ᠠᠪᠠ ᠬᠠᠨ ᠰᠢᠯᠢ
ᠨᠡᠶᠢᠲᠡᠯᠡᠭᠰᠡᠨ ᠴᠠᠭ᠄
2018-07-26
         ᠠᠪᠠ ᠬᠠᠨ ᠰᠢᠯᠢ※ ᠠᠷᠬᠠᠰ ᠭᠡᠵᠦ ᠬᠠᠷᠠᠭᠳᠠᠳᠠᠭ ᠠᠪᠠ ᠬᠠᠨ ᠰᠢᠯᠢ ᠰᠢᠤ᠂     ᠠᠳᠤᠭᠤ ᠮᠠᠯ ᠤᠨ ᠤᠮᠳᠠ ᠪᠠᠯᠴᠢᠭᠡᠷ ᠭᠤᠷᠪᠠᠨ ᠪᠤᠯᠠᠭ ᠰᠢᠤ᠃         ᠡᠩᠭᠡᠷᠯᠡᠵᠦ ᠬᠠᠷᠠᠭᠳᠠᠳᠠᠭ ᠡᠷᠬᠢᠮ ᠲᠠᠯᠠᠢ ᠰᠢᠤ᠂     ᠡᠩᠨᠠᠨ ᠰᠠᠭᠤᠭᠰᠠᠨ ᠠᠶᠢᠮᠠᠭ ᠢᠶᠠᠷ ᠢᠶᠠᠨ ᠡᠩᠭᠡ ᠮᠠᠠᠳᠤ ᠰᠠᠶᠢᠨ᠃※ ︵ᠪᠠᠰᠠ᠄ ᠡᠩᠭᠡᠷᠯᠡᠵᠦ ᠬᠠᠷᠠᠭᠳᠠᠳᠠᠭ ᠡᠷᠬᠢᠮ ᠲᠠᠯᠠᠢ ᠶᠠ᠂          ᠶᠡᠭᠡ ᠲᠦᠮᠠᠨ ᠤᠯᠠᠩᠬᠢ ᠳᠤ ᠪᠠᠨ ᠡᠵᠡᠨ ᠰᠦᠯᠳᠠ ᠶᠠ᠃︶         ᠦᠠᠳᠤᠷᠯᠠᠵᠦ ᠬᠠᠷᠠᠭᠳᠠᠳᠠᠭ ᠦᠤᠳᠢ ᠶᠢᠨ ᠰᠢᠯᠢ ᠰᠢᠤ᠂     ᠦᠶ᠎ᠠ ᠶᠢᠨ ᠪᠠᠭ᠎ᠠ ᠠᠴᠠ ᠦᠰᠦᠭᠰᠡᠨ ᠰᠠᠶᠢᠬᠠᠨ ᠨᠤᠳᠤᠭ ᠰᠢᠤ᠃※ ᠪᠠᠷᠬᠠᠰ ᠭᠡᠵᠦ ᠬᠠᠷᠠᠭᠳᠠᠳᠠᠭ ᠪᠠᠯᠠᠩ ᠤᠨ ᠰᠢᠯᠢ ᠶᠠ᠂     ᠪᠠᠭᠰᠢ ᠯᠠᠮᠠ ᠪᠠᠷᠴᠢᠬᠢᠷ ᠬᠠᠮᠪᠤ ᠪᠠᠳᠮᠠᠭᠠᠷᠪᠤ ᠶᠢᠨ ᠲᠡᠭᠡᠷ᠎ᠠ᠃         ᠬᠠᠷᠠᠯᠠᠰᠬᠢᠵᠦ ᠬᠠᠷᠠᠭᠳᠠᠳᠠᠭ ᠬᠠᠷ᠎ᠠ ᠦᠠᠳᠤᠷ ᠰᠢᠤ᠂     ᠬᠠᠮᠤᠭ ᠠᠮᠢᠳᠠᠨ ᠤ ᠤᠮᠳᠠ ᠪᠤᠯᠤᠭᠰᠠᠨ ᠬᠠᠯᠵᠠᠨ ᠪᠤᠯᠠᠭ ᠰᠢᠤ᠃※ ᠭᠡᠰᠡᠭ ᠪᠦᠯᠦᠭ ᠬᠠᠷᠠᠭᠳᠠᠳᠠᠭ ᠭᠡᠵᠤᠤᠷ ᠤᠨ ᠰᠦᠮ᠎ᠠ ᠶᠠ᠂     ᠭᠡᠰᠡᠭ ᠦᠶ᠎ᠠ ᠪᠤᠳᠤᠭᠳᠠᠳᠠᠭ ᠭᠡᠭᠡᠨᠴᠢᠷ ᠨᠦᠬᠦᠷ ᠶᠠ᠃     ︵ᠪᠠᠰᠠ᠄ ᠭᠡᠰᠡᠭ ᠦᠶ᠎ᠠ ᠪᠤᠳᠤᠭᠳᠠᠳᠠᠭ ᠮᠠᠨ ᠤ ᠨᠤᠳᠤᠭ ᠰᠢᠤ᠃︶         ᠭᠡᠰᠡᠭᠯᠡᠵᠦ ᠬᠠᠷᠠᠭᠳᠠᠳᠠᠭ ᠭᠡᠴᠠᠬᠦᠦ ᠶᠢᠨ ᠡᠷᠢᠶᠠᠨ ᠰᠢᠤ᠂     ᠵᠢᠬᠢᠷᠠᠵᠦ ᠬᠠᠷᠠᠭᠳᠠᠳᠠᠭ ᠴᠢᠪᠠᠭ᠎ᠠ ᠶᠢᠨ ᠲᠦᠬᠦᠮ ᠰᠢᠤ᠃         ᠬᠦᠭᠡᠷᠡᠵᠦ ᠬᠠᠷᠠᠭᠳᠠᠳᠠᠭ ᠬᠦᠭᠡ ᠱᠤᠷᠤᠩ ᠰᠢᠤ᠂     ᠬᠦᠷᠦᠭᠡᠰᠤ ᠠᠮᠢᠳᠠᠨ ᠲᠤᠭᠯᠠᠭᠰᠠᠨ ᠪᠠᠷᠠᠭᠤᠨ ᠱᠠᠯᠠ ᠰᠢᠤ᠃         ᠭᠠᠨᠵᠢᠷᠠᠯᠠᠵᠦ ᠬᠠᠷᠠᠭᠳᠠᠳᠠᠭ ᠬᠠᠷᠬᠠᠳᠠᠨ ᠰᠦᠮ᠎ᠠ ᠰᠢᠤ᠂     ᠭᠠᠶᠢᠬᠠᠮᠰᠢᠭᠳᠤ ᠵᠢᠬᠢ ᠲᠠᠢ ᠠᠯᠳᠠᠢ ᠶᠢᠨ ᠤᠷᠤᠢ ᠰᠢᠤ᠃         ᠮᠠᠨᠠᠷᠠᠵᠦ ᠬᠠᠷᠠᠭᠳᠠᠳᠠᠭ ᠮᠠᠰᠢᠩ ᠪᠦᠷᠢᠳᠤ ᠰᠢᠤ᠂     ᠮᠠᠨ ᠤ ᠡᠨᠡ ᠠᠶᠢᠮᠠᠭ ᠢᠶᠠᠷ ᠢᠶᠠᠨ ᠠᠮᠤᠷᠯᠢᠩᠭᠤᠢ ᠰᠠᠶᠢᠨ᠃         ᠱᠤᠮᠳᠠᠢ ᠬᠤᠯᠠ ᠠᠴᠠ ᠬᠠᠷᠠᠭᠳᠠᠳᠠᠭ ᠱᠤᠠᠳᠤᠷ ᠤᠨ ᠡᠷᠢᠶᠠᠨ ᠰᠢᠤ᠂     ᠱᠤᠮᠨᠠᠨ ᠦᠰᠦᠭᠰᠡᠨ ᠪᠢᠳᠠᠨ ᠲᠠᠶᠠᠭᠠᠷ ᠠᠮᠤᠷᠯᠢᠩᠭᠤᠢ ᠰᠠᠶᠢᠨ᠃     ︵ᠪᠠᠰᠠ᠄ ᠱᠤᠭᠳᠠᠢ ᠭᠠᠩᠭᠤᠨ ᠶᠠᠪᠤᠨ᠎ᠠ ᠭᠡᠭᠴᠢ ᠪᠠᠭ᠎ᠠ ᠶᠢᠨ ᠵᠠᠩ ᠪᠠᠶᠢᠨ᠎ᠠ ᠰᠢᠤ᠃︶※ ᠵᠢᠷᠬᠠᠷᠠᠵᠦ ᠬᠠᠷᠠᠭᠳᠠᠳᠠᠭ ᠵᠢᠷᠠᠨ ᠰᠢᠪᠠᠷ ᠰᠢᠤ᠂     ᠵᠢᠪᠬᠤᠯᠠᠩᠳᠠᠢ ᠯᠠᠮᠠ ᠭᠡᠭᠡᠨ ᠠᠷᠠᠯ ᠤᠨ ᠰᠦᠮ᠎ᠠ ᠲᠡᠭᠡᠷ᠎ᠠ ᠶᠠ᠃         ᠠᠪᠤ ᠡᠵᠢ ᠶᠢᠨ ᠠᠰᠠᠷᠠᠯ ᠬᠠᠶᠢᠷ᠎ᠠ ᠠᠭᠤᠤ ᠵᠤᠵᠠᠭᠠᠨ ᠪᠠᠶᠢᠨ᠎ᠠ᠂     ᠠᠴᠢᠷ ᠦᠷ᠎ᠠ ᠪᠢᠳᠠ ᠨᠠᠷ ᠠᠮᠤᠷ ᠰᠠᠶᠢᠬᠠᠨ ᠪᠠᠶᠢᠨ᠎ᠠ᠃※ ᠪᠤᠷᠤ ᠬᠠᠯᠳᠠᠷ ᠯᠠᠭᠤᠰᠠ ᠴᠢᠨᠢ ᠪᠤᠯᠠᠭᠠᠨ ᠲᠤᠬᠤᠮ ᠲᠠᠢ᠂     ᠪᠤᠷᠤᠭᠤ ᠬᠢᠭᠰᠡᠨ ᠰᠤᠨᠤᠮᠷᠠᠰᠢ ᠶᠢ ᠫᠤᠤᠳᠠᠵᠦ ᠠᠯᠠᠭᠰᠠᠨ ᠰᠠᠶᠢᠨ᠃※ ᠲᠠᠷᠠᠩ ᠰᠠᠭᠠᠷᠠᠯ ᠮᠤᠷᠢ ᠴᠢᠨᠢ ᠲᠡᠭᠡᠬᠦᠷ ᠵᠢᠷᠤᠭ᠎ᠠ ᠰᠠᠶᠢᠨ᠂     ᠲᠡᠭᠡᠷᠠᠮ ᠤᠨ ᠲᠦᠷᠦᠬᠦᠦ ᠳ᠋ᠧᠩ ᠶᠢᠩᠽᠢ ᠵᠠᠪᠠ ᠶᠢ ᠲᠠᠯᠠᠳᠴᠦ ᠠᠯᠠᠭᠰᠠᠨ ᠰᠠᠶᠢᠨ᠃         ᠠᠭᠤᠯᠠ ᠰᠢᠯᠢ ᠤᠰᠤ ᠮᠤᠳᠤ ᠤᠷᠭᠤᠬᠤ ᠪᠠᠨ ᠪᠠᠶᠢᠭᠰᠠᠨ ᠰᠢᠤ᠂     ᠤᠳᠠᠭᠠᠨ ᠵᠢᠯ ᠢᠶᠠᠷ ᠰᠠᠭᠤᠵᠦ ᠰᠤᠷᠪᠠᠯ ᠤᠬᠢᠯᠠᠳᠠᠭ ᠪᠠᠢ ᠯᠠ ᠦᠭᠡᠢ ᠳ᠋ᠤᠤ᠃     ᠬᠠᠳᠤᠨ ᠲᠠᠯᠠᠢ ᠲᠤᠰᠤᠳᠤ ᠶᠢᠨ ᠭᠤᠤᠯ ᠭᠡᠯᠬᠢᠶ᠎ᠠ ᠲᠠᠢ ᠰᠢᠤ᠂     ᠭᠠᠯᠬᠢᠵᠦ ᠢᠷᠡᠭᠡᠳ ᠢᠰᠭᠡᠷᠬᠦ ᠳᠤ ᠨᠤᠳᠤᠭ ᠰᠠᠶᠢᠬᠠᠨ ᠰᠢᠤ᠃         ᠬᠤᠩᠬᠢᠰ ᠭᠡᠰᠠᠨ ᠪᠠᠶ᠎ᠠ ᠮᠢᠨᠢ ᠬᠤᠷᠢ ︵ᠯᠠ︶ ᠭᠠᠷᠤᠭᠰᠠᠨ ᠶᠤᠮ᠂     ᠬᠤᠶᠠᠷ ᠬᠤᠨᠳᠠᠭ᠎ᠠ ᠠᠷᠢᠬᠢᠨ ᠳᠤ ᠪᠠᠨ ᠰᠤᠭᠳᠤᠬᠤ ᠪᠠᠷ ᠴᠦ ᠦᠭᠡᠢ ᠰᠢᠤ᠃         ᠭᠤᠷᠢᠰ ᠭᠡᠰᠠᠨ ᠪᠠᠶ᠎ᠠ ᠮᠢᠨᠢ ᠭᠤᠴᠢ ︵ᠯᠠ︶ ᠭᠠᠷᠤᠭᠰᠠᠨ ᠶᠤᠮ᠂     ᠭᠤᠷᠪᠠᠨ ᠵᠦᠩᠰᠠ ᠠᠷᠢᠬᠢᠨ ᠳᠤ ᠪᠠᠨ ᠰᠤᠭᠳᠤᠬᠤ ᠪᠠᠷ ᠴᠦ ᠦᠭᠡᠢ ᠰᠢᠤ᠃※ ︵ᠪᠠᠰᠠ᠄ ᠭᠤᠷᠢᠰ ᠭᠡᠰᠠᠨ ᠪᠠᠶ᠎ᠠ ᠮᠢᠨᠢ ᠭᠤᠴᠢ ᠭᠠᠷᠤᠯ᠎ᠠ ᠪᠠ᠂              ᠭᠤᠷᠪᠠᠨ ᠵᠦᠩᠰᠨ ᠠᠷᠢᠬᠢᠨ ᠳᠤ ᠪᠠᠨ ᠠᠶᠢᠮᠤᠷᠯᠠᠯ᠎ᠠ ᠪᠠ᠃︶         ᠲᠠᠷᠪᠠᠰ ᠭᠡᠰᠠᠨ ᠪᠠᠶ᠎ᠠ ᠮᠢᠨᠢ ᠲᠦᠴᠢ ᠯᠠ ᠭᠠᠷᠤᠭᠰᠠᠨ ᠶᠤᠮ᠂     ᠲᠦᠷᠪᠠᠨ ᠬᠤᠨᠳᠠᠭ᠎ᠠ ᠠᠷᠢᠬᠢᠨ ᠳᠤ ᠪᠠᠨ ᠰᠤᠭᠳᠤᠬᠤ ᠪᠠᠷ ᠴᠦ ᠦᠭᠡᠢ ᠰᠢᠤ᠃
 
ᠢᠷᠡᠯᠲᠡ᠄ ︽ᠣᠷᠳᠣᠰ ᠮᠣᠩᠭᠤᠯ ᠠᠷᠠᠳ ᠤᠨ ᠳᠠᠭᠤᠤ︾ -- ᠣᠲᠤᠭ ᠤᠨ ᠡᠮᠦᠨᠡᠲᠦ ᠬᠤᠰᠢᠭᠤᠨ ᠤ ᠪᠤᠲᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号