ᠤᠳᠤᠭ ᠤᠨ ᠡᠮᠤᠨᠡᠳᠤ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠳᠤᠪᠴᠢᠶ᠎ᠠ ᠶᠢᠨ ᠮᠡᠬᠡᠯᠡᠯ ᠢ ᠡᠰᠡᠷᠬᠦᠴᠡᠬᠦ ᠲᠦᠪ ᠠᠴᠠ ᠦᠷᠬᠡᠨ ᠤᠯᠠᠨ ᠪᠠᠭᠰᠢ ᠰᠤᠷᠤᠭᠴᠢᠤᠨ ᠪᠠ ᠬᠡᠷ ᠤᠨ ᠠᠬᠠᠮᠠᠤᠨ ᠲᠤ ᠦᠭᠬᠦᠭᠰᠡᠨ ᠨᠢᠬᠡ ᠬᠤᠪᠢ ᠵᠠᠬᠢᠳᠠᠯ
ᠨᠡᠶᠢᠲᠡᠯᠡᠭᠰᠡᠨ ᠴᠠᠭ᠄
2021/7/30
ᠬᠦᠨᠳᠤᠳᠤ ᠪᠠᠭᠰᠢ ᠠᠬᠠᠮᠠᠤᠨ᠂ ᠬᠠᠶᠢᠷᠠᠳᠤ ᠰᠤᠷᠤᠭᠴᠢᠤᠨ ᠡ᠄     ᠤᠳᠤᠬᠠᠨ ᠳᠤ᠂ ᠴᠢᠮᠡᠭᠡ ᠬᠤᠯᠪᠤᠭ᠎ᠠ ᠳᠤᠤᠷ ᠰᠦᠯᠵᠢᠶᠡᠨ ᠤ ᠬᠠᠤᠯᠢ ᠶᠢ ᠵᠦᠷᠢᠴᠡᠭᠰᠡᠨ ᠰᠢᠨ᠎ᠠ ᠬᠡᠯᠪᠡᠷᠢ ᠶᠢᠨ ᠶᠠᠯᠠᠳᠤ ᠠᠵᠢᠯᠯᠠᠭ᠎ᠠ ᠰᠢᠷᠤᠬᠦᠰᠤᠨ᠂ ᠮᠡᠬᠡᠯᠡᠯ ᠤᠨ ᠬᠡᠷᠡᠭ ᠤᠯᠠᠰᠢᠷᠠᠬᠤ ᠬᠠᠨᠳᠤᠰᠢ ᠲᠠᠢ ᠪᠤᠯᠵᠤ᠂ ᠬᠤᠬᠢᠷᠠᠭᠴᠢ ᠶᠢᠨ ᠮᠡᠬᠡᠯᠡᠭᠳᠡᠭᠰᠡᠨ ᠵᠤᠭᠤᠰ ᠮᠦᠩᠬᠦᠨ ᠤ ᠳᠤᠭ᠎ᠠ ᠮᠠᠭᠠᠤᠨ ᠳᠤᠶᠢᠯ ᠤᠨ ᠶᠡᠭᠡ ᠪᠤᠢ᠃ ᠬᠤᠪᠢ ᠬᠦᠮᠤᠨ ᠤ ᠡᠳ᠋ ᠬᠦᠷᠤᠩᠬᠡ ᠶᠢᠨ ᠠᠮᠤᠷ ᠲᠦᠪᠰᠢᠨ ᠤ ᠲᠦᠯᠤᠬᠡ ᠳᠤᠰ ᠵᠠᠬᠢᠳᠠᠯ ᠢ ᠨᠠᠷᠢᠨ ᠬᠢᠨᠠᠮᠠᠭᠠᠢ ᠤᠩᠰᠢᠵᠤ᠂ ᠤᠷᠢᠤᠨᠴᠢᠯᠡᠨ ᠰᠡᠷᠬᠡᠶᠢᠯᠡᠬᠦ ᠤᠬᠠᠮᠰᠠᠷ ᠪᠠ ᠴᠢᠳᠠᠪᠤᠷᠢ ᠪᠠᠨ ᠴᠢᠩᠭᠠᠤᠨᠬᠠᠵᠤ᠂ ᠬᠤᠪᠢ ᠬᠦᠮᠤᠨ ᠤ ᠡᠳ᠋ ᠬᠦᠷᠤᠩᠬᠡ ᠪᠠᠨ ᠪᠦᠳᠤᠮᠵᠢᠳᠠᠢ ᠬᠠᠮᠠᠭᠠᠯᠠᠬᠤ ᠶᠢᠨ ᠬᠠᠮᠳᠤ ᠳᠤᠰ ᠵᠠᠬᠢᠳᠠᠯ ᠤᠨ ᠠᠭᠤᠯᠭ᠎ᠠ ᠶᠢ ᠳᠠᠨ ᠤ ᠬᠡᠷ ᠤᠨ ᠬᠦᠮᠤᠨ᠂ ᠲᠦᠷᠤᠯ ᠰᠠᠳᠤᠨ ᠪᠠ ᠬᠠᠮᠳᠤ ᠠᠵᠢᠯᠯᠠᠭᠰᠠᠤᠨ᠂ ᠬᠦᠷᠰᠢ ᠵᠡᠷᠬᠡᠯᠡᠳᠡᠭᠡ ᠳᠤ ᠪᠠᠨ ᠳᠠᠮᠵᠢᠭᠤᠯᠵᠤ᠂ ᠪᠠᠳᠤ ᠪᠠᠬᠢ ᠨᠠᠶᠢᠬᠡᠮ ᠤᠨ ᠰᠠᠷᠬᠡᠶᠢᠯᠡᠯᠳᠠ ᠶᠢ ᠪᠦᠷᠢᠯᠳᠤᠬᠦᠯᠤᠨ᠂ ᠬᠤᠬᠢᠷᠠᠯ ᠶᠢ ᠵᠤᠭᠰᠤᠭᠠᠵᠤ᠂ ᠳᠤᠰ ᠲᠦᠷᠤᠯ ᠤᠨ ᠶᠠᠯᠠᠳᠤ ᠠᠵᠢᠯᠯᠠᠭ᠎ᠠ ᠡᠬᠦᠰᠬᠦ ᠶᠢ ᠪᠦᠳᠤᠮᠵᠢᠳᠠᠢ ᠬᠤᠷᠢᠭᠯᠠᠬᠤ ᠶᠢ ᠬᠦᠰᠡᠵᠤ ᠪᠠᠶᠢᠨ᠎ᠠ︕     ᠴᠢᠮᠡᠭᠡ ᠬᠤᠯᠪᠤᠭ᠎ᠠ ᠳᠤᠤᠷ ᠰᠦᠯᠵᠢᠶᠡᠨ ᠤ ᠮᠡᠬᠡᠯᠡᠯ ᠤᠯᠠᠨ ᠶᠠᠩᠵᠤ ᠲᠠᠢ᠂ ᠭᠤᠤᠯᠳᠠᠭᠤ ᠳᠤᠤᠷᠠᠬᠢ ᠬᠡᠳᠤᠨ ᠵᠦᠢᠯ ᠤᠨ ᠬᠡᠯᠪᠡᠷᠢ ᠲᠠᠢ᠄     1. ᠰᠦᠯᠵᠢᠶᠡᠨ ᠤ ᠵᠠᠬᠢᠶᠠᠯᠠᠭ᠎ᠠ ᠪᠠᠷ ᠮᠡᠬᠡᠯᠡᠳᠡᠭ᠃ ᠮᠡᠬᠡᠯᠡᠭᠴᠢ ᠡᠳᠡᠬᠡᠤᠨ ᠬᠦᠮᠤᠨ ᠬᠦᠯᠤᠰᠤᠯᠡᠵᠤ ᠵᠠᠬᠢᠶᠠᠯᠠᠭ᠎ᠠ ᠬᠦᠢᠴᠡᠤᠨᠬᠡᠬᠦ᠂ ᠢᠳᠡᠬᠡᠮᠵᠢ ᠤᠯᠬᠤ᠂ ᠣᠬᠤᠷ  ᠪᠢᠴᠢᠯᠬᠡ ᠶᠢ ᠰᠠᠶᠢᠰᠢᠶᠠᠬᠤ ᠵᠡᠷᠬᠡ ᠠᠵᠢᠯ ᠬᠠᠪᠰᠤᠷᠭᠠᠵᠤ᠂ ︽ᠬᠡᠷ ᠠᠴᠠ ᠪᠠᠨ ᠭᠠᠷᠬᠤ ᠦᠬᠡᠢ ᠪᠠᠷ ᠭᠠᠷ ᠤᠳᠠᠰᠤ ᠪᠠᠷ ᠡᠳᠤᠷ ᠤᠨ ᠵᠠᠭᠤᠨ ᠲᠦᠬᠦᠷᠢᠭ ᠤᠯᠬᠤ᠂ ᠰᠠᠷ᠎ᠠ ᠳᠤ ᠲᠦᠮᠡᠨ ᠲᠦᠬᠦᠷᠢᠭ ᠤᠯᠬᠤ︾ ᠵᠡᠷᠬᠡ ᠬᠠᠭᠤᠷᠮᠠᠭ ᠮᠡᠳᠡᠭᠡ ᠴᠢᠮᠡᠭᠡ ᠪᠠᠷ ᠬᠤᠬᠢᠷᠠᠭᠴᠢ ᠶᠢ ᠦᠳᠤᠬᠡᠨ ᠵᠠᠬᠢᠶᠠᠯᠠᠭ᠎ᠠ ᠬᠢᠯᠬᠡᠭᠰᠡᠨ ᠤ ᠳᠠᠷᠠᠭ᠎ᠠ᠂ ᠣᠷᠢᠳᠠᠪᠠᠷ ᠪᠠᠭ᠎ᠠ ᠠᠰᠢᠭ ᠤᠯᠭᠤᠨ ᠡᠷᠡᠬᠡᠯᠵᠡᠯ ᠢ ᠦᠬᠡᠶᠢᠰᠬᠡᠵᠤ᠂ ᠳᠠᠷᠠᠭ᠎ᠠ  ᠨᠢ ᠬᠤᠬᠢᠷᠠᠭᠴᠢ ᠶᠢ ᠦᠳᠤᠬᠡᠨ ᠵᠠᠬᠢᠶᠠᠯᠠᠭ᠎ᠠ ᠶᠢᠨ ᠦᠷᠳᠡᠭ ᠢᠶᠠᠨ ᠨᠡᠮᠡᠭᠳᠡᠬᠦᠯᠵᠤ᠂ ᠰᠡᠬᠦᠯᠡᠷ ᠨᠢ ᠡᠷᠬᠡᠪᠰᠢ ︽ᠭᠤᠷᠪᠠ ᠤᠳᠠᠭ᠎ᠠ᠂ ᠳᠠᠪᠤ ᠤᠳᠠᠭ᠎ᠠ᠂ ᠤᠯᠠᠨ ᠤᠳᠠᠭ᠎ᠠ ᠵᠠᠬᠢᠶᠠᠯᠠᠬᠤ︾ ᠵᠡᠷᠬᠡ ᠡᠬᠦᠷᠬᠡ ᠶᠢ ᠪᠦᠷ ᠪᠡᠶᠡᠯᠡᠬᠦᠯᠪᠡᠯ ᠰᠠᠶ᠋ᠢ ᠠᠰᠢᠭ ᠬᠤᠨᠵᠢᠪᠤᠷᠢ ᠶᠢ ᠨᠢ ᠤᠯᠭᠤᠬᠤ ᠪᠤᠶᠤ ᠵᠠᠬᠢᠶᠠᠯᠭ᠎ᠠ ᠬᠦᠢᠴᠡᠤᠨᠬᠡᠭᠰᠡᠨ ᠤ ᠳᠠᠷᠠᠭ᠎ᠠ᠂ ᠮᠡᠬᠡᠯᠡᠭᠴᠢ ᠡᠳᠡᠬᠡᠤᠨ ᠠᠯᠢ ᠨᠢᠬᠡ ᠵᠠᠬᠢᠶᠠᠯᠠᠭ᠎ᠠ ᠶᠢᠨ ᠡᠬᠦᠷᠬᠡ ᠶᠢ ᠪᠡᠶᠡᠯᠡᠬᠦᠯᠦᠭᠰᠡᠨ ᠦᠬᠡᠢ᠂ ᠳᠠᠬᠢᠨ ᠵᠠᠬᠢᠶᠠᠯᠠᠭ᠎ᠠ ᠬᠦᠢᠴᠡᠤᠨᠬᠡᠬᠦ ᠵᠡᠷᠬᠡ ᠪᠠᠷ ᠰᠢᠯᠳᠠᠭ ᠪᠤᠯᠭᠠᠵᠤ ᠪᠡᠯᠡ ᠮᠦᠩᠬᠦ ᠪᠠ ᠬᠠᠷᠠᠮᠵᠢ ᠶᠢ ᠨᠢ ᠦᠭᠬᠦ ᠦᠬᠡᠢ ᠪᠠᠷ ᠮᠡᠬᠡᠯᠡᠳᠡᠭ︔     2. ᠰᠦᠯᠵᠢᠶᠡᠨ ᠵᠢᠬᠡᠯᠡᠯᠬᠡ ᠪᠠᠷ ᠮᠡᠬᠡᠯᠡᠳᠡᠭ᠃ ᠲᠠᠨ ᠤ ᠢᠨᠲ᠋ᠧᠷ ᠰᠦᠯᠵᠢᠶᠡᠨ ᠠᠴᠠ ᠡᠷᠢᠵᠤ ᠤᠯᠤᠭᠰᠡᠨ ᠵᠢᠬᠡᠯᠡᠯᠬᠡ ᠶᠢᠨ ᠳᠠᠪᠴᠠᠩ ᠤᠨ ᠤᠯᠠᠩᠬᠢ ᠨᠢ ᠪᠦᠷ ᠮᠡᠬᠡᠯᠡᠭᠴᠢ ᠡᠳᠡᠬᠡᠤᠨ ᠤᠨ ᠭᠠᠷᠭᠠᠭᠰᠡᠨ ᠤᠪ ᠮᠡᠭᠡ ᠪᠤᠯᠬᠤ ᠶᠤᠮ᠂ ᠳᠠᠪᠴᠠᠩ ᠳᠤ ᠭᠠᠷᠤᠭᠰᠡᠨ ᠤ ᠳᠠᠷᠠᠭ᠎ᠠ ᠬᠤᠪᠢ ᠬᠦᠮᠤᠨ ᠤ ᠰᠤᠷᠠᠭ ᠵᠠᠩᠬᠢ ᠶᠢ ᠳᠠᠭᠯᠠᠭᠤᠯᠵᠤ ᠳᠠᠬᠢᠨ ᠴᠢᠨᠠᠭᠰᠢ  ᠪᠠᠨ ᠠᠷᠠᠯᠵᠢᠶᠠᠯᠠᠳᠠᠭ᠂ ᠳᠠᠷᠠᠭ᠎ᠠ ᠨᠢ ᠮᠦᠩᠬᠦᠨ ᠬᠦᠢᠯᠬᠡᠬᠡᠨ ᠤ ᠪᠠᠶᠢᠭᠤᠯᠤᠮᠵᠢ ᠶᠢᠨ ᠢᠳᠡᠬᠡᠮᠵᠢᠳᠤ ᠵᠢᠬᠡᠯᠡᠯᠬᠡ ᠳᠠᠯᠪᠢᠭᠴᠢ ᠪᠠᠷ ᠤᠪᠯᠠᠵᠤ ᠳᠠᠨ ᠤ ᠺᠠᠷᠲ ᠶᠢᠨ ᠨᠤᠮᠧᠷ ᠪᠤᠷᠤᠭᠤ᠂ ᠳᠠᠩᠰᠠᠨ ᠡᠷᠤᠬᠡ ᠶᠢᠨ ᠴᠤᠪᠤᠷᠠᠯ ᠬᠦᠢᠴᠡᠤᠨ ᠪᠤᠰᠤ᠂ ᠵᠢᠬᠡᠯᠡᠯᠬᠡ ᠠᠪᠬᠤ ᠳᠤ ᠪᠠᠳᠤᠯᠠᠭ᠎ᠠ ᠶᠢᠨ ᠮᠦᠩᠬᠦ ᠬᠡᠷᠡᠭᠰᠡᠬᠦ ᠵᠡᠷᠬᠡ ᠪᠠᠷ ᠰᠢᠯᠳᠠᠭ ᠪᠤᠯᠭᠠᠵᠤ ᠵᠤᠭᠤᠰ ᠰᠢᠯᠵᠢᠬᠦᠯᠬᠦ ᠶᠢ ᠱᠠᠭᠠᠷᠳᠠᠨ ᠮᠡᠬᠡᠯᠡᠳᠡᠭ︔     3. ᠰᠦᠯᠵᠢᠶᠡᠨ ᠳᠡᠬᠡᠷ᠎ᠡ ᠪᠡᠯᠡ ᠤᠷᠤᠭᠤᠯᠤᠨ ᠡᠳ᠋ ᠮᠦᠩᠬᠦ ᠪᠠᠨ ᠬᠠᠮᠢᠶᠠᠷᠬᠤ ᠪᠠᠷ ᠮᠡᠬᠡᠯᠡᠳᠡᠭ᠃ ᠮᠡᠬᠡᠯᠡᠭᠴᠢ ᠡᠳᠡᠬᠡᠤᠨ ᠶᠡᠷᠤ ᠳᠤ ᠪᠠᠨ ᠸᠢᠴᠠᠲ ᠬᠤᠯᠪᠤᠭ᠎ᠠ᠂ QQ ᠬᠤᠯᠪᠤᠭ᠎ᠠ ᠪᠤᠶᠤ ᠬᠠᠶᠢᠬᠤ ᠵᠠᠮᠴᠢᠯᠠᠭᠤᠷ ᠳᠡᠬᠡᠷ᠎ᠡ ᠦᠨᠳᠤᠷ ᠬᠦᠤ ᠮᠦᠩᠬᠦ ᠲᠠᠢ᠂ ᠳᠤᠳᠤᠭᠠᠳᠤ ᠶᠢᠨ ᠮᠡᠳᠡᠭᠡ ᠲᠠᠢ ᠬᠡᠵᠤ ᠤᠪᠯᠠᠵᠤ᠂ ᠤᠯᠠᠭᠠᠨ ᠪᠠᠭᠯᠠᠭ᠎ᠠ ᠬᠦᠷᠬᠡᠨ᠂ ᠬᠤᠨᠵᠢᠬᠤ  ᠠᠴᠠ ᠠᠯᠳᠠᠬᠤ ᠦᠬᠡᠢ ᠵᠡᠷᠬᠡ ᠮᠡᠭᠡ ᠪᠠᠷ ᠪᠡᠯᠡ ᠤᠷᠤᠭᠤᠯᠬᠤ ᠰᠠᠨᠠᠭ᠎ᠠ ᠲᠠᠢ ᠬᠦᠮᠤᠰ ᠢ ᠮᠡᠬᠡᠯᠡᠳᠡᠭ᠂ ᠳᠡᠭᠷᠢ ᠠᠴᠠ ᠱᠠᠯᠪᠢᠩ ᠤᠨᠠᠬᠤ ᠰᠠᠶᠢᠨ ᠤᠴᠢᠷ ᠬᠡᠵᠤ ᠬᠠᠮᠢᠭ᠎ᠠ ᠪᠠᠶᠢᠬᠤ ᠪᠤᠢ᠂ ᠪᠡᠯᠡ ᠤᠷᠤᠭᠤᠯᠤᠯᠳᠠ ᠳᠤ ᠠᠶᠤᠯ ᠲᠦᠭᠰᠢᠬᠦᠷᠢ ᠪᠤᠯᠤᠨ ᠠᠰᠢᠭ ᠬᠤᠨᠵᠢᠪᠤᠷᠢ ᠬᠤᠤᠰᠯᠠᠵᠤ ᠪᠠᠶᠢᠳᠠᠭ᠂ ᠲᠦᠭᠰᠢᠬᠦᠷᠢ ᠦᠬᠡᠢ ᠪᠠᠷ ᠶᠡᠭᠡ ᠠᠰᠢᠭ ᠬᠤᠨᠵᠢᠪᠤᠷᠢ ᠤᠯᠬᠤ  ᠶᠢ ᠤᠬᠠᠭᠤᠯᠳᠠᠭ ᠸᠢᠴᠠᠲ᠂ QQ ᠳᠡᠬᠡᠷᠡᠬᠢ ᠪᠡᠯᠡ ᠤᠷᠤᠭᠤᠯᠤᠯᠳᠠ ᠬᠡᠳᠡᠭ ᠨᠢ ᠪᠦᠷ ᠲᠦᠢᠯ ᠤᠨ ᠨᠠᠷᠢᠯᠢᠭ ᠪᠤᠯᠪᠠᠰᠤᠷᠠᠭᠤᠯᠤᠭᠰᠡᠨ ᠬᠦᠨ ᠮᠡᠭᠡ ᠶᠤᠮ᠂ ᠤᠳᠤ ᠡᠨᠡ ᠲᠦᠷᠤᠯ ᠤᠨ ᠮᠡᠬᠡᠯᠡᠯ ᠪᠠᠰᠠ ᠬᠦᠮᠤᠨ ᠳᠠᠳᠠᠵᠤ ᠤᠷᠤᠭᠤᠯᠪᠠᠯ ᠱᠠᠩᠨᠠᠬᠤ ᠠᠷᠭ᠎ᠠ ᠪᠠᠷ ᠮᠡᠬᠡᠯᠡᠳᠡᠭ ᠪᠤᠯᠬᠤᠷ ᠲᠦᠷᠤᠯ ᠰᠠᠳᠤᠨ ᠨᠠᠶᠢᠵᠠ ᠨᠦᠬᠦᠤᠨ   ᠤᠨ ᠴᠢᠨᠢ ᠳᠠᠨᠢᠯᠴᠠᠭᠤᠯᠤᠭᠰᠡᠨ ᠡᠳ᠋ ᠮᠦᠩᠬᠦ ᠡᠵᠡᠩᠨᠡᠬᠦ ᠪᠡᠯᠡ ᠤᠷᠤᠭᠤᠯᠤᠯᠳᠠ ᠶᠢ ᠴᠤ ᠰᠠᠶᠢᠳᠤᠷ ᠬᠢᠴᠢᠶᠡᠵᠤ ᠮᠡᠬᠡᠯᠡᠭᠳᠡᠬᠦ ᠠᠴᠠ ᠰᠡᠷᠬᠡᠶᠢᠯᠡᠬᠦ ᠴᠢᠬᠤᠯᠠ ᠲᠠᠢ︔     4. ᠰᠦᠯᠵᠢᠶᠡᠨ ᠬᠤᠳᠠᠯᠳᠤᠭ᠎ᠠ ᠶᠢᠨ ᠵᠤᠭᠤᠰ ᠪᠤᠴᠠᠭᠠᠯᠳᠠ ᠪᠠᠷ ᠮᠡᠬᠡᠯᠡᠳᠡᠭ᠃ ᠮᠡᠬᠡᠯᠡᠭᠴᠢ ᠡᠳᠡᠬᠡᠤᠨ ᠬᠠᠤᠯᠢ ᠪᠤᠰᠤ ᠠᠷᠭ᠎ᠠ ᠵᠠᠮ ᠢᠶᠠᠷ ᠬᠤᠬᠢᠷᠠᠭᠴᠢ ᠶᠢᠨ ᠪᠠᠷᠠᠭ᠎ᠠ ᠬᠤᠳᠠᠯᠳᠤᠨ ᠠᠪᠤᠭᠰᠡᠨ ᠮᠡᠳᠡᠭᠡ ᠵᠠᠩᠬᠢ ᠶᠢ ᠤᠯᠤᠭᠰᠡᠨ ᠤ ᠳᠠᠷᠠᠭ᠎ᠠ᠂ ᠪᠠᠷᠠᠭ᠎ᠠ ᠬᠤᠳᠠᠯᠳᠤᠬᠤ ᠰᠦᠯᠵᠢᠶᠡᠨ ᠤ ᠪᠤᠷᠤᠯᠠᠭᠤᠯᠭ᠎ᠠ ᠶᠢᠨ ᠤᠶᠢᠯᠡᠴᠢᠯᠡᠭᠴᠢ ᠪᠠᠷ ᠤᠪᠯᠠᠵᠤ ᠬᠤᠬᠢᠷᠠᠭᠴᠢ  ᠳᠤ ᠤᠳᠠᠰᠤ ᠢᠷᠡᠬᠦᠯᠤᠨ᠂ ᠬᠤᠬᠢᠷᠠᠭᠴᠢ ᠶᠢᠨ ᠬᠤᠳᠠᠯᠳᠤᠨ ᠠᠪᠤᠭᠰᠡᠨ ᠪᠠᠷᠠᠭ᠎ᠠ ᠳᠠᠸᠠᠷ ᠤᠨ ᠴᠢᠨᠠᠷ ᠠᠰᠠᠭᠤᠳᠠᠯ  ᠲᠠᠢ ᠪᠠᠶᠢᠬᠤ ᠡᠰᠡᠬᠦᠯ᠎ᠡ ᠲᠦᠷᠬᠡᠨ ᠬᠦᠷᠬᠡᠭᠴᠢ ᠪᠠᠷᠠᠭ᠎ᠠ ᠳᠠᠸᠠᠷ ᠢ ᠬᠡᠬᠡᠵᠤ ᠤᠷᠬᠢᠭᠳᠠᠭᠤᠯᠤᠭᠰᠡᠨ ᠠᠴᠠ ᠵᠤᠭᠤᠰ ᠢ  ᠨᠢ ᠪᠤᠴᠠᠭᠠᠬᠤ ᠰᠢᠯᠳᠠᠭ ᠢᠶᠠᠷ ᠬᠤᠬᠢᠷᠠᠭᠴᠢ ᠶᠢᠨ ᠸᠢᠴᠠᠲ ᠪᠤᠶᠤ qq ᠶᠢ ᠬᠤᠯᠪᠤᠵᠤ ᠪᠠᠩᠬᠢ ᠶᠢᠨ ᠺᠠᠷᠲ ᠤᠨ ᠨᠤᠮᠧᠷ᠂ ᠨᠢᠭᠤᠴᠠ ᠨᠤᠮᠧᠷ᠂ ᠰᠢᠯᠭᠠᠬᠤ ᠺᠤᠳ᠋ ᠪᠤᠶᠤ ᠵᠤᠭᠤᠰ ᠦᠭᠬᠦ ᠨᠤᠮᠧᠷ ᠰᠢᠷᠪᠢᠬᠦ ᠴᠦᠷᠬᠡᠯᠡᠭᠡ ᠢᠯᠡᠬᠡᠨ᠂ ᠬᠤᠬᠢᠷᠠᠭᠴᠢ ᠶᠢᠨ ᠵᠤᠭᠤᠰ ᠮᠦᠩᠬᠦ ᠶᠢ ᠮᠡᠬᠡᠯᠡᠬᠦ ᠵᠤᠷᠢᠯᠭ᠎ᠠ ᠳᠤ ᠪᠠᠨ ᠬᠦᠷᠳᠡᠭ᠃ ᠡᠰᠡᠬᠦᠯ᠎ᠡ ᠬᠤᠬᠢᠷᠠᠭᠴᠢ ᠶᠢ ᠭᠠᠷ ᠤᠳᠠᠰᠤᠨ ᠳᠤ ᠪᠠᠨ ᠬᠤᠷᠠᠯ ᠤᠨ ᠵᠦᠬᠡᠯᠡᠨ ᠳᠤᠨᠤᠭᠯᠠᠯ ︵ᠵᠢᠱᠢᠶᠡᠯᠡᠪᠡᠯ ᠲᠧᠩ ᠰᠢᠶᠦ᠋ᠨ ᠬᠤᠷᠠᠯ᠂ ᠬᠤᠸᠠ ᠸᠧᠢ ᠬᠤᠷᠠᠯ︶ ᠢ ᠪᠠᠭᠤᠯᠭᠠᠬᠤ ᠶᠢ ᠱᠠᠭᠠᠷᠳᠠᠵᠤ᠂ ᠮᠡᠷᠬᠡᠵᠢᠯ ᠤᠨ ᠠᠷᠭ᠎ᠠ ᠪᠠᠷ ᠬᠤᠬᠢᠷᠠᠭᠴᠢ ᠶᠢᠨ ᠭᠠᠷ ᠤᠳᠠᠰᠤ ᠶᠢ ᠬᠡᠳᠡᠵᠤ ᠬᠢᠨᠠᠳᠠᠭ᠃ ᠮᠡᠬᠡᠯᠡᠭᠴᠢ ᠬᠤᠬᠢᠷᠠᠭᠴᠢ ᠶᠢᠨ ᠪᠠᠩᠬᠢ ᠶᠢᠨ ᠺᠠᠷᠲ ᠳᠡᠬᠡᠷᠡᠬᠢ ᠵᠤᠭᠤᠰᠤᠨ ᠳᠤ ᠭᠤᠷᠢᠳᠠᠬᠤ ᠪᠠᠷ ᠦᠯᠤ ᠪᠠᠷᠠᠨ ᠴᠢᠨᠠᠭᠰᠢᠳᠠ ᠡᠯᠳᠡᠪ ᠵᠦᠢᠯ ᠤᠨ ᠠᠷᠭ᠎ᠠ ᠪᠠᠷ ᠵᠢᠬᠡᠯᠡᠯᠬᠡ ᠶᠢᠨ ᠳᠠᠪᠴᠠᠩ ᠠᠴᠠ ᠵᠢᠬᠡᠯᠡᠯᠬᠡ ᠭᠤᠶᠤᠴᠢᠯᠠᠭᠤᠯᠵᠤ᠂ ᠵᠢᠬᠡᠯᠡᠯᠬᠡ ᠪᠠᠷ ᠤᠯᠤᠭᠰᠡᠨ ᠮᠦᠩᠬᠦ ᠶᠢ ᠳᠤᠭᠳᠠᠭᠰᠡᠨ ᠳᠠᠩᠰᠠᠨ ᠡᠷᠤᠬᠡ ᠳᠤ ᠭᠤᠪᠢᠭᠤᠯᠬᠤ  ᠪᠠᠷ ᠳᠠᠮᠵᠢᠨ ᠵᠤᠭᠤᠰ ᠮᠡᠬᠡᠯᠡᠳᠡᠭ᠃     5. ᠣᠷᠤᠭ ᠢᠨᠠᠭ ᠤᠨ ᠬᠠᠷᠢᠴᠠᠭ᠎ᠠ ᠪᠠᠷ ᠣᠪᠯᠠᠨ ᠮᠡᠭᠡᠯᠡᠳᠡᠭ᠃ ᠶᠠᠯ᠎ᠠ ᠬᠢᠬᠦ ᠭᠤᠣᠯ ᠠᠷᠭ᠎ᠠ ᠭᠡᠪᠡᠯ᠄ ᠮᠡᠬᠡᠳᠦ ᠡᠳᠡᠭᠡᠳ ᠰᠦᠯᠵᠢᠶᠡᠨ ᠲᠡᠭᠡᠷᠡᠭᠢ ᠬᠠᠷᠢᠯᠴᠠᠬᠤ ᠪᠠᠭᠠᠵᠢ ᠪᠠᠷ ᠬᠤᠬᠢᠷᠠᠭᠴᠢ ᠲᠠᠢ ᠡᠷᠡᠭᠳᠡᠢ ᠡᠮᠡᠭᠳᠡᠢ ᠨᠠᠶᠢᠵᠠ ᠶᠢᠨ ᠬᠠᠷᠢᠴᠠᠭ᠎ᠠ ᠪᠠᠶᠢᠭᠤᠯᠬᠤ ᠪᠣᠶᠣ ᠣᠷᠤᠭ ᠢᠨᠠᠭ ᠤᠨ ᠬᠠᠷᠢᠴᠠᠭ᠎ᠠ ᠪᠠᠷ ᠶᠠᠮᠠᠷ ᠨᠢᠭᠡᠨ ᠬᠤᠨᠵᠢᠪᠦᠷᠢᠳᠦ ᠰᠣᠭᠤᠯᠤᠭ᠎ᠠ ᠲᠠᠳᠠᠬᠤ ᠰᠦᠯᠵᠢᠶᠠᠨ ᠤ ᠰᠢᠰᠲ᠋ᠧᠮ ᠠᠯᠳᠠᠰᠢ ᠭᠠᠷᠣᠭᠰᠠᠨ ᠢᠶᠠᠷ ᠬᠤᠳᠠᠯ ᠬᠡᠯᠡᠬᠦ᠂ ᠪᠣᠰᠣᠳ ᠤᠨ ᠺᠣᠮᠫᠢᠦ᠋ᠲ᠋ᠧᠷ ᠤᠨ ᠫᠷᠦᠭᠷᠠᠮ ᠳᠤ ᠵᠦᠪᠰᠢᠶᠡᠷᠠᠯ ᠦᠭᠡᠢ ᠪᠠᠷ ᠨᠡᠪᠳᠡᠷᠡᠨ ᠣᠷᠣᠭᠴᠢ ᠪᠠᠷ ᠣᠪᠯᠠᠬᠤ᠂ ᠲᠣᠳᠣᠭᠠᠳᠦ ᠶᠢᠨ ᠮᠡᠳᠡᠭᠡ ᠵᠠᠩᠬᠢ ᠣᠯᠵᠣ ᠲᠡᠶᠢᠯᠬᠦ᠂ ᠲᠣᠰᠬᠠᠢ ᠵᠢᠯᠣᠭᠤᠳᠣᠭᠴᠢ ᠪᠦᠯᠬᠦᠮ ᠲᠠᠢ ᠬᠢᠬᠦ ᠵᠡᠷᠬᠡ ᠠᠷᠭ᠎ᠠ ᠪᠠᠷ ᠬᠤᠬᠢᠷᠠᠭᠴᠢ ᠶᠢ ᠬᠤᠨᠵᠢᠪᠦᠷᠢᠳᠦ ᠰᠣᠭᠤᠯᠤᠭ᠎ᠠ ᠲᠠᠳᠠᠬᠤ ᠰᠦᠯᠵᠢᠶ᠎ᠡ᠂ APP ᠳᠤ ᠣᠷᠣᠭᠤᠯᠣᠨ ᠣᠷᠢᠳᠠᠪᠠᠷ ᠬᠤᠬᠢᠷᠠᠭᠴᠢ ᠳᠤ ᠪᠠᠭ᠎ᠠ ᠬᠡᠮᠵᠢᠶᠡᠨ ᠤ ᠠᠰᠢᠭ ᠬᠤᠨᠵᠢᠪᠦᠷᠢ ᠣᠯᠭᠤᠨ ᠢᠳᠡᠭᠡᠯ ᠢ ᠨᠢ ᠣᠯᠣᠭᠰᠠᠨ ᠤ ᠲᠠᠷᠠᠭ᠎ᠠ ᠶᠡᠭᠡ ᠬᠡᠮᠵᠢᠶᠡᠨ ᠤ ᠪᠡᠯᠡ ᠮᠦᠩᠭᠦ ᠣᠷᠣᠭᠤᠯᠣᠭᠤᠯᠣᠨ᠎ᠠ᠃ ᠡᠨᠡ ᠦᠶᠡᠰ ᠣᠷᠣᠭᠤᠯᠣᠭᠰᠠᠨ ᠵᠣᠭᠤᠰ ᠢᠶᠠᠨ ᠭᠠᠷᠭᠠᠵᠣ ᠠᠪᠴᠦ ᠲᠡᠶᠢᠯᠬᠦ ᠦᠭᠡᠢ ᠪᠣᠶᠣ ᠣᠷᠣᠭᠤᠯᠬᠤ ᠶᠠᠪᠣᠴᠠ ᠳᠤ ᠪᠠᠨ ᠪᠦᠬᠦᠳᠡ ᠶᠢ ᠨᠢ ᠠᠯᠳᠠᠳᠠᠭ᠃ ︽ᠭᠠᠭ᠋ᠠᠢ ᠠᠯᠠᠬᠤ︾ ᠭᠡᠳᠡᠭ ᠨᠢ ᠮᠡᠬᠡᠯᠡᠭᠴᠢᠳ ᠤᠨ ᠦᠪᠡᠷ ᠢᠶᠠᠨ ᠦᠭᠭᠦᠭᠰᠡᠨ ᠨᠡᠷ᠎ᠡ ᠪᠣᠯᠣᠨ᠎ᠠ᠃ ᠮᠡᠬᠡᠯᠡᠭᠴᠢ ᠨᠠᠶᠢᠵᠠᠯᠠᠬᠤ ᠠᠷᠭ᠎ᠠ ᠮᠡᠭᠡ ᠪᠠᠷ ︽ᠭᠠᠭ᠋ᠠᠢ ᠶᠢᠨ ᠪᠣᠷᠳᠤᠭ᠎ᠠ︾ ᠪᠡᠯᠡᠳᠬᠡᠨ᠂ ᠨᠡᠶᠢᠭᠡᠮ ᠤᠨ ᠬᠠᠷᠢᠯᠴᠠᠭᠠᠨ ᠤ ᠲᠠᠪᠴᠠᠩ ᠢᠶᠠᠷ ︽ᠭᠠᠭ᠋ᠠᠢ ᠶᠢᠨ ᠬᠠᠰᠢᠶ᠎ᠠ︾ ᠪᠣᠯᠭᠠᠵᠣ᠂ ᠡᠳᠡᠭᠡᠷ ᠤᠨ ᠲᠣᠮᠳᠠ ᠠᠴᠠ ᠲᠡᠳᠡᠨ ᠤ ︽ᠭᠠᠭ᠋ᠠᠢ︾ ᠪᠣᠯᠵᠣ ᠮᠡᠭᠡᠯᠡᠭᠳᠡᠬᠦ ᠡᠳᠡᠭᠡᠳ ᠢᠶᠠᠨ ᠡᠷᠢᠨ᠎ᠡ᠃ ᠢᠨᠠᠭ ᠬᠠᠶᠢᠷ᠎ᠠ ᠪᠠᠷ ᠪᠠᠮᠪᠠᠢ ᠪᠣᠯᠭᠠᠵᠣ ︽ᠭᠠᠭ᠋ᠠᠢ ᠲᠡᠵᠢᠭᠡᠭᠦ︾ ᠬᠠᠷᠢᠴᠠᠭ᠎ᠠ  ᠪᠠᠶᠢᠭᠤᠯᠣᠨ᠂ ᠬᠠᠮᠤᠭ ᠰᠡᠭᠦᠯ ᠳᠤ ᠡᠳ᠋ ᠮᠦᠩᠭᠦ ᠶᠢ ᠨᠢ ᠮᠡᠬᠡᠯᠡᠨ ︽ᠭᠠᠭ᠋ᠠᠢ ᠠᠯᠠᠬᠤ︾ ᠵᠣᠷᠢᠯᠭ᠎ᠠ ᠳᠤ ᠪᠠᠨ ᠬᠦᠷᠦᠨ᠎ᠠ︔     6. ᠣᠳᠣᠷᠢᠳᠣᠯᠭ᠎ᠠ ᠪᠠᠷ ᠣᠪᠯᠡᠨ ᠮᠡᠬᠡᠯᠡᠳᠡᠭ᠃ ᠮᠡᠬᠡᠯᠡᠭᠴᠢ ᠬᠠᠤᠯᠢ ᠪᠣᠰᠣ ᠠᠷᠭ᠎ᠠ ᠵᠠᠮ ᠢᠶᠠᠷ ᠵᠠᠰᠠᠭ ᠤᠨ ᠣᠷᠳᠣᠨ ᠤ ᠬᠠᠮᠢᠶ᠎ᠠ ᠪᠦᠬᠦᠢ ᠲᠤᠰᠢᠶᠠᠯᠲᠠᠨ᠂ ᠠᠵᠤ ᠠᠬᠤᠶᠢᠯᠠᠯ ᠤᠨ  ᠳᠠᠭᠠᠭᠠᠮᠠᠯ᠂ ᠴᠡᠷᠢᠭ ᠠᠩᠬᠢ ᠶᠢᠨ ᠳᠠᠷᠤᠭ᠎ᠠ  ᠶᠢᠨ ᠬᠡᠷᠡᠯ ᠵᠢᠷᠤᠭ ᠢ ᠣᠯᠣᠭᠠᠳ ᠲᠡᠷᠡ ᠬᠦᠮᠦᠰ ᠢᠶᠠᠷ ᠣᠪᠯᠠᠵᠤ ᠬᠤᠬᠢᠷᠠᠭᠴᠢ ᠶᠢᠨ ᠸᠢᠴᠠᠲ ᠪᠣᠶᠤ QQ ᠪᠠᠷ ᠬᠤᠯᠪᠤᠭ᠎ᠠ ᠠᠪᠳᠠᠭ᠃ ᠲᠤᠲᠤᠨᠤᠴᠢᠯᠠᠨ ᠶᠠᠷᠢᠯᠴᠠᠵᠤ ᠪᠠᠶᠢᠭᠠᠳ ᠢᠲᠡᠭᠡᠯ ᠢᠶᠠᠨ ᠨᠡᠮᠡᠭᠳᠡᠬᠦᠯᠵᠦ᠂ ᠳᠠᠷᠠᠭ᠎ᠠ ᠨᠢ ᠣᠳᠣᠷᠢᠳᠣᠯᠭ᠎ᠠ ᠶᠢᠨ ᠣᠪᠣᠷ ᠢᠶᠠᠷ ᠬᠤᠬᠢᠷᠠᠯ ᠠᠮᠰᠠᠭᠴᠢ ᠶᠢᠨ ᠠᠵᠣ ᠠᠬᠤᠶᠢᠯᠠᠯ ᠤᠨ ᠡᠵᠡᠩᠨᠡᠯᠲᠡ᠂ ᠠᠵᠤ ᠦᠢᠯᠡᠰ ᠪᠣᠶᠣ ᠦᠪᠡᠷ ᠤᠨ ᠬᠢᠨᠢ  ᠢᠷᠡᠭᠡᠳᠦᠢ ᠵᠡᠷᠭᠡ ᠶᠢ ᠬᠠᠯᠠᠮᠵᠢᠯᠠᠨ᠂ ᠴᠢᠨᠠᠭᠰᠢᠯᠠᠪᠠᠯ ᠬᠤᠬᠢᠷᠠᠯ ᠠᠮᠰᠠᠭᠴᠢ ᠲᠠᠢ ᠠᠭᠤᠯᠵᠠᠬᠤ ᠪᠠᠷ ᠪᠣᠯᠵᠣᠭᠠᠳ᠂ ᠳᠠᠷᠠᠭ᠎ᠠ ᠨᠢ ᠰᠢᠯᠲᠠᠭ ᠳᠣᠷᠠᠳᠣᠨ ᠠᠭᠤᠯᠵᠠᠬᠤ ᠪᠠᠨ ᠪᠣᠯᠢᠳᠠᠭ᠃ ᠬᠤᠬᠢᠷᠠᠯ ᠠᠮᠰᠠᠭᠴᠢ ᠶᠢᠨ ᠢᠲᠡᠭᠡᠯ ᠢ ᠣᠯᠣᠭᠰᠠᠨ ᠤ ᠳᠠᠷᠠᠭ᠎ᠠ ᠶᠠᠯᠠᠲᠤ ᠡᠲᠡᠭᠡᠳ ᠲᠦᠷᠦᠯ ᠰᠠᠳᠣᠨ ᠨᠠᠶᠢᠵᠠ ᠨᠦᠬᠦᠳ ᠣᠴᠢᠷ  ᠲᠠᠢ ᠪᠣᠯᠵᠣ ᠪᠣᠰᠣᠳ ᠢᠶᠠᠷ ᠬᠠᠪᠰᠣᠷᠣᠭᠤᠯᠬᠤ ᠪᠤᠶᠤ ᠳᠡᠭᠡᠳᠦ ᠱᠠᠲᠤᠨ ᠤ ᠣᠳᠣᠷᠢᠳᠣᠯᠭ᠎ᠠ ᠳᠤ ᠶᠠᠭᠤᠮ᠎ᠠ ᠬᠦᠷᠭᠡᠬᠦ ᠴᠢᠬᠤᠯᠠ ᠲᠠᠢ᠂ ᠦᠪᠡᠷ ᠢᠶᠠᠨ ᠡᠯ᠎ᠡ ᠵᠦᠢᠯ ᠤᠨ ᠰᠢᠯᠲᠠᠭᠠᠨ ᠠᠴᠠ ᠪᠣᠯᠵᠣ ᠰᠢᠭᠤᠳ ᠵᠤᠭᠤᠰ ᠰᠢᠯᠵᠢᠬᠦᠯᠬᠦ ᠠᠷᠭ᠎ᠠ ᠦᠭᠡᠢ ᠬᠡᠵᠦ ᠰᠢᠯᠲᠠᠭᠯᠠᠨ᠂ ᠬᠤᠬᠢᠷᠠᠯ ᠠᠮᠰᠠᠭᠴᠢ ᠳᠤ ᠶᠠᠯᠠᠲᠤ ᠡᠲᠡᠭᠡᠳ ᠤᠨ ᠣᠷᠢᠳ ᠢᠶᠠᠷ ᠦᠭᠭᠦᠭᠰᠡᠨ ᠵᠤᠭᠤᠰ ᠢ ᠣᠯᠣᠭᠰᠠᠨ ᠤ ᠳᠠᠷᠠᠭ᠎ᠠ ᠣᠳᠣᠷᠢᠳᠣᠯᠭ᠎ᠠ ᠶᠢᠨ ᠲᠦᠷᠦᠯ ᠰᠠᠳᠣᠨ᠂ ᠨᠠᠶᠢᠵᠠ ᠨᠦᠬᠦᠳ ᠤᠨ ᠳᠠᠩᠰᠠᠨ ᠳᠤ ᠣᠷᠣᠭᠤᠯᠬᠤ ᠳᠤ ᠬᠠᠪᠰᠣᠷᠣᠭᠤᠯᠳᠠᠭ᠃ ᠬᠤᠬᠢᠷᠠᠯ ᠠᠮᠰᠠᠭᠴᠢ ᠶᠠᠯᠠᠲᠤ ᠡᠲᠡᠭᠡᠳ ᠤᠨ ᠰᠢᠯᠵᠢᠬᠦᠯᠦᠭᠰᠡᠨ ᠵᠤᠭᠤᠰ ᠢ ᠣᠯᠣᠭᠰᠠᠨ ᠦᠭᠡᠢ ᠭᠡᠵᠦ ᠳᠣᠷᠠᠳᠬᠤ ᠦᠶᠡᠰ᠂ ᠶᠠᠯᠠᠲᠤ ᠡᠲᠡᠭᠡᠳ ᠠᠴᠠ ᠪᠠᠩᠭᠢ ᠶᠢᠨ ᠳᠠᠩᠰᠠ ᠰᠢᠯᠵᠢᠬᠦᠯᠦᠯᠲᠡ ︵ᠬᠠᠭᠤᠷᠮᠠᠭ ᠵᠢᠷᠤᠭ ᠲᠦᠷᠰᠦ ᠳᠠᠭᠠᠯᠳᠣᠭᠤᠯᠵᠣ ᠪᠣᠢ︶ 24 ᠴᠠᠭ ᠤᠨ ᠳᠠᠷᠠᠭ᠎ᠠ ᠬᠦᠷᠦᠨ᠎ᠡ ᠬᠡᠵᠦ ᠮᠡᠬᠡᠯᠡᠵᠦ᠂ ᠬᠤᠬᠢᠷᠠᠯ ᠠᠮᠰᠠᠭᠴᠢ ᠶᠢ ᠣᠷᠢᠳ ᠢᠶᠠᠷ ᠵᠤᠭᠤᠰ ᠰᠢᠯᠵᠢᠬᠦᠯ ᠭᠡᠵᠦ ᠳᠠᠬᠢᠨ ᠲᠠᠪᠲᠠᠨ ᠮᠡᠬᠡᠯᠡᠳᠡᠭ᠃     7. ᠲᠣᠳᠣᠭᠠᠳᠦ ᠶᠢ ᠬᠠᠮᠠᠭᠠᠯᠠᠬᠤ ᠲᠣᠪᠴᠢᠶ᠎ᠠ᠂ ᠪᠠᠶᠢᠴᠠᠭᠠᠬᠤ ᠬᠤᠷᠢᠶ᠎ᠠ᠂ ᠰᠢᠬᠦᠬᠦ ᠬᠤᠷᠢᠶ᠎ᠠ ᠶᠢᠨ ᠠᠵᠢᠯᠳᠠᠨ  ᠢᠶᠠᠷ ᠣᠪᠯᠠᠨ ᠮᠡᠬᠡᠯᠡᠳᠡᠭ᠃ ᠴᠢᠮᠡᠭᠡ ᠬᠤᠯᠪᠤᠭᠠᠨ ᠤ ᠮᠡᠬᠡᠯᠡᠯ ᠳᠤ᠂ ᠶᠠᠯᠠᠲᠤ ᠡᠲᠡᠭᠡᠳ ᠤᠨ ᠦᠷᠬᠦᠯᠵᠢ ᠬᠡᠷᠡᠭᠯᠡᠳᠡᠭ ᠠᠷᠭ᠎ᠠ ᠮᠠᠶ᠋ᠢᠭ ᠪᠣᠯ ᠲᠤᠲᠤᠭᠠᠲᠤ ᠶᠢ ᠬᠠᠮᠠᠭᠠᠯᠠᠬᠤ ᠳᠣᠪᠴᠢᠶ᠎ᠠ᠂ ᠪᠠᠶᠢᠴᠠᠭᠠᠬᠤ ᠬᠤᠷᠢᠶ᠎ᠠ᠂ ᠰᠢᠬᠦᠬᠦ ᠬᠤᠷᠢᠶ᠎ᠠ ᠶᠢᠨ ᠠᠵᠢᠯᠲᠠᠨ ᠢᠶᠠᠷ ᠤᠪᠯᠠᠵᠦ ︽ᠬᠠᠷ᠎ᠠ ᠵᠤᠭᠤᠰ ᠢᠶᠠᠨ ᠬᠠᠤᠯᠢ ᠶᠤᠰᠤᠨ ᠤ ᠪᠣᠯᠭᠠᠭᠰᠠᠨ ᠰᠡᠵᠢᠭᠯᠡᠯ ᠳᠤ ᠣᠷᠣᠭᠰᠠᠨ᠂ ᠢᠳᠡᠭᠡᠮᠵᠢ ᠶᠢᠨ ᠺᠠᠷᠲ ᠤᠨ ᠵᠣᠷᠢᠭᠤᠳᠠ ᠶᠢᠨ ᠬᠡᠳᠦ ᠵᠠᠷᠣᠯᠭ᠎ᠠ︾ ᠵᠡᠷᠭᠡ ᠰᠢᠯᠳᠠᠭ ᠢᠶᠠᠷ ᠵᠣᠭᠤᠰ ᠢᠶᠠᠨ ᠪᠦᠬᠦᠨ ᠢ ︽ᠠᠶᠤᠯᠬᠦᠢ ᠳᠠᠩᠰᠠᠨ ᠡᠷᠦᠬᠡ︾ ᠳᠤ ᠰᠢᠯᠵᠢᠭᠦᠯᠬᠦ ᠶᠢ ᠱᠠᠭᠠᠷᠳᠠᠳᠠᠭ᠃ ᠮᠡᠬᠡᠯᠡᠭᠴᠢ ᠣᠲᠠᠰᠣᠳᠠᠬᠤ ᠦᠶᠡᠰ ᠵᠠᠬᠢᠷᠤᠩᠭᠤᠢ᠂ ᠲᠦᠪ ᠴᠢᠩᠭ᠎ᠠ ᠪᠠᠶᠢᠳᠠᠯ ᠢᠶᠠᠷ ᠣᠪᠯᠠᠵᠤ ᠦᠨᠡᠨ ᠢᠶᠠᠨ ᠲᠤᠰᠢᠶᠠ ᠭᠡᠵᠦ ᠠᠶᠣᠯᠭᠠᠨ᠂ ᠬᠡᠷᠪᠡ ᠲᠠ ᠰᠣᠴᠢᠵᠣ ᠠᠶᠣᠭᠰᠠᠨ ᠪᠣᠶᠣ ᠲᠣᠷᠠᠳᠠᠢ ᠬᠠᠮᠵᠢᠯᠴᠠᠬᠤ ᠪᠠᠶᠢᠳᠠᠯ ᠭᠠᠷᠭᠠᠪᠠᠯ ᠮᠡᠬᠡᠯᠡᠭᠴᠢ ᠣᠳᠠᠰᠣ ᠪᠠᠷ ︽ᠲᠣᠳᠣᠭᠠᠳᠦ  ᠶᠢ ᠬᠠᠮᠠᠭᠠᠯᠠᠬᠤ ᠲᠣᠪᠴᠢᠶ᠎ᠠ︾᠂ ︽ᠪᠠᠶᠢᠴᠠᠭᠠᠬᠤ ᠬᠤᠷᠢᠶ᠎ᠠ︾᠂ ︽ᠰᠢᠬᠦᠬᠦ ᠬᠤᠷᠢᠶ᠎ᠠ︾ ᠶᠢᠨ ᠲᠠᠢ ᠬᠤᠯᠪᠣᠭ᠎ᠠ ᠠᠪᠣᠭᠤᠯᠣᠨ ᠲᠣᠰᠢᠶᠠᠵᠣ ᠰᠢᠢᠳᠪᠦᠷᠢᠯᠡᠭᠦᠯᠳᠡᠭ᠃ ᠪᠣᠳᠠᠳᠦ ᠪᠠᠶᠢᠳᠠᠯ ᠳᠣᠣᠷ᠎ᠠ ᠲᠤᠲᠤᠭᠠᠲᠤ ᠶᠢ ᠬᠠᠮᠠᠭᠠᠯᠠᠬᠤ ᠪᠠᠶᠢᠭᠤᠯᠤᠮᠵᠢ ᠣᠲᠠᠰᠣ ᠪᠠᠷ ᠳᠠᠮᠵᠢᠨ ᠬᠡᠷᠡᠭ ᠰᠢᠢᠳᠪᠦᠷᠢᠯᠡᠳᠡᠭ ᠦᠭᠡᠢ᠂ ᠲᠤᠲᠤᠭᠠᠲᠤ ᠶᠢ ᠬᠠᠮᠠᠭᠠᠯᠠᠬᠤ ᠳᠣᠪᠴᠢᠶ᠎ᠠ᠂ ᠪᠠᠶᠢᠴᠠᠭᠠᠬᠤ ᠬᠤᠷᠢᠶ᠎ᠠ᠂ ᠰᠢᠬᠦᠬᠦ ᠬᠤᠷᠢᠶ᠎ᠠ ᠴᠤ ᠠᠳᠠᠯᠢ ᠪᠤᠰᠤ ᠰᠠᠯᠠᠭ᠎ᠠ ᠮᠦᠴᠢᠷ ᠪᠣᠯᠬᠤᠷ ᠰᠢᠭᠤᠳ ᠣᠲᠠᠰᠣ ᠳᠠᠮᠵᠢᠭᠤᠯᠤᠨ ᠵᠠᠯᠭᠠᠬᠤ ᠪᠠᠶᠢᠳᠠᠯ ᠣᠷᠣᠰᠢᠬᠤ ᠦᠭᠡᠢ᠂ ᠨᠡᠩ ᠴᠤ ︽ᠠᠶᠤᠯᠬᠦᠢ ᠳᠠᠩᠰᠠᠨ ᠡᠷᠦᠬᠡ︾ ᠬᠡᠵᠦ ᠪᠠᠶᠢᠳᠠᠭ ᠦᠭᠡᠢ︔     8. ᠲᠤᠭᠯᠠᠭᠠᠮ ᠤᠨ ᠵᠠᠰᠠᠯ ᠴᠢᠮᠡᠭᠯᠡᠯ᠂ ᠵᠡᠪᠰᠡᠭ ᠲᠤᠨᠤᠭᠯᠠᠯ ᠬᠤᠳᠠᠯᠳᠣᠨ ᠠᠪᠬᠤ ᠪᠠᠷ ᠮᠡᠭᠡᠯᠡᠳᠡᠭ᠃ ᠮᠡᠬᠡᠯᠡᠭᠴᠢ ᠪᠢᠴᠢᠯ ᠸᠢᠳᠢᠣ᠋ ᠤᠨ ᠳᠠᠪᠴᠠᠩ᠂ ᠰᠢᠭᠤᠳ ᠨᠡᠪᠲᠡᠷᠡᠬᠦᠯᠬᠡ ᠶᠢᠨ ᠳᠠᠪᠴᠠᠩ ᠪᠤᠶᠤ ᠲᠤᠭᠯᠠᠭᠠᠮ ᠤᠨ ᠲᠤᠲᠤᠷᠠᠬᠢ ᠵᠤᠭᠤᠰ᠂ ᠺᠠᠷᠲ᠂ ᠵᠠᠰᠠᠯ ᠴᠢᠮᠡᠭᠯᠡᠯ ᠠᠪᠬᠤ ᠵᠡᠷᠭᠡ ᠬᠠᠷᠠᠭᠠᠯᠵᠠᠯ ᠦᠵᠡᠬᠦᠯᠬᠦ ᠠᠵᠢᠯᠯᠠᠭᠠᠨ ᠤ ᠵᠠᠷ ᠢᠶᠠᠷ ᠳᠠᠮᠵᠢᠭᠤᠯᠤᠨ ᠬᠤᠬᠢᠷᠠᠭᠴᠢ ᠲᠠᠢ QQ᠂ ᠸᠢᠴᠠᠲ ᠪᠠᠷ ᠬᠠᠷᠢᠯᠴᠠᠭᠰᠠᠨ ᠤ ᠳᠠᠷᠠᠭ᠎ᠠ᠂ ᠬᠠᠤᠯᠢ ᠪᠤᠰᠤ ᠡᠲᠡᠭᠡᠳ ᠬᠤᠷᠠᠮᠳᠣᠯ ᠬᠤᠪᠢ ᠪᠠᠷ ᠰᠣᠯᠢᠬᠤ᠂ ᠬᠤᠯᠪᠤᠭᠠᠰᠣ ᠲᠠᠶᠢᠯᠠᠬᠤ ᠵᠡᠷᠭᠡ ᠰᠢᠯᠲᠠᠭ ᠢᠶᠠᠷ ᠬᠤᠬᠢᠷᠠᠭᠴᠢ ᠶᠢ ᠮᠡᠷᠭᠡᠨ ᠴᠣᠬᠤᠷ ᠰᠢᠷᠪᠢᠬᠦᠯᠬᠦ ᠪᠤᠶᠤ ᠪᠠᠩᠭᠢ ᠶᠢᠨ ᠰᠢᠯᠭᠠᠬᠤ ᠺᠣᠳ᠋ ᠠᠪᠬᠤ ᠵᠡᠷᠭᠡ ᠠᠷᠭ᠎ᠠ ᠪᠠᠰᠢᠷ ᠢᠶᠠᠷ ᠮᠡᠬᠡᠯᠡᠳᠡᠭ᠃ ᠲᠤᠰ ᠠᠷᠭ᠎ᠠ ᠳᠤ ᠮᠡᠬᠡᠯᠡᠭᠳᠡᠭᠰᠡᠳ ᠨᠢ ᠶᠡᠷᠦᠳᠡᠭᠡᠨ ᠵᠠᠯᠠᠭᠤᠴᠤᠳ ᠪᠠᠭᠠᠴᠣᠳ ᠣᠯᠠᠨ ᠪᠠᠶᠢᠳᠠᠭ᠂ ᠠᠬᠠᠮᠠᠳ ᠦᠪᠡᠷ ᠤᠨ ᠭᠠᠷ ᠣᠲᠠᠰᠣ ᠪᠣᠶᠣ ᠵᠤᠭᠤᠰ ᠦᠭᠭᠦ ᠨᠢᠭᠤᠴᠠ ᠨᠣᠮᠧᠷ ᠢᠶᠠᠨ ᠡᠷᠬᠡᠪᠰᠢ ᠰᠠᠶᠢᠲᠤᠷ ᠬᠠᠮᠢᠶᠠᠷᠤᠨ᠂ ᠬᠡᠤᠬᠡᠳ ᠤᠳ ᠮᠡᠬᠡᠯᠡᠭᠳᠡᠬᠦ ᠠᠴᠠ ᠬᠢᠴᠢᠶᠡᠨ ᠰᠡᠷᠡᠮᠵᠢᠯᠡᠬᠦ ᠬᠡᠷᠡᠭᠲᠡᠢ᠃     ᠲᠤᠲᠤᠭᠠᠲᠤ ᠶᠢ ᠬᠠᠮᠠᠭᠠᠯᠠᠬᠤ ᠪᠠᠶᠢᠭᠤᠯᠤᠮᠵᠢ ᠠᠴᠠ ᠦᠷᠭᠡᠨ ᠤᠯᠠᠨ ᠠᠬᠠᠮᠠᠳ᠂ ᠪᠠᠭᠰᠢ᠂ ᠰᠣᠷᠣᠭᠴᠢ ᠨᠦᠬᠦᠳ ᠲᠤ ᠰᠠᠨᠠᠭᠤᠯᠬᠤ ᠨᠢ᠄     1. ᠮᠡᠬᠡᠯᠡᠯ ᠢ ᠰᠡᠷᠭᠡᠶᠢᠯᠡᠬᠦ ᠨᠢ ᠬᠢᠵᠢᠭ ᠢ ᠰᠡᠷᠭᠡᠶᠢᠯᠡᠬᠦ ᠲᠠᠢ ᠠᠳᠠᠯᠢ᠂ ᠬᠢᠴᠢᠶᠡᠬᠦ ᠦᠭᠡᠢ ᠪᠤᠯ ᠠᠮᠠᠷᠬᠠᠨ ᠮᠡᠬᠡᠯᠡᠭᠳᠡᠬᠦ ᠲᠤᠯᠠ ᠠᠰᠢᠭ ᠲᠤ ᠰᠢᠨᠣᠬᠤ ᠶᠢ ᠡᠷᠡᠰ ᠳᠡᠪᠴᠢᠬᠦ ᠬᠡᠷᠡᠭᠲᠡᠢ᠃     2. ᠠᠮᠠᠷᠬᠠᠨ ᠢᠲᠡᠬᠡᠬᠦ ᠦᠬᠡᠢ᠂ ᠨᠢᠭᠤᠴᠠ ᠪᠠᠨ ᠵᠠᠳᠠᠷᠠᠭᠤᠯᠬᠤ ᠦᠭᠡᠢ᠂ ᠵᠤᠭᠤᠰ ᠰᠢᠯᠵᠢᠬᠦᠯᠬᠦ ᠦᠭᠡᠢ ᠵᠠᠷᠴᠢᠮ ᠢ ᠪᠠᠷᠢᠮᠲᠠᠯᠠᠵᠤ᠂ ᠬᠢᠯᠪᠠᠷ ᠢᠶᠠᠷ ᠠᠰᠢᠭ ᠤᠯᠬᠤ ᠣᠬᠤᠷ ᠴᠢᠮᠡᠭᠡ ᠪᠤᠯ ᠮᠡᠬᠡᠯᠡᠭᠴᠢ ᠶᠢᠨ ᠮᠡᠭᠡ ᠭᠡᠳᠡᠭ ᠢ ᠪᠠᠲᠤ ᠴᠡᠭᠡᠵᠢᠯᠡᠬᠦ ᠬᠡᠷᠡᠭᠲᠡᠢ︔     3. ᠪᠣᠷᠣᠭᠤ ᠵᠠᠮ ᠢᠶᠠᠷ ᠪᠤᠳᠠᠭ᠎ᠠ ᠲᠡᠭᠡᠭᠡᠪᠡᠯ ᠪᠤᠴᠠᠬᠤ ᠵᠠᠮ ᠳᠠᠭᠠᠨ ᠰᠢᠷᠦᠢ ᠲᠡᠭᠡᠭᠡᠨ᠎ᠡ᠂ ᠦᠴᠦᠬᠡᠨ ᠠᠰᠢᠭ ᠣᠯᠵᠠ ᠳᠤ ᠰᠢᠨᠤᠵᠤ  ᠪᠤᠯᠬᠤ ᠦᠭᠡᠢ︔ ᠨᠢᠭᠤᠴᠠ ᠪᠠᠨ ᠬᠠᠮᠠᠭᠠᠯᠠᠬᠤ ᠣᠬᠠᠮᠰᠠᠷ ᠢᠶᠠᠨ ᠴᠢᠩᠭᠠᠳᠬᠠᠨ᠂ ᠬᠤᠪᠢ ᠬᠦᠮᠦᠨ ᠵᠢᠴᠢ ᠬᠡᠷ ᠪᠦᠯᠢ ᠶᠢᠨ ᠰᠣᠷᠠᠭ ᠵᠠᠩᠭᠢ ᠵᠠᠳᠠᠷᠠᠭᠳᠠᠬᠤ ᠠᠴᠠ ᠰᠡᠷᠭᠡᠶᠢᠯᠡᠬᠦ ᠬᠡᠷᠡᠭᠲᠡᠢ︔     4. ᠵᠤᠭᠤᠰ ᠰᠢᠯᠵᠢᠬᠦᠯᠬᠦ ᠪᠠᠷ ᠶᠠᠭᠠᠷᠠᠵᠤ ᠪᠤᠯᠬᠤ ᠦᠭᠡᠢ᠂ ᠬᠤᠳᠠᠯ ᠦᠨᠡᠨ ᠢ ᠢᠯᠭᠠᠵᠤ ᠳᠡᠶᠢᠯᠬᠦ ᠦᠭᠡᠢ ᠦᠶᠡᠰ᠂ 110᠂ 0477 - 7621554 ᠳᠤ ᠣᠲᠠᠰᠣᠳᠠᠵᠣ ᠠᠰᠠᠭᠤᠨ ᠯᠠᠪᠯᠠᠬᠤ ᠪᠤᠶᠤ ᠲᠤᠲᠤᠭᠠᠲᠤ ᠶᠢ ᠬᠠᠮᠭᠠᠯᠠᠬᠤ ᠪᠠᠶᠢᠭᠤᠯᠤᠮᠵᠢ ᠵᠡᠷᠭᠡ ᠬᠠᠮᠢᠶ᠎ᠠ ᠪᠦᠬᠦᠢ ᠰᠠᠯᠠᠭ᠎ᠠ ᠮᠦᠴᠢᠷ ᠲᠤ ᠬᠦᠷᠴᠦ ᠬᠠᠷᠭᠤᠭᠤᠯᠵᠤ ᠪᠤᠯᠤᠨ᠎ᠠ᠂ ᠬᠠᠷᠭᠤᠭᠤᠯᠬᠤ ᠠᠴᠠ ᠡᠮᠦᠨ᠎ᠡ ᠵᠤᠭᠤᠰ ᠮᠦᠩᠭᠦ ᠪᠠᠨ ᠲᠠᠨᠢᠯ ᠪᠤᠰᠤ ᠳᠠᠩᠰᠠᠨ ᠡᠷᠦᠬᠡ ᠳᠤ ᠪᠣᠣ ᠰᠢᠯᠵᠢᠬᠦᠯᠦᠬᠡᠷᠡᠢ︔     5. ᠦᠪᠡᠷ ᠤᠨ ᠪᠠᠩᠭᠢ ᠶᠢᠨ ᠺᠠᠷᠲ᠂ U ᠣᠨᠢᠰᠣ ᠵᠢᠴᠢ ᠭᠠᠷ ᠣᠲᠠᠰᠣᠨ ᠺᠠᠷᠲ ᠢᠶᠠᠨ ᠪᠣᠰᠣᠳ ᠲᠤ ᠵᠢᠭᠡᠯᠡᠬᠦ ᠪᠤᠶᠤ ᠲᠦᠷᠢᠶᠡᠰᠦᠯᠡᠨ ᠬᠤᠳᠠᠯᠳᠣᠵᠣ ᠪᠣᠯᠬᠤ ᠦᠭᠡᠢ᠂ ᠬᠡᠷᠪᠡ ᠬᠠᠤᠯᠢ ᠪᠤᠰᠤ ᠡᠲᠡᠭᠡᠳ ᠠᠰᠢᠭᠯᠠᠵᠤ ᠬᠠᠤᠯᠢ ᠵᠦᠷᠢᠴᠡᠭᠰᠡᠨ ᠶᠠᠯᠠᠲᠤ ᠠᠵᠢᠯᠯᠠᠭ᠎ᠠ ᠬᠢᠪᠡᠯ ᠴᠢᠨᠣ ᠪᠠᠩᠬᠢ ᠶᠢᠨ ᠲᠤᠬᠠᠶᠢᠯᠠᠭᠰᠠᠨ ᠠᠵᠢᠯ ᠬᠢᠵᠠᠭᠠᠷᠯᠠᠭᠳᠠᠵᠤ᠂ ᠨᠣᠴᠢᠲᠠᠢ ᠪᠤᠯ ︽ᠰᠦᠯᠵᠢᠶᠡᠨ ᠤ ᠰᠣᠷᠠᠭ ᠵᠠᠩᠭᠢ ᠶᠢᠨ ᠶᠠᠯᠠᠲᠤ ᠠᠵᠢᠯᠯᠠᠭ᠎ᠠ ᠶᠢ ᠬᠠᠪᠰᠣᠷᠣᠭᠰᠠᠨ ᠶᠡᠯ᠎ᠡ︾ ᠪᠦᠷᠢᠯᠳᠦᠬᠦ ᠪᠣᠯᠣᠨ᠎ᠠ     ᠭᠡᠷ ᠪᠦᠯᠢ ᠪᠣᠯ ᠨᠡᠶᠢᠬᠡᠮ ᠤᠨ ᠬᠦᠷᠦᠰᠦ ᠰᠢᠷᠤᠢ᠂ ᠰᠣᠷᠣᠭᠴᠢ ᠪᠣᠯ ᠦᠰᠪᠦᠷᠢ ᠶᠢᠨ ᠮᠣᠳᠣ ᠪᠣᠯᠣᠨ᠎ᠠ᠂ ᠴᠠᠭᠳᠠᠭᠠᠨ ᠤ ᠬᠢᠨ ᠪᠠ ᠰᠣᠷᠭᠠᠭᠤᠯᠢ ᠶᠢᠨ ᠬᠠᠮᠲᠤᠷᠠᠯᠴᠠᠭ᠎ᠠ ᠪᠠᠷ ᠳᠠᠮᠵᠢᠭᠤᠯᠤᠨ ᠰᠣᠷᠣᠭᠴᠢ᠂ ᠭᠡᠷ ᠪᠦᠯᠢ ᠪᠦᠬᠦᠨ  ᠳᠤ ᠴᠢᠮᠡᠭᠡ ᠬᠤᠯᠪᠤᠭᠠᠨ ᠤ ᠮᠡᠬᠡᠯᠡᠯ ᠢ ᠬᠡᠷᠬᠢᠨ ᠰᠡᠷᠭᠡᠶᠢᠯᠡᠬᠦ ᠶᠢ ᠤᠶᠢᠯᠠᠭᠠᠭᠤᠯᠵᠤ᠂ ᠪᠦᠬᠦ ᠨᠡᠶᠢᠬᠡᠮ ᠤᠨ ᠬᠢᠨ ᠤ ᠴᠢᠮᠡᠭᠡ ᠬᠤᠯᠪᠤᠭᠠᠨ ᠤ ᠮᠡᠬᠡᠯᠡᠯ ᠢ ᠰᠡᠷᠭᠡᠶᠢᠯᠡᠬᠦ ᠲᠠᠨᠢᠯᠲᠠ ᠪᠠ ᠰᠡᠷᠭᠡᠶᠢᠯᠡᠨ ᠬᠢᠵᠠᠭᠠᠷᠯᠠᠬᠤ ᠴᠢᠳᠠᠪᠤᠷᠢ ᠶᠢ ᠳᠡᠭᠡᠭᠰᠢᠯᠡᠬᠦᠯᠵᠦ ᠴᠢᠳᠠᠨ᠎ᠠ᠃ ᠣᠯᠠᠨ ᠢᠶᠠᠷ ᠰᠡᠷᠭᠡᠶᠢᠯᠡᠵᠦ ᠤᠯᠠᠨ ᠢᠶᠠᠷ ᠡᠵᠡᠮᠳᠡᠬᠦ ᠪᠣᠯ ᠦᠨᠳᠦᠰᠦ ᠠᠴᠠ ᠨᠢ ᠵᠠᠰᠠᠬᠤ ᠠᠷᠭ᠎ᠠ ᠪᠤᠳᠤᠯᠭ᠎ᠠ ᠪᠣᠯᠬᠤ ᠲᠣᠯᠠ ᠪᠢᠳᠡ ᠲᠤᠰ ᠵᠠᠬᠢᠳᠠᠯ ᠢᠶᠠᠷ ᠳᠠᠮᠵᠢᠭᠤᠯᠤᠨ ᠦᠷᠭᠡᠨ ᠣᠯᠠᠨ ᠪᠠᠭᠰᠢ᠂ ᠰᠣᠷᠣᠭᠴᠢ ᠪᠣᠯᠣᠨ ᠭᠡᠷ ᠪᠦᠯᠢ ᠶᠢᠨ ᠳᠡᠮᠵᠢᠯᠭᠡ ᠶᠢ ᠣᠯᠵᠣ᠂ ᠳᠠᠶᠠᠭᠠᠷ ᠢᠶᠠᠨ ᠴᠢᠮᠡᠭᠡ ᠬᠤᠯᠪᠤᠭᠠᠨ ᠤ ᠮᠡᠬᠡᠯᠡᠯ ᠢ ᠡᠰᠡᠷᠭᠦᠴᠡᠬᠦ ᠠᠵᠢᠯᠯᠠᠭ᠎ᠠ ᠳᠤ ᠢᠳᠡᠪᠬᠢᠲᠡᠢ ᠣᠷᠣᠯᠴᠠᠬᠤ ᠶᠢ ᠬᠦᠰᠡᠵᠦ ᠪᠠᠶᠢᠨ᠎ᠠ᠃ ᠬᠦᠮᠦᠨ ᠪᠦᠬᠦᠨ ᠣᠬᠠᠭᠤᠯᠤᠨ᠂ ᠮᠡᠬᠡᠯᠡᠭᠳᠡᠬᠦ  ᠠᠴᠠ ᠰᠡᠷᠭᠡᠶᠢᠯᠡᠵᠦ᠂ ᠮᠡᠬᠡᠯᠡᠯ ᠢ ᠡᠰᠡᠷᠭᠦᠴᠡᠨ᠂ ᠪᠦᠬᠦ ᠨᠡᠶᠢᠬᠡᠮ ᠢᠶᠠᠷ ᠢᠶᠠᠨ ᠴᠢᠮᠡᠭᠡ ᠬᠤᠯᠪᠤᠭᠠᠨ ᠤ ᠮᠡᠬᠡᠯᠡᠯ ᠢ ᠡᠰᠡᠷᠭᠦᠴᠡᠬᠦ ᠪᠣᠯᠣᠳ ᠬᠡᠷᠡᠮ ᠪᠣᠰᠬᠠᠵᠤ᠂ ᠴᠢᠮᠡᠭᠡ ᠬᠤᠯᠪᠤᠭᠠᠨ ᠤ ᠮᠡᠬᠡᠯᠡᠯ ᠳᠤ ᠮᠠᠨ ᠤ ᠬᠤᠰᠢᠭᠤᠨ ᠳᠤ ᠵᠠᠯᠢᠯᠠᠬᠤ ᠵᠠᠪᠰᠢᠶᠠᠨ ᠣᠯᠭᠤᠬᠤ ᠦᠭᠡᠢ ᠪᠠᠷ ᠴᠢᠷᠮᠠᠶᠢᠰᠣᠭᠠᠢ︕     ᠡᠴᠦᠰ ᠲᠤ᠂ ᠰᠣᠷᠣᠭᠴᠢ ᠨᠦᠬᠦᠳ ᠤᠨ ᠪᠡᠶ᠎ᠡ ᠮᠠᠬᠠᠪᠤᠳ ᠡᠷᠡᠬᠦᠯ ᠴᠢᠬᠢᠷᠠᠭ᠂ ᠰᠣᠷᠣᠯᠭ᠎ᠠ ᠳᠠᠪᠰᠢᠯᠲᠠ ᠲᠠᠢ᠂ ᠪᠠᠭᠰᠢ ᠠᠬᠠᠮᠠᠳ ᠤᠨ ᠠᠵᠣ ᠠᠮᠢᠳᠣᠷᠠᠯ ᠵᠤᠯ ᠵᠢᠷᠭᠠᠯ ᠲᠠᠢ᠂ ᠠᠵᠢᠯ ᠦᠢᠯᠡᠰ ᠦᠭᠡᠳᠡ ᠡᠰᠡᠷᠡᠭ ᠪᠠᠶᠢᠬᠤ ᠶᠢ ᠵᠦᠩᠨᠡᠶ᠎ᠡ︕                      ᠣᠲᠤᠭ ᠤᠨ ᠡᠮᠦᠨᠡᠲᠦ ᠬᠤᠰᠢᠭᠤᠨ ᠤ ᠲᠤᠲᠤᠭᠠᠲᠤ ᠶᠢ ᠬᠠᠮᠠᠭᠠᠯᠠᠬᠤ                             ᠲᠤᠪᠴᠢᠶᠠᠨ ᠤ ᠮᠡᠬᠡᠯᠡᠯ ᠢ ᠡᠰᠡᠷᠭᠦᠴᠡᠬᠦ ᠲᠦᠪ                              2021 ᠣᠨ ᠤ 5 ᠰᠠᠷ᠎ᠠ 19 ᠤ ᠡᠳᠦᠷ     ᠨᠠᠷᠢᠨ ᠬᠢᠨᠠᠮᠠᠭᠠᠢ ᠣᠩᠰᠢᠬᠤ ᠶᠢᠨ ᠬᠠᠮᠲᠤ ᠭᠠᠷ ᠤᠨ ᠦᠰᠦᠭ ᠵᠢᠷᠤᠵᠤ ᠰᠣᠷᠭᠠᠭᠤᠯᠢ ᠳᠤ ᠲᠤᠰᠢᠶᠠᠨ᠎ᠠ᠃     ᠭᠠᠷ ᠤᠨ ᠦᠰᠦᠭ᠄                                               ᠡᠳᠦᠷ ᠰᠠᠷ᠎ᠠ᠄
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号