ᠳᠤᠰ ᠡᠪᠡᠤᠨᠴᠢᠨ ᠢᠰᠢᠬᠡ ᠬᠤᠷᠠᠭᠠᠨ ᠳᠤ ᠴᠦᠮ ᠬᠠᠯᠳᠠᠪᠤᠷᠢᠯᠠᠳᠠᠭ᠃ ᠤᠨᠴᠠᠭᠠᠶᠢᠯᠠᠨ 2 — 5 | ᠰᠠᠷ᠎ᠠ ᠪᠤᠯᠤᠭᠰᠡᠨ ᠢᠰᠢᠬᠡ ᠬᠤᠷᠠᠭ᠎ᠠ ᠳᠤ ᠨᠠᠩ ᠬᠢᠯᠪᠠᠷ ᠬᠠᠯᠳᠠᠪᠤᠷᠢᠯᠠᠳᠠᠭ᠃ ᠨᠠᠰᠤ ᠬᠦᠢᠴᠡᠭᠰᠡᠨ ᠬᠤᠨᠢ ᠢᠮᠠᠭᠠᠨ | ᠳᠤ ᠳᠤᠰᠬᠤ ᠪᠤᠯᠪᠠᠴᠤ ᠳᠤᠩ ᠴᠦᠬᠡᠨ ᠪᠠᠶᠢᠳᠠᠭ᠃ ᠬᠠᠯᠳᠠᠪᠤᠷᠢᠯᠠᠬᠤ ᠬᠡᠯᠪᠡᠷᠢ ᠨᠢ ᠬᠤᠳᠠ ᠰᠦᠷᠦᠭ ᠪᠤᠶᠤ ᠭᠠᠵᠠᠷ | ᠤᠷᠤᠨ ᠤ ᠬᠡᠯᠪᠡᠷᠢ ᠪᠠᠷ ᠬᠠᠯᠳᠠᠪᠤᠷᠢᠯᠠᠳᠠᠭ᠃ | ᠳᠤᠰ ᠡᠪᠡᠤᠨᠴᠢᠨ ᠤ ᠦᠬᠦᠬᠦ ᠨᠤᠷᠮ᠎ᠠ ᠨᠢ ᠳᠤᠤᠷ᠎ᠠ᠂ ᠡᠩ ᠤᠨ ᠪᠠᠶᠢᠳᠠᠯ ᠳᠤ 0.2 — 1% ᠬᠦᠷᠴᠤ᠂ | ᠤᠯᠠᠩᠬᠢ ᠡᠪᠡᠤᠨᠴᠢᠳᠠᠢ ᠲᠦᠯ ᠤᠨ ᠠᠮᠠ ᠨᠢ ᠶᠠᠷ᠎ᠠ ᠲᠠᠢ ᠠᠴᠠ ᠪᠤᠯᠵᠤ᠂ ᠰᠦ ᠬᠦᠬᠦᠵᠤ ᠡᠪᠡᠰᠤ ᠢᠳᠡᠵᠤ ᠴᠢᠳᠠᠬᠤ | ᠦᠬᠡᠢ ᠪᠤᠶᠤ ᠦᠬᠡᠷ᠎ᠡ ᠳᠠᠭᠠᠯᠳᠠ ᠡᠪᠡᠤᠨᠴᠢᠨ ᠡᠬᠦᠰᠴᠤ ᠦᠬᠦᠳᠡᠭ ᠶᠤᠮ᠃ | ᠦᠷᠬᠡᠨ ᠤᠯᠠᠨ ᠮᠠᠯᠴᠢᠨ ᠤᠶᠢᠯᠡᠤᠨᠪᠤᠷᠢᠯᠡᠯ ᠤᠨ ᠤᠶᠢᠯᠡᠳᠤᠯᠬᠡ ᠶᠢᠨ ᠢᠶᠠᠨ ᠳᠤᠮᠳᠠ ᠵᠢᠶᠠᠩᠶ᠋ᠢᠤ ᠪᠠᠷ ᠲᠦᠯ | ᠮᠠᠯ ᠤᠨ ᠠᠮᠠᠷᠠᠤ ᠡᠪᠡᠤᠨᠴᠢᠨ ᠢ ᠡᠮᠨᠡᠨ ᠵᠠᠰᠠᠬᠤ ᠳᠤᠷᠰᠢᠯᠭ᠎ᠠ ᠶᠢ ᠬᠤᠷᠠᠮᠳᠤᠭᠤᠯᠵᠠᠢ᠃ ᠡᠨᠡ ᠨᠢ ᠡᠮᠴᠢᠯᠡᠬᠦ | ᠬᠤᠭᠤᠴᠠᠭ᠎ᠠ ᠶᠢ ᠤᠬᠤᠷ ᠪᠤᠯᠭᠠᠵᠤ᠂ ᠬᠢᠯᠪᠠᠷ ᠮᠦᠷᠳᠡᠬᠡᠨ ᠬᠤᠷᠳᠤᠨ᠂ ᠤᠶᠢᠯᠡᠳᠤᠯ ᠨᠢ ᠴᠤ ᠤᠨᠴᠠ ᠰᠠᠶᠢᠨ | ᠪᠠᠶᠢᠳᠠᠭ᠃ ᠪᠤᠳᠠᠳᠠᠢ ᠠᠷᠭ᠎ᠠ ᠨᠢ ᠳᠤᠤᠷᠠᠬᠢ ᠮᠠᠳᠤ᠄ | 1. ᠡᠮᠴᠢᠯᠡᠬᠦ ᠳᠤ ᠢᠳᠡᠰᠢᠨ ᠵᠢᠶᠠᠩᠶ᠋ᠢᠤ ᠬᠡᠷᠡᠭᠯᠡᠨ᠎ᠡ᠃ | 2. ᠬᠡᠷᠡᠭᠯᠡᠬᠦ ᠠᠷᠭ᠎ᠠ᠄ ᠵᠢᠶᠠᠩᠶ᠋ᠢᠤ ᠶᠢ ᠠᠶᠠᠭ᠎ᠠ ᠪᠤᠶᠤ ᠶᠡᠭᠡ ᠠᠮᠠᠰᠠᠷᠳᠠᠢ ᠯᠤᠩᠬᠤ ᠳᠤ ᠬᠢᠵᠤ᠂ ᠵᠢᠶᠠᠩᠶ᠋ᠢᠤ | ᠶᠢᠨ ᠬᠡᠮᠵᠢᠶ᠎ᠡ ᠶᠢ ᠨᠢ ᠲᠦᠯ ᠮᠠᠯ ᠤᠨ ᠠᠮᠠ ᠶᠢ ᠪᠦᠷᠢᠮᠤᠰᠤᠨ ᠳᠡᠪᠳᠤᠬᠡᠵᠤ ᠴᠢᠳᠠᠬᠤ ᠪᠠᠷ ᠪᠠᠷᠢᠮᠵᠢᠶ᠎ᠠ ᠪᠤᠯᠭᠠᠬᠤ | ᠬᠡᠷᠡᠭᠳᠠᠢ᠃ | 3. ᠡᠮᠴᠢᠯᠡᠬᠦ ᠠᠷᠭ᠎ᠠ᠄ ᠡᠪᠡᠤᠨᠴᠢᠳᠠᠢ ᠲᠦᠯ ᠮᠠᠯ ᠤᠨ ᠠᠮᠠ ᠶᠢ ᠵᠢᠶᠠᠩᠶ᠋ᠢᠤ ᠲᠠᠢ ᠰᠠᠪᠠᠨ ᠳᠤ 1 — 2 | ᠮᠢᠨᠦ᠋ᠲ ᠪᠠᠶᠢᠯᠭᠠᠵᠤ᠂ ᠠᠮᠠ ᠪᠠᠨ ᠠᠩᠭᠠᠶᠢᠵᠤ ᠬᠡᠯᠡ ᠪᠠᠨ ᠭᠠᠷᠭᠠᠬᠤ ᠬᠡᠮᠵᠢᠶᠡᠨ ᠳᠤ ᠬᠦᠷᠬᠡᠨ᠎ᠡ᠃ ᠬᠦᠨᠳᠤ | ᠡᠪᠡᠤᠨᠴᠢᠳᠠᠢ ᠲᠦᠯ ᠮᠠᠯ ᠢ ᠡᠳᠤᠷ ᠲᠤ 2 ᠤᠳᠠᠭ᠎ᠠ᠂ ᠬᠦᠩᠬᠡᠨ ᠡᠪᠡᠤᠨᠴᠢᠳᠠᠢ ᠲᠦᠯ ᠮᠠᠯ ᠢ ᠡᠳᠤᠷ ᠲᠤ 1 | ᠤᠳᠠᠭ᠎ᠠ ᠳᠤᠰ ᠠᠷᠭ᠎ᠠ ᠪᠠᠷ ᠡᠮᠨᠡᠪᠡᠯ᠂ 2 — 3 ᠬᠤᠨᠤᠭ ᠤᠨ ᠳᠤᠳᠤᠷ᠎ᠠ ᠪᠦᠷᠢᠮᠤᠰᠤᠨ ᠡᠳᠡᠬᠡᠷᠡᠵᠤ ᠴᠢᠳᠠᠨ᠎ᠠ᠃ |