ᠥᠯᠢᠭᠡᠷᠯᠡᠪᠡᠰᠤ ᠬᠤᠳᠳᠤᠭ ᠤᠨ ᠮᠡᠨᠡᠭᠡᠢ ᠮᠡᠳᠤ ᠭᠡᠮᠡᠭᠰᠡᠨ ᠢᠨᠤ
ᠨᠡᠶᠢᠲᠡᠯᠡᠭᠰᠡᠨ ᠴᠠᠭ᠄
2018-06-08
     ᠨᠢᠭᠡᠨ ᠬᠤᠳᠳᠤᠭ ᠤᠨ ᠲᠤᠳᠤᠷ᠎ᠠ ᠥᠷᠥᠭᠡᠰᠥᠨ ᠨᠢᠳᠥᠨ ᠢᠨᠤ ᠰᠤᠬᠤᠷ ᠭᠠᠭᠴᠠ ᠮᠡᠨᠡᠭᠡᠢ ᠪᠠᠶᠢᠭᠰᠠᠨ ᠠᠵᠤᠭᠤ᠃ ᠬᠤᠶᠢᠨ᠎ᠠ ᠨᠢᠭᠡᠨ ᠴᠠᠭᠳᠠ ᠭᠠᠳᠠᠭᠠᠳᠤ ᠲᠠᠯᠠᠢ ᠠᠴᠠ ᠶᠠᠰᠤᠳᠤ ᠮᠡᠨᠡᠭᠡᠢ ᠲᠤᠯᠬᠢᠶ᠎ᠠ ᠪᠠᠷ ᠭᠠᠳᠠᠭᠰᠢ ᠭᠠᠷᠤᠭᠠᠳ ᠲᠡᠮᠡᠢ ᠲᠡᠨᠤᠵᠤ ᠶᠠᠪᠤᠭᠰᠠᠭᠠᠷ ᠲᠡᠷᠡ ᠬᠤᠳᠳᠤᠭ ᠲᠤᠷ ᠢᠷᠡᠵᠥ ᠤᠨᠠᠭᠰᠠᠨ᠎ᠠ ᠬᠤᠳᠳᠤᠭ ᠤᠨ ᠮᠡᠨᠡᠭᠡᠢ  ᠪᠠᠷ ᠠᠰᠠᠭᠤᠷᠤᠨ᠂ ᠴᠢ ᠭᠡᠨ ᠭᠡᠮᠡᠭᠴᠢ ᠬᠠᠨᠠᠴᠠ ᠢᠷᠠᠪᠠᠢ ᠬᠡᠮᠡᠭᠦᠨ᠎ᠡ᠂ ᠲᠠᠯᠠᠢ ᠶᠢᠨ ᠮᠡᠨᠡᠭᠡᠢ ᠥᠭᠦᠯᠡᠷᠥᠨ᠂ ᠪᠢ ᠬᠠᠪᠳᠠᠰᠤᠳᠤ ᠮᠡᠨᠡᠭᠡᠢ ᠭᠡᠮᠡᠭᠴᠢ ᠪᠤᠢ᠂ ᠭᠠᠳᠠᠭᠠᠳᠤ ᠲᠠᠯᠠᠢ ᠠᠴᠠ ᠢᠷᠡᠯᠥᠭᠡ ᠭᠡᠮᠡᠭᠰᠡᠨ ᠳᠤᠷ᠂ ᠬᠤᠤᠳᠤᠭ ᠤᠨ ᠮᠡᠨᠡᠭᠡᠢ  ᠪᠠᠷ ᠲᠠᠷᠠ ᠭᠠᠳᠠᠭᠠᠳᠤ ᠲᠠᠯᠠᠢ ᠭᠡᠮᠡᠭᠴᠢ ᠡᠳᠥᠢ ᠴᠢᠨᠡᠭᠡᠨ ᠪᠤᠢ ᠤᠤ ᠭᠡᠮᠡᠵᠥ ᠬᠤᠳᠳᠤᠭ ᠤᠨ ᠲᠤᠳᠤᠷᠠᠬᠢ ᠤᠰᠤᠨ ᠤ ᠭᠤᠷᠪᠠᠨ ᠤ ᠨᠢᠭᠡᠨ ᠬᠤᠪᠢ ᠶᠢ ᠲᠤᠭᠤᠷᠢᠭᠰᠠᠨ᠎ᠠ᠂ ᠲᠡᠭᠦᠨᠴᠡ ᠶᠡᠭᠡ ᠬᠡᠪᠡᠢ᠃ ᠲᠡᠳᠤ ᠪᠠᠰᠠ ᠭᠤᠷᠪᠠᠨ ᠤ ᠬᠤᠶᠠᠷ ᠬᠤᠪᠢ ᠶᠢ ᠲᠤᠭᠤᠷᠢᠵᠥ ᠡᠳᠥᠢ ᠴᠢᠨᠡᠭᠡ ᠪᠤᠯᠪᠠᠰᠤ ᠭᠥᠢᠴᠡᠮᠥᠢ ᠤᠤ ᠭᠡᠮᠡᠭᠰᠡᠨ᠎ᠡ ᠪᠠᠰᠠᠴᠤ ᠪᠠᠭᠠᠳᠠᠪᠠᠢ ᠬᠡᠮᠡᠵᠥᠭᠦᠢ᠃ ᠪᠠᠰᠠ ᠡᠨᠡ ᠪᠥᠭᠦᠯᠢ ᠬᠤᠳᠳᠤᠭ ᠤᠨ ᠤᠰᠤᠨ ᠴᠢᠨᠡᠭᠡ ᠪᠠᠶᠢᠮᠤᠢ ᠤᠤ ᠭᠡᠮᠡᠨ ᠠᠰᠠᠭᠤᠬᠤᠢ ᠳᠤᠷ᠂ ᠡᠭᠦᠨ ᠠᠴᠠ ᠴᠤ ᠮᠠᠰᠢᠳᠠ ᠶᠡᠭᠡ ᠭᠡᠮᠡᠪᠡᠢ᠃ ᠲᠡᠶᠢᠮᠤ ᠪᠤᠯᠪᠠᠰᠤ ᠶᠡᠷᠥ ᠭᠡᠳᠥᠢ ᠴᠢᠨᠡᠭᠡᠨ ᠪᠤᠢ ᠭᠡᠮᠡᠭᠦᠨ ᠳᠤᠷ᠂ ᠬᠠᠪᠳᠠᠰᠤᠳᠤ ᠮᠠᠨᠠᠭᠡᠢ ᠥᠭᠦᠯᠡᠷᠥᠨ᠂ ᠴᠢ ᠢᠨᠤ ᠥᠪᠡᠷ᠎ᠡ ᠶᠠᠮᠠᠷᠪᠠ ᠤᠰᠤᠨ ᠢ ᠤᠯᠵᠤ ᠥᠵᠡᠭᠡᠳᠥᠢ ᠥᠴᠥᠭᠡᠨ ᠤᠬᠠᠭᠠᠨᠳᠤ ᠨᠢᠭᠡᠨ ᠠᠵᠤᠭᠤ᠃ ᠭᠠᠳᠠᠭᠠᠳᠤ ᠲᠠᠯᠠᠢ ᠭᠡᠮᠡᠭᠴᠢ᠂ ᠲᠡᠭᠦᠨ ᠳᠤᠷ ᠭᠡᠳᠥᠢ ᠵᠢᠯ ᠤᠷᠤᠰᠢᠪᠠᠴᠤ ᠲᠤᠮᠳᠠ ᠪᠠ ᠬᠢᠵᠠᠭᠠᠷ ᠢ ᠤᠯᠵᠤ ᠤᠭᠳᠤ ᠥᠯᠥ ᠴᠢᠳᠠᠬᠤ ᠶᠢᠨ ᠲᠤᠯᠠ᠂ ᠴᠢᠨᠤ ᠡᠨᠡ ᠥᠴᠥᠭᠡᠨ ᠬᠤᠳᠳᠤᠭ ᠢᠶᠠᠷ ᠥᠯᠢᠭᠡᠷᠯᠡᠨ ᠥᠭᠦᠯᠡᠭᠦ  ᠶᠢᠨ ᠠᠷᠭ᠎ᠠ ᠶᠡᠷᠤ ᠥᠭᠡᠢ ᠭᠡᠮᠡᠭᠰᠡᠨ᠎ᠡ ᠰᠤᠬᠤᠷ ᠮᠡᠨᠡᠭᠡᠢ ᠪᠠᠷ᠂ ᠮᠢᠨᠤ ᠡᠭᠦᠨᠴᠡ ᠶᠡᠭᠡ ᠪᠤᠯᠬᠤ ᠶᠤᠰᠤᠨ ᠥᠭᠡᠢ᠂ ᠴᠢ ᠥᠪᠡᠷᠥᠨ ᠤᠷᠤᠨ ᠶᠤᠭᠠᠨ ᠲᠠᠮᠠᠢ ᠮᠠᠭᠳᠠᠬᠤ ᠠᠵᠤᠭᠤ ᠬᠡᠮᠡᠵᠥᠭᠦᠢ᠃                                                                                        
 
ᠢᠷᠡᠯᠲᠡ᠄ ︽ᠴᠢᠨᠳᠠᠮᠥᠨᠢ ᠶᠢᠨ ᠴᠢᠮᠡᠭ︾ ᠠᠴᠠ​
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号