᠢᠰ ᠭᠡᠰᠠᠨ ᠪᠠᠶ᠎ᠠ ᠮᠢᠨᠢ ᠬᠤᠷᠢ ᠭᠠᠷᠤᠯ᠎ᠠ ᠪᠠ᠂     ᠬᠤᠶᠠᠷᠬᠠᠨ ᠬᠤᠨᠳᠠᠭ᠎ᠠ ᠠᠷᠢᠬᠢᠨ ᠳᠤ ᠪᠠᠨ ᠠᠶᠢᠮᠤᠷᠯᠠᠯ᠎ᠠ ᠪᠠ᠃     ᠭᠤᠷᠢᠰ ᠭᠡᠰᠠᠨ ᠪᠠᠶ᠎ᠠ ᠮᠢᠨᠢ ᠭᠤᠴᠢ ᠭᠠᠷᠤᠯ᠎ᠠ ᠪᠠ᠂     ᠭᠤᠷᠪᠠᠭ᠋ᠠᠨ ᠵᠦᠩᠰᠠ ᠠᠷᠢᠬᠢᠨ ᠳᠤ ᠪᠠᠨ ᠠᠯᠮᠠᠶᠢᠳᠤᠯ᠎ᠠ ᠳ᠋ᠤᠤ᠃     ᠭᠤᠳᠤᠮᠰᠢᠭᠳᠤ ᠮᠠᠭᠤ ᠨᠠᠷ᠎ᠠ ᠪᠠᠨ ᠬᠠᠶᠠᠶ᠎ᠠ ᠭᠡᠬᠦᠯ᠎ᠠ᠂     ᠬᠦᠩᠳᠤ ᠰᠢᠯᠤᠭᠤᠨ ᠰᠠᠳᠬᠢᠯ ᠮᠢᠨᠢ ᠲᠦᠷᠦᠭᠳᠡᠭᠡᠳ ᠢᠷᠡᠭᠰᠡᠨ ᠶᠤᠮ᠃     ᠲᠦᠩᠬᠢᠰ ᠭᠡᠰᠠᠨ ᠪᠠᠶ᠎ᠠ ᠮᠢᠨᠢ ᠲᠦᠴᠢ ᠭᠠᠷᠤᠯ᠎ᠠ ᠪᠠ᠂     ᠲᠦᠷᠪᠡᠭᠡᠨ ᠵᠦᠩᠰᠠ ᠠᠷᠢᠬᠢᠨ ᠳᠤ ᠪᠠᠨ ᠠᠶᠢᠮᠤᠷᠯᠠᠯ᠎ᠠ ᠪᠠ᠃         ᠲᠠᠩᠬᠢᠰ ᠭᠡᠰᠠᠨ ᠪᠠᠶ᠎ᠠ ᠴᠢᠨᠢ ᠲᠠᠪᠢ ︵ᠯᠠ︶ ᠭᠠᠷᠤᠯ᠎ᠠ ᠪᠠ᠂     ᠲᠠᠪᠤᠬᠠᠨ ᠬᠤᠨᠳᠠᠭ᠎ᠠ ᠠᠷᠢᠬᠢᠨ ᠳᠤ ᠰᠤᠭᠳᠤᠬᠤ ᠪᠠᠷ ᠦᠭᠡᠢ ᠪᠠ᠃           ᠵᠢᠷᠪᠢᠰ ᠭᠡᠰᠠᠨ ᠪᠠᠶ᠎ᠠ ᠴᠢᠨᠢ ᠵᠢᠷᠠ ᠬᠦᠷᠦᠭᠡᠳᠤᠢ ᠪᠠ᠂     ᠵᠢᠷᠭᠤᠭᠠᠨ ᠬᠤᠨᠳᠠᠭ᠎ᠠ ᠠᠷᠢᠬᠢᠨ ᠳᠤ ᠰᠤᠭᠳᠤᠬᠤ ᠪᠠᠷ ᠦᠭᠡᠢ ᠪᠠ᠃           ᠲᠠᠷᠪᠠᠰ ᠭᠡᠰᠠᠨ ᠪᠠᠶ᠎ᠠ ᠴᠢᠨᠢ ᠲᠠᠯᠠ ᠬᠦᠷᠦᠭᠡᠳᠤᠢ ᠪᠠ᠂     ᠲᠤᠯᠤᠭᠠᠨ ᠬᠤᠨᠳᠠᠭ᠎ᠠ ᠠᠷᠢᠬᠢᠨ ᠳᠤ ᠰᠤᠭᠳᠤᠬᠤ ᠪᠠᠷ ᠦᠭᠡᠢ ᠪᠠ᠃           ᠬᠤᠯᠠ ᠤᠶᠢᠷ᠎ᠠ ᠶᠢᠨ ᠬᠢᠳᠠᠳ ᠮᠤᠩᠭᠤᠯ ᠴᠤᠭᠯᠠᠮᠠᠠᠵᠢᠨ ᠬᠦ᠋᠂     ᠬᠤᠪᠤᠷ ᠮᠦᠩᠭᠦ ᠴᠠᠭᠠᠨ ᠵᠤᠭᠤᠰ ᠢᠶᠠᠷ ᠡᠯᠪᠡᠭ ᠪᠠᠶᠢᠳᠠᠭ ᠰᠢᠤ᠃           ᠬᠤᠯᠪᠤᠭᠠᠯᠵᠢ ᠶᠢᠨ ᠬᠢ ᠨᠢ ᠭᠠᠵᠠᠷ ᠢ ᠬᠤᠪᠳᠤᠭᠯᠠᠵᠦ ᠪᠠᠶᠢᠭᠠᠳ ᠲᠠᠯᠪᠢᠯ᠎ᠠ᠂     ᠬᠤᠶᠠᠷ ᠠᠳᠬᠤ ᠮᠦᠩᠭᠦᠨ ᠳᠤ ᠨᠢ ᠭᠤᠷᠢᠳᠠᠵᠦ ᠪᠠᠶᠢᠭᠠᠳ ᠲᠠᠯᠪᠢᠯ᠎ᠠ᠃           ᠬᠤᠯᠪᠤᠯᠳᠤᠵᠦ ᠬᠠᠷᠠᠭᠳᠠᠳᠠᠭ ᠬᠤᠶᠠᠷ ᠬᠤᠯᠪᠤᠭᠠᠯᠵᠢ ᠰᠢᠤ᠂     ᠬᠤᠨᠢ ᠮᠤᠷᠢ ᠠᠯᠠᠭᠰᠢᠭᠰᠠᠨ ᠰᠠᠶᠢᠬᠠᠨ ᠪᠡᠯᠴᠢᠭᠡᠷ ᠰᠢᠤ᠃           ᠬᠤᠶᠠᠷ ᠰᠢᠬᠢᠷ ᠤᠪᠤᠭᠠᠨ ᠲᠤᠭᠤᠷᠢᠮ ᠡᠷᠳᠠᠨᠢ ᠶᠢᠨ ᠲᠠᠯᠠᠢ ᠰᠢᠤ᠂     ᠬᠤᠶᠢᠳᠤ ᠵᠦᠭ ᠤᠨ ᠭᠤᠷᠪᠠᠨ ᠶᠡᠭᠡ ᠡᠷᠬᠢᠮ ᠤᠨ ᠠᠭᠤᠷᠬᠠᠢ ᠰᠢᠤ᠃   ※ᠬᠤᠸᠠ ︵ᠴᠤ︶ ᠲᠤᠯᠤᠭᠠᠢ ᠭᠡᠳᠤᠢ ᠪᠤᠭᠤᠨᠢ ᠪᠤᠯᠪᠠᠴᠦ᠂     ᠬᠤᠵᠢᠮ ᠨᠢᠭᠡ ᠰᠢᠠᠵᠢᠬᠦᠯ᠎ᠠ ᠭᠠᠵᠠᠷ ᠤᠨ ᠬᠦᠢᠰᠤ ᠭᠡᠨ᠎ᠠ᠃           ᠮᠠᠨ ᠳᠤ ᠡᠶᠢᠮᠦ ᠲᠠᠭᠤᠷᠢᠶᠠᠯᠳᠤ ᠪᠠᠷᠠᠯᠠᠯ ᠪᠤᠯᠬᠤ ᠨᠢ᠂     ᠮᠠᠷᠠᠯ ᠭᠡᠳᠤᠨ ᠮᠠᠶᠢᠷᠠᠨ ᠤ ᠶᠠᠪᠤᠳᠠᠯ ᠪᠢᠰᠢ ᠤᠤ᠃※ ᠮᠠᠨᠠᠷᠠᠵᠦ ᠬᠠᠷᠠᠭᠳᠠᠭᠴᠢ ᠠᠯᠠᠭ ᠲᠤᠯᠤᠭᠠᠢ᠂     ᠮᠠᠨ ᠤ ᠨᠤᠳᠤᠭ ᠲᠠᠷᠠ ᠭᠠᠵᠠᠷ ᠤᠶᠢᠷᠠᠯᠴᠠᠭ᠎ᠠ ᠶᠤᠮ ᠳ᠋ᠤᠤ᠃※ ᠮᠠᠩᠬ᠎ᠠ ᠪᠠᠯᠠᠷ ᠡᠯᠡᠰᠤ ᠲᠠᠯᠠᠩ ᠪᠠᠭ᠋ᠠᠨ ᠶᠡᠭᠡ ᠪᠤᠯᠪᠠᠴᠤ᠂     ᠪᠠᠰᠠ ᠨᠢᠭᠡ ᠰᠢᠠᠵᠢᠬᠦᠯ᠎ᠠ ᠮᠠᠩᠨᠠᠢ ᠤᠷᠤᠨ ᠶᠤᠮ᠃         ᠮᠠᠩᠯᠠᠢ ᠪᠤᠭᠳᠠ ᠴᠢᠩᠬᠢᠰ ᠤᠨ ᠪᠠᠭᠠᠳᠤᠷ ᠦᠷ᠎ᠠ ᠭᠡᠤᠭᠡᠳ᠂     ᠮᠠᠰᠢ ᠬᠦᠠᠳᠤ ᠬᠠᠤᠯᠢ ᠴᠠᠭᠠᠵᠠ ᠶᠢ ᠡᠷᠬᠢᠮ ᠪᠤᠯᠭᠠᠭᠰᠠᠨ᠃         ᠮᠠᠭᠠᠳ ᠦᠭᠡᠢ ᠤᠷᠴᠢᠯᠠᠩ ᠤᠨ ᠬᠤᠭᠤᠰᠤᠨ ᠶᠤᠰᠤ ᠶᠢ᠂     ᠮᠠᠨ ᠳᠤᠷ ᠢᠯᠠ ᠦᠵᠡᠬᠦᠯᠤᠨ ᠰᠡᠩᠭᠡᠷᠡᠬᠦᠯᠪᠠ ᠰᠢᠤ᠃             ᠮᠠᠰᠢ ᠰᠠᠶᠢᠬᠠᠨ ᠵᠢᠪᠬᠤᠯᠠᠩ ᠤᠨ ᠰᠢᠠᠵᠢ ᠪᠦᠷᠢᠳᠴᠦ᠂     ᠮᠠᠭᠠᠳ ᠰᠠᠶᠢᠬᠠᠨ ᠡᠯᠪᠡᠭ ᠲᠠᠩᠰᠤᠭ ᠤᠷᠤᠨ ᠪᠤᠯᠬᠤ ᠶᠤᠮ ᠪᠠᠶᠢᠨ᠎ᠠ᠃     ᠰᠢᠪᠠᠷ ᠦᠯᠦᠩ ᠴᠢᠪᠠᠭᠠᠳᠤ ᠴᠠᠭᠠᠨ ᠲᠤᠯᠤᠭᠠᠢ᠂     ᠰᠢᠠᠵᠢ ᠲᠡᠬᠦᠰ ᠪᠦᠷᠢᠳᠦᠭᠰᠡᠨ ᠰᠠᠶᠢᠬᠠᠨ ᠪᠡᠯᠴᠢᠭᠡᠷ ᠰᠢᠤ᠃     ᠰᠢᠯᠢ ᠪᠤᠯᠠᠭ ᠴᠠᠶᠢᠳᠠᠮ ᠤᠰᠤ ᠵᠢᠬᠢᠷᠠᠮᠠᠠᠵᠢᠨ᠂     ᠰᠢᠠᠵᠢᠯᠠᠯᠳᠠᠢ ᠰᠠᠶᠢᠬᠠᠨ ᠨᠤᠳᠤᠭ ᠮᠠᠨ ᠤ ᠲᠠᠳᠠ ᠰᠢᠤ᠃         ᠰᠢᠯᠢ ᠴᠠᠶᠢᠳᠠᠮ ᠪᠤᠯᠠᠭ ᠤᠰᠤ ᠲᠤᠬᠢᠶᠠᠯᠳᠤᠮᠠᠠᠵᠢᠨ᠂     ᠰᠢᠯᠢᠪᠠᠴᠤ ᠡᠶᠢᠮᠦ ᠭᠠᠵᠠᠷ ᠴᠤᠬᠠᠭ ᠪᠠᠶᠢᠨ᠎ᠠ ᠰᠢᠤ ᠳ᠋ᠤᠤ᠃     ᠰᠢᠷ᠎ᠠ ᠲᠠᠯ᠎ᠠ ᠱᠠᠭᠠᠵᠠᠩᠳᠤ ᠶᠢᠨ ᠡᠷᠢᠶᠠᠨ ᠰᠠᠭᠤᠯᠳᠠᠢ ᠨᠤᠳᠤᠭ ᠰᠢᠤ᠂     ᠰᠠᠶᠢᠬᠠᠨ ᠰᠢᠠᠵᠢᠯᠠᠯ ᠪᠦᠷᠢᠨ ᠲᠡᠬᠦᠰᠦᠭᠰᠡᠨ ᠮᠠᠩᠯᠠᠢ ᠤᠷᠤᠨ ᠰᠢᠤ᠃     ᠰᠦᠠᠳᠠᠷᠯᠠᠵᠦ ᠬᠠᠷᠠᠭᠳᠠᠬᠤ ᠰᠦᠵᠢ ᠶᠢᠨ ᠤᠪᠤᠭ᠎ᠠ ᠰᠢᠤ᠂     ᠰᠠᠬᠦᠳᠠᠷ ᠲᠠᠯ᠎ᠠ ᠶᠢ ᠬᠠᠷᠠᠪᠠᠯ ᠰᠦᠰᠦᠭ ᠤᠷᠤᠮᠠᠷ ᠪᠠᠶᠢᠨ᠎ᠠ᠃     ᠰᠦᠠᠳᠠᠷᠯᠠᠵᠦ ᠬᠠᠷᠠᠭᠳᠠᠳᠠᠭ ᠵᠢᠷᠭᠤᠭᠠᠳᠠᠢ ᠶᠢᠨ ᠰᠢᠯᠢ ᠰᠢᠤ᠂     ᠰᠦᠰᠦᠭᠯᠠᠵᠦ ᠰᠢᠳᠦᠭᠳᠡᠳᠡᠭ ᠪᠠᠯᠳᠠᠠᠯᠾᠠᠮᠤ ᠰᠢᠤ᠃     ᠱᠠᠯᠠ ᠨᠢ ᠦᠠᠳᠤᠷ ᠰᠠᠷᠠᠭᠤᠯ ᠪᠠᠶᠢᠰᠢᠩ ᠳᠤ ᠪᠠᠨ ᠰᠠᠭᠤᠵᠦ ᠰᠤᠷᠤᠭᠰᠠᠨ ᠶᠤᠮ᠂     ᠱᠠᠯᠠᠨ ᠭᠡᠷ ᠤᠨ ᠬᠠᠷ᠎ᠠ ᠤᠳᠤᠭᠠᠨ ᠳᠤ ᠶᠠᠭᠠᠬᠢᠵᠦ ᠰᠠᠭᠤᠬᠤ ᠶᠤᠮ᠃       ᠲᠦᠷᠦᠯ ᠰᠠᠳᠤᠨ ᠠᠶᠢᠮᠠᠭ ᠲᠠᠶᠠᠭᠠᠷ ᠨᠠᠶᠢᠷ ᠲᠠᠢ ᠰᠠᠶᠢᠬᠠᠨ ᠰᠢᠤ᠂     ᠲᠦᠮᠠᠨ ᠲᠠᠪᠬᠤᠷ ᠪᠠᠶᠠᠷ ᠴᠡᠩᠭᠡᠯ ᠤᠷᠤᠰᠢᠬᠤ ᠶᠤᠮ ᠪᠠᠶᠢᠨ᠎ᠠ᠃     ᠲᠦᠷᠦ ᠬᠦᠷᠦᠨ ᠳᠤ ᠪᠠᠨ ᠲᠡᠷᠢᠬᠦᠨ ᠬᠠᠷ᠎ᠠ ᠮᠠᠶᠢᠷᠠᠨ ᠨᠢ᠂     ᠲᠦᠬᠦᠮ ᠢᠶᠠᠷ ᠭᠡᠮᠨᠡᠬᠦ ᠲᠦᠮᠠᠨ ᠠᠳᠤᠭᠤ ᠮᠠᠯ ᠲᠠᠢ ᠭᠡᠨ᠎ᠠ᠃     ᠲᠠᠯᠠᠢ ᠮᠠᠳᠤ ᠡᠳ᠋ ᠱᠠᠩ ᠲᠠᠢ ᠬᠠᠷ᠎ᠠ ᠮᠠᠶᠢᠷᠠᠨ ᠨᠢ᠂     ᠲᠠᠶᠠᠩ ᠲᠦᠮᠠᠨ ᠠᠮᠢᠳᠠᠳ ᠲᠤ ᠪᠠᠨ ᠲᠤᠰᠠᠯᠠᠯᠳᠠᠢ ᠭᠡᠨ᠎ᠠ᠃     ᠲᠠᠷᠠᠩ ᠭᠡᠭᠡᠷ ᠯᠠᠭᠤᠰᠠ ᠳᠤ ᠪᠠᠨ ᠲᠠᠬ᠎ᠠ ᠵᠡᠬᠦᠭᠰᠡᠨ ᠰᠠᠶᠢᠨ᠂     ᠲᠠᠯᠳᠡᠩ ᠲᠡᠬᠦᠰ ᠤᠨ ᠲᠡᠭᠡᠷᠡᠮ ᠢ ᠲᠠᠯᠢᠮ ᠳᠤ ᠬᠠᠳᠠᠭᠰᠠᠨ ᠰᠠᠶᠢᠨ᠃         ᠲᠠᠷᠠᠩ ᠴᠢᠬᠢ ᠬᠤᠯᠨ ᠮᠤᠷᠢ ᠴᠢᠨᠢ ᠲᠡᠭᠡᠬᠦᠷ ᠵᠢᠷᠤᠭ᠎ᠠ ᠰᠠᠶᠢᠨ᠂     ᠲᠡᠭᠡᠷᠡᠮ ᠤᠨ ᠲᠦᠷᠦᠬᠦᠦ ᠳ᠋ᠧᠩ ᠶᠢᠩᠰᠠ① ᠵᠠᠪᠠ ᠶᠢ ᠲᠠᠯᠠᠳᠴᠦ ᠠᠯᠠᠭᠰᠠᠨ ᠰᠠᠶᠢᠨ᠃     ᠲᠡᠩᠭᠡᠷ ᠴᠠᠭᠠᠨ ᠪᠠᠶᠢᠰᠢᠩ ᠳᠤ ᠪᠠᠨ ᠰᠠᠭᠤᠵᠦ ᠰᠤᠷᠤᠭᠰᠠᠨ ᠶᠤᠮ᠂     ᠲᠠᠷᠠᠰᠤ ᠬᠤᠯᠤᠰᠤᠨ ᠪᠠᠭᠪᠠᠢ ᠲᠤᠳᠤᠷ᠎ᠠ ᠶᠠᠭᠠᠬᠢᠵᠦ ᠰᠠᠭᠤᠬᠤ ᠪᠤᠢ᠃     ᠲᠠᠷᠠᠰᠤᠳᠤ ᠶᠢᠨ ᠤᠷᠳᠤ ᠦᠯᠦᠩ ᠴᠠᠶᠢᠳᠠᠮ ᠲᠠᠩᠰᠤᠭ ᠪᠡᠯᠴᠢᠭᠡᠷ ᠪᠠᠶᠢᠨ᠎ᠠ᠂     ᠲᠡᠯᠭᠡᠷ ᠰᠢᠳᠦᠭᠡᠨ ᠮᠠᠶᠢᠷᠠᠨ ᠰᠦᠮ᠎ᠠ ᠪᠠᠨ ᠲᠠᠠᠳᠠ ᠪᠠᠶᠢᠭᠤᠯᠬᠤ ᠶᠤᠮ ᠰᠢᠤ᠃     ᠲᠦᠷᠪᠡᠨ ᠲᠠᠯ᠎ᠠ ᠶᠢᠨ ᠰᠢᠠᠵᠢ ᠲᠡᠬᠦᠰ ᠡᠯᠪᠡᠭ ᠲᠠᠩᠰᠤᠭ ᠰᠢᠤ᠂     ᠲᠦᠬᠦᠮ ᠲᠠᠯᠠᠩ ᠲᠡᠭᠰᠢ ᠰᠠᠶᠢᠬᠠᠨ ᠤᠨᠢᠶᠠᠷ ᠲᠠᠢ ᠰᠢᠤ᠃     ᠲᠦᠷᠪᠡᠨ ᠵᠦᠭ ᠠᠴᠠ ᠤᠠᠳᠤᠷᠤᠭᠰᠠᠨ ᠲᠠᠪᠤᠨ ᠪᠤᠯᠠᠭ ᠰᠢᠤ᠂     ᠲᠦᠮᠠᠨ ᠠᠳᠤᠭᠤᠨ ᠤ ᠤᠮᠳᠠ ᠪᠤᠯᠤᠭᠠᠳ ᠮᠠᠯᠮᠠᠯᠵᠠᠵᠦ ᠪᠠᠶᠢᠨ᠎ᠠ ᠰᠢᠤ᠃         ᠴᠠᠭᠠᠨ ᠵᠠᠳᠠᠭᠠᠢ ᠴᠠᠮᠬᠠᠭ ᠤᠨ ᠴᠠᠶᠢᠳᠠᠮ ᠰᠠᠶᠢᠬᠠᠨ ᠭᠠᠵᠠᠷ ᠰᠢᠤ᠂     ᠶᠡᠭᠡ ᠰᠢᠪᠠᠷ ᠢᠭᠡᠷ᠎ᠠ ᠶᠢᠨ ᠴᠠᠶᠢᠳᠠᠮ ᠰᠠᠶᠢᠬᠠᠨ ᠭᠠᠵᠠᠷ ᠰᠢᠤ᠃     ᠴᠡᠩᠭᠡᠷ ᠬᠦᠭᠡ ᠪᠠᠷ ᠮᠠᠯᠮᠠᠯᠵᠡᠳᠡᠭ ᠴᠠᠭᠠᠨ ᠲᠤᠭᠤᠷᠢᠮ ᠰᠢᠤ᠂     ᠴᠡᠭᠡᠯ ᠮᠦᠷᠠᠨ ᠤ ᠤᠰᠤ ᠮᠠᠳᠤ ᠲᠤᠩᠭᠠᠯᠠᠭ ᠲᠠᠪᠠᠯᠭᠠᠨ ᠲᠠᠢ᠃         ᠴᠡᠩᠭᠡᠷᠯᠡᠵᠦ ᠬᠠᠷᠠᠭᠳᠠᠳᠠᠭ ᠴᠠᠭᠠᠨ ᠲᠤᠭᠤᠷᠢᠮ ᠰᠢᠤ᠂     ᠴᠡᠭᠡᠯ ᠮᠦᠷᠠᠨ ᠤ ᠤᠰᠤᠨ ᠠᠴᠠ ᠲᠠᠪᠠᠯᠭᠠᠨ ᠲᠠᠢ ᠰᠢᠤ᠃         ᠴᠡᠴᠡᠭ ᠨᠠᠪᠴᠢ ᠲᠡᠯᠭᠡᠷᠡᠭᠰᠡᠨ ᠵᠦᠯᠭᠡ ᠴᠠᠶᠢᠳᠠᠮ ᠲᠠᠢ᠂     ᠴᠢᠩᠬᠢᠪᠡᠴᠦ ᠠᠷᠭ᠎ᠠ ᠪᠠᠶᠢᠨ᠎ᠠ ᠤᠤ ᠤᠷᠬᠢᠭᠠᠳ ᠶᠠᠪᠤᠭᠰᠠᠨ ᠶᠤᠮ᠃         ᠵᠠᠪᠰᠠᠷ ᠦᠭᠡᠢ ᠮᠠᠯ ᠤᠨ ᠪᠡᠯᠴᠢᠭᠡᠷ ᠬᠤᠸᠠ ᠲᠤᠯᠤᠭᠠᠢ ᠶᠠ᠂     ᠵᠠᠯᠪᠠᠷᠢᠵᠦ ᠮᠦᠷᠬᠦᠬᠦ ᠤᠷᠤᠨ ᠭᠡᠭᠴᠢ ᠲᠤᠩᠨᠠᠮᠰᠠᠯᠵᠢᠳᠯᠢᠩ ②᠃         ᠵᠠᠪᠰᠠᠷᠯᠠᠵᠦ ᠬᠠᠷᠠᠭᠳᠠᠳᠠᠭ ᠲᠠᠷᠠᠰᠤᠳᠤ ᠶᠢᠨ ᠤᠪᠤᠭ᠎ᠠ ᠰᠢᠤ᠂     ᠵᠠᠯᠭᠠᠯᠳᠤᠭ᠎ᠠ ᠪᠠᠷ ᠰᠦᠠᠳᠠᠷᠯᠡᠭᠴᠢ ᠵᠠᠩᠭᠠᠨ ᠰᠢᠯᠢ ᠰᠢᠤ᠃         ᠵᠠᠪᠰᠠᠷᠯᠠᠵᠦ ᠬᠠᠷᠠᠭᠳᠠᠳᠠᠭ ᠽᠠᠩᠬᠠᠩ ᠠᠷᠤ ᠪᠠᠶᠢᠨ᠎ᠠ᠂     ᠵᠠᠮ ᠢᠶᠠᠷ ᠶᠠᠪᠤᠭᠠᠳ ᠬᠠᠷᠠᠬᠤᠯ᠎ᠠ ᠵᠠᠯᠪᠠᠷᠢᠮᠠᠷ ᠪᠠᠶᠢᠨ᠎ᠠ᠃※ ᠵᠠᠯᠭᠠᠮᠵᠢᠯᠠᠵᠦ ᠬᠠᠷᠠᠭᠳᠠᠭᠴᠢ ᠲᠠᠷᠤᠰᠢ ᠶᠢᠨ ᠤᠪᠤᠭ᠎ᠠ ᠶᠠ᠂     ᠵᠠᠯᠪᠠᠷᠢᠵᠦ ᠮᠦᠷᠬᠦᠯᠳᠠᠢ ᠤᠷᠤᠨ ᠲᠤᠩᠨᠠᠮ ᠰᠦᠮ᠎ᠠ ᠶᠠ᠃     ᠵᠠᠯᠭᠠᠯᠳᠤᠵᠦ ᠪᠠᠶᠢᠭᠤᠯᠤᠭᠳᠠᠭᠰᠠᠨ ᠵᠠᠯᠠᠭ᠎ᠠ ᠯᠠᠪᠷᠤᠩ ᠰᠢᠤ᠂     ᠵᠠᠪᠰᠠᠷᠯᠠᠵᠦ ᠬᠠᠷᠠᠭᠳᠠᠬᠤ ᠰᠠᠶᠢᠳ ᠤᠨ ᠶᠤᠭᠤᠷ ᠰᠢᠤ᠃     ᠵᠠᠯᠭᠠᠯᠳᠤᠵᠦ ᠬᠠᠷᠠᠭᠳᠠᠳᠠᠭ ᠵᠠᠯᠠᠭ᠎ᠠ ᠶᠢᠨ ᠤᠪᠤᠭ᠎ᠠ ᠰᠢᠤ᠂     ᠵᠠᠮ ᠢᠶᠠᠷ ᠶᠠᠪᠤᠭᠠᠳ ᠬᠠᠷᠠᠬᠤᠯᠠᠷ ᠵᠠᠨᠠᠭ ᠤᠨ ᠪᠡᠯᠴᠢᠭᠡᠷ ᠰᠢᠤ᠃     ︵ᠪᠠᠰᠠ᠄ ᠵᠠᠯᠭᠠᠯᠳᠤᠵᠦ ᠬᠠᠷᠠᠭᠳᠠᠳᠠᠭ ᠵᠠᠯᠠᠭ᠎ᠠ ᠪᠤᠳᠤᠩ ᠰᠢᠤ᠂     ᠵᠠᠮ ᠢᠶᠠᠷ ᠶᠠᠪᠤᠭᠠᠳ ᠬᠠᠷᠠᠬᠤᠯ᠎ᠠ ᠵᠠᠨᠠᠭ ᠤᠳ ᠲᠤᠭᠳᠤᠯᠵᠦ ᠪᠠᠶᠢᠨ᠎ᠠ᠃︶     ᠵᠠᠰᠠᠭ ᠪᠠᠶᠢᠯᠠ ᠶᠢᠨ ᠵᠡᠭᠢᠶ᠎ᠠ ᠪᠠᠶᠢᠪᠠᠯ ᠲᠠᠭ᠎ᠠ ᠯᠠ ᠦᠭᠡᠢ ᠳ᠋ᠤᠤ᠂     ᠴᠠᠭ ᠲᠦᠷᠦ ᠶᠢᠨ ᠦᠩᠭᠡ ᠪᠠᠶᠢᠪᠠᠯ ᠶᠠᠪᠤ ᠯᠠ ᠦᠭᠡᠢ ᠳ᠋ᠤᠤ᠃     ᠵᠡᠭᠡᠰᠤ ᠴᠡᠴᠡᠭ ᠲᠡᠯᠭᠡᠷᠡᠵᠦ ᠦᠩᠭᠡ ᠲᠦᠬᠦᠷᠠᠩ ᠪᠠᠶᠢᠨ᠎ᠠ᠂     ᠠᠶᠢᠮᠠᠭ ᠨᠤᠳᠤᠭ ᠪᠠᠶᠠᠨ ᠡᠯᠪᠡᠭ ᠰᠠᠨᠠᠭ᠎ᠠ ᠲᠦᠬᠦᠷᠠᠩ ᠪᠠᠶᠢᠨ᠎ᠠ᠃       ᠵᠠᠬᠦᠨ ᠪᠠᠷᠠᠭᠤᠨ ᠠᠶᠢᠮᠠᠭ ᠲᠠᠶᠠᠭᠠᠷ ᠡᠩᠭᠡ ᠮᠡᠡᠳᠤ ᠪᠠᠶᠢᠨ᠎ᠠ᠂     ᠵᠤᠶᠢᠯ ᠤᠨ ᠰᠠᠶᠢᠬᠠᠨ ᠡᠭᠡᠰᠢᠭ ᠢᠶᠠᠷ ᠨᠠᠶᠢᠷᠯᠠᠨ ᠲᠠᠭᠤᠯᠠᠵᠠᠭᠠᠶ᠎ᠠ᠃     ᠵᠡᠷᠭᠡᠴᠡᠭᠡ ᠪᠠᠷ ᠬᠠᠷᠠᠭᠳᠠᠳᠠᠭ ᠬᠤᠶᠠᠷ ᠲᠤᠯᠤᠩ ᠪᠠᠶᠢᠨ᠎ᠠ᠃     ᠵᠢᠪᠬᠤᠯᠠᠩᠳᠠᠢ ᠪᠤᠳᠤᠭᠳᠠᠳᠠᠭ ᠭᠡᠭᠡᠨᠴᠢᠷ ᠪᠠᠶ᠎ᠠ ᠪᠠᠶᠢᠨ᠎ᠠ᠃     ᠵᠢᠭᠠᠬᠠᠨ ᠭᠡᠭᠡᠷ ᠮᠤᠷᠢ ᠴᠢᠨᠢ ᠵᠠᠮ ᠤᠨ ᠰᠠᠶᠢᠪᠤᠷ ᠰᠠᠶᠢᠨ᠂     ᠵᠠᠮ ᠢᠶᠠᠨ ᠠᠯᠳᠠᠭᠰᠠᠨ ᠵᠠᠩᠭ᠎ᠠ ᠬᠦᠦ ᠳᠤ ᠵᠠᠮ ᠢ ᠨᠢ ᠵᠢᠭᠠᠭᠰᠠᠨ ᠰᠠᠶᠢᠨ᠃         ᠵᠢᠬᠢᠷᠠᠵᠦ ᠬᠠᠷᠠᠭᠳᠠᠳᠠᠭ ᠵᠢᠬᠢ ᠶᠢᠨ ᠲᠠᠯ᠎ᠠ ᠪᠠᠶᠢᠨ᠎ᠠ᠂     ᠵᠡᠬᠦᠨ ᠪᠠᠷᠠᠭᠤᠨ ᠲᠠᠯ᠎ᠠ ᠳᠤ ᠪᠠᠨ ᠰᠢᠠᠵᠢ ᠪᠦᠷᠢᠳᠦᠭᠰᠡᠨ ᠶᠤᠮ᠃ .     ᠵᠢᠬᠦᠷᠳᠠᠨ ᠰᠢᠪᠠᠭᠤ ᠵᠢᠷᠬᠢᠵᠦ ᠡᠭᠡᠰᠢᠭᠯᠡᠨ ᠲᠤᠩᠭᠤᠳᠤᠨ᠎ᠠ᠂     ᠵᠢᠷᠭᠠᠯᠠᠩ ᠤᠨ ᠤᠷᠤᠨ ᠪᠤᠯᠬᠤ ᠮᠠᠭᠠᠳ ᠰᠢᠠᠵᠢᠳᠠᠢ᠃         ᠵᠢᠷᠤᠭ᠎ᠠ ᠰᠠᠶᠢᠳᠤ ᠮᠤᠷᠢ ᠶᠢ ᠪᠠᠨ ᠰᠤᠶᠢᠵᠦ ᠬᠠᠭᠰᠠᠭᠠᠭᠠᠳ᠂     ᠵᠢᠷᠦᠭᠡᠨ ᠠᠯᠠᠭ ᠨᠦᠬᠦᠳ ᠤᠨ ᠳᠤ ᠪᠠᠨ ᠬᠦᠶᠦᠯᠭᠡᠭᠡᠳ ᠬᠦᠷᠴᠡᠭᠡᠶ᠎ᠠ᠃           ᠵᠢᠷᠬᠠᠷᠠᠵᠦ ᠬᠠᠷᠠᠭᠳᠠᠳᠠᠭ ᠭᠤᠷᠪᠢ ᠶᠢᠨ ᠰᠢᠯᠢ ᠰᠢᠤ᠂     ᠵᠠᠬᠦᠨ ᠪᠠᠷᠠᠭᠤᠨ ᠬᠤᠶᠠᠷ ᠲᠠᠯ᠎ᠠ ᠳᠤ ᠪᠠᠨ ᠤᠷᠤᠰᠬᠠᠯ ᠲᠠᠢ ᠰᠢᠤ᠃※ ᠵᠢᠷᠬᠠᠷᠠᠵᠦ ᠬᠠᠷᠠᠭᠳᠠᠳᠠᠭ ᠵᠢᠷᠠᠨ ᠬᠠᠶᠢᠯᠠᠰᠤ ᠶᠠ᠂     ᠵᠡᠬᠦᠨ ᠪᠠᠷᠠᠭᠤᠨ ᠲᠦᠷᠪᠠᠨ ᠲᠠᠯ᠎ᠠ ᠳᠤ ᠪᠠᠨ ᠰᠢᠠᠵᠢ ᠲᠡᠬᠦᠰ ᠪᠠᠶᠢᠨ᠎ᠠ᠃         ᠵᠢᠷᠬᠠᠷᠠᠵᠦ ᠬᠠᠷᠠᠭᠳᠠᠳᠠᠭ ᠵᠢᠷᠠᠨ ᠰᠢᠪᠠᠷ ᠰᠢᠤ᠂     ᠵᠢᠪᠬᠤᠯᠠᠩᠳᠤ ᠯᠠᠮᠠ ᠭᠡᠭᠡᠨ ᠠᠷᠠᠯ ᠤᠨ ᠰᠦᠮ᠎ᠠ ᠲᠡᠭᠡᠷ᠎ᠠ ᠰᠢᠤ᠃         ᠵᠤᠤᠬ᠎ᠠ ᠶᠢᠨ ᠴᠠᠶᠢᠳᠠᠮ ᠨᠠᠷᠢᠨ ᠬᠦᠳᠡᠭᠡ ᠠᠷᠠᠯ ᠤᠨ ᠴᠠᠶᠢᠳᠠᠮ ᠰᠢᠤ᠂     ᠵᠠᠬᠦᠨ ᠲᠠᠯ᠎ᠠ ᠶᠢᠨ ᠭᠤᠷᠪᠠᠨ ᠡᠯᠪᠡᠭ ᠰᠠᠶᠢᠬᠠᠨ ᠪᠡᠯᠴᠢᠭᠡᠷ ᠰᠢᠤ᠃         