ᠴᠠᠬᠠᠷ ᠨᠠᠷᠠᠨᠳᠠᠯᠠᠢ | | | ᠡᠮᠡᠬᠡᠯᠳᠤ ᠬᠡᠵᠤ ᠬᠡᠳᠤᠨ ᠪᠠᠷ᠎ᠠ ᠶᠢᠨ ᠭᠠᠵᠠᠷ ᠠᠴᠠ ᠬᠠᠷᠠᠬᠳᠠᠬᠤ ᠦᠨᠳᠤᠷ ᠰᠢᠷᠭᠠᠯ ᠡᠯᠡᠰᠤᠨ ᠤᠷᠤᠢ ᠬᠡᠷ ᠤᠨ | ᠮᠢᠨᠢ ᠠᠰ ᠡᠮᠤᠨ᠎ᠡ ᠵᠦᠭ ᠲᠤ ᠪᠠᠶᠢᠷᠢᠯᠠᠳᠠᠭ᠃ ᠡᠷᠳᠡ ᠲᠡᠬᠡᠳᠤ ᠶᠢᠨ ᠦᠶ᠎ᠡ ᠳᠤ ᠮᠤᠩᠭᠤᠯ ᠤᠨ ᠨᠢᠬᠡᠨ ᠪᠠᠭᠠᠳᠤᠷ | ᠵᠠᠩᠵᠤᠨ ᠰᠤᠮᠤᠨ ᠴᠠᠭᠠᠨ ᠬᠡᠳᠡᠭ ᠴᠤᠤ ᠲᠠᠢ ᠬᠦᠯᠦᠭ ᠢᠶᠠᠨ ᠤᠨᠤᠵᠤ ᠲᠠᠶᠢᠰᠤᠨ ᠢᠶᠠᠨ ᠲᠠᠷᠤᠵᠤ ᠲᠠᠷᠬᠠᠨ ᠴᠤᠯᠠ | ᠪᠠᠨ ᠮᠠᠨᠳᠤᠭᠤᠯᠤᠨ ᠮᠠᠨ ᠤ ᠨᠤᠳᠤᠭ ᠢᠶᠠᠷ ᠴᠡᠷᠢᠭ ᠪᠠᠭᠤᠵᠤ ᠪᠠᠶᠢᠬᠰᠠᠨ ᠬᠡᠵᠤ ᠡᠪᠦᠭᠡ ᠮᠢᠨᠢ ᠲᠤᠮᠤᠭ ᠰᠢᠭ᠋ | ᠬᠠᠭᠤᠴᠢᠯᠠᠳᠠᠭ ᠪᠠᠶᠢᠵᠠᠢ᠃ ᠪᠠᠭᠠᠳᠤᠷ ᠵᠠᠩᠵᠤᠨ ᠤ ᠡᠮᠡᠬᠡᠯ ᠢᠶᠠᠨ ᠰᠡᠪᠡᠷᠡᠬᠡᠵᠤ᠂ ᠬᠦᠯᠦᠭ ᠢᠶᠠᠨ ᠠᠮᠠᠷᠠᠭᠠᠬᠰᠠᠨ | ᠦᠨᠳᠤᠷ ᠤᠷᠤᠢ ᠪᠤᠯᠬᠤᠷ ᠡᠮᠡᠬᠡᠯᠳᠤ ᠲᠤᠯᠤᠭᠠᠢ ᠬᠡᠵᠤ ᠤᠯᠠᠨ ᠵᠢᠯ ᠤᠨ ᠬᠤᠶᠢᠨ᠎ᠠ ᠡᠯᠡᠰᠤᠵᠢᠵᠤ ᠲᠠᠴᠢᠷᠳᠠᠬᠰᠠᠨ | ᠠᠴᠠ ᠡᠮᠡᠬᠡᠯᠳᠤ ᠶᠢᠨ ᠮᠠᠩᠬ᠎ᠠ ᠬᠡᠬᠦ ᠪᠤᠯᠤᠬᠰᠠᠨ ᠬᠡᠨ᠎ᠡ᠃ ᠮᠠᠯ ᠲᠡᠭᠷᠢ ᠮᠠᠭᠤᠳᠠᠬᠤ ᠶᠢ ᠲᠠᠭᠠᠷᠠᠭᠤᠯᠵᠦ ᠲᠦᠯᠯᠡᠳᠡᠭ | ᠭᠡᠵᠦ ᠠᠪᠤ ᠡᠵᠢ ᠬᠡᠯᠡᠯᠴᠡᠲᠡᠭ ᠪᠠᠶᠢᠪᠠ᠃ ᠦᠨᠡᠨ ᠪᠤᠯᠪᠠ ᠤᠤ︖ ᠰᠤᠮᠤᠨ ᠴᠠᠭᠠᠨ ᠮᠢᠨᠢ ᠬᠦᠢᠳᠡᠨ ᠰᠠᠯᠬᠢ | ᠱᠤᠤᠬᠢᠬᠰᠠᠨᠡᠳᠤᠷ ᠡᠮᠡᠬᠡᠯᠳᠤ ᠶᠢᠨ ᠮᠠᠩᠬᠠᠨ ᠤ ᠡᠩᠬᠡᠷ ᠲᠤ ᠲᠥᠷᠥᠭᠰᠡᠨ ᠶᠤᠮ᠃ ᠭᠤᠷᠪᠠ ᠶᠢᠰᠤ ᠶᠢᠨ ᠶᠠᠰᠤ | ᠬᠠᠪᠳᠠᠭᠠᠶᠢᠯᠠᠮᠠᠷ ᠬᠦᠢᠳᠡᠨ ᠡᠳᠤᠷ ᠲᠠᠭᠠᠷᠠᠬᠰᠠᠨ ᠪᠤᠯᠬᠤᠷ ᠡᠬᠡ ᠨᠢ ᠲᠤᠯᠢᠶᠠᠵᠤ ᠠᠮᠵᠢᠯ ᠦᠬᠡᠢ ᠰᠠᠯᠠᠢ ᠨᠢ ᠬᠦᠯᠳᠡᠵᠤ᠂ | ᠡᠬᠡ ᠳᠤ ᠨᠢ ᠬᠦᠬᠦᠬᠦᠯᠬᠦ ᠪᠠᠷ ᠴᠢᠷᠮᠠᠶᠢᠬᠰᠠᠨ ᠪᠤᠯᠪᠠᠴᠤ ᠲᠤᠯᠤᠭᠠᠢ ᠪᠠᠨ ᠲᠠᠭᠠᠭᠠ ᠶᠠᠳᠠᠬᠰᠠᠨ | ᠮᠠᠭᠤᠵᠢᠷᠠᠩᠬᠠᠢ ᠬᠤᠷᠠᠭ᠎ᠠ ᠡᠬᠡ ᠪᠠᠨ ᠬᠦᠬᠦᠵᠤ ᠴᠢᠳᠠᠬᠰᠠᠨ ᠦᠬᠡᠢ᠃ ᠰᠠᠨᠳᠤᠷᠴᠤ ᠪᠠᠴᠢᠮᠳᠠᠬᠤ ᠳᠤ ᠪᠠᠨ | ᠮᠦᠷᠦᠯᠡᠵᠤ ᠢᠷᠡᠭᠰᠡᠨ ᠤᠭᠤᠳᠠᠨ ᠳᠤ ᠬᠤᠷᠠᠭ᠎ᠠ ᠪᠠᠨ ᠬᠢᠵᠤ᠂ ᠠᠶᠢᠷᠠᠭ ᠢᠳᠡᠭᠰᠡᠨ ᠬᠦᠴᠤ ᠪᠠᠨ ᠭᠠᠷᠭᠠᠨ ᠪᠠᠶᠢᠵᠤ | ᠡᠬᠦᠷᠦᠬᠡᠳ ᠡᠬᠡ ᠶᠢ ᠨᠢ ᠲᠠᠭᠠᠭᠤᠯᠵᠤ ᠬᠡᠷ ᠤᠷᠤᠭᠤ ᠰᠠᠯᠬᠢ ᠰᠦᠷᠦᠨ ᠲᠡᠮᠤᠯᠡᠵᠤ ᠪᠢᠯᠡ᠃ | — — ᠨᠢᠳᠤ ᠦᠬᠡᠢ ᠰᠢᠯᠢᠷᠡᠨ ᠲᠡᠨᠤᠵᠤ ᠬᠤᠷᠠᠭᠠᠯᠠᠳᠠᠭ ᠬᠤᠨᠢ ᠪᠠᠶᠢᠵᠤ ᠬᠦᠢ︕ ᠠᠪᠤ ᠴᠢᠨᠢ ᠠᠶᠢᠯ ᠠᠴᠠ | ᠲᠠᠭᠤᠵᠤ ᠢᠷᠡᠭᠰᠡᠨ ᠬᠡᠳᠤᠨᠨᠤᠳᠤᠭ ᠤᠨ ᠡᠬᠦᠯᠳᠡᠷ ᠤᠨ ᠬᠤᠨᠢᠨ ᠤ ᠨᠢᠬᠡ ᠪᠠᠶᠢᠵᠠᠢ᠃ ᠲᠠᠩᠴᠤ ᠵᠠᠩ ᠢ ᠨᠢ | ᠮᠡᠳᠡᠭᠰᠡᠨ ᠦᠬᠡᠢ᠃ ᠮᠠᠭᠤ ᠬᠦᠦ ᠮᠢᠨᠢ ᠰᠠᠶᠢᠨ ᠬᠤᠨᠢᠴᠢᠨ ᠪᠤᠯᠬᠤᠷ ᠴᠢᠮ᠎ᠠ ᠮᠠᠭᠤ ᠶᠢ ᠬᠦᠯᠳᠡᠬᠡᠭᠰᠡᠨ ᠦᠬᠡᠢ | ᠠᠪᠤᠷᠠᠬᠰᠠᠨ ᠶᠤᠮ ᠪᠠᠶᠢᠨ᠎ᠠ ᠰᠢᠤ ᠬᠡᠵᠤ ᠡᠵᠢ ᠰᠢᠷ᠎ᠠ ᠲᠤᠰᠤ ᠬᠠᠯᠠᠭᠤᠯᠵᠤ ᠠᠮᠠᠳᠠᠵᠤ ᠬᠦᠬᠦᠬᠦᠯᠦᠭᠰᠡᠨ ᠬᠤᠷᠠᠭ᠎ᠠ | ᠪᠠᠨ ᠡᠩᠬᠦᠷᠡᠶᠢᠯᠡᠵᠤ ᠬᠡᠯᠡᠪᠡ᠃ ᠰᠢᠷ᠎ᠠ ᠲᠤᠰᠤ ᠪᠠᠷ ᠬᠡᠳᠡᠰᠤ ᠪᠠᠨ ᠬᠠᠯᠠᠭᠤᠯᠤᠬᠰᠠᠨ ᠬᠤᠷᠠᠭ᠎ᠠ ᠲᠤᠯᠤᠭᠠᠢ ᠦᠨᠳᠡᠶᠢᠬᠦ | ᠲᠡᠩᠬᠡᠬᠡ ᠲᠠᠢ ᠪᠤᠯᠵᠤ᠂ ᠰᠡᠬᠦᠯ ᠭᠤᠳᠤᠭᠤᠨᠠᠭᠤᠯᠤᠨ ᠡᠬᠡ ᠪᠠᠨ ᠬᠦᠬᠦᠵᠤ ᠠᠳᠬᠤ ᠬᠡᠳᠡᠰᠤ ᠲᠠᠢ ᠪᠤᠯᠤᠨ ᠦᠬᠡᠳᠡ | ᠠᠴᠠ ᠮᠢᠨᠢ ᠬᠠᠨᠳᠤᠨ ᠮᠠᠢ ᠮᠠᠢ ᠮᠠᠶᠢᠯᠠᠬᠤ ᠶᠤᠮ ᠪᠢᠯᠡ᠃ ᠡᠬᠡ ᠪᠠᠨ ᠲᠠᠭᠤᠷᠢᠶᠠᠬᠰᠠᠨ ᠴᠤᠯ ᠴᠠᠭᠠᠨ᠂ ᠬᠠᠷ᠎ᠠ | ᠨᠢᠳᠤᠨ ᠠᠮᠢᠳᠠᠨ ᠪᠠᠶᠢᠵᠤ᠂ ᠲᠤᠶᠢᠮᠤᠭ ᠰᠢᠨᠵᠢ ᠨᠢ ᠮᠡᠳᠡᠭᠳᠡᠵᠤ ᠪᠠᠶᠢᠬᠰᠠᠨ ᠲᠤᠯᠠ ᠡᠩᠬᠡᠷ ᠲᠤ ᠤᠨᠠᠬᠤ ᠳᠤ ᠠᠮᠢ | ᠵᠠᠯᠭᠠᠭᠤᠯᠤᠬᠰᠠᠨ ᠢᠶᠠᠷ ᠢᠶᠠᠨ ᠨᠢᠬᠡᠮᠤᠰᠤᠨ ᠡᠵᠡᠨ ᠨᠢ ᠪᠤᠯᠵᠤ ᠰᠤᠮᠤᠨ ᠴᠠᠭᠠᠨ ᠬᠡᠰᠡᠨ ᠨᠡᠷ᠎ᠡ ᠦᠭᠴᠢᠬᠡᠪᠡ᠃ ᠲᠤᠤᠷ | ᠬᠦᠷᠢᠶ᠎ᠡ ᠴᠦᠬᠡᠨ ᠪᠠᠶᠢᠬᠰᠠᠨ ᠴᠠᠭ᠂ ᠬᠤᠶᠠᠷ ᠲᠠᠯ᠎ᠠ ᠠᠴᠠ ᠮᠠᠯᠳᠠᠵᠤ ᠲᠤᠮᠳᠠ ᠨᠢ ᠰᠢᠪᠠᠷ ᠤᠪᠤᠭᠠᠯᠠᠨ ᠨᠦᠳᠦᠵᠤ | ᠪᠤᠰᠬᠠᠬᠰᠠᠨ ᠲᠠᠷᠢᠶᠠᠨ ᠰᠤᠪᠠᠭ ᠢ ᠮᠠᠨ ᠤ ᠬᠢᠨ ᠰᠤᠮᠤᠨ ᠭᠤᠤ ᠬᠡᠳᠡᠭ᠃ ᠬᠠᠳᠠᠭᠤ ᠲᠤᠭᠤᠢ ᠲᠤᠯᠤᠭᠠᠢ ᠲᠠᠢ᠂ | ᠭᠤᠤᠯ ᠨᠢᠷᠤᠭᠤ ᠪᠠᠷ ᠢᠶᠠᠨ ᠰᠤᠳᠠᠯ ᠮᠡᠳᠤ ᠰᠢᠯᠤᠭᠤᠨ ᠵᠢᠷᠤᠭᠠᠰᠤ ᠲᠠᠢ᠂ ᠰᠤᠮᠤ ᠴᠠᠬᠢᠯᠭᠠᠨ ᠰᠢᠭ᠋ ᠲᠥᠷᠬᠡᠨ | ᠬᠢᠯᠠᠰᠴᠤ ᠠᠷᠢᠯᠳᠠᠭ ᠰᠤᠮᠤᠨ ᠴᠠᠭᠠᠨ ᠨᠡᠷᠡᠳᠤ ᠮᠤᠭᠠᠢ ᠪᠠᠶᠢᠳᠠᠭ᠃ ᠲᠤᠮᠤᠭ ᠴᠤᠤᠳᠤ ᠬᠦᠯᠦᠭ᠂ ᠪᠤᠰᠤᠨ | ᠰᠤᠮᠤᠳᠠᠳᠠᠭ ᠮᠤᠭᠠᠢ᠂ ᠠᠰᠬᠠᠨ ᠰᠢᠯᠦᠭᠤᠨ ᠰᠤᠪᠠᠭ ᠪᠦᠬᠦᠨ ᠢ ᠰᠠᠨᠠᠵᠤ ᠤᠯᠵᠤ ᠤᠤ ᠪᠤᠤ ᠮᠠᠳᠠ᠂ ᠶᠠᠭᠤ ᠴᠤ | ᠬᠡᠰᠡᠨ ᠡᠨᠡ ᠬᠤᠷᠠᠭ᠎ᠠ ᠪᠤᠯ ᠰᠤᠮᠤᠨ ᠴᠠᠭᠠᠨ ᠨᠡᠷ᠎ᠡ ᠤᠯᠬᠤ ᠳᠤ ᠪᠠᠨ ᠲᠠᠭᠠᠷᠠᠨ᠎ᠠ ᠬᠡᠵᠤ ᠪᠤᠳᠤᠬᠰᠠᠨ ᠨᠢ ᠯᠠᠪᠳᠠᠢ᠃ | ᠡᠨᠡ ᠮᠠᠭᠤ ᠲᠤᠷᠠᠩᠬᠠᠢ ᠬᠤᠷᠠᠭ᠎ᠠ ᠳᠤ ᠰᠤᠮᠤᠨ ᠴᠠᠭᠠᠨ ᠨᠡᠷ᠎ᠡ ᠥᠭᠳᠡᠭ ᠬᠡᠵᠤ ᠠᠬ᠎ᠠ ᠨᠠᠳᠠ ᠶᠢ ᠱᠤᠬᠯᠠᠨᠠ᠃ ᠰᠤᠮᠤ | ᠰᠢᠭ᠋ ᠲᠡᠰᠢᠨ ᠬᠠᠯᠢᠳᠠᠭ ᠠᠷᠭᠠᠯᠢ ᠤᠭᠠᠯᠵᠠ ᠠᠷᠠᠢ ᠴᠤ ᠡᠶᠢᠮᠦ ᠶᠠᠭᠤᠮ᠎ᠠ ᠪᠢᠰᠢ ᠭᠡᠵᠦ ᠡᠯᠡᠭᠯᠡᠵᠦ ᠪᠠᠶᠢᠬᠤ ᠨᠢ | ᠢᠯᠡᠭᠡᠨ᠃ ᠡᠬᠡᠴᠢ ᠮᠢᠨᠦ ᠴᠠᠭᠠᠳᠠᠢ ᠲᠣᠭᠤᠯᠳᠠᠭ ᠥᠬᠡᠢ ᠨᠠᠶᠢᠷ ᠲᠠᠯᠪᠢᠳᠠᠭ ᠠᠴᠠ ᠪᠤᠯᠪᠠ ᠤᠤ ᠡᠰᠡᠬᠦᠯ᠎ᠡ ᠮᠢᠨᠦ ᠵᠠᠷᠢᠮ | ᠵᠦᠩ ᠰᠤᠪᠢᠩ ᠵᠦᠪ ᠪᠤᠯᠳᠠᠭ ᠲᠤ ᠢᠳᠡᠬᠡᠭᠰᠡᠨ ᠴᠤ ᠪᠣᠯᠪᠠ ᠤᠤ︖ ᠠᠮᠠ ᠪᠠᠨ ᠪᠢᠳᠡᠬᠦᠯᠡᠨᠢᠨᠢᠶᠡᠪᠡ᠃ | ᠬᠠᠪᠤᠷ ᠤᠨ ᠰᠡᠬᠦᠯᠴᠢ ᠶᠢᠨ ᠨᠢᠬᠡᠨ ᠦᠷᠯᠦᠬᠡ᠂ ᠬᠤᠷᠰᠢᠶ᠎ᠠ ᠲᠤᠭᠤᠶᠢᠯᠠᠩ ᠤᠨ ᠨᠡᠯᠢᠶᠡᠳ ᠬᠦᠮᠦᠰ ᠬᠡᠷ ᠲᠤ | ᠴᠤᠬᠯᠠᠷᠠᠪᠠ᠃ ᠮᠠᠨ ᠤ ᠬᠢᠨ ᠪᠤᠭ ᠮᠠᠯ ᠠᠷᠪᠢᠳᠴᠤ ᠬᠤᠷᠠᠭ᠎ᠠ ᠢᠰᠢᠬᠡ ᠲᠠᠢ ᠪᠠᠨ ᠲᠠᠪᠤ ᠵᠢᠷᠭᠤᠭᠠᠨ ᠵᠠᠭᠤ | ᠦᠩᠬᠡᠷᠡᠬᠡᠬᠡᠳ ᠪᠤᠰᠤᠤᠨ ᠲᠤ ᠰᠦᠷᠦᠭ ᠬᠠᠷᠢᠭᠤᠯᠠᠭᠤᠯᠬᠤ ᠪᠠᠷ ᠪᠤᠯᠤᠬᠰᠠᠨ ᠢ ᠨᠤᠶᠢᠷ ᠠᠴᠠ ᠲᠥᠩᠬᠡᠵᠢ ᠰᠡᠷᠡᠭᠰᠡᠨ | ᠡᠬᠡᠴᠢ ᠪᠢᠳᠠ ᠬᠤᠶᠠᠷ ᠠᠰᠠᠭᠤᠵᠤ ᠴᠤ ᠠᠮᠵᠢᠬᠰᠠᠨ ᠦᠬᠡᠢ ᠭᠠᠲᠠᠭᠰᠢ ᠬᠦᠶᠦᠪᠡ᠃ ᠬᠤᠨᠢ ᠢᠮᠠᠭ᠎ᠠ᠂ ᠬᠤᠷᠠᠭ᠎ᠠ | ᠢᠰᠢᠬᠡ ᠨᠢ ᠲᠤᠰ ᠲᠤᠰ ᠲᠤ ᠪᠠᠨ ᠬᠠᠰᠢᠶᠠᠨ ᠳᠤ ᠬᠤᠷᠢᠭᠠᠳᠠᠢ᠂ ᠨᠢᠬᠡ ᠲᠦᠯ ᠢ ᠨᠢ ᠲᠠᠪᠠᠷᠠᠵᠤ ᠭᠠᠷᠭᠠᠪᠠᠯ ᠡᠬᠡᠴᠢ | ᠪᠢᠳᠠ ᠬᠤᠶᠠᠷ ᠡᠬᠡ ᠶᠢ ᠨᠢ ᠲᠤᠳᠤᠷ᠎ᠠ ᠬᠤᠷᠤᠭᠠᠨ ᠠᠴᠠ ᠵᠢᠰᠦᠯᠡᠵᠤ ᠭᠠᠷᠭᠠᠵᠤ ᠪᠠᠶᠢᠪᠠ᠃ | — — ᠶᠤᠰᠤᠳᠠᠢ ᠬᠢᠷᠠᠬᠠᠢ ᠰᠡᠷᠬᠦᠯᠡᠩ ᠪᠢᠴᠢᠬᠠᠨ ᠬᠤᠨᠢᠴᠢᠨ ᠪᠠᠶᠢᠨ᠎ᠠ᠃ ᠡᠨᠡ ᠤᠯᠠᠨᠬᠤᠷᠠᠭᠠ ᠢᠰᠢᠬᠡᠨ | ᠲᠠᠭᠤ ᠪᠠᠷ ᠨᠢ ᠲᠠᠨᠢᠵᠤ ᠡᠬᠡ ᠮᠠᠯ ᠶᠢ ᠨᠢ ᠢᠯᠭᠠᠵᠤ ᠰᠠᠯᠭᠠᠵᠤ ᠭᠠᠷᠬᠤ ᠬᠡᠵᠤ ᠭᠠᠶᠢᠬᠠᠮᠠᠷ ᠶᠤᠮ ᠡ ᠬᠡᠵᠤ ᠮᠠᠯᠵᠢᠯ | ᠤᠨ ᠬᠤᠷᠰᠢᠶᠠᠨ ᠡᠪᠤᠬᠡᠵᠢᠶᠡᠷ ᠲᠠᠷᠤᠭ᠎ᠠ ᠮᠠᠬᠳᠠᠵᠤ ᠭᠠᠷᠬᠤ ᠳᠤ᠄ — — ᠡᠨᠡ ᠬᠡᠳᠤᠨ ᠬᠡᠤᠬᠡᠳ ᠪᠠᠶᠢᠬᠤ | ᠦᠬᠡᠢ ᠪᠤᠯ ᠪᠢᠳᠠ ᠦᠴᠢᠨᠡᠬᠡᠨ ᠤᠯᠠᠨ ᠮᠠᠯ ᠬᠠᠷᠠᠵᠤ ᠮᠠᠨᠳᠤ ᠰᠦᠷᠦᠭ ᠤᠨ ᠡᠵᠡᠨ ᠪᠤᠯᠵᠤ ᠲᠡᠶᠢᠯᠬᠦ ᠦᠬᠡᠢ ᠬᠡᠵᠤ | ᠡᠵᠢ ᠪᠠᠷᠳᠠᠮ ᠨᠢ ᠠᠷᠭ᠎ᠠ ᠦᠬᠡᠢ ᠬᠡᠯᠡᠨ᠎ᠡ᠃ | ᠰᠦᠷᠦᠭ ᠰᠠᠯᠭᠠᠨ ᠭᠠᠳᠠᠬᠰᠢ ᠲᠠᠭᠤᠵᠤ ᠡᠬᠢᠯᠡᠬᠦ ᠳᠤ ᠡᠨᠡ ᠶᠡᠭᠡ ᠤᠶᠢᠮᠡᠬᠡᠨ ᠱᠤᠤᠬᠢᠶᠠᠨ ᠳᠤ ᠲᠠᠷᠢᠬᠢ ᠨᠢ | ᠢᠰᠦᠭᠰᠡᠨ ᠡᠬᠡᠴᠢ ᠪᠢᠳᠠ ᠬᠤᠶᠠᠷ ᠬᠡᠳᠤᠨ ᠬᠠᠶᠢᠷᠠᠳᠠᠢ ᠬᠤᠨᠢ ᠬᠤᠷᠠᠭ᠎ᠠ ᠨᠢ ᠠᠶᠢᠯ ᠳᠤ ᠰᠢᠯᠵᠢᠬᠦ ᠪᠤᠯᠤᠬᠰᠠᠨ ᠢ | ᠬᠡᠨᠡᠳᠳᠡ ᠰᠡᠷᠡᠪᠡ᠃ ᠮᠠᠬᠳᠠᠭᠤᠯᠵᠤ ᠬᠦᠬᠡᠷᠴᠤ ᠪᠠᠶᠢᠬᠰᠠᠨ ᠬᠤᠶᠠᠷ ᠨᠢᠯᠪᠤᠰᠤ ᠲᠤᠰᠤᠯᠠᠭᠤᠯᠵᠤ ᠠᠪᠤ ᠡᠵᠢ ᠶᠢ ᠪᠠᠨ | ᠬᠤᠷᠮᠤᠶᠢᠳᠠᠪᠠᠯ᠂ ᠨᠠᠷᠠᠨ ᠠᠴᠠ ᠡᠮᠤᠨ᠎ᠠ ᠮᠠᠯ ᠢᠶᠠᠨ ᠪᠡᠯᠴᠢᠬᠡᠬᠦ ᠬᠡᠵᠤ ᠶᠠᠭᠠᠷᠠᠵᠤ ᠪᠠᠶᠢᠬᠰᠠᠨ ᠠᠪᠤ ᠡᠵᠢ ᠮᠢᠨᠢ ᠴᠤ | ᠰᠡᠳᠬᠢᠯ ᠤᠶᠠᠷᠠᠵᠤ᠂ ᠬᠤᠯᠠᠳᠠᠬᠰᠠᠨ ᠬᠤᠨᠢ ᠶᠢ ᠲᠠᠬᠢᠨ ᠴᠤᠬᠯᠠᠭᠤᠯᠵᠤ᠂ ᠡᠬᠡᠴᠢ ᠪᠢᠳᠠ ᠬᠤᠶᠠᠷ ᠰᠤᠮᠤᠨ ᠴᠠᠭᠠᠨ᠂ | ᠰᠢᠷ᠎ᠠ ᠬᠠᠯᠵᠠᠨ ᠬᠤᠷᠠᠭᠠᠳᠠᠨ ᠢᠶᠠᠨ ᠰᠤᠯᠢᠵᠤ ᠦᠯᠡᠳᠡᠬᠡᠬᠡᠳ ᠰᠠᠨᠠᠭ᠎ᠠ ᠠᠮᠠᠷᠠᠵᠤ ᠪᠢᠯᠡ᠃ | ᠲᠡᠷᠡ ᠵᠢᠯ ᠤᠨ ᠭᠠᠩ ᠬᠠᠭᠰᠠᠷᠭᠠᠨ ᠬᠡᠵᠤ ᠴᠢᠷᠠᠢ ᠠᠯᠳᠠᠭᠤᠯᠤᠮ᠎ᠠ᠃ ᠵᠤᠨ ᠤ ᠠᠭᠤᠷ ᠪᠤᠯᠴᠢᠬᠠᠬᠰᠠᠨ | ᠪᠠᠶᠢᠳᠠᠯ᠎ᠠ ᠪᠠᠯᠠᠷ ᠡᠷᠢᠶᠡᠯᠡᠩ ᠢᠶᠠᠷ ᠨᠤᠭᠤᠭᠠᠨ ᠦᠩᠬᠡ ᠲᠠᠮᠠᠢ ᠬᠠᠷᠠᠬᠳᠠᠬᠤ ᠦᠬᠡᠢ᠃ ᠬᠡᠰᠡᠨ ᠴᠤ ᠰᠤᠮᠤᠨ ᠴᠠᠭᠠᠨ | ᠡᠪᠡᠰᠤ ᠪᠤᠷᠳᠤᠭᠠᠨ ᠳᠤ ᠤᠷᠤᠭᠠᠳ ᠤᠳᠠᠵᠤ ᠡᠳᠤᠷ ᠠᠴᠠ ᠡᠳᠤᠷ ᠲᠤᠮᠤᠷᠠᠵᠤ ᠪᠠᠶᠢᠯ᠎ᠠ᠃ ᠨᠢᠬᠡ ᠡᠳᠤᠷ ᠰᠤᠮᠤᠨ | ᠴᠠᠭᠠᠨ ᠡᠬᠡ ᠲᠠᠢ ᠪᠠᠨ ᠤᠰᠤᠨ ᠳᠤ ᠢᠷᠡᠭᠰᠡᠨ ᠦᠬᠡᠢ᠃ ᠲᠠᠷᠠᠭ᠎ᠠ ᠡᠳᠤᠷ ᠨᠢ ᠪᠢᠳᠠ ᠪᠡᠯᠴᠢᠬᠡᠷ ᠤᠨ ᠦᠵᠦᠬᠦᠷ | ᠬᠦᠷᠳᠡᠯ᠎ᠡ ᠡᠷᠢᠵᠤ ᠠᠶᠢᠮᠠᠭ ᠬᠠᠵᠠᠭᠤ ᠪᠠᠷ ᠡᠷᠢᠯ ᠰᠤᠷᠠᠭ ᠲᠠᠯᠪᠢᠭᠠᠳ ᠤᠯᠵᠤ ᠬᠦᠴᠦᠷᠦᠭᠰᠡᠨ ᠦᠬᠡᠢ᠃ ᠪᠤᠷᠤᠭᠠᠨ | ᠬᠤᠷ᠎ᠠ ᠦᠬᠡᠢ᠂ ᠣᠰᠤ ᠵᠠᠳᠠᠭᠠᠢ ᠪᠦᠷ ᠰᠢᠷᠬᠢᠭᠰᠡᠨ ᠴᠠᠭ ᠲᠤ ᠮᠢᠨᠥ ᠮᠠᠭᠤ ᠰᠤᠮᠤᠨ ᠴᠠᠭᠠᠨ ᠠᠩᠭᠠᠵᠤ ᠰᠤᠶᠢᠳ | ᠪᠤᠯᠵᠤ ᠪᠠᠶᠢᠯᠬᠦᠢ ᠬᠡᠵᠤ ᠪᠤᠳᠤᠭᠠᠳ ᠡᠰᠡᠯ᠎ᠡ ᠤᠬᠢᠯᠠᠬᠤ ᠰᠢᠬᠠᠯ᠎ᠠ᠃ | — — ᠦᠨᠡᠭᠡ ᠰᠢᠪᠠᠭᠤ ᠰᠢᠬᠦᠷᠴᠢᠬᠡᠪᠡ ᠤᠤ︖ ᠲᠡᠬᠡᠪᠡᠯ ᠡᠬᠡ ᠨᠢ ᠢᠷᠡᠬᠦ ᠤᠴᠢᠷᠳᠡᠢ ᠳ᠋ᠠ︕ ᠬᠡᠵᠤ ᠡᠵᠢ | ᠬᠡᠯᠡᠭᠰᠡᠨ ᠢᠶᠠᠨ ᠤᠷᠤᠭᠤᠯ ᠢᠶᠠᠨ ᠲᠠᠬᠯᠠᠵᠤ᠄ | — — ᠡᠨᠡ ᠠᠮᠠ ᠬᠡᠵᠤ ᠪᠡᠯᠬᠡ ᠲᠠᠮᠪᠡᠷᠢᠯ ᠦᠬᠡᠢ ᠦᠬᠡ ᠬᠡᠯᠡᠵᠤ ᠬᠦᠦ ᠪᠠᠨ ᠠᠶᠤᠯᠭᠠᠴᠢᠬᠠᠪᠠ ᠤᠤ ᠬᠡᠮᠡᠨ | ᠲᠤᠯᠤᠭᠠᠢ ᠶᠢ ᠮᠢᠨᠢ ᠵᠦᠬᠡᠯᠡᠨ ᠢᠯᠪᠢᠪᠡ᠃ | — — ᠠᠶ᠎ᠠ︕ ᠮᠢᠨᠥ ᠡᠨᠡ ᠮᠠᠷᠳᠠᠮᠳᠠᠭᠠᠢ ᠬᠡᠳᠡᠭ ᠨᠢ᠃ ᠰᠤᠮᠤᠨ ᠴᠠᠭᠠᠨ ᠤ ᠡᠬᠡ ᠨᠢ ᠬᠤᠷᠠᠭ᠎ᠠ ᠪᠠᠶᠢᠬᠤ | ᠳᠤ ᠪᠠᠨ ᠪᠠᠶᠠᠨ ᠠᠪᠠᠭ᠎ᠠ ᠶᠢᠨ ᠬᠢ ᠠᠴᠠ ᠨᠢ ᠥᠬᠡᠷ ᠢᠶᠠᠷ ᠰᠤᠯᠢᠬᠳᠠᠵᠤ ᠢᠷᠡᠭᠰᠡᠨ ᠶᠤᠮ᠃ ᠬᠦᠬᠡᠷᠦᠬᠦᠢ᠂ ᠲᠠᠨᠳᠠ | ᠶᠠᠪᠤᠬᠤ ᠨᠢ ᠲᠠᠭᠠᠷᠠᠨ᠎ᠠ ᠶᠠᠭᠠᠬᠢᠬᠤᠪ︕ ᠬᠡᠵᠤ ᠡᠵᠢᠤᠬᠠᠭᠠᠨ ᠲᠦᠬᠦᠬᠡ ᠨᠢ ᠤᠯᠳᠠᠬᠤ ᠦᠬᠡᠢ ᠶᠠᠭᠤᠮ᠎ᠠ ᠶᠠᠷᠢᠪᠠ᠃ | | — — ᠬᠤᠷᠠᠭ᠎ᠠ ᠪᠠᠶᠢᠵᠤ ᠪᠠᠶᠢᠭᠠᠳ ᠪᠡᠯᠴᠢᠬᠡᠷ ᠢᠶᠠᠨ ᠲᠠᠨᠢᠳᠠᠭ ᠶᠤᠮ ᠤᠤ︖ ᠬᠡᠵᠤ ᠪᠢ ᠢᠳᠡᠬᠡᠵᠤ ᠶᠠᠳᠠᠨ | ᠠᠰᠠᠭᠤᠬᠤ ᠳᠤ ᠡᠵᠢ᠄ | — — ᠮᠠᠯ ᠬᠡᠵᠤ ᠮᠡᠷᠬᠡᠨ ᠪᠠᠶᠢᠳᠠᠭ ᠰᠢᠤ᠃ ᠬᠡᠳᠡᠰᠤᠨ ᠳᠤ ᠪᠠᠶᠢᠬᠰᠠᠨ ᠴᠤ ᠨᠤᠳᠤᠭ ᠢᠶᠠᠨ ᠲᠠᠨᠢᠳᠠᠭ ᠰᠢᠤ᠃ | ᠠᠬ᠎ᠠ ᠶᠢ ᠴᠢᠨᠢ ᠪᠠᠶᠠᠨ ᠠᠪᠠᠭ᠎ᠠ ᠶᠢᠨ ᠳᠤ ᠨᠢ ᠶᠠᠪᠤᠭᠤᠯᠤᠶ᠎ᠠ ᠬᠡᠯᠡ᠃ ᠪᠢ ᠠᠬ᠎ᠠ ᠶᠢ ᠲᠠᠭᠠᠵᠤ ᠶᠠᠪᠤᠶ᠎ᠠ ᠬᠡᠪᠠᠯ | ᠠᠬ᠎ᠠ ᠨᠠᠳᠠ ᠶᠢ ᠰᠠᠭᠠᠳ ᠬᠡᠵᠤ ᠲᠠᠭᠠᠭᠤᠯᠬᠤ ᠲᠤᠷ᠎ᠠ ᠦᠬᠡᠢ ᠪᠠᠶᠢᠪᠠ᠃ ᠪᠢ ᠠᠬ᠎ᠠ ᠶᠢ ᠴᠢᠷᠡᠶᠢᠳᠠᠵᠤ᠂ ᠡᠵᠢ ᠶᠢᠨ | ᠬᠤᠷᠮᠤᠢ ᠠᠴᠠ ᠵᠢᠭᠤᠷᠠᠨ ᠭᠤᠶᠤᠬᠤ ᠳᠤ ᠠᠬ᠎ᠠ ᠲᠤᠷ᠎ᠠ ᠲᠠᠢ ᠲᠤᠷ᠎ᠠ ᠦᠬᠡᠢ ᠵᠦᠪᠰᠢᠶᠡᠷᠡᠵᠤ ᠡᠵᠢ ᠤᠷᠤᠭᠤ ᠬᠠᠷᠠᠪᠠ᠃ | ᠡᠵᠢ ᠪᠠᠭ᠎ᠠ ᠤᠳᠠᠰᠬᠢᠵᠤ ᠪᠠᠶᠢᠭᠠᠳ | — — ᠵᠠ ᠲᠡᠬᠡᠪᠡᠯ ᠦᠳᠡᠰᠢ ᠰᠠᠶᠢᠨ ᠤᠨᠳᠠᠵᠤ ᠠᠪᠤᠭᠠᠳ ᠮᠠᠷᠭᠠᠰᠢ ᠦᠷᠯᠦᠬᠡ ᠡᠷᠳᠡ ᠶᠢᠨ ᠰᠠᠷᠢᠬᠦᠨ ᠢᠶᠠᠷ | ᠶᠠᠪᠤ᠃ ᠲᠦᠴᠢᠨ ᠭᠠᠵᠠᠷ ᠬᠤᠯᠠᠰᠢᠤ᠂ ᠵᠠᠮ ᠳᠤ ᠪᠠᠨ ᠠᠶᠢᠯ ᠤᠷᠤᠵᠤ ᠤᠰᠤ ᠴᠠᠢ ᠰᠠᠶᠢᠨ ᠤᠤᠭᠤᠵᠤ ᠪᠠᠢ ᠬᠡᠵᠤ | ᠠᠬ᠎ᠠ ᠳᠤ ᠵᠠᠬᠢᠯ᠎ᠠ᠃ | ᠨᠠᠷᠠ ᠭᠠᠷᠬᠤ ᠳᠤ ᠠᠬ᠎ᠠ ᠪᠢᠳᠠ ᠬᠤᠶᠠᠷ ᠡᠮᠡᠬᠡᠯᠳᠤ ᠶᠢᠨ ᠮᠠᠩᠬ᠎ᠠ ᠶᠢ ᠠᠷᠤ ᠳᠤ ᠪᠠᠨ ᠬᠤᠯᠠ ᠤᠷᠬᠢᠵᠤ᠂ | ᠬᠠᠷᠬᠢᠯ ᠤᠨ ᠰᠢᠯᠢ ᠲᠠᠪᠠᠵᠤ ᠡᠬᠢᠯᠡᠪᠡ᠃ ᠬᠤᠯᠠ ᠭᠠᠵᠠᠷ ᠶᠠᠪᠤᠵᠤ ᠦᠵᠡᠭᠡ ᠦᠬᠡᠢ ᠪᠢ ᠨᠠᠷᠠ ᠲᠡᠬᠡᠭᠰᠢ ᠰᠤᠪᠤᠷᠠᠬᠤ | ᠳᠤ ᠶᠠᠳᠠᠷᠠᠵᠤ ᠲᠤᠶᠢᠯᠳᠠᠬᠤ ᠬᠡᠴᠡᠬᠦᠦ ᠪᠤᠯᠵᠤ ᠢᠷᠡᠪᠡ᠃ ᠠᠬ᠎ᠠ ᠪᠠᠨ ᠰᠢᠨᠠᠯᠭᠠᠵᠤ ᠢᠷᠡᠭᠰᠡᠨ ᠪᠤᠯᠬᠤᠷ ᠰᠢᠳᠤ | ᠵᠠᠭᠤᠵᠤ ᠬᠡᠯᠳᠤᠷᠡᠵᠤ ᠯᠡ ᠪᠠᠶᠢᠪᠠ᠃ ᠰᠢᠯᠢ ᠶᠢᠨ ᠤᠷᠤᠢ ᠲᠠᠪᠠᠵᠤ ᠭᠠᠷᠬᠤ ᠳᠤ ᠭᠠᠩ ᠲᠠᠢ ᠵᠢᠯ ᠳᠤ ᠪᠠᠶᠢᠮ᠎ᠠ ᠦᠬᠡᠢ | ᠤᠰᠤ ᠵᠠᠳᠠᠭᠠᠢ ᠮᠡᠯᠳᠡᠶᠢᠵᠤ᠂ ᠦᠩ ᠰᠢᠮᠡᠯᠢᠭ ᠨᠤᠭᠤᠭᠠᠨ ᠴᠠᠶᠢᠳᠠᠮ ᠬᠠᠷᠠᠭᠠᠨ ᠳᠤ ᠲᠤᠳᠤᠷᠠᠪᠠ᠃ ᠶᠠᠮᠠᠷ ᠭᠠᠩ | ᠴᠠᠩ ᠲᠠᠢ ᠵᠢᠯ ᠬᠡᠳ ᠤᠰᠤ ᠴᠢᠬᠢᠭ ᠠᠯᠳᠠᠳᠠᠭ ᠦᠬᠡᠢ᠂ ᠲᠠᠭᠤᠨ ᠳᠤ ᠭᠠᠷᠳᠠᠭ ᠠᠯᠳᠠᠨ ᠭᠠᠳᠠᠰᠤᠨ ᠴᠠᠶᠢᠳᠠᠮ ᠨᠢ | ᠲᠡᠭᠷᠢ ᠶᠢᠨ ᠬᠠᠶᠠᠭ᠎ᠠ ᠬᠦᠷᠳᠡᠯ᠎ᠡ ᠦᠷᠬᠦᠯᠵᠢᠯᠡᠵᠤ᠂ ᠬᠠᠷᠠᠭ᠎ᠠ ᠶᠢ ᠪᠠᠶᠠᠰᠬᠠᠵᠤ ᠴᠢᠩᠭᠠᠵᠤ ᠶᠠᠳᠠᠷᠠᠬᠰᠠᠨ ᠢ ᠬᠤᠷᠤᠮᠬᠠᠨ | ᠵᠠᠭᠤᠷ᠎ᠠ ᠮᠠᠷᠳᠠᠭᠤᠯᠪᠠ᠃ ᠤᠳᠠᠯ ᠦᠬᠡᠢ ᠶᠡᠭᠡ ᠡᠷᠳᠡᠨ ᠤ ᠪᠠᠯᠪᠠᠷᠠᠵᠤ ᠬᠠᠭᠠᠷᠠᠬᠰᠠᠨ ᠬᠡᠯᠳᠡᠷᠬᠡᠢ ᠲᠤᠭᠤᠰᠭᠠ | ᠴᠢᠯᠠᠭᠤ ᠯᠠ ᠦᠯᠡᠳᠡᠭᠰᠡᠨ ᠰᠤᠪᠤᠷᠭ᠎ᠠ ᠶᠢᠨ ᠬᠤᠭᠤᠯᠠᠢ ᠬᠡᠭᠴᠢ ᠲᠠᠰᠢᠭᠤ ᠭᠠᠵᠠᠷ ᠦᠩᠬᠡᠷᠡᠨ ᠦᠳᠡ ᠲᠤᠮᠳᠠ ᠪᠤᠯᠬᠤ | ᠳᠤ ᠴᠢᠯᠠᠭᠤᠨ ᠤᠪᠤᠭ᠎ᠠ ᠶᠢᠨ ᠬᠤᠷᠮᠤᠢ ᠬᠦᠷᠪᠠ᠃ ᠲᠠᠬᠢᠭᠠᠳ ᠯᠠ ᠴᠢᠩᠭᠠᠵᠤ ᠶᠠᠳᠠᠷᠠᠨ ᠬᠦᠯ ᠢᠶᠠᠨ ᠡᠷᠬᠦᠵᠤ | ᠲᠠᠭᠠᠭᠠᠬᠤ ᠦᠬᠡᠢ ᠬᠡᠮᠵᠢᠶᠠᠨ ᠳᠤ ᠲᠤᠯᠳᠠᠯ᠎ᠠ᠂ ᠵᠤᠯ ᠲᠠᠭᠠᠷᠠᠵᠤ ᠨᠢᠬᠡ ᠠᠶᠢᠯ ᠤᠨ ᠪᠠᠷ᠎ᠠ ᠬᠠᠷᠠᠬᠳᠠᠪᠠ᠃ ᠬᠡᠷ ᠲᠤ | ᠤᠷᠤᠬᠤ ᠳᠤ ᠬᠠᠨᠵᠤᠨ ᠭᠤᠤᠯ ᠳᠤ ᠬᠡᠳᠤᠨ ᠬᠡᠤᠬᠡᠳ ᠤᠨᠳᠠᠵᠤ᠂ ᠰᠢᠷᠡᠬᠡᠨ ᠲᠡᠬᠡᠷ᠎ᠡ ᠲᠤᠮᠤ ᠰᠠᠪᠠ ᠲᠠᠢ ᠴᠠᠢ | ᠬᠦᠷᠦᠬᠡᠵᠤ ᠲᠠᠯᠪᠢᠬᠰᠠᠨ ᠢ ᠬᠡᠳᠡᠰᠤ ᠭᠠᠷᠳᠠᠯ᠎ᠠ ᠤᠤᠭᠤᠵᠤ ᠠᠪᠤᠭᠠᠳ᠂ ᠠᠶᠢᠯ ᠤᠨ ᠬᠦᠮᠦᠨ ᠳᠤ ᠮᠠᠨᠳᠤ ᠣᠰᠤ | ᠮᠡᠳᠡᠬᠡᠳ ᠭᠠᠷᠬᠤ ᠬᠡᠰᠡᠨ ᠴᠤ ᠨᠠᠳᠠ ᠲᠠᠢ ᠨᠠᠰᠤ ᠪᠠᠷᠤᠭ ᠦᠨᠨᠢᠬᠡ ᠬᠡᠤᠬᠡᠳ ᠨᠢᠳᠤ ᠪᠠᠨ ᠵᠠᠪᠰᠠᠷᠯᠠᠵᠤ ᠪᠢᠳᠠ | ᠬᠤᠶᠠᠷ ᠢ ᠬᠠᠷᠠᠵᠤ ᠠᠪᠤᠭᠠᠳ ᠶᠡᠭᠡ ᠬᠠᠯᠠᠭᠤᠨ ᠦᠳᠡ ᠶᠢᠨ ᠨᠤᠶᠢᠷ ᠲᠤ ᠪᠠᠨ ᠲᠡᠶᠢᠯᠳᠡᠵᠤ ᠡᠷᠬᠢᠵᠤ ᠤᠨᠳᠠᠬᠰᠠᠨ | ᠪᠤᠯᠬᠤᠷ ᠰᠡᠮᠬᠡᠨ ᠭᠠᠷᠴᠤ ᠶᠠᠪᠤᠪᠠ᠃ ᠶᠡᠬᠡᠮᠡᠳ ᠨᠢ ᠡᠵᠡᠬᠦᠢ ᠪᠠᠶᠢᠬᠰᠠᠨ ᠴᠢᠷᠡᠢ᠃ ᠬᠠᠷᠢᠨ ᠬᠤᠳᠳᠤᠭ ᠤᠨ | ᠲᠡᠷᠬᠡᠳᠡ ᠬᠦᠷᠬᠦ ᠳᠤ ᠰᠠᠶ᠋ᠢᠬᠠᠨ ᠤᠤᠭᠤᠬᠰᠠᠨ ᠴᠠᠢ ᠬᠠᠮᠢᠭ᠎ᠠ ᠤᠷᠤᠴᠢᠬᠠᠵᠤ ᠬᠡᠮᠡᠷ ᠨᠡᠩ ᠶᠡᠭᠡ ᠪᠠᠷ ᠴᠢᠩᠭᠠᠵᠤ᠂ | ᠢᠷᠤᠭᠠᠷ ᠨᠢ ᠦᠵᠡᠭᠳᠡᠬᠦ ᠦᠬᠡᠢ ᠠᠶᠤᠳᠠᠰᠤ ᠬᠦᠷᠬᠡᠮᠡ ᠬᠠᠳᠠᠨ ᠬᠤᠳᠳᠤᠭ ᠲᠤ ᠴᠢᠷᠭ᠎ᠠ ᠶᠢ ᠨᠢ ᠤᠳᠠᠳᠠᠯ᠎ᠠ | ᠡᠷᠬᠢᠬᠦᠯᠵᠤ ᠬᠤᠪᠤᠭᠤ ᠪᠠᠷ ᠲᠠᠰ ᠬᠦᠢᠳᠡᠨ ᠤᠰᠤ ᠶᠢ ᠨᠢ ᠬᠠᠨᠤᠳᠠᠯ᠎ᠠ ᠤᠤᠭᠤᠵᠤ ᠪᠢᠯᠡ᠃ ᠰᠢᠯᠢ ᠵᠠᠬᠠᠳᠠᠬᠰᠠᠨ | ᠬᠤᠳᠳᠤᠭ ᠤᠨ ᠤᠰᠤ ᠬᠡᠵᠤ ᠤᠨᠴᠠᠭᠠᠢ ᠪᠠᠶᠢᠬᠰᠠᠨ ᠤᠤ︖ ᠲᠤᠶᠢᠯᠳᠠᠵᠤ ᠬᠡᠳᠤᠷᠡᠭᠰᠡᠨ ᠬᠦᠮᠦᠨ ᠳᠤ ᠲᠠᠶᠢᠮᠤ | ᠪᠠᠶᠢᠬᠰᠠᠨ ᠤᠤ︖ ᠪᠤᠦ ᠮᠡᠳᠡ᠃ ᠤᠰᠤ ᠬᠡᠳᠤᠢ ᠠᠮᠳᠠᠳᠠᠢ ᠬᠡᠭᠴᠢ ᠶᠢ ᠶᠤᠰᠤᠳᠠᠢ ᠠᠩᠬ᠎ᠠ ᠮᠠᠳᠠᠯ᠎ᠠ᠃ | ᠣᠳᠠᠯ ᠦᠬᠡᠢ ᠪᠠᠶᠠᠨ ᠠᠪᠠᠭ᠎ᠠ ᠶᠢᠨ ᠳᠤ ᠬᠦᠷᠪᠡ᠃ ᠨᠢᠬᠡ ᠵᠠᠮ ᠰᠤᠮᠤᠨ ᠴᠠᠭᠠᠨ ᠪᠠᠶᠠᠨ ᠠᠪᠠᠭ᠎ᠠ ᠶᠢᠨ ᠳᠤ | ᠪᠠᠶᠢᠬᠤ ᠬᠡᠵᠤ ᠢᠳᠡᠬᠡᠭᠰᠡᠨ ᠦᠬᠡᠢ ᠪᠢᠳᠠ ᠬᠤᠶᠠᠷ ᠤᠨ ᠰᠠᠨᠠᠭ᠎ᠠ ᠢᠯᠡᠬᠦᠴᠡ ᠪᠤᠯᠵᠤ᠂ ᠡᠵᠢ ᠮᠢᠨᠢ ᠶᠤᠰᠤᠳᠠᠢ | ᠮᠠᠷᠬᠠᠨ ᠲᠦᠯᠬᠡᠴᠢ ᠪᠤᠯᠬᠤ ᠶᠢ ᠢᠳᠡᠬᠡᠯᠡ᠃ ᠬᠡᠳᠤᠬᠡᠨ ᠡᠳᠤᠷ ᠤᠨ ᠲᠤᠳᠤᠷ᠎ᠠ ᠴᠠᠶᠢᠳᠠᠮ ᠤᠨ ᠡᠪᠠᠰᠤᠨ ᠳᠤ ᠦᠩᠬᠡ | ᠤᠷᠤᠬᠰᠠᠨ ᠰᠤᠮᠤᠨ ᠴᠠᠭᠠᠨ ᠡᠬᠡ ᠲᠠᠢ ᠪᠠᠨ ᠮᠤᠳᠤᠨ ᠰᠡᠬᠦᠳᠡᠷ ᠲᠤ ᠦᠳᠡᠯᠡᠵᠤ ᠪᠠᠶᠢᠬᠤ ᠶᠢ ᠦᠵᠡᠮᠡᠭᠴᠡ | ᠲᠠᠨᠢᠴᠢᠬᠠᠪᠠ᠃ ᠨᠠᠷ᠎ᠡ ᠪᠠᠷ ᠨᠢ ᠲᠠᠭᠤᠳᠠᠬᠤᠯᠠᠷ ᠨᠠᠳᠠ ᠤᠷᠤᠭᠤ ᠬᠦᠶᠤᠨ ᠢᠷᠡᠵᠤ᠂ ᠨᠢᠬᠡ ᠵᠠᠮ ᠬᠠᠯᠠ ᠲᠠᠮᠤ | ᠠᠮᠰᠠᠬᠰᠠᠨ ᠢᠶᠠᠨ ᠮᠠᠷᠳᠠᠴᠢᠬᠠᠵᠤ ᠲᠡᠪᠡᠷᠡᠨ ᠦᠨᠦᠰᠴᠤ ᠪᠦᠬᠡᠮ ᠪᠠᠶᠠᠷ ᠬᠦᠷ ᠪᠤᠯᠵᠠᠢ᠃ ᠦᠵᠦᠮ ᠠᠪᠠᠭ᠎ᠠ ᠡᠵᠢ᠄ | — — ᠰᠠᠶᠢᠨ ᠪᠡᠯᠴᠢᠬᠡᠷ ᠲᠤ ᠪᠠᠶᠢᠵᠤ ᠪᠠᠶᠢᠭ ᠳ᠋ᠠ᠃ ᠰᠤᠮᠤᠨ ᠴᠠᠭᠠᠨ ᠴᠢᠨᠢ ᠲᠤᠷᠤᠭ ᠬᠤᠨᠢ ᠪᠤᠯᠬᠤ ᠶᠤᠮ | ᠪᠠᠶᠢᠨ᠎ᠠ᠃ ᠪᠤᠷᠤᠭᠠᠨ ᠬᠤᠷ᠎ᠠ ᠡᠯᠪᠡᠭ ᠪᠤᠯᠪᠠᠯ ᠢᠷᠡᠵᠤ ᠠᠪᠤᠭᠠᠷᠡᠢ ᠬᠡᠪᠡ᠃ ᠵᠢᠯ ᠠᠴᠠ ᠨᠠᠭᠠᠰᠢ ᠰᠠᠭᠠᠯᠢ ᠰᠦ ᠲᠠᠢ | ᠲᠠᠮᠠᠢ ᠵᠤᠯᠭᠠᠭ᠎ᠠ ᠦᠬᠡᠢ ᠪᠢᠳᠠ ᠬᠤᠶᠠᠷ ᠰᠢᠷ᠎ᠠ ᠲᠤᠰᠤᠨ ᠪᠤᠳᠠᠭ᠎ᠠ᠂ ᠪᠤᠴᠠᠯᠭᠠᠬᠰᠠᠨ ᠪᠤᠭᠤᠷᠰᠤᠭ᠂ ᠠᠶᠢᠷᠠᠭ ᠲᠠᠢ | ᠨᠤᠬᠤᠬᠰᠠᠨ ᠲᠠᠭᠠᠨ᠎ᠠ ᠪᠠᠷ ᠵᠤᠴᠢᠯᠠᠭᠤᠯᠵᠤ ᠬᠠᠷᠮᠠᠨ ᠳᠤ ᠪᠠᠨ ᠪᠤᠷᠠᠮ ᠴᠢᠪᠠᠭ᠎ᠠ ᠲᠦᠬᠦᠷᠬᠡᠵᠤ ᠠᠪᠤᠭᠠᠳ ᠰᠡᠷᠢᠬᠦᠨ | ᠤᠨᠠᠬᠤ ᠳᠤ ᠬᠡᠷ ᠤᠨ ᠵᠦᠭ ᠰᠡᠳᠬᠢᠯ ᠬᠠᠩᠬᠤᠯᠠᠭᠤᠨᠪᠤᠴᠠᠪᠠ᠃ | ᠬᠤᠨᠢ ᠠᠬᠤᠷᠯᠠᠵᠤ ᠲᠠᠭᠤᠰᠤᠬᠰᠠᠨ ᠬᠤᠶᠢᠨ᠎ᠠ ᠨᠢᠬᠡ ᠡᠳᠤᠷ ᠰᠡᠳᠡᠷᠯᠡᠭᠰᠡᠨ ᠬᠤᠨᠢ ᠰᠢᠭ᠋ ᠲᠤᠰᠤ | ᠲᠠᠭᠠᠪᠤᠷᠢᠯᠠᠬᠰᠠᠨ ᠵᠤᠵᠠᠭᠠᠨ ᠨᠣᠣᠰᠤ ᠲᠠᠢ ᠬᠤᠶᠠᠷ ᠬᠤᠨᠢ ᠬᠤᠳᠳᠤᠭ ᠲᠡᠬᠡᠷ᠎ᠡ ᠢᠷᠡᠵᠤ᠂ ᠪᠢᠳᠠ ᠬᠡᠳᠤᠬᠦᠯᠡ ᠤᠰᠤ | ᠬᠢᠬᠦ ᠪᠠᠷ ᠬᠦᠷᠬᠦ ᠳᠤ ᠬᠠᠷᠢᠨᠰᠤᠮᠤᠨ ᠴᠠᠭᠠᠨ ᠡᠬᠡ ᠲᠠᠢ ᠪᠠᠨ ᠪᠠᠶᠢᠯ᠎ᠠ᠃ ᠠᠮᠠ ᠨᠢ ᠢᠳᠡᠪᠡᠯ ᠰᠡᠬᠦᠯ ᠨᠢ | ᠲᠠᠷᠭᠤᠯᠠᠬᠤ ᠬᠡᠭᠴᠢ ᠪᠠᠷ ᠰᠤᠮᠤᠨ ᠴᠠᠭᠠᠨ ᠲᠠᠨᠢᠬᠳᠠᠬᠤ ᠦᠬᠡᠢ ᠪᠤᠯᠳᠠᠯ᠎ᠠ ᠦᠰᠴᠤ᠂ ᠬᠤᠶᠠᠷ ᠰᠠᠷ᠎ᠠ ᠤᠨ | ᠬᠤᠭᠤᠴᠠᠭᠠᠨ ᠳᠤ ᠪᠢᠷᠠᠭᠤ ᠰᠢᠭ ᠲᠤᠮᠤ ᠪᠡᠶ᠎ᠡ ᠲᠠᠢ᠂ ᠪᠦᠳᠦᠬᠦᠨ ᠦᠷᠬᠡᠨ ᠦᠬᠡᠬᠦᠨ ᠰᠡᠬᠦᠯ ᠲᠠᠢ ᠪᠤᠯᠤᠬᠰᠠᠨ | ᠪᠠᠶᠢᠯ᠎ᠠ᠃ ᠲᠤᠰ ᠤᠷᠤᠢ ᠳᠤ ᠨᠢ ᠠᠪᠤ ᠲᠠᠳᠠ ᠬᠤᠶᠠᠷ ᠲᠤ ᠬᠤᠪᠴᠠᠰᠤ ᠶᠢ ᠨᠢ ᠨᠢᠮᠬᠡᠯᠡᠨ ᠠᠬᠤᠷ ᠢ ᠨᠢ | ᠬᠠᠶᠢᠴᠢᠯᠠᠵᠤ ᠦᠭᠬᠦᠭᠰᠡᠨ ᠪᠦᠬᠡᠳ ᠰᠤᠮᠤᠨ ᠴᠠᠭᠠᠨ ᠢ ᠴᠢᠬᠢᠯᠡᠵᠤ ᠴᠠᠭᠠᠯᠠᠵᠤ ᠬᠠᠶᠠᠪᠠ᠃ | ᠲᠠᠷᠠᠭ᠎ᠠ ᠵᠢᠯ ᠤᠨ ᠬᠠᠪᠤᠷ ᠨᠢ ᠰᠤᠮᠤᠨ ᠴᠠᠭᠠᠨ ᠡᠬᠡ ᠲᠠᠢ ᠪᠠᠨ ᠪᠠᠰᠠ ᠯᠠ ᠠᠯᠠᠭ᠎ᠠ ᠪᠤᠯᠵᠠᠢ᠃ ᠡᠨᠡ ᠤᠳᠠᠭ᠎ᠠ | ᠲᠦᠩᠬᠡᠵᠢ ᠬᠦᠯ ᠳᠤ ᠤᠷᠤᠵᠤ ᠪᠠᠶᠢᠭ᠎ᠠ ᠲᠡᠬᠦᠦ ᠶᠢ ᠮᠢᠨᠢ ᠭᠠᠷᠭᠠᠪᠠᠯ ᠬᠡᠷ ᠢᠶᠠᠷ ᠢᠶᠠᠨ ᠲᠦᠯᠬᠡᠴᠢ ᠰᠢᠨᠵᠢᠬᠡᠴᠢ | ᠪᠤᠯᠤᠯ᠎ᠠ ᠬᠡᠰᠡᠨ ᠦᠬᠡ᠃ ᠶᠠᠮᠠᠷᠴᠤ ᠡᠷᠢᠯ ᠰᠤᠷᠠᠭ ᠲᠠᠯᠪᠢᠬᠰᠠᠨ ᠦᠬᠡᠢ᠃ ᠵᠢᠱᠢᠭᠰᠡᠨ ᠠᠴᠠ ᠭᠠᠷᠤᠬᠰᠠᠨ ᠦᠬᠡᠢ᠂ | ᠵᠤᠨ ᠪᠤᠯᠬᠤ ᠳᠤ ᠰᠤᠮᠤᠨ ᠴᠠᠭᠠᠨ ᠬᠠᠷᠢᠵᠤ ᠢᠷᠡᠯ᠎ᠡ᠃ ᠢᠷᠡᠬᠦ ᠢᠷᠡᠬᠦ ᠳᠤ ᠪᠠᠨ ᠪᠠᠰᠠ ᠨᠢᠬᠡ ᠦᠬᠢᠨ ᠲᠡᠬᠦᠦ | ᠲᠠᠭᠠᠭᠤᠯᠵᠤ ᠭᠤᠷᠪᠠ ᠪᠤᠯᠵᠤ ᠢᠷᠡᠪᠡ᠃ ᠠᠬ᠎ᠠ ᠳᠤ ᠲᠤᠭᠤᠬᠳᠠᠬᠤ ᠦᠬᠡᠢ ᠪᠠᠶᠢᠬᠰᠠᠨ ᠮᠢᠨᠥ ᠮᠠᠭᠤ ᠰᠤᠮᠤᠨ ᠴᠠᠭᠠᠨ | ᠰᠦᠷᠦᠭ ᠤᠨ ᠲᠦᠷᠦᠬᠦᠦ ᠤᠭᠠᠯᠵᠠᠨ ᠡᠪᠡᠷᠳᠤ ᠬᠤᠴᠠ ᠶᠢ ᠭᠠᠷᠭᠠᠪᠠᠯ ᠪᠦᠬᠦ ᠰᠦᠷᠦᠭ ᠲᠤ ᠪᠠᠨ ᠦᠵᠦᠬᠦᠷ | ᠪᠤᠯᠤᠬᠰᠠᠨ ᠬᠠᠮᠤᠭ ᠲᠤᠮᠤ ᠪᠠᠶ᠎ᠠ ᠲᠠᠢ ᠰᠢᠳᠦᠯᠡᠩ ᠪᠤᠯᠵᠤ ᠮᠢᠨᠥ ᠤᠮᠤᠬᠰᠢᠯ ᠪᠠᠭ᠋ᠠᠷᠬᠠᠯ ᠪᠤᠯᠪᠠ᠃ | ᠲᠡᠬᠦᠦ ᠲᠠᠢ ᠪᠤᠯᠤᠬᠰᠠᠨ ᠰᠤᠮᠤᠨ ᠴᠠᠭᠠᠨ ᠪᠠᠭ᠎ᠠ ᠶᠢᠨ ᠬᠢ ᠰᠢᠭ ᠢᠶᠠᠨ ᠨᠠᠳᠠ ᠢᠷᠡᠵᠤ ᠢᠯᠢᠬᠦᠯᠵᠤ | ᠬᠠᠶᠢᠷᠠᠯᠠᠭᠤᠯᠵᠤ ᠪᠠᠨ ᠴᠦᠬᠡᠷᠡᠪᠡ᠃ ᠲᠠᠮᠠᠢ ᠤᠳᠠᠯ ᠦᠬᠡᠢ ᠡᠬᠡ ᠪᠤᠯᠤᠨ ᠲᠠᠬᠦᠦ ᠠᠴᠠ ᠪᠠᠨ ᠰᠠᠯᠤᠩᠬᠢᠳᠠ | ᠪᠡᠯᠴᠢᠬᠡᠷᠯᠡᠬᠦ ᠪᠤᠯᠵᠤ᠂ ᠰᠦᠷᠦᠭ ᠤᠨ ᠡᠮᠤᠨ᠎ᠡ ᠶᠠᠪᠤᠨ᠂ ᠦᠳᠡᠰᠢ ᠨᠢ ᠰᠦᠷᠦᠭ ᠤᠨ ᠭᠠᠳᠠᠭᠤᠷ ᠴᠡᠪᠠᠷ ᠮᠠᠩᠬᠠᠨ | ᠲᠡᠬᠡᠷ᠎ᠡ ᠬᠡᠪᠳᠡᠳᠡᠭ᠃ ᠶᠠᠭ ᠯᠠ ᠬᠤᠨᠢᠨ ᠰᠦᠷᠦᠭ ᠤᠨ ᠪᠢᠴᠢᠬᠠᠨ ᠵᠠᠩᠵᠤᠨ ᠮᠡᠳᠤ ᠰᠤᠷᠳᠤᠭᠤᠯᠤᠨᠠ ᠬᠡᠭᠴᠢ ᠨᠢ᠃ | | ᠲᠠᠷᠡ ᠨᠠᠮᠤᠷ ᠠᠪᠤ ᠬᠠᠮᠢᠭ᠎ᠠ ᠠᠴᠠ ᠠᠪᠴᠢᠷᠠᠬᠰᠠᠨ ᠶᠢ ᠮᠡᠳᠡᠬᠦ ᠦᠬᠡᠢ᠃ ᠬᠡᠳᠤᠨ ᠬᠠᠷ᠎ᠠ ᠲᠤᠯᠤᠭᠠᠢ ᠲᠠᠢ | ᠤᠷᠳᠤ ᠰᠡᠬᠦᠯ ᠲᠠᠢ ᠬᠤᠨᠢ ᠠᠪᠴᠢᠷᠠᠵᠤ ᠰᠦᠷᠦᠭ ᠲᠤ ᠨᠠᠶᠢᠯᠠᠬᠦᠯᠪᠠ᠃ ᠰᠢᠪᠠᠭᠤ ᠠᠮᠢᠳᠠᠨ ᠠᠴᠠ ᠦᠷᠬᠦᠭᠰᠡᠨ ᠪᠤᠯ | ᠤᠤ ᠪᠤᠤ ᠮᠡᠳᠡ ᠡᠬᠢᠨ ᠤ ᠬᠡᠳᠤᠨ ᠡᠳᠤᠷ ᠲᠤᠬᠳᠠᠭᠤᠬᠠᠨ ᠪᠠᠶᠢᠬᠰᠠᠨ ᠬᠤᠨᠢᠳ ᠬᠡᠨᠡᠳᠳᠡ ᠠᠶᠤᠮᠠᠳᠠᠭᠠᠢ | ᠦᠷᠬᠦᠮᠡᠳᠡᠬᠡᠢ ᠪᠤᠯᠵᠤ ᠬᠤᠶᠢᠯᠠᠷᠠᠭᠠᠳ ᠬᠤᠳᠠᠨ ᠳᠤ ᠢᠷᠡᠬᠦ ᠪᠠᠨ ᠪᠤᠯᠢᠪᠠ᠃ ᠡᠬᠡᠴᠢ ᠪᠢᠳᠠ ᠬᠤᠶᠠᠷ ᠬᠡᠳᠤᠨ ᠡᠳᠤᠷ | ᠰᠦᠷᠦᠭ ᠲᠤ ᠨᠠᠶᠢᠯᠠᠬᠦᠯᠤᠨ ᠬᠡᠷ ᠤᠨ ᠵᠦᠭ ᠬᠤᠮᠢᠬᠰᠠᠨ ᠴᠤ ᠬᠤᠷᠢᠶ᠎ᠠ ᠬᠠᠰᠢᠶᠠᠨ ᠳᠤ ᠤᠶᠢᠷᠠᠳᠤᠬᠤ ᠦᠬᠡᠢ | ᠪᠤᠯᠳᠠᠵᠤ ᠲᠤᠳᠠᠭᠠᠭᠠᠳ ᠠᠷᠢᠯᠴᠢᠬᠠᠨ᠎ᠠ᠃ ᠪᠦᠬᠦᠳᠡᠬᠡᠷ ᠢᠶᠠᠨ ᠬᠠᠮᠵᠢᠨ ᠪᠠᠶᠢᠵᠤ ᠬᠡᠳᠤ ᠶᠢ ᠨᠢ ᠰᠦᠷᠦᠭ ᠲᠤ | ᠨᠡᠶᠢᠯᠡᠬᠦᠯᠦᠭᠰᠡᠨ ᠴᠤ ᠲᠦᠷᠪᠠᠨ ᠬᠤᠨᠢ ᠨᠢ ᠨᠢᠬᠡᠮᠤᠰᠤᠨ ᠲᠤᠳᠠᠭᠠᠵᠤ ᠵᠢᠯᠢᠢᠴᠢᠬᠡᠪᠡ᠃ ᠠᠪᠤ ᠠᠭᠤᠷ ᠤᠮᠤᠭ ᠲᠤ | ᠪᠠᠨ ᠮᠢᠬ᠎ᠠ ᠠᠪᠳᠠᠭ ᠮᠠᠶᠢᠮᠠᠶᠢᠴᠢᠨ ᠲᠠᠭᠤᠳᠠᠵᠤ᠂ ᠮᠤᠷᠢ ᠪᠠᠷ ᠬᠤᠮᠢᠵᠤ᠂ ᠬᠡᠳᠤᠨᠳᠡ ᠬᠡᠷ ᠤᠨ ᠪᠠᠷ᠎ᠠ | ᠬᠠᠪᠢᠳᠠᠭᠤᠯᠤᠬᠰᠠᠨ ᠴᠤ ᠬᠦᠴᠦᠷᠦᠭᠰᠡᠨ ᠦᠬᠡᠢ᠃ ᠠᠪᠤ᠄ | — — ᠵᠠ ᠵᠠ᠂ ᠬᠤᠨᠢ ᠢᠩᠬᠢᠵᠤ ᠵᠡᠷᠯᠢᠭᠰᠢᠬᠦ ᠢ ᠦᠵᠡᠭᠰᠡᠨ ᠦᠬᠡᠢ ᠶᠤᠮ ᠪᠠᠶᠢᠨ᠎ᠠ᠃ ᠤᠳᠤ ᠬᠦᠬᠡᠬᠡᠵᠤ | ᠬᠦᠴᠦᠯᠡᠬᠦ ᠦᠬᠡᠢ᠃ ᠨᠠᠮᠤᠷ ᠤᠨ ᠮᠠᠯ ᠶᠡᠭᠡ ᠲᠠᠭᠤᠪᠠᠯ ᠪᠠᠯᠪᠠᠷᠠᠨᠠ᠂ ᠡᠪᠤᠯ ᠲᠦᠯ ᠴᠤ ᠦᠬᠡᠢ ᠬᠤᠰᠠᠷᠠᠨᠠ᠂ | ᠵᠠᠶᠠᠭ᠎ᠠ ᠨᠢ ᠮᠡᠳᠡᠭ ᠬᠡᠪᠡ᠃ ᠤᠳᠠᠯ ᠦᠬᠡᠢ ᠬᠦᠮᠦᠨ ᠪᠠᠶᠢᠳᠤᠭᠠᠢ ᠨᠤᠬᠠᠢ ᠰᠢᠪᠠᠭᠤ ᠶᠢᠨ ᠲᠠᠭᠤᠨ ᠰᠤᠨᠤᠰᠪᠠᠴᠤ | ᠶᠡᠭᠡ ᠬᠤᠯᠠ ᠠᠴᠠ ᠲᠤᠭᠤᠰᠤ ᠯᠠ ᠦᠯᠡᠳᠡᠬᠡᠵᠤ ᠬᠤᠴᠤᠷᠠᠳᠠᠭ ᠬᠠᠷᠬᠢᠯ ᠤᠨ ᠰᠢᠯᠢ ᠶᠢᠨ ᠲᠦᠷᠪᠡᠨ ᠵᠡᠷᠯᠢᠭ ᠬᠡᠵᠤ | ᠨᠡᠷ᠎ᠡ ᠭᠠᠷᠴᠤ᠂ ᠮᠠᠨ ᠤ ᠬᠢᠨ ᠠᠯᠢ ᠣᠪᠣᠭ᠎ᠠ ᠲᠤᠯᠤᠭᠠᠢ᠂ ᠬᠡᠨ ᠤ ᠬᠢᠨ ᠤ ᠬᠤᠳᠳᠤᠭ ᠲᠤ ᠤᠰᠤ ᠤᠤᠭᠤᠭᠠᠳ | ᠶᠠᠪᠤᠯ᠎ᠠ ᠬᠡᠰᠡᠨ ᠰᠤᠷᠠᠭ ᠢ ᠨᠢ ᠰᠤᠨᠤᠰᠴᠤ ᠰᠠᠨᠠᠭ᠎ᠠ ᠠᠮᠠᠷᠠᠳᠠᠭ ᠪᠤᠯᠵᠠᠢ᠃ | ᠡᠪᠤᠯ ᠪᠤᠯᠪᠠ᠃ ᠨᠢᠬᠡ ᠦᠳᠡ ᠳᠤ ᠠᠳᠤᠭᠤᠨ ᠳᠤ ᠶᠠᠪᠤᠬᠰᠠᠨ ᠠᠪᠤ ᠴᠢᠷᠡᠢ ᠮᠠᠭᠤᠳᠠᠢ ᠤᠷᠤᠵᠤ ᠢᠷᠡᠬᠡᠳ᠄ | | — — ᠲᠠᠷᠴᠤᠬᠳᠤ ᠲᠤᠯᠤᠭᠠᠢ ᠪᠠᠷ ᠲᠠᠪᠤᠨ ᠬᠦᠷᠦᠬᠡᠰᠤ ᠰᠢᠭ ᠶᠠᠭᠤᠮ᠎ᠠ ᠬᠤᠢ ᠰᠠᠯᠬᠢ ᠮᠡᠳᠤ ᠬᠤᠶᠢᠯᠠᠷᠠᠵᠤ | ᠤᠳᠤᠯ᠎ᠠ᠃ ᠶᠠᠭᠤ ᠪᠤᠯᠴᠢᠬᠠᠪᠠ ᠬᠡᠵᠤ ᠮᠤᠷᠢᠨ ᠤ ᠬᠤᠷᠳᠤ ᠪᠠᠷ ᠲᠡᠪᠬᠢᠭᠤᠯᠵᠤ ᠦᠢᠷᠡᠳᠤᠪᠠᠯ ᠰᠤᠮᠤᠨ ᠴᠠᠭᠠᠨ | ᠰᠡᠶ᠋ᠢᠬᠢ ᠲᠦᠷᠪᠡᠨ ᠤᠷᠤᠯᠠᠩ ᠲᠠᠢ ᠨᠠᠶᠢᠯᠠᠴᠢᠬᠡᠭᠰᠡᠨᠰᠡᠬᠦᠯ ᠴᠠᠶᠢᠯᠵᠠᠭᠤᠯᠵᠤ ᠰᠤᠮᠤᠳᠠᠵᠤ ᠪᠠᠶᠢᠯ᠎ᠠ᠃ ᠠᠢ︕ ᠣᠳᠤ | ᠶᠠᠭᠠᠬᠢᠳᠠᠭ ᠪᠢᠯᠡ ᠬᠡᠯᠡ᠃ ᠬᠦᠮᠦᠰ ᠤᠨ ᠨᠢᠳᠤ ᠭᠠᠶᠢᠬᠠᠬᠰᠠᠨ᠂ ᠦᠷᠦ ᠡᠪᠡᠳᠦᠭᠰᠡᠨ ᠨᠢ ᠢᠯᠭᠠᠷᠠᠬᠤ ᠦᠬᠡᠢ ᠨᠠᠳᠠ | ᠤᠷᠤᠭᠤ ᠵᠢᠷᠬᠡᠳᠡ ᠲᠦᠪᠯᠡᠷᠡᠪᠡ᠃ ᠲᠤᠬᠤ ᠤᠷᠤᠭᠤ ᠪᠠᠨ ᠮᠠᠨᠴᠤᠷᠭ᠎ᠠ ᠪᠠᠭᠤᠯᠭᠠᠬᠰᠠᠨ ᠮᠡᠳᠤ ᠪᠤᠯᠵᠤ ᠠᠶᠠᠭ᠎ᠠ ᠲᠠᠢ | ᠪᠤᠳᠠᠭ᠎ᠠ ᠪᠠᠨ ᠬᠠᠶᠠᠩᠭᠤᠳᠠ ᠬᠡᠷ ᠠᠴᠠ ᠬᠦᠶᠤᠨ ᠭᠠᠷᠪᠠ᠃ ᠲᠤᠯᠤᠭᠠᠢ ᠲᠦᠨᠡᠷᠡᠨ ᠲᠤᠳᠤᠷ᠎ᠠ ᠤᠶᠢᠮᠤᠵᠤ᠂ ᠰᠤᠮᠤᠨ | ᠴᠠᠭᠠᠨ ᠮᠢᠨᠢ ᠲᠠᠭᠤᠰᠴᠤ ᠬᠦᠢᠴᠡᠯᠡ ᠬᠡᠵᠤ ᠬᠠᠷᠠᠰᠠᠨ ᠪᠠᠴᠢᠮᠳᠠᠯ᠂ ᠬᠤᠷᠤᠰᠤᠯ᠂ ᠭᠤᠮᠤᠳᠠᠯ ᠤᠨ ᠨᠢᠯᠪᠤᠰᠤ ᠢᠪᠡᠷᠡᠨ | ᠢᠷᠡᠯ᠎ᠡ᠃ ᠠᠬ᠎ᠠ ᠡᠬᠡᠴᠢ ᠪᠤᠯ ᠪᠦᠷ ᠨᠠᠳᠠ ᠶᠢ ᠰᠤᠮᠤᠨ ᠴᠠᠭᠠᠨ ᠢᠶᠠᠨ ᠬᠠᠶᠢᠷᠯᠠᠬᠰᠠᠭᠠᠷ ᠪᠠᠶᠢᠭᠠᠳ ᠬᠡᠷᠡᠭ ᠠᠴᠠ | ᠭᠠᠷᠭᠠᠴᠢᠬᠠᠯ᠎ᠠ ᠬᠡᠵᠤ ᠲᠠᠪᠠᠯᠠᠵᠤ ᠵᠢᠮᠡᠯᠡᠵᠤ ᠪᠠᠶᠢᠯᠬᠦᠢ ᠳ᠋ᠠ᠃ ᠲᠠᠭᠦᠨ ᠠᠴᠠ ᠬᠤᠶᠢᠰᠢ ᠤᠯᠠᠨ ᠬᠤᠨᠤᠭ ᠨᠠᠳᠠ ᠠᠴᠠ | ᠪᠠᠶᠠᠷ ᠵᠢᠷᠭᠠᠯ ᠪᠦᠷ ᠯᠠ ᠵᠢᠭᠤᠳᠠᠵᠤ ᠬᠤᠯᠠᠳᠠᠪᠠ᠃ ᠶᠠᠭᠠᠬᠢᠬᠤᠪ ᠳ᠋ᠠ᠂ ᠠᠪᠤ ᠬᠦᠷᠳᠡᠯ᠎ᠡ ᠠᠷᠭ᠎ᠠ ᠪᠤᠳᠤᠵᠤ ᠣᠯᠬᠤ | ᠦᠬᠡᠢ ᠶᠤᠮ ᠴᠢᠨᠢ︕ | ᠬᠠᠴᠢᠨ ᠰᠤᠨᠢᠨ ᠪᠦᠬᠦᠨ ᠢ ᠬᠠᠷ᠎ᠠ ᠲᠤᠯᠤᠭᠠᠶᠢᠳᠤ ᠬᠦᠮᠦᠨ ᠯᠠ ᠪᠦᠳᠦᠬᠡᠳᠡᠭ ᠪᠢᠰᠢ ᠬᠡᠰᠡᠨ ᠢ ᠢᠳᠡᠬᠡᠵᠤ | ᠶᠠᠳᠠᠮ᠎ᠠ ᠡᠨᠡ ᠶᠠᠪᠤᠳᠠᠯ ᠬᠡᠷᠡᠴᠢᠯᠡᠪᠡ᠃ ᠲᠠᠮᠠᠢ ᠤᠳᠠᠯ ᠦᠬᠡᠢ ᠰᠤᠮᠤᠨ ᠴᠠᠭᠠᠨ ᠵᠡᠷᠯᠢᠭ ᠲᠦᠷᠪᠡ ᠶᠢ ᠲᠠᠭᠠᠭᠤᠯᠤᠨ | ᠬᠤᠷᠠᠭ᠎ᠠ ᠢᠰᠢᠬᠡᠨ ᠪᠡᠯᠴᠢᠬᠡᠷ ᠢᠶᠠᠷ ᠦᠵᠡᠭᠳᠡᠵᠤ ᠪᠠᠶᠢᠬᠰᠠᠨ ᠢᠶᠠᠨ ᠬᠤᠳᠳᠤᠭ ᠤᠰᠤ ᠪᠠᠷ ᠬᠠᠶᠠ ᠢᠷᠡᠳᠡᠭ ᠪᠤᠯᠪᠠ᠃ | ᠵᠠᠷᠢᠮ ᠳᠤ ᠨᠢ ᠬᠤᠳᠠᠨ ᠠᠴᠠ ᠵᠠᠶᠢᠳᠡᠢ ᠬᠤᠨᠤᠬᠯᠠᠵᠤ ᠶᠠᠪᠤᠭᠠᠳ ᠪᠡᠯᠴᠢᠬᠡᠷ ᠲᠤ ᠰᠦᠷᠦᠭ ᠨᠠᠶᠢᠯᠠᠵᠤ ᠪᠠᠶᠢᠬᠰᠠᠨ | ᠢᠶᠠᠨ ᠨᠢᠬᠡ ᠦᠳᠡᠰᠢ ᠨᠢᠬᠡᠮᠤᠰᠤᠨ ᠬᠠᠰᠢᠶᠠᠨ ᠳᠤ ᠤᠷᠤᠨ ᠬᠡᠪᠳᠡᠵᠤ᠂ ᠶᠠᠭᠤ ᠴᠤ ᠪᠤᠯᠤᠭ᠎ᠠ ᠦᠬᠡᠢ ᠶᠤᠮ ᠰᠢᠭ | ᠱᠠᠪᠢᠷ ᠱᠠᠪᠢᠷ ᠬᠡᠪᠢᠴᠢᠬᠡᠨᠡ ᠬᠡᠵᠤ ᠬᠡᠨ ᠮᠡᠳᠡᠯ᠎ᠡ᠃ ᠲᠡᠷᠡ ᠦᠳᠡᠰᠢ ᠪᠢ ᠶᠤᠰᠤᠳᠠᠢ ᠦᠯᠢᠬᠡᠷ ᠤᠨ ᠪᠠᠭᠠᠳᠤᠷ ᠰᠢᠭ᠋ | ᠪᠤᠯᠵᠤ᠂ ᠠᠪᠤ ᠨᠠᠳᠠ ᠶᠢ ᠶᠤᠰᠤ ᠵᠠᠩᠰᠢᠯ ᠠᠴᠠ ᠭᠠᠳᠠᠭᠤᠷ ᠬᠠᠨᠵᠤᠨ ᠭᠤᠤᠯ ᠳᠤ ᠰᠠᠭᠤᠯᠭᠠᠵᠤ ᠠᠯᠢ ᠦᠬᠡᠬᠦ ᠲᠠᠢ | ᠲᠠᠷᠭᠤᠨ ᠬᠤᠯᠢᠶ᠎ᠠ ᠶᠢ ᠠᠶᠠᠭᠠᠨ ᠳᠤ ᠮᠢᠨᠢ ᠬᠢᠵᠤ ᠦᠭᠬᠦ ᠳᠤ ᠡᠵᠢ᠄ | — — ᠬᠦᠦ ᠶᠢᠨ ᠮᠢᠨᠢ ᠴᠢᠷᠡᠢ ᠲᠡᠨᠡᠶᠢᠵᠤ ᠪᠢᠳᠠᠨ ᠤ ᠬᠡᠷ ᠲᠤ ᠪᠠᠰᠠ ᠨᠠᠷᠠ ᠭᠠᠷᠤᠯ᠎ᠠ᠃ ᠪᠢ ᠬᠡᠯᠡᠵᠤ | ᠦᠩᠬᠡᠷᠡᠭᠰᠡᠨ ᠦᠬᠡᠢ ᠪᠢᠯᠡ ᠤᠤ︖ ᠮᠠᠯ ᠬᠡᠵᠤ ᠵᠠᠷᠢᠮ ᠳᠤ ᠪᠠᠨ ᠬᠦᠮᠦᠨ ᠠᠴᠠ ᠮᠠᠷᠬᠡᠨ ᠰᠢᠤ᠃ ᠵᠡᠷᠯᠢᠭ ᠲᠦᠷᠪᠡ | ᠶᠢᠨ ᠬᠤᠶᠠᠷ ᠡᠮ᠎ᠡ ᠬᠤᠨᠢ ᠨᠢ ᠬᠡᠬᠡᠯ ᠲᠤᠬᠳᠠᠬᠰᠠᠨ ᠴᠢᠷᠡᠢ᠂ ᠬᠤᠨᠢ ᠴᠤ ᠦᠷ᠎ᠡ ᠬᠤᠶᠢᠴᠢᠰ ᠤᠨ ᠲᠦᠯᠦᠬᠡ | ᠪᠤᠳᠤᠳᠠᠭ ᠶᠤᠮ ᠰᠢᠤ ᠬᠡᠵᠤ ᠴᠢᠬᠢᠭᠳᠦᠭᠰᠡᠨ ᠨᠢᠳᠤ ᠪᠠᠨ ᠠᠷᠴᠢᠬᠤᠶᠢᠴᠠ ᠪᠤᠯᠤᠭᠠᠳ ᠠᠪᠳᠠᠷ᠎ᠠ ᠠᠴᠠ ᠪᠠᠨ ᠮᠦᠰᠦᠨ | ᠰᠢᠬᠡᠷ ᠭᠠᠷᠭᠠᠵᠤ ᠬᠤᠪᠢᠶᠠᠬᠤ ᠳᠤ ᠪᠠᠨ ᠬᠠᠮᠤᠭ ᠶᠡᠭᠡ ᠬᠡᠰᠡᠭ ᠢ ᠨᠠᠳᠠ ᠱᠠᠩᠨᠠᠪᠠ᠃ ᠪᠢ ᠮᠦᠰᠦᠨ ᠰᠢᠬᠡᠷ ᠪᠠᠨ | ᠰᠡᠮᠡᠬᠡᠷᠬᠡᠨ ᠬᠠᠷᠮᠠᠯᠠᠭᠠᠳ ᠭᠠᠷᠪᠠ᠃ ᠰᠤᠮᠤᠨ ᠴᠠᠭᠠᠨ ᠨᠠᠳᠠ ᠠᠴᠠ ᠪᠦᠱᠦᠬᠦᠷᠬᠡᠬᠦ ᠮᠡᠳᠤ ᠵᠠᠶᠢᠯᠠᠨ ᠪᠠᠶᠢᠬᠰᠠᠭᠠᠷ | ᠬᠠᠰᠢ ᠯᠠ ᠪᠠᠷᠢᠬᠳᠠᠪᠠ᠃ ᠪᠢ ᠮᠦᠰᠦᠨ ᠰᠢᠬᠡᠷ ᠢᠶᠠᠨ ᠠᠯᠪᠠ ᠪᠠᠷ ᠠᠮᠠᠨ ᠳᠤ ᠨᠢ ᠴᠢᠬᠢᠵᠤ ᠤᠷᠤᠭᠤᠯᠤᠭᠠᠳ | ᠪᠠᠶᠠᠷᠳᠠᠢ ᠬᠡᠭᠴᠢ ᠢᠨᠢᠶᠡᠪᠡ᠃ | — — ᠬᠠᠶᠢᠷᠠᠳᠠᠢ ᠰᠤᠮᠤᠨ ᠴᠠᠭᠠᠨ ᠮᠢᠨᠢ᠂ ᠴᠢ ᠯᠠ ᠬᠡᠵᠤ ᠮᠢᠨᠥ ᠨᠡᠷ᠎ᠡ ᠨᠢᠭᠤᠷ ᠶᠢ ᠠᠪᠴᠤ ᠭᠠᠷᠤᠯ᠎ᠠ ᠬᠡᠳ | ᠠᠷᠡᠢ ᠪᠠᠭ᠎ᠠ ᠬᠠᠳᠠᠵᠤ ᠲᠤᠷᠠᠬᠰᠠᠨ ᠬᠠ ᠨᠢᠷᠤᠭᠤ ᠶᠢ ᠨᠢ ᠢᠯᠢᠵᠤ ᠦᠭᠬᠦ ᠳᠤ ᠰᠤᠮᠤᠨ ᠴᠠᠭᠠᠨ ᠦᠨᠡᠬᠡᠷ ᠴᠤ | ᠭᠠᠪᠢᠶ᠎ᠠ ᠪᠠᠶᠢᠭᠤᠯᠤᠬᠰᠠᠨ ᠪᠠᠭᠠᠳᠤᠷ ᠰᠢᠭ᠋ ᠪᠦᠳᠦᠬᠦᠨ ᠲᠠᠭᠤᠨ ᠢᠶᠠᠷ ᠮᠠᠶᠢᠯᠠᠵᠤ ᠡᠩᠬᠡᠷ ᠬᠤᠷᠮᠤᠢ ᠶᠢ ᠮᠢᠨᠢ | ᠦᠨᠦᠷᠯᠡᠨ ᠪᠠᠶᠢᠯ᠎ᠠ᠃ | ᠲᠠᠷᠡ ᠵᠢᠯ ᠤᠨ ᠨᠠᠮᠤᠷ ᠤᠨ ᠪᠤᠷᠤᠭᠠᠨ ᠬᠡᠳᠤᠨ ᠡᠳᠤᠷ ᠦᠷᠬᠦᠯᠵᠢᠯᠡᠵᠤ ᠵᠤᠬᠰᠤᠬᠤ ᠳᠤ ᠠᠬ᠎ᠠ ᠪᠢᠳᠠ ᠬᠤᠶᠠᠷ | ᠪᠤᠳᠠᠷᠠᠬᠰᠠᠨ ᠬᠤᠨᠢ ᠪᠠᠨ ᠬᠤᠷᠢᠶᠠᠬᠤ ᠪᠠᠷ ᠶᠠᠪᠤᠵᠠᠢ᠃ ᠬᠠᠭᠠᠰ ᠡᠳᠤᠷ ᠶᠠᠪᠤᠵᠤ᠂ ᠤᠷᠤᠪᠠᠯ ᠭᠠᠷᠴᠤ ᠴᠢᠳᠠᠮᠠᠷ | ᠦᠬᠡᠢ ᠲᠠᠰᠢᠭᠤ ᠬᠦᠨ ᠪᠠᠯᠠᠷ ᠡᠷᠢᠶᠡᠯᠡᠩ ᠳᠤ ᠤᠷᠤᠬᠤ ᠳᠤ ᠰᠦᠷᠦᠭ ᠤᠨ ᠬᠠᠭᠠᠰ ᠨᠢ ᠤᠯᠳᠠᠵᠤ ᠠᠬ᠎ᠠ ᠨᠠᠳᠠ ᠶᠢ | ᠬᠡᠷ ᠤᠷᠤᠭᠤ ᠢᠳᠬᠠᠵᠤ ᠪᠠᠶᠢᠬᠤ ᠶᠢ ᠲᠠᠭᠠᠭᠠᠯᠭᠠᠭᠠᠳ ᠦᠪᠡᠷ ᠢᠶᠠᠨ ᠰᠠᠯᠬᠢᠨ ᠤ ᠵᠦᠭ ᠰᠢᠷᠦᠬᠦᠨ ᠪᠤᠷᠤᠭᠠᠨ ᠳᠤ | ᠰᠢᠭᠤᠷᠤᠬᠰᠠᠨ ᠪᠤᠰᠤᠤᠨᠬᠤᠨᠢ ᠪᠠᠨ ᠤᠯᠬᠤ ᠪᠠᠷ ᠬᠤᠷᠳᠤᠯᠠᠵᠠᠢ᠃ ᠪᠦᠷᠬᠦᠭ ᠲᠡᠭᠷᠢ ᠬᠡᠨᠡᠳᠳᠡ ᠵᠠᠯᠭᠠᠨ | ᠪᠤᠷᠤᠭᠠᠯᠠᠵᠠᠢ᠃ ᠰᠠᠨᠳᠤᠷᠬᠤ ᠳᠤ ᠪᠠᠨ ᠪᠠᠯᠠᠷ ᠤᠨ ᠲᠤᠮᠳᠠ ᠬᠠᠭᠤᠴᠢᠨ ᠲᠤᠤᠷ᠎ᠠ ᠪᠠᠶᠢᠳᠠᠭ ᠢ ᠰᠠᠨᠠᠵᠤ ᠬᠤᠨᠢ ᠪᠠᠨ | ᠰᠢᠪᠠᠳᠠᠵᠤ ᠵᠠᠯᠠᠵᠤ ᠪᠠᠶᠢᠭᠠᠳ ᠪᠦᠷᠦᠢ ᠪᠤᠯᠬᠤ ᠳᠤ ᠰᠡᠶ᠋ᠢ ᠲᠤᠤᠷ᠎ᠠ ᠬᠦᠷᠪᠡ᠃ ᠤᠳᠠᠯ ᠦᠬᠡᠢ ᠠᠬ᠎ᠠ ᠴᠤ | ᠦᠯᠡᠳᠡᠭᠰᠡᠨ ᠬᠤᠨᠢ ᠪᠠᠨ ᠲᠤᠭ᠎ᠠ ᠶᠤᠰᠤᠭᠠᠷ ᠤᠯᠵᠤ ᠲᠤᠤᠷ᠎ᠠ ᠪᠠᠷ ᠲᠦᠰᠢᠭ ᠪᠤᠯᠭᠠᠬᠤ ᠪᠠᠷ ᠢᠷᠡᠵᠡᠢ᠃ ᠬᠤᠨᠢ ᠲᠠᠢ | ᠡᠵᠡᠨ ᠲᠠᠢ ᠪᠠᠨ ᠪᠦᠷ ᠤᠰᠤᠨ ᠬᠤᠯᠤᠭᠠᠨ᠎ᠠ ᠰᠢᠭ᠋ ᠪᠤᠯᠵᠤ ᠴᠠᠮᠫᠠᠨ ᠨᠦᠮᠦᠷᠢᠨ ᠳᠤ ᠰᠢᠬᠠᠯᠴᠢᠨ ᠪᠤᠷᠤᠭᠠᠨ ᠠᠴᠠ | ᠲᠠᠯᠳᠠᠯᠠᠪᠠ᠃ ᠬᠡᠳᠡᠯ᠎ᠡ ᠰᠦᠨᠢ ᠪᠤᠯᠬᠤ ᠳᠤ ᠲᠠᠭᠠᠷᠠᠵᠤ ᠵᠢᠩᠨᠡᠬᠡᠳ ᠪᠠᠶ᠎ᠠ ᠴᠠᠴᠡᠷᠡᠨ ᠰᠢᠳᠤ ᠬᠠᠪᠢᠷᠠᠯᠳᠤᠵᠤ ᠡᠬᠢᠯᠡᠪᠡ᠃ | ᠠᠬ᠎ᠠ ᠬᠠᠷᠢᠨ ᠨᠢᠬᠡᠮᠤᠰᠤᠨ ᠬᠤᠶᠠᠷ ᠬᠤᠨᠢᠨ ᠤ ᠲᠤᠮᠳᠠ ᠤᠷᠤᠭᠠᠳ ᠬᠡᠪᠳᠠᠴᠢᠬᠡᠵᠤ ᠨᠠᠳᠠ ᠶᠢ ᠬᠤᠷᠳᠤᠨ ᠪᠠᠰᠠ | ᠢᠩᠬᠢᠵᠤ ᠬᠡᠪᠳᠠ ᠬᠡᠯᠡ᠃ ᠪᠢ ᠰᠤᠮᠤᠨ ᠴᠠᠭᠠᠨ ᠪᠤᠯᠤᠨ ᠪᠠᠰᠠ ᠨᠢᠬᠡ ᠪᠦᠳᠦᠬᠦᠨ ᠢᠷᠬᠡ ᠶᠢᠨ ᠲᠤᠮᠳᠠ ᠨᠢ | ᠤᠷᠤᠵᠤ ᠬᠡᠪᠳᠡᠪᠡ᠃ ᠬᠤᠨᠢᠨ ᠤ ᠨᠤᠶᠢᠳᠠᠨ ᠪᠠᠭᠠᠰᠤ᠂ ᠬᠠᠯᠠᠭᠤᠨ ᠵᠤᠩᠭᠠᠭ ᠤᠨ ᠦᠨᠦᠷ ᠴᠤ ᠲᠠᠭᠠᠷᠠᠬᠰᠠᠨ ᠬᠦᠮᠦᠨ | ᠳᠤ ᠰᠠᠶᠢᠬᠠᠨ ᠦᠨᠦᠷᠳᠤᠵᠤ᠂ ᠤᠳᠠᠯ ᠦᠬᠡᠢ ᠪᠡᠶ᠎ᠡ ᠲᠤᠯᠠᠭᠠᠨ ᠪᠤᠯᠵᠤ ᠶᠠᠳᠠᠷᠠᠵᠤ ᠲᠤᠶᠢᠯᠳᠠᠬᠰᠠᠨ ᠪᠢᠳᠡ ᠬᠤᠶᠠᠷ | ᠤᠨᠳᠠᠵᠤ ᠤᠷᠬᠢᠪᠡ᠃ ᠰᠦᠨᠢ ᠬᠠᠭᠠᠰ ᠦᠩᠬᠡᠷᠡᠬᠦ ᠳᠤ ᠪᠤᠷᠤᠭᠠᠨ ᠵᠤᠬᠰᠤᠵᠤ᠂ ᠬᠤᠨᠢᠨ ᠤ ᠢᠯᠴᠢᠨ ᠳᠤ ᠪᠤᠷᠤᠭᠠᠨ | ᠳᠤ ᠤᠰᠤᠭᠠᠵᠤ ᠦᠶᠡᠳᠡᠬᠦ ᠠᠴᠠ ᠮᠤᠯᠳᠤᠷᠠᠬᠰᠠᠨ ᠠᠬ᠎ᠠ ᠪᠢᠳᠠ ᠬᠤᠶᠠᠷ ᠨᠠᠷᠠ ᠭᠠᠷᠬᠤ ᠳᠤ ᠬᠡᠷ ᠤᠨ ᠪᠠᠷ᠎ᠠ ᠬᠠᠷᠠᠪᠠ᠃ | | ᠰᠤᠮᠤᠨ ᠴᠠᠭᠠᠨ ᠪᠠᠶ᠎ᠠ ᠬᠦᠢᠴᠡᠭᠰᠡᠨ ᠢᠷᠬᠡ ᠪᠤᠯᠵᠤ ᠵᠤ ᠨᠢᠷᠤᠭᠤ ᠨᠢ ᠲᠡᠭᠰᠢᠷᠡᠨ᠂ ᠰᠡᠷᠪᠡᠭᠡ ᠲᠠᠰᠢᠶ᠎ᠠ ᠶᠢ ᠨᠢ | ᠲᠡᠮᠳᠡᠷᠡᠪᠡᠯ ᠶᠠᠰᠤ ᠪᠠᠶᠢᠬᠤ ᠨᠢ ᠮᠡᠳᠡᠭᠳᠡᠬᠦ ᠦᠬᠡᠢ ᠪᠤᠯᠳᠠᠯ᠎ᠠ ᠲᠠᠷᠭᠤᠯᠠᠪᠠ᠃ | ᠨᠢᠬᠡ ᠡᠳᠤᠷ ᠰᠤᠮᠤᠨ ᠤ ᠰᠠᠩᠴᠢ ᠬᠠᠶᠢᠷᠴᠠᠭ ᠲᠠᠢ ᠲᠡᠷᠬᠡ ᠪᠠᠷ ᠢᠷᠡᠵᠤ ᠠᠯᠢ ᠲᠠᠷᠭᠤᠨ ᠠᠯᠢ ᠲᠤᠮᠤ ᠰᠡᠬᠦᠯ ᠲᠠᠢ | ᠢᠷᠬᠡ ᠠᠴᠠ ᠪᠠᠨ ᠨᠢᠬᠡ ᠶᠢ ᠦᠭᠴᠢᠬᠡ᠃ ᠮᠠᠷᠭᠠᠰᠢ ᠬᠤᠳᠠ ᠠᠴᠠ ᠲᠤᠮᠤ ᠲᠠᠷᠤᠭ᠎ᠠ ᠪᠠᠭᠤᠨ᠎ᠠ᠃ ᠬᠡᠳᠤᠨ ᠠᠶᠢᠯ | ᠢᠶᠠᠷ ᠤᠷᠤᠭᠠᠳ ᠲᠤᠭᠤᠬᠳᠠᠮᠠᠷ ᠤᠯᠢᠬᠳᠠᠢ ᠶᠠᠭᠤᠮ᠎ᠠ ᠥᠭᠳᠡᠭᠰᠡᠨ ᠦᠬᠡᠢ᠃ ᠪᠡᠶ᠎ᠡ ᠪᠠᠷ᠎ᠠ ᠲᠠᠢ ᠰᠢᠬᠦᠰᠦ ᠲᠠᠯᠪᠢᠬᠤ | ᠦᠬᠡᠢ ᠪᠣᠯ ᠦᠩᠬᠡᠳᠡᠢ ᠦᠬᠡᠳᠡᠳᠡᠢ ᠵᠤᠴᠢᠯᠠᠭ᠎ᠠ ᠪᠤᠯᠳᠠᠭ ᠥᠬᠡᠢ ᠬᠡᠨ᠎ᠡ᠃ ᠲᠡᠬᠡᠬᠡᠳ ᠰᠦᠷᠦᠭ ᠬᠤᠷᠢᠶᠠᠵᠤ | ᠬᠤᠳᠠᠯᠠᠭᠠᠳ ᠢᠷᠡᠬᠦ ᠳᠤ ᠰᠡᠶ᠋ᠢᠬᠢ ᠰᠠᠩᠴᠢ ᠶᠢᠨ ᠨᠢᠳᠤ ᠰᠤᠮᠤᠨ ᠴᠠᠭᠠᠨ᠂ ᠰᠢᠷ᠎ᠠ ᠬᠠᠯᠵᠠᠨ ᠬᠤᠶᠠᠷ ᠲᠤ | ᠲᠤᠰᠤᠭᠠᠳ ᠯᠠ ᠪᠠᠶᠢᠯ᠎ᠠ᠃ ᠲᠡᠬᠡᠬᠦ ᠳᠤ ᠠᠪᠤ ᠄ | — — ᠵᠠ᠂ ᠡᠨᠡ ᠰᠤᠮᠤᠨ ᠴᠠᠭᠠᠨ᠂ ᠰᠢᠷ᠎ᠠ ᠬᠠᠯᠵᠠᠨ ᠬᠤᠶᠠᠷ ᠢᠷᠬᠡ ᠠᠴᠠ ᠪᠤᠰᠤᠤᠨ ᠢ ᠨᠢ ᠲᠤᠷ᠎ᠠ ᠪᠠᠷ | ᠰᠢᠯᠢᠵᠤ ᠮᠡᠳᠡ᠃ ᠡᠨᠡ ᠬᠤᠶᠠᠷ ᠴᠤ ᠪᠤᠯ ᠬᠡᠤᠬᠡᠳ ᠤᠨ ᠮᠢᠨᠢ ᠠᠮᠢᠨᠳᠠᠢ ᠨᠢ ᠪᠠᠶᠢᠭ᠎ᠠ ᠬᠡᠯᠡ᠃ ᠰᠢᠷ᠎ᠠ ᠬᠠᠯᠵᠠᠨ ᠪᠤᠯ | ᠡᠬᠡᠴᠢ ᠶᠢᠨ ᠬᠠᠶᠢᠷᠠᠳᠠᠢ ᠬᠤᠨᠢ ᠨᠢ ᠶᠤᠮ᠃ ᠬᠠᠷᠢᠨ ᠨᠦᠬᠦᠬᠡ ᠬᠦᠮᠦᠨ ᠤ ᠨᠢᠳᠤ ᠮᠦᠨ ᠦᠬᠡᠷ᠎ᠡ ᠬᠤᠨᠢᠨ ᠵᠦᠭ | ᠰᠢᠯᠵᠢᠵᠤ ᠪᠤᠯᠳᠠᠭ ᠦᠬᠡᠢ᠄ | — — ᠵᠠ᠂ ᠠᠪᠠᠭ᠎ᠠ ᠮᠢᠨᠢ᠂ ᠡᠨᠡ ᠨᠠᠰᠤ ᠬᠦᠢᠴᠡᠭᠰᠡᠨ ᠪᠦᠳᠦᠬᠦᠨ ᠴᠠᠭᠠᠨ ᠢᠷᠬᠡ ᠶᠠᠭ ᠵᠠᠷᠤᠬᠤ ᠴᠠᠭ ᠲᠤ | ᠪᠠᠨ ᠰᠢᠤ᠃ ᠵᠠᠷᠤᠬᠤ ᠵᠠᠷᠤᠬᠤ ᠳᠤ ᠪᠠᠨ ᠤᠷᠤᠨ ᠤ ᠶᠡᠭᠡ ᠲᠠᠷᠤᠭ᠎ᠠ ᠶᠢ ᠵᠤᠴᠢᠯᠠᠬᠤ ᠬᠡᠭᠴᠢ ᠲᠠᠨ ᠤ ᠪᠤᠶᠠᠨ | ᠪᠠᠶᠢᠨ᠎ᠠ ᠰᠢᠤ︕ ᠵᠠ ᠮᠦᠨ ᠡᠬᠦᠨ ᠢᠶᠠᠨ ᠦᠭᠴᠢᠬᠡ ᠬᠡᠵᠤ ᠭᠤᠶᠤᠵᠤ ᠭᠤᠩᠰᠢᠭᠠᠳ ᠪᠠᠶᠢᠬᠤ ᠳᠤ ᠠᠪᠤ ᠴᠤ | ᠨᠢᠭᠤᠷ ᠲᠠᠭᠠᠭᠠᠬᠤ ᠦᠬᠡᠢ ᠠᠷᠭ᠎ᠠ ᠮᠤᠬᠤᠷᠳᠠᠵᠤ᠄ | — — ᠵᠠ ᠬᠦᠬᠡᠷᠦᠬᠦᠢ᠂ ᠪᠤᠶᠠᠨ ᠲᠠᠢ ᠳᠤ ᠤᠷᠤᠪᠠᠯ ᠮᠠᠭᠤ ᠬᠦᠦ᠂ ᠰᠤᠮᠤᠨ ᠴᠠᠭᠠᠨ ᠬᠤᠶᠠᠷ ᠤᠨ ᠮᠢᠨᠢ | ᠪᠤᠶᠠᠨ ᠬᠡᠵᠤ ᠮᠡᠳᠡ︕ ᠬᠤᠪᠢ ᠵᠠᠶᠠᠭ᠎ᠠ ᠨᠢ ᠠᠳᠡ ᠪᠠᠶᠢᠭ᠎ᠠ ᠬᠤᠶᠢᠨ᠎ᠠ ᠶᠠᠭᠠᠬᠢᠨ᠎ᠠ ᠬᠡᠵᠤ ᠰᠠᠩᠴᠢ ᠳᠤ ᠪᠤᠰᠤ | ᠰᠤᠮᠤᠨ ᠴᠠᠭᠠᠨ ᠳᠤ ᠲᠦᠳᠦᠨᠡᠵᠤ ᠬᠡᠯᠡᠬᠡᠳᠬᠡᠳᠤᠬᠦᠯᠡ ᠨᠠᠶᠢᠯᠠᠨ ᠪᠠᠷᠢᠵᠤ ᠲᠡᠷᠬᠡᠨ ᠤ ᠠᠷᠤ ᠬᠠᠶᠢᠷᠴᠠᠭ ᠲᠤ ᠨᠢ | ᠰᠠᠪᠠᠯᠠᠵᠤ ᠤᠭᠤᠷᠠᠭ ᠰᠡᠬᠦᠯ ᠤᠨ ᠠᠬᠤᠷ ᠤᠩᠭᠠᠰᠤ ᠠᠴᠠ ᠨᠢ ᠨᠢᠬᠡ ᠬᠡᠰᠡᠭ ᠦᠭᠳᠡᠬᠡᠵᠤ ᠠᠪᠤᠭᠠᠳ ᠪᠤᠷᠭᠠᠰᠤᠨ | ᠬᠠᠰᠢᠶᠠᠨ ᠳᠤ ᠬᠠᠪᠴᠢᠭᠤᠯᠪᠠ᠃ ᠠᠭᠤᠷ ᠭᠤᠮᠤᠳᠠᠯ ᠳᠤ ᠬᠡᠳᠤᠷᠡᠬᠡᠢ ᠠᠪᠳᠠᠪᠠᠯ ᠬᠦᠮᠦᠨ ᠤᠬᠢᠯᠠᠵᠤ ᠴᠢᠳᠠᠬᠤ ᠦᠬᠡᠢ | ᠪᠤᠯᠤᠨ᠎ᠠ ᠬᠡᠳᠡᠭ ᠢ ᠪᠢ ᠠᠩᠬ᠎ᠠ ᠮᠡᠳᠡᠪᠡ᠃ ᠦᠨᠡᠬᠡᠷ ᠮᠠᠷᠳᠠᠴᠢᠬᠠᠵᠠᠢ᠃ ᠡᠬᠡᠴᠢ ᠬᠡᠷ ᠤᠨ ᠠᠷᠤ ᠤᠷᠤᠭᠤ ᠬᠦᠶᠤᠨ | ᠤᠷᠤᠪᠠ᠃ ᠲᠡᠬᠦᠨ ᠤ ᠮᠢᠨᠥ ᠲᠦᠯᠦᠬᠡ ᠵᠤᠪᠠᠵᠤ ᠤᠬᠢᠯᠡᠵᠣ ᠪᠠᠶᠢᠨ᠎ᠠ ᠬᠡᠰᠡᠨ ᠢ ᠬᠡᠶᠢᠳᠡᠯᠡ ᠮᠡᠳᠡᠵᠤ ᠪᠠᠶᠢᠨ᠎ᠠ᠃ | ᠬᠠᠮᠠᠷ ᠨᠢ ᠱᠤᠤᠬᠢᠵᠤ ᠬᠠᠴᠠᠷ ᠨᠢ ᠤᠯᠠᠶᠢᠨ ᠨᠢᠳᠤ ᠨᠢ ᠠᠶᠤᠮᠠᠷ ᠪᠦᠯᠳᠡᠯᠵᠢᠵᠤ᠂ ᠰᠠᠩᠴᠢ ᠶᠢ ᠠᠳᠠᠭᠠᠳᠤ ᠲᠠᠶᠢᠰᠤᠨ | ᠮᠡᠳᠤ ᠵᠠᠨᠤᠬᠰᠠᠨ ᠨᠠᠳᠠ ᠶᠢ ᠡᠵᠢ ᠭᠠᠷ ᠠᠴᠠ ᠬᠦᠴᠤ ᠪᠠᠷ ᠴᠢᠷᠴᠤ ᠬᠡᠷ ᠲᠤ ᠤᠷᠤᠭᠤᠯᠪᠠ᠃ ᠲᠡᠨᠡᠭ ᠨᠠᠳᠠ ᠶᠢ | ᠶᠠᠭᠤ ᠨᠢᠬᠡ ᠶᠢ ᠬᠢᠴᠢᠬᠡᠬᠦ ᠠᠴᠠ ᠬᠢᠴᠢᠶᠡᠭᠰᠡᠨ ᠪᠤᠯᠤᠯᠳᠠᠢ᠃ | ᠰᠤᠮᠤᠨ ᠴᠠᠭᠠᠨ ᠵᠶ᠋ᠠᠨᠴᠢᠨ᠋ᠸᠠ ᠳᠤ ᠲᠠᠳᠠᠭᠤᠯᠤᠭᠠᠳ ᠨᠠᠳᠠ ᠠᠴᠠ ᠠᠪᠤᠷᠠᠯ ᠭᠤᠶᠤᠵᠤ ᠬᠦᠬᠡᠷᠦᠬᠦᠢ ᠲᠠᠭᠤᠨ | ᠢᠶᠠᠷ ᠮᠠᠶᠢᠯᠠᠵᠤ ᠪᠠᠶᠢᠨ᠎ᠠ ᠬᠡᠵᠤ ᠵᠡᠬᠦᠳᠤ ᠠᠴᠠ ᠪᠠᠨ ᠰᠤᠴᠢᠨ ᠰᠡᠷᠢᠪᠠᠯ ᠬᠡᠷ ᠤᠨ ᠭᠠᠳᠠᠭ᠎ᠠ ᠶᠠᠮᠠᠷ ᠨᠢᠬᠡᠨ ᠲᠠᠭᠤ | ᠴᠢᠮᠡᠭᠡ ᠭᠠᠷᠬᠤ ᠰᠢᠭ᠋ ᠪᠤᠯᠵᠤ ᠪᠢ ᠭᠤᠳᠤᠯ ᠢᠶᠠᠨ ᠴᠤ ᠰᠢᠷᠭᠤᠭᠤᠯᠵᠤ ᠠᠮᠵᠢᠬᠰᠠᠨ ᠦᠬᠡᠢ ᠬᠦᠯᠨᠢᠴᠦᠬᠦᠨ ᠬᠦᠶᠤᠨ | ᠭᠠᠷᠪᠠ᠃ ᠶᠤᠰᠤᠳᠠᠢ ᠭᠠᠶᠢᠬᠠᠮᠰᠢᠭ ᠬᠡᠵᠤ ᠲᠡᠷᠡ᠃ ᠬᠠᠶᠢᠷᠠᠳᠠᠢ ᠰᠤᠮᠤᠨ ᠴᠠᠭᠠᠨ ᠮᠢᠨᠢ ᠬᠠᠷᠢᠭᠠᠳ ᠢᠷᠡᠵᠡᠢ᠃ | ᠪᠠᠶᠠᠷᠯᠠᠵᠤ ᠭᠠᠶᠢᠬᠠᠨ ᠮᠡᠬᠡᠶᠢᠷᠡᠭᠰᠡᠨ ᠪᠢ ᠶᠠᠭᠤ ᠴᠤ ᠬᠠᠮᠢᠶᠠᠷᠤᠯ ᠦᠬᠡᠢ ᠬᠦᠶᠤᠨ ᠤᠴᠢᠵᠤ ᠰᠤᠮᠤᠨ ᠴᠠᠭᠠᠨ ᠤ | ᠬᠦᠵᠤᠬᠦᠦ ᠪᠠᠷ ᠲᠠᠪᠠᠷᠠᠵᠤ ᠠᠪᠬᠤ ᠳᠤ ᠲᠠᠷᠡ ᠴᠤ ᠪᠤᠯᠳᠠᠵᠤ ᠵᠠᠶᠢᠯᠠᠬᠤ ᠪᠠᠨ ᠮᠠᠷᠳᠠᠴᠢᠬᠠᠬᠰᠠᠨ ᠰᠢᠭ᠋ ᠨᠠᠳᠠ ᠶᠢ | ᠦᠨᠦᠷᠯᠡᠵᠤ ᠪᠠᠶᠢᠪᠠ᠃ ᠪᠢ ᠡᠳᠤᠷ ᠤᠬᠢᠯᠠᠵᠤ ᠪᠤᠯᠤᠬᠰᠠᠨ ᠦᠬᠡᠢ ᠪᠠᠨ ᠨᠦᠬᠦᠬᠦ ᠮᠡᠳᠤ ᠰᠤᠮᠤᠨ ᠴᠠᠭᠠᠨ ᠢᠶᠠᠨ | ᠲᠡᠪᠡᠷᠡᠨ ᠱᠤᠬᠰᠢᠷᠠᠨ ᠤᠬᠢᠯᠡᠵᠤ ᠪᠠᠶᠢᠳᠠᠯ᠎ᠠ ᠬᠡᠨᠡᠳᠳᠡ ᠨᠢᠷᠤᠭᠤᠨ ᠬᠡᠰᠡᠭ ᠳᠤ ᠨᠢ ᠨᠤᠶᠢᠳᠠ ᠠᠯᠳᠠᠬᠤ ᠶᠢ ᠰᠡᠷᠡᠵᠤ | ᠬᠠᠰᠬᠢᠷᠠᠬᠤ ᠶᠢ ᠵᠠᠪᠳᠤᠳᠠᠯ᠎ᠠ ᠭᠠᠳᠠᠨ᠎ᠠ ᠶᠢᠨ ᠤᠶᠢᠮᠡᠬᠡᠨ ᠢᠶᠠᠷ ᠰᠡᠷᠡᠭᠰᠡᠨ ᠠᠪᠤ ᠡᠵᠢ ᠪᠤᠯᠤᠨ ᠡᠬᠡᠴᠢ ᠶᠠᠭ ᠬᠡᠷ ᠠᠴᠠ | ᠭᠠᠷᠴᠤ ᠢᠷᠡᠬᠡᠳ ᠪᠠᠶᠢᠪᠠ᠃ ᠪᠢᠳᠠ ᠬᠡᠳᠤᠬᠦᠯᠡ ᠰᠤᠮᠤᠨ ᠴᠠᠭᠠᠨ ᠢ ᠲᠦᠯᠬᠢᠵᠤ ᠲᠠᠳᠠᠬᠤ ᠲᠠᠢ ᠬᠡᠷ ᠲᠤ | ᠤᠷᠤᠭᠤᠯᠵᠤ ᠳ᠋ᠧᠩ ᠤᠨ ᠬᠡᠷᠡᠯ ᠳᠤ ᠪᠠᠶᠢᠴᠠᠭᠠᠨ ᠦᠵᠡᠬᠡᠳ ᠰᠤᠮᠤᠨ ᠴᠠᠭᠠᠨ ᠤ ᠨᠢᠷᠤᠭᠤ ᠪᠡ ᠨᠢᠬᠡ ᠬᠦᠯ ᠨᠢ | ᠰᠢᠷᠬᠠᠳᠤᠬᠰᠠᠨ ᠢ ᠮᠡᠳᠡᠪᠡ᠃ | — — ᠶᠠᠮᠠᠷ ᠤᠬᠠᠭᠠᠨ ᠲᠠᠢ ᠮᠠᠯ ᠶᠤᠮ ᠪᠤᠢ︖ ᠶᠠᠭᠠᠬᠢᠵᠤ ᠠᠯᠳᠠᠭᠤᠯᠵᠤ ᠢᠷᠡᠪᠡ︖ ᠵᠠᠮ ᠲᠤᠵᠢᠨ | ᠲᠡᠷᠡ ᠤᠯᠠᠨ ᠬᠦᠷᠢᠶ᠎ᠡ ᠲᠤᠤᠷ ᠢ ᠶᠠᠭᠠᠬᠢᠵᠤ ᠲᠤᠭᠤᠯᠵᠤ ᠢᠷᠡᠪᠡ︖ ᠤᠶᠢᠯᠡ ᠶᠢᠨ ᠦᠷ᠎ᠡ ᠡ︕ ᠬᠡᠵᠤ ᠡᠵᠢ ᠤᠨ | ᠲᠠᠭᠤ ᠬᠤᠭᠤᠯᠠᠢ ᠨᠢ ᠴᠡᠴᠡᠷᠡᠵᠤ ᠨᠢᠳᠤ ᠨᠢ ᠠᠯᠢ ᠬᠡᠵᠢᠶᠡᠨ ᠤ ᠵᠠᠶᠢᠷᠳᠤᠴᠢᠬᠠᠬᠰᠠᠨ ᠪᠠᠶᠢᠪᠠ᠃ | ᠠᠪᠤ ᠮᠠᠯ ᠤᠨ ᠡᠮ ᠤᠨ ᠬᠠᠶᠢᠷᠴᠠᠭ ᠢᠶᠠᠨ ᠭᠠᠷᠭᠠᠵᠤ ᠰᠢᠷᠬ᠎ᠠ ᠶᠢ ᠨᠢ ᠤᠬᠢᠶᠠᠵᠤ ᠠᠷᠴᠢᠨ ᠰᠢᠷᠬ᠎ᠠ ᠲᠠᠢ ᠬᠦᠯ | ᠢ ᠨᠢ ᠰᠠ ᠪᠠᠷ ᠤᠷᠢᠶᠠᠭᠠᠳ ᠬᠡᠷ ᠠᠴᠠ ᠭᠠᠷᠭᠠᠬᠤ ᠳᠤ ᠰᠤᠮᠤᠨ ᠴᠠᠭᠠᠨ ᠲᠡᠬᠡᠭ ᠲᠤᠭᠤᠭ ᠠᠯᠬᠤᠬᠰᠠᠭᠠᠷ ᠪᠢ | ᠬᠠᠷᠢᠭᠠᠳ ᠢᠷᠡᠯ᠎ᠡ ᠬᠡᠵᠤ ᠵᠠᠷᠯᠠᠬᠤ ᠮᠡᠳᠤ ᠮᠠᠶᠢᠯᠠᠬᠰᠠᠭᠠᠷ ᠢᠵᠢᠯᠢ ᠰᠦᠷᠦᠭ ᠲᠤ ᠪᠠᠨ ᠨᠠᠶᠢᠯᠠᠪᠠ᠃ ᠠᠪᠤ ᠭᠠᠭᠴᠠ | ᠲᠤᠭᠤᠭ᠎ᠠ ᠲᠠᠮᠠᠬᠢ ᠨᠠᠷᠠᠵᠤ ᠪᠠᠶᠢᠬᠰᠠᠨ ᠢᠶᠠᠨ ᠡᠬᠡᠴᠢ ᠤᠷᠤᠭᠤ ᠡᠩᠬᠦᠷᠡᠶᠢᠯᠡᠨ ᠰᠢᠷᠳᠡᠵᠤ᠂ ᠤᠳᠠᠯ ᠦᠬᠡᠢ ᠤᠨᠤᠭ᠎ᠠ | ᠬᠦᠯᠯᠡᠵᠤ᠂ ᠰᠢᠷ᠎ᠠ ᠬᠠᠯᠵᠠᠨ ᠢᠷᠬᠡ ᠶᠢ ᠪᠠᠷᠢᠵᠤ᠂ ᠬᠠᠰᠠᠭ ᠲᠠᠬᠡᠷ᠎ᠡ ᠬᠦᠯᠢᠬᠡᠳ ᠰᠤᠮᠤ ᠤᠷᠤᠭᠤ ᠦᠷ ᠰᠦᠨᠢ ᠪᠠᠷ | ᠶᠠᠪᠤᠵᠠᠢ᠃ ᠡᠬᠡᠴᠢ ᠦᠬᠡ ᠲᠤᠤᠭᠠᠷᠤᠬᠰᠠᠨ ᠦᠬᠡᠢ᠂ ᠶᠠᠭᠤ ᠴᠤ ᠪᠤᠯᠤᠬᠰᠠᠨ ᠦᠬᠡᠢ ᠮᠡᠳᠤ ᠬᠦᠨᠵᠢᠯᠡᠨ ᠳᠤ ᠪᠠᠨ | ᠤᠷᠤᠵᠤ ᠤᠨᠳᠠᠴᠢᠬᠤ ᠰᠢᠭ᠋ ᠪᠤᠯᠪᠠ᠃ ᠡᠨᠡ ᠤᠳᠠᠭ᠎ᠠ ᠡᠬᠡᠴᠢ ᠮᠢᠨᠢ ᠪᠠᠰᠠ ᠤᠬᠢᠯᠡᠬᠤ ᠪᠠᠨ ᠮᠠᠷᠳᠠᠬᠤ ᠡᠬᠡᠯᠵᠢ | ᠪᠤᠯᠤᠬᠰᠠᠨ ᠪᠤᠯ ᠤᠤ ᠬᠡᠵᠤ ᠪᠤᠳᠤᠭᠠᠳ ᠬᠡᠨᠡᠳᠳᠡ ᠰᠠᠶ᠋ᠢᠬᠠᠨ ᠤ ᠪᠠᠶᠠᠷ ᠵᠢᠷᠭᠠᠯ ᠪᠦᠬᠦᠨ ᠬᠤᠷᠤᠮᠬᠠᠨ᠎ᠠ ᠠᠷᠢᠯᠵᠤ᠂ | ᠡᠬᠡᠴᠢ ᠶᠢᠨ ᠲᠦᠯᠦᠬᠡ ᠵᠤᠪᠠᠵᠤ ᠦᠷ ᠴᠠᠶᠢᠳᠠᠯ᠎ᠠ ᠤᠨᠳᠠᠵᠤ ᠴᠢᠳᠠᠬᠰᠠᠨ ᠦᠬᠡᠢ᠃ | ᠠᠪᠤ ᠲᠡᠬᠢᠵᠤ ᠱᠦᠯᠦ ᠤᠰᠤ ᠤᠤᠭᠤᠬᠤ ᠬᠡᠵᠤ ᠶᠠᠮᠠᠷ ᠬᠦᠮᠦᠨ ᠭᠤᠶᠤᠵᠤ ᠢᠷᠡᠭᠰᠡᠨ ᠴᠤ ᠰᠤᠮᠤᠨ ᠴᠠᠭᠠᠨ ᠢ | ᠦᠢᠷᠠᠳᠤᠭᠤᠯᠬᠤ ᠦᠬᠡᠢ ᠪᠤᠯᠪᠠ᠃ ᠰᠤᠮᠤᠨ ᠴᠠᠭᠠᠨ ᠨᠡᠷ᠎ᠡ ᠨᠢᠳᠡᠷ ᠲᠤ ᠪᠠᠨ ᠲᠡᠩᠴᠡᠵᠤ᠂ ᠤᠯᠠᠨ ᠵᠢᠯ ᠢᠶᠠᠷ | ᠰᠦᠷᠦᠭ ᠮᠠᠯ ᠤᠨ ᠤᠳᠤ ᠰᠤᠳᠤ ᠨᠢ ᠪᠤᠯᠵᠤ ᠢᠷᠡᠭᠰᠡᠨ ᠶᠤᠮ ᠡ᠃ ᠰᠤᠮᠤᠨ ᠴᠠᠭᠠᠨ ᠢ ᠰᠡᠳᠡᠷᠯᠡᠭᠰᠡᠨ ᠦᠬᠡᠢ | ᠪᠤᠯᠪᠠᠴᠤ ᠰᠡᠳᠡᠷᠳᠤ ᠬᠤᠨᠢᠨ ᠤ ᠬᠦᠨᠳᠤ ᠶᠢ ᠤᠯᠵᠤ ᠬᠤᠨᠢᠨ ᠤ ᠨᠠᠰᠤ ᠪᠠᠨ ᠲᠤᠭᠤᠯᠪᠠ᠃ | ᠪᠢ ᠲᠤᠮᠳᠠᠳᠤ ᠰᠤᠷᠭᠠᠭᠤᠯᠢ ᠲᠡᠬᠦᠰᠦᠭᠰᠡᠨ ᠲᠠᠷᠡ ᠵᠢᠯ᠂ ᠰᠤᠮᠤᠨ ᠴᠠᠭᠠᠨ ᠬᠠᠷᠬᠢᠯ ᠤᠨ ᠰᠢᠯᠢ ᠶᠢᠨ ᠬᠠᠮᠤᠭ | ᠦᠨᠳᠤᠷ ᠤᠷᠬᠢᠯ ᠪᠤᠯᠬᠤ ᠭᠤᠵᠤᠩ ᠬᠠᠷᠬᠢᠯ ᠤᠨ ᠡᠩᠬᠡᠷ ᠲᠤ ᠬᠡᠪᠳᠡᠭᠡ ᠪᠠᠷ ᠢᠶᠠᠨ ᠨᠦᠬᠦᠴᠢᠯᠡ ᠬᠡᠵᠤ ᠠᠶᠢᠯ ᠤᠨ | ᠬᠢᠨ ᠬᠡᠯᠡ ᠪᠤᠯᠵᠤ ᠢᠷᠡᠭᠰᠡᠨ ᠬᠡᠨ᠎ᠡ᠃ ᠲᠦᠷᠦᠵᠤ ᠠᠮᠢᠳᠤᠷᠠᠬᠰᠠᠨ ᠡᠮᠡᠬᠡᠯᠳᠤ ᠶᠢᠨ ᠮᠠᠩᠬ᠎ᠠ᠂ ᠭᠠᠳᠠᠰᠤᠨ ᠴᠠᠶᠢᠳᠠᠮ᠂ | ᠰᠢᠯᠢ ᠪᠠᠯᠠᠷ ᠢᠶᠠᠨ ᠨᠢᠳᠤ ᠲᠦᠬᠦᠷᠡᠩ ᠪᠠᠷᠠᠯᠠᠭᠠᠳ ᠮᠤᠷᠳᠠᠴᠢᠬᠠᠵᠠᠢ ᠳ᠋ᠠ︕ ᠬᠡᠵᠢᠶ᠎ᠠ ᠰᠡᠬᠦᠯ ᠳᠤ ᠪᠢ ᠭᠤᠵᠤᠩ | ᠬᠠᠷᠬᠢᠯ ᠳᠤ ᠭᠠᠷᠤᠭᠠᠳ ᠬᠡᠳᠤᠢ ᠡᠷᠢᠭᠰᠡᠨ ᠴᠤ ᠰᠤᠮᠤᠨ ᠴᠠᠭᠠᠨ ᠤ ᠪᠠᠨ ᠤᠩᠭᠠᠰᠤ ᠶᠠᠰᠤ ᠶᠢ ᠴᠤ ᠤᠯᠵᠤ | ᠲᠡᠶᠢᠯᠦᠭᠰᠡᠨ ᠦᠬᠡᠢ᠃ | ᠲᠠᠬᠢᠨ ᠤᠳᠠᠭ᠎ᠠ ᠰᠤᠷᠤᠯᠭ᠎ᠠ ᠶᠢᠨ ᠴᠢᠯᠦᠬᠡ ᠪᠠᠷ ᠬᠠᠷᠢᠬᠤ ᠳᠤ ᠲᠡᠬᠦᠦ ᠮᠢᠨᠢ ᠶᠡᠭᠡ ᠬᠤᠯᠠ ᠠᠴᠠ ᠪᠤᠷᠭᠠᠰᠤᠨ | ᠮᠤᠷᠢ ᠲᠠᠢ ᠲᠤᠪᠳᠤᠯᠭᠠᠵᠤ ᠬᠠᠷᠠᠬᠳᠠᠪᠠ᠃ ᠠᠷᠤ ᠠᠴᠠ ᠨᠢ ᠲᠤᠩ ᠴᠠᠭᠠᠨ ᠬᠤᠷᠠᠭ᠎ᠠ ᠰᠡᠬᠦᠯ ᠬᠤᠷᠤᠶᠢᠯᠳᠤᠭᠤᠯᠤᠨ | ᠰᠠᠯᠤᠯ ᠦᠬᠡᠢ ᠦᠰᠦᠷᠤᠨ ᠲᠡᠭᠳᠡᠵᠤ ᠨᠠᠰᠢᠯᠠᠨ᠎ᠠ᠃ | — — ᠠᠬ᠎ᠠ ᠡ︕ ᠰᠤᠮᠤᠨ ᠴᠠᠭᠠᠨ ᠢ ᠬᠠᠷᠠᠭᠠᠴᠢ︕ ᠬᠡᠵᠤ ᠰᠢᠷᠦᠬᠦᠨ ᠲᠤᠪᠳᠤᠯᠭᠠᠨ ᠳᠤ ᠠᠮᠢᠰᠬᠤᠭ᠎ᠠ | ᠠᠪᠬᠤ ᠵᠠᠪ ᠦᠬᠡᠢ ᠬᠠᠰᠬᠢᠷᠠᠪᠠ᠃ | ᠰᠤᠮᠤᠨ ᠴᠠᠭᠠᠨ ᠤᠤᠯ ᠨᠢ ᠮᠠᠨ ᠤ ᠬᠢᠨ ᠠᠴᠠ ᠶᠠᠪᠤᠭ᠎ᠠ ᠦᠬᠡᠢ ᠶᠤᠮ ᠪᠠᠶᠢᠵᠡᠢ᠃ ᠰᠤᠮᠤᠨ ᠴᠠᠭᠠᠨ ᠮᠢᠨᠢ | ᠰᠠᠬᠢᠭᠤᠰᠤ ᠤᠷᠤᠰᠢᠬᠰᠠᠨ ᠠᠮᠢᠳᠠᠨ ᠪᠠᠶᠢᠵᠤ ᠪᠤᠯᠵᠤᠰᠢ ᠦᠬᠡᠢ ᠬᠡᠰᠡᠨ ᠪᠤᠳᠤᠯ ᠤᠲᠤ ᠴᠤ ᠭᠡᠰᠡᠨ ᠨᠠᠲᠠ ᠠᠴᠠ | ᠰᠠᠯᠲᠠᠭ ᠦᠭᠡᠢ ᠶᠤᠮ ᠡ︕ | ᠵᠣᠬᠢᠶᠠᠭᠴᠢ ᠠᠴᠠ ᠬᠠᠩᠭᠠᠪᠠ |