ᠣᠲᠤᠭ ᠤᠨ ᠡᠮᠦᠨᠡᠲᠦ  ᠬᠤᠰᠢᠭᠤᠨ ᠤ ᠲᠤᠲᠤᠭᠠᠳᠤ ᠶᠢ ᠬᠠᠮᠠᠭᠠᠯᠠᠬᠤ ᠳᠣᠪᠴᠢᠶᠠᠨ ᠤ ᠮᠡᠬᠡᠯᠡᠯ ᠢ ᠡᠰᠡᠷᠭᠦᠴᠡᠬᠦ ᠲᠥᠪ ᠤᠨ ᠲᠥᠪ ᠴᠢᠩᠭ᠎ᠠ ᠰᠠᠨᠠᠭᠤᠯᠤᠮᠵᠢ︕
ᠨᠡᠶᠢᠲᠡᠯᠡᠭᠰᠡᠨ ᠴᠠᠭ᠄
2021/6/7
    ᠣᠷᠴᠢᠮ ᠳᠤ ᠣᠳᠣᠷᠢᠳᠣᠯᠭ᠎ᠠ ᠺᠠᠳ᠋ᠷ ᠢᠶᠠᠷ ᠣᠪᠯᠠᠨ ᠮᠡᠭᠡᠯᠡᠵᠣ ᠪᠠᠶᠢᠭ᠎ᠠ ᠬᠡᠷᠡᠭ ᠣᠯᠠᠨ ᠭᠠᠷᠴᠦ ᠪᠣᠢ᠂ ᠮᠡᠭᠡᠯᠡᠭᠴᠢ ᠸᠢᠴᠠᠲ ᠪᠣᠶᠣ QQ ᠲᠡᠭᠡᠷᠡᠬᠢ ᠨᠡᠷ᠎ᠡ᠂ ᠵᠢᠷᠤᠭ ᠰᠡᠭᠦᠳᠡᠷ ᠢᠶᠠᠨ ᠰᠣᠯᠢᠬᠤ ᠵᠡᠷᠭᠡ ᠬᠡᠯᠪᠡᠷᠢ ᠪᠠᠷ ᠬᠤᠰᠢᠭᠤ ᠰᠢᠶᠠᠨ᠂ ᠪᠠᠯᠭᠠᠰᠦ ᠵᠢᠴᠢ ᠵᠠᠰᠠᠭ ᠤᠨ ᠣᠷᠳᠣᠨ ᠤ ᠰᠠᠯᠠᠭ᠎ᠠ ᠮᠦᠴᠢᠷ ᠤᠨ ᠣᠳᠣᠷᠢᠳᠣᠯᠭ᠎ᠠ ᠪᠠᠷ ᠣᠪᠯᠠᠨ᠂ ᠰᠠᠨᠠᠭᠠᠴᠢᠯᠭ᠎ᠠ ᠲᠠᠢ ᠪᠠᠷ ᠬᠠᠷᠢᠶᠠᠳᠦ ᠠᠵᠢᠯᠳᠠᠨ ᠪᠣᠶᠣ ᠠᠵᠣ ᠠᠬᠤᠶᠢᠯᠠᠯ ᠤᠨ ᠬᠠᠷᠢᠭᠤᠴᠠᠯᠭᠠᠳᠠᠨ ᠲᠠᠢ ᠬᠤᠯᠪᠣᠭ᠎ᠠ ᠪᠠᠷᠢᠵᠣ᠂ ᠬᠤᠪᠢ ᠬᠦᠮᠦᠨ ᠤ ᠢᠷᠡᠭᠡᠳᠦᠢ ᠪᠣᠶᠣ ᠠᠵᠣ ᠠᠬᠤᠶᠢᠯᠠᠯ ᠤᠨ ᠬᠦᠭᠵᠢᠯᠳᠡ ᠵᠡᠷᠭᠡ ᠢ ᠬᠠᠯᠠᠮᠵᠢᠯᠠᠬᠤ ᠪᠠᠷ ᠲᠠᠮᠵᠢᠭᠤᠯᠣᠨ ᠲᠠᠳᠠᠨ ᠤ ᠢᠳᠡᠭᠡᠯ ᠢ ᠣᠯᠵᠣ᠂ ︽ᠣᠳᠣᠷᠢᠳᠣᠯᠭ᠎ᠠ︾ ᠶᠢ ᠣᠷᠣᠯᠠᠨ ᠵᠣᠭᠤᠰ ᠮᠦᠩᠭᠦ ᠶᠠᠪᠣᠭᠤᠯᠬᠤ ᠪᠣᠶᠣ ᠰᠠᠳᠣᠨ ᠲᠦᠷᠦᠯ ᠨᠢ ᠪᠡᠯᠡ ᠮᠦᠩᠭᠦᠨ ᠤ ᠡᠷᠬᠢᠯᠳᠡ ᠶᠢᠨ ᠬᠡᠷᠡᠭᠴᠡᠭᠡ ᠲᠠᠢ᠂ ᠪᠠᠴᠢᠮ ᠵᠣᠭᠤᠰ ᠮᠦᠩᠭᠦ ᠬᠡᠷᠡᠭᠯᠡᠬᠦ ᠴᠢᠬᠤᠯᠠᠳᠠᠢ ᠵᠡᠷᠭᠡ ᠰᠢᠯᠳᠠᠭ ᠢᠶᠠᠷ ᠲᠣᠭᠳᠠᠭᠰᠠᠨ ᠪᠠᠩᠬᠢ ᠶᠢᠨ ᠺᠠᠷᠲ ᠳᠤ ᠵᠣᠭᠤᠰ ᠮᠦᠩᠭᠦ ᠰᠢᠯᠵᠢᠬᠦᠯᠭᠦ ᠠᠷᠭ᠎ᠠ ᠪᠠᠷ ᠮᠡᠬᠡᠯᠡᠵᠣ ᠪᠣᠢ᠃     ᠣᠳᠤᠭ ᠤᠨ ᠡᠮᠦᠨᠡᠳᠦ ᠬᠤᠰᠢᠭᠤᠨ ᠤ ᠲᠣᠳᠣᠭᠠᠳᠦ ᠶᠢ ᠬᠠᠮᠠᠭᠠᠯᠠᠬᠤ ᠲᠣᠪᠴᠢᠶᠠᠨ ᠤ ᠮᠡᠬᠡᠯᠡᠯ ᠢ ᠡᠰᠡᠷᠭᠦᠴᠡᠬᠦ ᠲᠦᠪ ᠠᠴᠠ ᠠᠩᠬᠠᠷᠣᠭᠤᠯᠬᠤ ᠨᠢ᠄     1. ᠸᠢᠴᠠᠲ᠂ QQ ᠲᠡᠭᠡᠷ᠎ᠡ ᠪᠣᠰᠣᠳ ᠬᠦᠮᠦᠨ ᠲᠠᠨ ᠢ ᠨᠠᠶᠢᠵᠠ ᠪᠠᠷ ᠨᠡᠮᠡᠬᠦ ᠦᠶ᠎ᠡ ᠳᠤ᠂ ᠡᠷᠬᠡᠪᠰᠢ ᠨᠦᠭᠦᠭᠡ ᠡᠳᠡᠭᠡᠳ ᠤᠨ ᠪᠡᠶ᠎ᠡ ᠭᠠᠷᠣᠯ ᠢ ᠲᠣᠳᠣᠷᠬᠠᠢ ᠬᠠᠷᠭᠤᠭᠤᠯᠣᠭᠰᠠᠨ ᠪᠠᠶᠢᠬᠤ ᠬᠡᠷᠡᠭᠳᠡᠢ᠂ ᠪᠡᠶ᠎ᠡ ᠶᠢᠨ ᠭᠠᠷᠣᠯ  ᠨᠢ ᠲᠣᠳᠣᠷᠬᠠᠢ ᠪᠣᠰᠣ ᠬᠦᠮᠦᠨ ᠢ ᠲᠣᠷ᠎ᠠ ᠪᠠᠷ ᠨᠡᠮᠡᠵᠣ ᠪᠣᠯᠬᠤ ᠦᠭᠡᠢ᠃     2. ᠣᠳᠣᠷᠢᠳᠣᠯᠭ᠎ᠠ ᠺᠠᠳ᠋ᠷ ᠦᠨᠡᠨ ᠨᠡᠷ᠎ᠡ ᠪᠠᠨ ᠪᠢᠴᠢᠵᠣ ᠰᠠᠨᠠᠭᠠᠴᠢᠯᠭ᠎ᠠ ᠠᠴᠠ ᠪᠠᠨ ᠨᠡᠮᠡᠭᠦ ᠶᠢ ᠱᠠᠭᠠᠷᠳᠠᠪᠠᠯ᠂ ᠬᠡᠴᠢᠶᠡᠨ ᠪᠣᠯᠭᠤᠮᠵᠢᠯᠡᠵᠣ᠂ ᠬᠡᠷᠪᠡ ᠵᠣᠭᠤᠰ ᠮᠦᠩᠭᠦ ᠰᠢᠯᠵᠢᠭᠦᠯᠣᠨ ᠭᠤᠪᠢᠭᠤᠯᠬᠤ ᠲᠠᠢ ᠬᠤᠯᠪᠣᠭᠳᠠᠭᠰᠠᠨ ᠪᠣᠯ᠂ ᠣᠳᠠᠰᠣᠳᠠᠬᠤ᠂ ᠠᠭᠤᠯᠵᠠᠬᠤ ᠵᠡᠷᠬᠡ ᠠᠷᠭ᠎ᠠ ᠵᠠᠮ ᠢᠶᠠᠷ ᠯᠠᠪᠯᠠᠬᠤ ᠬᠡᠷᠡᠭᠳᠡᠢ᠂ ᠠᠰᠠᠭᠤᠵᠣ ᠯᠠᠪᠯᠠᠬᠤ ᠦᠭᠡᠢ ᠪᠠᠶᠢᠳᠠᠯ  ᠤᠨ ᠲᠣᠣᠷ᠎ᠠ ᠵᠣᠭᠤᠰ ᠮᠦᠩᠭᠦ ᠰᠢᠯᠵᠢᠭᠦᠯᠦᠨ ᠭᠤᠪᠢᠭᠤᠯᠣᠭᠠᠳ ᠮᠡᠬᠡᠯᠡᠭᠳᠡᠬᠦ ᠠᠴᠠ ᠬᠡᠴᠢᠶᠡᠬᠦ ᠬᠡᠷᠡᠭᠳᠡᠢ︕     3. ᠨᠦᠭᠦᠭᠡ ᠡᠳᠡᠭᠡᠳ ᠤᠨ ᠦᠨᠡᠨ ᠪᠡᠶ᠎ᠡ ᠭᠠᠷᠣᠯ ᠢ ᠣᠶᠢᠯᠭᠠᠬᠤ ᠦᠭᠡᠢ ᠪᠠᠶᠢᠳᠠᠯ ᠲᠣᠣᠷ᠎ᠠ᠂ ᠶᠠᠮᠠᠷᠴᠦ ᠬᠡᠯᠪᠡᠷᠢ ᠪᠠᠷ ᠵᠣᠭᠤᠰ ᠮᠦᠩᠭᠦ ᠰᠢᠯᠵᠢᠭᠦᠯᠦᠨ ᠭᠤᠪᠢᠭᠤᠯᠵᠣ ᠪᠣᠯᠬᠤ ᠦᠭᠡᠢ᠂ ᠪᠣᠰᠣᠳ ᠤᠨ ᠶᠠᠪᠣᠭᠤᠯᠣᠭᠰᠠᠨ ᠴᠦᠷᠭᠡᠯᠡᠭᠡ ᠶᠢ ᠲᠣᠷ᠎ᠠ ᠪᠠᠷ ᠨᠡᠭᠡᠭᠡᠵᠣ ᠪᠣᠯᠬᠤ ᠦᠭᠡᠢ᠃  ᠡᠷᠡᠭᠡᠯᠵᠡᠭᠡ ᠰᠡᠵᠢᠭ ᠲᠠᠢ ᠪᠣᠯ 110 ᠡᠰᠡᠬᠦᠯ᠎ᠡ 96110 ᠨᠣᠮᠧᠷ ᠲᠤ ᠤᠲᠠᠰᠤᠳᠠᠨ ᠠᠰᠠᠭᠤᠨ ᠯᠠᠪᠯᠠᠭᠠᠷᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号