ᠵᠤᠷᠪᠤᠰ ᠭᠡᠵᠦ ᠬᠠᠷᠠᠭᠳᠠᠬᠤ ᠵᠤᠤᠬ᠎ᠠ ᠶᠢᠨ ᠴᠠᠶᠢᠳᠠᠮ ᠰᠢᠤ᠂     ᠵᠢᠭᠡᠬᠦᠨ ᠮᠠᠭᠤᠬᠠᠢ ᠭᠡᠷᠡᠭ ᠭᠠᠷᠭᠠᠳᠠᠭ ᠵᠤᠤᠬ᠎ᠠ ᠶᠢᠨ ᠪᠦᠯᠦᠭ ᠰᠢᠤ᠃     ᠵᠤᠶᠢᠯ ᠤᠨ ᠡᠪᠡᠰᠤ ᠲᠠᠷᠠᠰᠤ ᠬᠤᠯᠤᠰᠤ ᠲᠡᠯᠭᠡᠷᠡᠮᠡᠠᠵᠢᠨ᠂     ᠵᠤᠶᠢᠳᠠᠢ ᠰᠠᠶᠢᠬᠠᠨ ᠨᠤᠳᠤᠭ ᠭᠡᠵᠦ ᠬᠠᠶᠢᠷᠠᠯᠠᠯᠳᠠᠢ ᠶᠤᠮ᠃     ᠵᠤᠶᠢᠯ ᠤᠨ ᠰᠢᠪᠠᠭᠤ ᠵᠡᠷᠭᠡᠮᠵᠢ ᠪᠠᠷ ᠴᠠᠷᠪᠠᠨ ᠲᠤᠩᠭᠤᠳᠤᠭᠠᠳ᠂     ᠵᠢᠷᠭᠠᠯᠠᠩ ᠤᠨ ᠤᠷᠤᠨ ᠭᠡᠭᠴᠢ ᠲᠠᠠᠳᠠ ᠪᠠᠶᠢᠳᠠᠭ ᠶᠤᠮ᠃     ᠵᠦᠭ ᠪᠦᠷᠢ ᠠᠴᠠ ᠴᠤᠭᠯᠠᠷᠠᠭᠰᠠᠨ ᠠᠳᠤᠭᠤ ᠮᠠᠯ ᠴᠢᠨᠢ᠂     ᠵᠦᠯᠭᠡᠨ ᠲᠤᠬᠤᠢ ᠶᠢᠨ ᠤᠰᠤ ᠴᠠᠶᠢᠳᠠᠮ ᠳᠤ ᠠᠯᠠᠭᠰᠢᠳᠠᠭ ᠶᠤᠮ᠃     ᠵᠦᠭ ᠪᠦᠷᠢ ᠠᠴᠠ ᠴᠤᠭᠯᠠᠷᠠᠳᠠᠭ ᠠᠳᠤᠭᠤ ᠮᠠᠯ ᠤᠳ ᠨᠢ     ᠵᠦᠯᠭᠡ ᠴᠠᠶᠢᠳᠠᠮ ᠤᠰᠤᠨ ᠳᠤ ᠪᠠᠨ ᠠᠯᠠᠭᠰᠢᠳᠠᠭ ᠶᠤᠮ᠃     ᠵᠦᠭ ᠪᠦᠷᠢ ᠠᠴᠠ ᠴᠤᠭᠯᠠᠷᠠᠳᠠᠭ ᠵᠤᠶᠢᠯ ᠤᠨ ᠰᠢᠪᠠᠭᠤᠬᠠᠢ᠂     ᠵᠦᠯᠭᠡ ᠲᠤᠬᠤᠢ ᠶᠢᠨ ᠤᠰᠤᠨ ᠲᠤᠳᠤᠷ᠎ᠠ ᠴᠡᠩᠭᠡᠨ ᠵᠢᠷᠭᠠᠨ᠎ᠠ᠃     ᠶᠡᠭᠡ ᠰᠢᠬᠢᠷ ᠪᠠᠭ᠎ᠠ ᠰᠢᠬᠢᠷ ᠤᠪᠤᠭᠠᠨ ᠲᠤᠭᠤᠷᠢᠮ ᠰᠢᠤ᠂     ᠡᠷᠳᠡᠨᠢᠰ ᠤᠨ ᠨᠠᠭᠤᠷ ᠤᠳ ᠭᠡᠭᠴᠢ ᠲᠠᠠᠳᠠ ᠪᠠᠶᠢᠨ᠎ᠠ ᠰᠢᠤ ᠳ᠋ᠤᠤ᠃     ︵ᠪᠠᠰᠠ᠄ ᠡᠯᠳᠡᠪ ᠵᠤᠶᠢᠯ ᠤᠨ ᠰᠠᠶᠢᠬᠠᠨ ᠮᠠᠶᠢᠮᠠᠢ ᠲᠠᠠᠳᠠ ᠠᠷᠪᠢᠨ ᠰᠢᠤ︶      ① ᠲᠤᠩᠨᠠᠮᠰᠠᠯᠵᠢᠳᠯᠢᠩ — ᠭᠡᠵᠤᠤᠷ ᠤᠨ ᠰᠦᠮ᠎ᠠ ᠶᠢᠨ ᠲᠦᠪᠡᠳ ᠨᠠᠷ᠎ᠠ᠃      ②ᠳ᠋ᠧᠩ ᠶᠢᠩᠰᠠ — 灯影子ᠳ᠋ᠧᠩ ᠤᠨ ᠰᠠᠬᠦᠳᠠᠷ ︵ᠬᠤᠴᠢ ᠨᠠᠷ᠎ᠠ︶᠃      ③ ᠡᠨᠡ ᠲᠠᠭᠤᠤ ᠶᠢ ᠤᠳᠤ ᠠᠴᠠ ᠵᠠᠭᠤᠭᠠᠳ ᠵᠢᠯ ᠤᠨ ᠦᠶ᠎ᠠ ᠳᠤ ᠤᠳᠤᠭ ᠬᠤᠰᠢᠭᠤᠨ ᠤ ᠲᠦᠷᠢᠮ ᠤᠨ        ᠵᠠᠬᠢᠷᠤᠭᠴᠢ ᠪᠠᠶᠢᠭᠰᠠᠨ ᠰᠤᠨᠤᠮᠷᠠᠰᠢ ︵1866 ~1921︶ ᠵᠤᠬᠢᠶᠠᠵᠠᠢ᠃ ᠠᠩᠬ᠎ᠠ ᠵᠤᠬᠢᠶᠠᠭᠳᠠᠬᠤ ᠳᠤ          ᠵᠦᠪᠭᠡᠨ 11 ᠪᠠᠳᠠᠭ ᠰᠢᠯᠦᠭ ᠲᠠᠢ ᠪᠠᠶᠢᠵᠠᠢ᠃ ᠡᠨᠡ ᠨᠢ 1937 ᠤᠨ ᠤ ᠪᠡᠭᠡᠵᠢᠩ ᠳᠤ ᠭᠡᠪᠯᠡᠭᠳᠡᠭᠰᠡᠨ          ᠭᠠᠳᠠᠭᠠᠳᠤ ᠶᠢᠨ ᠮᠤᠩᠭᠤᠯᠴᠢ ᠡᠷᠳᠡᠮᠳᠠᠨ ᠠ᠊ · ᠮᠤᠰᠲᠶᠧᠷᠲ ᠠᠪᠤᠭᠠᠢ ᠶᠢᠨ ︽ᠤᠷᠳᠤᠰ ᠠᠮᠠᠨ ᠵᠤᠬᠢᠶᠠᠯ︾      ᠲᠤᠳᠤᠷᠡᠬᠢ ︽ᠠᠷᠠᠳ ᠤᠨ ᠲᠠᠭᠤᠤ︾ ᠶᠢᠨ 152 ᠳ᠋ᠤᠭᠠᠷ ᠲᠠᠭᠤᠤ ᠳᠤ ᠲᠡᠮᠳᠡᠭᠯᠡᠭᠳᠡᠵᠠᠢ᠃ ᠡᠬᠦᠨ ᠳᠤ        ᠵᠦᠪᠭᠡᠨ ᠤᠳᠤ ᠶᠢᠨ ᠤᠳᠤᠭ ᠤᠨ ᠡᠮᠦᠨᠡᠳᠤ ᠬᠤᠰᠢᠭᠤᠨ ᠤ ᠵᠢᠷᠠᠨ ᠬᠠᠶᠢᠯᠠᠰᠤ ᠤᠷᠴᠢᠮ ᠤᠨ ᠭᠠᠵᠠᠷ ᠤᠨ          ᠨᠠᠷ᠎ᠠ — ᠦᠭᠡᠷ᠎ᠠ ᠪᠠᠷ ᠭᠡᠯᠡᠪᠠᠯ ᠰᠤᠨᠤᠮᠷᠠᠰᠢ ᠶᠢᠨ ᠰᠠᠭᠤᠵᠦ ᠪᠠᠶᠢᠭᠰᠠᠨ ᠨᠤᠳᠤᠭ ᠤᠨ ᠲᠤᠭᠤᠷᠢᠨ ᠳᠤ ᠬᠢ      ᠨᠠᠷᠠᠰ ᠪᠤᠯᠤᠨ᠎ᠠ᠃ ᠬᠤᠵᠢᠮ ᠨᠢ ᠤᠳᠤ ᠶᠢᠨ ᠤᠳᠤᠭ ᠤᠨ ᠡᠮᠦᠨᠡᠳᠤ ᠬᠤᠰᠢᠭᠤᠨ ᠤ ᠤᠶᠢᠮᠤᠴᠢ ᠨᠤᠳᠤᠭ ᠲᠠᠢ      ᠬᠤᠩᠬᠢᠯ ᠵᠢᠷᠭᠠᠯ᠂ ᠦᠤᠰᠢᠨ ᠬᠤᠰᠢᠭᠤᠨ ᠤ ᠪᠠᠶᠠᠠᠳᠠᠯᠠᠢ ᠵᠡᠷᠭᠡ ᠬᠦᠮᠦᠰ ᠦᠪᠡᠷ ᠦᠪᠡᠷ ᠤᠨ ᠨᠤᠳᠤᠭ            ᠤᠰᠤᠨ ᠤ ᠨᠠᠷᠠᠰ — ︽ᠵᠢᠷᠠᠨ ᠰᠢᠪᠠᠷ︾᠂ ︽ᠤᠯᠵᠠᠴᠢ ᠶᠢᠨ ᠰᠢᠯᠢ︾᠂ ︽ᠶᠡᠭᠡ ᠪᠠᠭ᠎ᠠ ᠪᠤᠳᠤᠩ︾        ᠵᠡᠷᠭᠡ ᠶᠢ ᠨᠠᠮᠠᠵᠦ ᠵᠤᠬᠢᠶᠠᠭᠰᠠᠭᠠᠷ ᠪᠠᠶᠢᠭᠠᠳ ᠡᠳᠦᠭᠡ ᠵᠠᠭᠤ ᠲᠠᠪᠢ ᠤᠷᠴᠢᠮ ᠪᠠᠳᠠᠭ ᠲᠠᠢ ᠪᠤᠯᠵᠠᠢ᠃ ᠪᠠᠳᠠᠭ        ᠰᠢᠯᠦᠭ ᠤᠨ ᠲᠡᠭᠡᠷ᠎ᠠ ᠨᠢ※ ᠲᠡᠮᠳᠡᠭᠳᠠᠢ ᠨᠢ ᠤᠤᠯ ᠤᠨ ᠦᠭᠡ ᠨᠢ ᠪᠤᠯᠤᠨ᠎ᠠ᠃
 
ᠢᠷᠡᠯᠲᠡ᠄ ︽ᠣᠷᠳᠣᠰ ᠮᠣᠩᠭᠤᠯ ᠠᠷᠠᠳ ᠤᠨ ᠳᠠᠭᠤᠤ︾ -- ᠣᠲᠤᠭ ᠤᠨ ᠡᠮᠦᠨᠡᠲᠦ ᠬᠤᠰᠢᠭᠤᠨ ᠤ ᠪᠤᠲᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号