ᠮᠠᠯ ᠤᠨ ᠰᠢᠬᠡᠰᠤ ᠬᠠᠭᠠᠭᠳᠠᠬᠤ ᠬᠡᠮ ᠪᠤᠯ ᠡᠪᠤᠯ ᠬᠠᠪᠤᠷ ᠤᠨ ᠤᠯᠠᠷᠢᠯ ᠤᠨ ᠡᠪᠡᠰᠤ ᠪᠡᠯᠴᠢᠬᠡᠷ | ᠳᠠᠴᠢᠷᠳᠠᠭᠰᠡᠨ ᠦᠶ᠎ᠡ ᠳᠤ ᠠᠳᠤᠭᠤ᠂ ᠡᠯᠵᠢᠬᠡ᠂ ᠯᠠᠭᠤᠰᠠ᠂ ᠦᠬᠡᠷ ᠵᠡᠷᠬᠡ ᠮᠠᠯ ᠳᠡᠵᠢᠬᠡᠪᠤᠷᠢ ᠳᠤ ᠵᠦᠩᠳᠡᠬᠡᠨ | ᠳᠤᠬᠢᠶᠠᠯᠳᠤᠳᠠᠭ ᠬᠡᠮ ᠪᠤᠯᠤᠨ᠎ᠠ᠃ ᠡᠨᠡ ᠬᠦ ᠬᠡᠮ ᠳᠤ ᠨᠡᠷᠪᠡᠭᠳᠡᠭᠰᠡᠨ ᠮᠠᠯ ᠳᠡᠵᠢᠬᠡᠪᠤᠷᠢ ᠨᠢ ᠢᠳᠡᠵᠤ ᠤᠤᠭᠤᠬᠤ | ᠦᠬᠡᠢ ᠪᠤᠯᠵᠤ᠂ ᠪᠤᠰᠴᠤ ᠬᠡᠪᠳᠡᠬᠦ ᠨᠢ ᠤᠯᠠᠰᠢᠷᠠᠨ᠂ ᠰᠢᠬᠡᠵᠤ ᠴᠢᠳᠠᠬᠤ ᠦᠬᠡᠢ᠂ ᠰᠤᠨᠢᠶᠠᠬᠤ ᠵᠡᠷᠬᠡ ᠢᠯᠡᠷᠡᠯ ᠲᠠᠢ | ᠪᠤᠯᠵᠤ᠂ ᠳᠠᠭᠠᠷᠠᠵᠤ ᠪᠡᠬᠡᠷᠡᠬᠦ ᠠᠴᠠ ᠪᠤᠯᠵᠤ ᠬᠡᠮ ᠨᠢ ᠤᠯᠠᠮ ᠲᠦᠷᠬᠡᠨ ᠬᠦᠨᠳᠤᠷᠠᠨ ᠠᠬᠠᠳᠠᠪᠠᠯ ᠳᠡᠮᠡᠢ ᠤᠳᠠᠬᠤ | ᠦᠬᠡᠢ ᠪᠠᠷ ᠦᠬᠦᠳᠡᠭ ᠶᠤᠮ᠃ | ᠳᠤᠰ ᠬᠡᠮ ᠢ ᠵᠠᠰᠠᠬᠤ ᠳᠤ᠄ 10 — 30 ᠰᠡᠨᠲ᠋ᠢᠮᠧᠲᠷ ᠤᠷᠳᠤ ᠰᠤᠩᠬᠢᠨ᠎ᠠ ᠶᠢᠨ ᠴᠠᠭᠠᠨ ᠬᠠᠯᠢᠰᠤ ᠶᠢ | ᠬᠠᠭᠤᠯᠤᠨ ᠠᠪᠴᠤ᠂ ᠳᠡᠬᠡᠷ᠎ᠡ ᠨᠢ ᠪᠠᠭ᠎ᠠ ᠬᠡᠮᠵᠢᠶᠡᠨ ᠤ ᠢᠳᠡᠰᠢᠨ ᠳᠠᠪᠤᠰᠤ ᠨᠠᠭᠠᠯᠳᠤᠭᠤᠯᠤᠨ ᠬᠡᠮᠨᠡᠭᠰᠡᠨ ᠮᠠᠯ | ᠳᠡᠵᠢᠬᠡᠪᠤᠷᠢ ᠶᠢᠨ ᠰᠢᠬᠡᠰᠤᠨ ᠰᠦᠪᠡ ᠳᠤ ︵ᠬᠡᠬᠡᠯᠳᠠᠢ ᠮᠠᠯ ᠠᠴᠠ ᠪᠤᠰᠤᠤᠨ︶ 7 — 10 ᠰᠡᠨᠲ᠋ᠢᠮᠧᠲᠷ ᠴᠢᠬᠢᠨ | ᠤᠷᠤᠭᠤᠯᠤᠨ᠎ᠠ᠂ 20 — 30 ᠮᠢᠨᠦ᠋ᠲ ᠪᠤᠯᠪᠠᠯ ᠤᠶᠢᠯᠡᠳᠤᠯ ᠨᠢ ᠢᠯᠡᠷᠡᠨ᠂ ᠮᠠᠯ ᠤᠨ ᠰᠢᠬᠡᠰᠤ ᠬᠠᠭᠠᠭᠳᠠᠬᠤ | ᠬᠡᠮ ᠨᠢ ᠦᠨᠳᠤᠰᠤᠨ ᠳᠤ ᠪᠠᠨ ᠵᠠᠰᠠᠷᠠᠨ᠎ᠠ᠃ ᠡᠶᠢᠮᠤ ᠬᠡᠮ ᠢ ᠴᠠᠭ ᠳᠤᠬᠠᠢ ᠳᠤ ᠨᠢ ᠵᠠᠰᠠᠪᠠᠯ ᠡᠪᠡᠤᠨᠴᠢᠨ ᠤ | ᠡᠳᠡᠬᠡᠷᠡᠯᠳᠠ ᠶᠢᠨ ᠬᠡᠮᠵᠢᠶ᠎ᠡ ᠨᠢ 85% ᠠᠴᠠ ᠳᠡᠬᠡᠭᠰᠢ ᠪᠠᠶᠢᠳᠠᠭ᠃ | |