ᠴᠢᠮᠡᠭᠡ ᠬᠤᠯᠪᠤᠭᠠᠨ ︵ᠲᠤᠤᠷ ᠰᠦᠯᠵᠢᠶ᠎ᠠ︶ ᠤ ᠮᠡᠭᠡᠯᠡᠯ ᠢ ᠬᠡᠷᠬᠢᠨ ᠰᠡᠷᠭᠡᠶᠢᠯᠡᠬᠦ ᠪᠤᠢ︖
ᠨᠡᠶᠢᠲᠡᠯᠡᠭᠰᠡᠨ ᠴᠠᠭ᠄
2021/8/3
ᠭᠠᠷᠴᠠᠭ     1. ᠶᠠᠭᠤ ᠶᠢ  ᠴᠢᠮᠡᠭᠡ ᠬᠤᠯᠪᠤᠭᠠᠨ ᠤ ᠮᠡᠬᠡᠯᠡᠯ ᠬᠡᠳᠡᠭ ᠪᠤᠢ︖     2. ᠦᠷᠬᠦᠯᠵᠢ ᠳᠣᠬᠢᠶᠠᠯᠳᠣᠬᠤ  ᠴᠢᠮᠡᠭᠡ ᠬᠤᠯᠪᠤᠭᠠᠨ ᠤ ᠮᠡᠬᠡᠯᠡᠯ ᠤᠨ ᠬᠡᠯᠪᠡᠷᠢ     3. ᠴᠢᠮᠡᠭᠡ ᠬᠤᠯᠪᠤᠭᠠᠨ ᠤ ᠮᠡᠬᠡᠯᠡᠯ ᠢ ᠬᠡᠷᠬᠢᠨ ᠢᠯᠭᠠᠨ ᠲᠠᠨᠢᠵᠦ ᠰᠡᠷᠭᠡᠶᠢᠯᠡᠬᠦ ᠪᠤᠢ︖     4. ᠮᠡᠬᠡᠯᠡᠭᠳᠡᠭᠰᠡᠨ ᠤ ᠳᠠᠷᠠᠭᠠᠬᠢ ᠠᠪᠤᠷᠠᠬᠤ ᠠᠷᠭ᠎ᠠ ᠠᠪᠴᠠᠯ     1. ᠶᠠᠭᠤ ᠶᠢ  ᠴᠢᠮᠡᠭᠡ ᠬᠤᠯᠪᠤᠭᠠᠨ ᠤ ᠮᠡᠬᠡᠯᠡᠯ ᠬᠡᠳᠡᠭ ᠪᠤᠢ︖     ᠶᠠᠭᠤ ᠶᠢ  ᠴᠢᠮᠡᠭᠡ ᠬᠤᠯᠪᠤᠭᠠᠨ ᠤ ᠮᠡᠬᠡᠯᠡᠯ ᠬᠡᠳᠡᠭ ᠪᠤᠢ︖     ᠭᠠᠷ ᠣᠲᠠᠰᠣᠨ ᠤ ᠤᠬᠤᠷ ᠴᠢᠮᠡᠭᠡ    ᠣᠲᠠᠰᠣ    ᠰᠦᠯᠵᠢᠶᠠᠨ ᠤ  ᠣᠲᠠᠰᠣ    ᠢᠨᠲ᠋ᠧᠷ ᠰᠦᠯᠵᠢᠶ᠎ᠠ     ᠴᠢᠮᠡᠭᠡ ᠬᠤᠯᠪᠤᠭᠠᠨ ᠤ ᠮᠡᠬᠡᠯᠡᠯ ᠪᠣᠯ ᠬᠠᠤᠯᠢ ᠪᠤᠰᠤ ᠪᠠᠷ ᠡᠵᠡᠯᠡᠬᠦ ᠪᠠᠷ ᠵᠤᠷᠢᠯᠭ᠎ᠠ ᠪᠠᠨ ᠪᠤᠯᠭᠠᠵᠤ᠂ ᠭᠠᠷ ᠣᠲᠠᠰᠣᠨ ᠤ ᠣᠬᠤᠷ ᠴᠢᠮᠡᠭᠡ᠂ ᠣᠲᠠᠰᠣ᠂ ᠰᠦᠯᠵᠢᠶᠠᠨ ᠤ ᠣᠲᠠᠰᠣ᠂ ᠢᠨᠲ᠋ᠧᠷ ᠰᠦᠯᠵᠢᠶ᠎ᠠ ᠵᠡᠷᠭᠡ ᠵᠠᠭᠤᠴᠢ ᠶᠢ ᠠᠰᠢᠭᠯᠠᠨ᠂ ᠬᠡᠷᠡᠭ ᠶᠠᠪᠤᠳᠠᠯ ᠢ ᠵᠤᠬᠢᠶᠠᠬᠤ ᠪᠤᠶᠤ ᠦᠨᠡᠨ ᠪᠠᠶᠢᠳᠠᠯ ᠢ ᠳᠠᠯᠳᠠᠯᠠᠬᠤ ᠠᠷᠭ᠎ᠠ ᠪᠠᠷ ᠨᠡᠯᠢᠶᠡᠳ ᠶᠡᠭᠡ ᠲᠤᠭ᠎ᠠ ᠬᠡᠮᠵᠢᠶᠠᠨ ᠤ ᠣᠯᠣᠰ ᠤᠨ ᠪᠠ ᠬᠤᠪᠢ ᠬᠦᠮᠦᠨ ᠤ ᠡᠳ᠋  ᠬᠤᠭᠰᠢᠯ ᠢ ᠮᠡᠬᠡᠯᠡᠨ ᠠᠪᠬᠤ ᠠᠵᠢᠯᠯᠠᠭ᠎ᠠ ︵ᠪᠠᠰᠠ ᠬᠦᠷᠦᠯᠴᠡᠮᠡᠯ ᠴᠢᠨᠠᠷ ᠤᠨ ᠪᠤᠰᠤ ᠮᠡᠬᠡᠯᠡᠯ ᠪᠤᠶᠤ ᠠᠯᠣᠰ ᠠᠴᠠ ᠮᠡᠬᠡᠯᠡᠬᠦ︶ ᠶᠢ ᠵᠢᠭᠠᠨ᠎ᠠ᠃ ᠴᠢᠮᠡᠭᠡ ᠬᠤᠯᠪᠤᠭᠠᠨ ᠤ ᠮᠡᠬᠡᠯᠡᠯ ᠢ ᠢᠯᠭᠠᠨ ᠲᠠᠨᠢᠬᠤ ᠲᠤᠮᠢᠶᠠᠯᠠᠯ     ᠬᠦᠮᠦᠨ᠄ ᠪᠡᠶ᠎ᠡ ᠭᠠᠷᠤᠯ ᠢ ᠨᠢ ᠣᠨᠣᠪᠴᠢᠲᠠᠢ ᠨᠤᠲᠠᠯᠠᠬᠤ ᠠᠷᠭ᠎ᠠ ᠦᠭᠡᠢ + ᠬᠠᠷᠢᠯᠴᠠᠭᠠᠨ ᠤ ᠪᠠᠭᠠᠵᠢ᠄ ᠣᠲᠠᠰᠣ᠂ ᠣᠬᠤᠷ ᠴᠢᠮᠡᠭᠡ᠂ ᠸᠢᠴᠠᠲ᠂ QQ ᠵᠡᠷᠭᠡ ᠶᠡᠷᠦ ᠶᠢᠨ ᠬᠡᠷᠡᠭᠯᠡᠭᠡᠨ ᠤ ᠪᠠᠭᠠᠵᠢ + ᠱᠠᠭᠠᠷᠳᠠᠯᠭ᠎ᠠ᠄ ᠵᠤᠭᠤᠰ ᠭᠤᠪᠢᠭᠤᠯᠬᠤ᠂ ᠳᠠᠩᠰᠠ ᠰᠢᠯᠵᠢᠬᠦᠯᠬᠦ       ᠳᠡᠭᠡᠷ᠎ᠡ ᠳᠣᠷᠠᠳᠣᠭᠰᠠᠨ ᠪᠠᠶᠢᠳᠠᠯ ᠳᠤ ᠳᠣᠬᠢᠶᠠᠯᠳᠣᠪᠠᠯ᠂ ᠡᠷᠬᠡᠪᠰᠢ ᠮᠡᠬᠡᠯᠡᠯ ᠠᠴᠠ ᠰᠡᠷᠭᠡᠶᠢᠯᠡᠬᠦ ᠰᠡᠷᠡᠮᠵᠢ ᠪᠠᠨ ᠳᠡᠭᠡᠭᠰᠢᠯᠡᠬᠦᠯᠬᠦ ᠬᠡᠷᠡᠭᠲᠡᠢ︕ᠴᠢᠮᠡᠭᠡ ᠬᠤᠯᠪᠤᠭᠠᠨ ᠤ ᠮᠡᠬᠡᠯᠡᠯ ᠤᠨ ᠣᠨᠴᠠᠯᠢᠭ     1. ᠶᠠᠯᠠᠲᠤ ᠠᠵᠢᠯᠯᠠᠭᠠᠨ ᠤ ᠳᠡᠯᠭᠡᠷᠡᠬᠦ ᠴᠢᠨᠠᠷ ᠨᠡᠯᠢᠶᠡᠳ ᠶᠡᠭᠡ᠂ ᠬᠦᠭᠵᠢᠯᠲᠡ ᠪᠠᠷ ᠲᠦᠷᠭᠡ᠊‍ᠨ     ᠶᠠᠯᠠᠲᠦ ᠡᠲᠡᠭᠡᠳ ᠶᠡᠷᠦᠳᠡᠭᠡᠨ ᠬᠦᠮᠦᠰ ᠤᠨ ᠠᠰᠢᠭ ᠬᠠᠷᠠᠨ ᠬᠤᠤᠷ ᠠᠴᠠ ᠵᠠᠶᠢᠯᠠᠬᠤ ᠰᠡᠳᠬᠢᠴᠡ ᠶᠢ ᠠᠰᠢᠭᠯᠠᠵᠤ᠂ ᠬᠤᠳᠠᠯ ᠬᠠᠭᠤᠷᠮᠠᠭ ᠣᠲᠠᠰᠣ᠂ ᠤᠬᠤᠷ ᠴᠢᠮᠡᠭᠡ ᠪᠠᠷ ᠳᠠᠮᠵᠢᠭᠤᠯᠤᠨ ᠣᠯᠠᠨ ᠲᠦᠮᠡᠨ ᠳᠤ ᠨᠡᠶᠢᠲᠡᠮ ᠬᠠᠭᠤᠷᠮᠠᠭ ᠮᠡᠳᠡᠭᠡ ᠵᠠᠩᠭᠢ ᠶᠠᠪᠤᠭᠤᠯᠤᠨ᠂ ᠨᠡᠯᠢᠶᠡᠳ ᠤᠬᠤᠷ ᠬᠤᠭᠤᠴᠠᠭᠠᠨ ᠲᠤᠲᠤᠷ᠎ᠠ ᠦᠷᠬᠡᠨ ᠬᠡᠪᠴᠢᠶ᠎ᠡ ᠪᠠᠷ ᠨᠡᠶᠢᠲᠡᠯᠡᠵᠦ᠂ ᠬᠦᠨᠦᠭᠡᠯ ᠤᠨ ᠬᠡᠪᠴᠢᠶ᠎ᠡ ᠪᠠᠷ ᠶᠡᠭᠡ ᠪᠠᠶᠢᠳᠠᠭ ᠠᠴᠠ ᠬᠤᠬᠢᠷᠠᠯ ᠠᠮᠰᠠᠬᠤ ᠬᠡᠪᠴᠢᠶ᠎ᠠ ᠴᠣ᠋ ᠦᠷᠭᠡᠵᠢᠳᠡᠭ᠃     2. ᠮᠡᠬᠡᠯᠡᠯ ᠤᠨ ᠠᠷᠭ᠎ᠠ ᠪᠠᠷᠢᠯ ᠤᠨ ᠬᠤᠪᠢᠷᠠᠯᠲᠠ ᠲᠦᠷᠭᠡ᠊‍ᠨ     ᠪᠦᠬᠡᠮ ᠢᠶᠠᠷ ᠶᠠᠪᠤᠭᠤᠯᠬᠤ ᠤᠬᠤᠷ ᠴᠢᠮᠡᠭᠡ ᠠᠴᠠ ᠪᠠᠨ ᠣᠯᠠᠷᠢᠭᠠᠳ ᠢᠨᠲ᠋ᠧᠷ ᠰᠦᠯᠵᠢᠶᠠᠨ ᠳᠡᠭᠡᠷᠡᠬᠢ ᠳᠣᠷ᠎ᠠ  ᠶᠢᠨ ᠨᠢᠭᠡᠨ ᠨᠤᠮᠧᠷ ᠢᠯᠡᠷᠡᠭᠦᠯᠬᠦ ᠵᠦᠭᠡᠯᠡᠨ ᠲᠤᠨᠤᠭ᠂ ᠳᠠᠪᠴᠠᠩ ᠪᠣᠯᠵᠣ᠂ ᠬᠠᠮᠤᠭ ᠡᠷᠲᠡ ᠶᠢᠨ ᠱᠠᠩᠨᠠᠯ ᠤᠨ ᠮᠡᠬᠡᠯᠡᠯ ᠠᠴᠠ ᠪᠠᠨ ᠰᠦᠯᠵᠢᠶᠡᠨ ᠳᠡᠭᠡᠷ᠎ᠡ  ᠵᠠᠬᠢᠶᠠᠯᠠᠭ᠎ᠠ ᠬᠢᠬᠦ᠂ ᠵᠢᠭᠡᠯᠡᠯᠭᠡ ᠠᠪᠬᠤ᠂ ᠪᠡᠯᠡ ᠣᠷᠣᠭᠤᠯᠣᠨ ᠡᠳ᠋ ᠤᠨ ᠶᠠᠪᠤᠳᠠᠯ ᠢ ᠬᠠᠮᠢᠶᠠᠷᠬᠤ ᠵᠡᠷᠭᠡ ᠪᠣᠯᠣᠨ ᠬᠤᠪᠢᠷᠠᠳᠠᠭ᠃ ᠮᠡᠬᠡᠯᠡᠯ ᠤᠨ ᠠᠷᠭ᠎ᠠ ᠮᠠᠶ᠋ᠢᠭ ᠤᠨ ᠬᠤᠪᠢᠷᠠᠯᠲᠠ ᠨᠡᠯᠢᠶᠡᠳ ᠶᠡᠭᠡ᠂ ᠲᠠᠪᠲᠠᠮᠵᠢ ᠪᠠᠷ ᠦᠨᠳᠦᠷ ᠲᠤᠯᠠ ᠰᠡᠷᠭᠡᠶᠢᠯᠡᠬᠦ ᠳᠤ ᠪᠡᠷᠬᠡ ᠲᠠᠢ ᠪᠠᠶᠢᠳᠠᠭ᠃     3. ᠠᠷᠭ᠎ᠠ ᠬᠡᠯᠪᠡᠷᠢ ᠨᠢ ᠪᠦᠯᠦᠭᠯᠡᠯ ᠤᠨ ᠴᠢᠨᠠᠷᠲᠠᠢ᠂ ᠲᠠᠩᠨᠠᠯᠲᠠ ᠶᠢ ᠡᠰᠡᠷᠭᠦᠴᠡᠬᠦ ᠴᠢᠳᠠᠪᠤᠷᠢ ᠲᠤᠶᠢᠯ ᠤᠨ ᠴᠢᠩᠭ᠎ᠠ     ᠶᠠᠯᠠᠲᠤ ᠪᠦᠯᠦᠭᠯᠡᠯ ᠤᠨ ᠬᠢᠨ ᠶᠡᠷᠦᠳᠡᠭᠡᠨ ᠠᠯᠣᠰ ᠡᠵᠡᠮᠰᠢᠯ᠂ ᠬᠦᠷᠦᠯᠴᠡᠮᠡᠯ ᠮᠠᠶ᠋ᠢᠭ ᠤᠨ ᠪᠣᠰᠣ ᠮᠡᠬᠡᠯᠡᠯ ᠤᠨ ᠠᠷᠭ᠎ᠠ ᠮᠠᠶ᠋ᠢᠭ ᠢ  ᠬᠡᠷᠡᠭᠯᠡᠳᠡᠭ᠂ ᠲᠤᠲᠤᠭᠠᠲᠣ ᠶᠢᠨ ᠵᠤᠬᠢᠶᠠᠨ ᠪᠠᠶᠢᠭᠤᠯᠤᠯᠲᠠ ᠨᠡᠯᠢᠶᠡᠳ ᠴᠢᠩᠭ᠎ᠠ᠂ ᠠᠵᠤ ᠠᠬᠤᠶᠢᠯᠠᠯ ᠤᠨ ᠮᠠᠶ᠋ᠢᠭ ᠤᠨ ᠠᠵᠢᠯᠯᠠᠮᠵᠢ ᠶᠢ ᠬᠡᠷᠡᠭᠯᠡᠨ ᠠᠵᠢᠯ ᠢᠶᠠᠨ ᠨᠠᠷᠢᠨ ᠬᠤᠪᠢᠶᠠᠷᠢᠯᠠᠳᠠᠭ ᠪᠤᠯᠬᠤᠷ᠂ ᠬᠤᠭᠤᠷᠤᠨᠲᠤ ᠪᠠᠨ ᠠᠵᠢᠯ ᠤᠨ ᠳᠠᠷᠠᠭᠠᠯᠠᠯ ᠢᠶᠠᠨ ᠣᠶᠢᠯᠠᠭᠠᠯᠴᠠᠬᠤ ᠦᠭᠡᠢ᠂ ᠲᠤᠲᠤᠭᠠᠲᠤ ᠶᠢ ᠬᠠᠮᠠᠭᠠᠯᠠᠬᠤ ᠪᠠᠶᠢᠭᠤᠯᠤᠮᠵᠢ ᠶᠢᠨ ᠴᠤᠬᠢᠯᠲᠠ ᠳᠤ ᠨᠡᠯᠢᠶᠡᠳ ᠶᠡᠭᠡ ᠬᠦᠴᠢᠷ ᠪᠡᠷᠬᠡᠰᠢᠶᠡᠯ ᠢ ᠠᠪᠴᠢᠷᠠᠳᠠᠭ᠃     4. ᠤᠯᠤᠰ ᠤᠨ ᠬᠢᠯᠢ ᠬᠢᠵᠠᠭᠠᠷ ᠠᠯᠤᠰᠯᠠᠭᠰᠠᠨ ᠶᠠᠯᠠᠲᠤ ᠠᠵᠢᠯᠯᠠᠭ᠎ᠠ ᠬᠠᠷᠢᠴᠠᠩᠭᠤᠢ ᠳᠣᠪᠣᠶᠢᠮ᠎ᠠ     ᠵᠠᠷᠢᠮ ᠬᠠᠤᠯᠢ ᠪᠣᠰᠣ ᠡᠲᠡᠭᠡᠳ ᠬᠢᠯᠢ ᠶᠢᠨ ᠲᠤᠲᠤᠷ᠎ᠠ ᠬᠤᠳᠠᠯ ᠬᠠᠭᠤᠷᠮᠠᠭ ᠮᠡᠳᠡᠭᠡ ᠵᠠᠩᠭᠢ ᠲᠠᠷᠬᠠᠭᠠᠨ ᠬᠢᠯᠢ  ᠶᠢᠨ ᠭᠠᠳᠠᠨᠠᠬᠢ ᠬᠦᠮᠦᠰ ᠢ ᠮᠡᠬᠡᠯᠡᠵᠦ᠂ ᠵᠠᠷᠢᠮ ᠨᠢ ᠬᠢᠯᠢ ᠶᠢᠨ ᠭᠠᠳᠠᠨ᠎ᠠ ᠣᠬᠤᠷ ᠴᠢᠮᠡᠭᠡ ᠲᠠᠷᠬᠠᠭᠠᠨ ᠣᠯᠣᠰ ᠤᠨ ᠲᠤᠲᠤᠭᠠᠲᠤ ᠶᠢᠨ ᠠᠷᠠᠳ ᠣᠯᠠᠨ ᠢ ᠮᠡᠬᠡᠯᠡᠳᠡᠭ᠃ ᠪᠠᠰᠠ ᠵᠠᠷᠢᠮ ᠨᠢ ᠬᠢᠯᠢ ᠶᠢᠨ ᠲᠤᠲᠤᠷ᠎ᠠ ᠭᠠᠳᠠᠨ᠎ᠠ ᠠᠴᠠ ᠬᠠᠮᠰᠠᠵᠤ ᠬᠡᠷᠡᠭ ᠦᠢᠯᠡᠳᠦᠳᠡᠭ ᠪᠣᠯᠬᠤᠷ ᠨᠢᠭᠤᠴᠠᠬᠠᠢ ᠴᠢᠨᠠᠷ ᠢᠶᠠᠷ ᠴᠢᠩᠭ᠎ᠠ᠂ ᠴᠣᠬᠢᠯᠲᠠ ᠦᠭᠭᠦ ᠬᠦᠴᠢᠷ ᠤᠨ ᠬᠡᠮᠵᠢᠶ᠎ᠠ ᠴᠤ ᠶᠡᠭᠡ ᠪᠠᠶᠢᠳᠠᠭ᠃ᠳᠡᠯᠭᠡᠷᠡᠬᠦ ᠰᠢᠯᠲᠠᠭᠠᠨ     ᠲᠤᠲᠤᠭᠠᠲᠤ ᠶᠢ ᠬᠠᠮᠠᠭᠠᠯᠠᠬᠤ ᠪᠠᠶᠢᠭᠤᠯᠤᠮᠵᠢ ᠠᠴᠠ ᠴᠤᠬᠢᠯᠲᠠ ᠦᠭᠴᠦ ᠲᠠᠩᠨᠠᠵᠤ ᠬᠡᠷᠡᠭ ᠢᠯᠡᠷᠡᠭᠦᠯᠦᠨ ᠲᠤᠰᠬᠠᠢ ᠲᠠᠮᠠᠴᠠᠯ ᠦᠷᠨᠢᠬᠦᠯᠵᠦ᠂ ᠪᠦᠬᠦ ᠤᠯᠤᠰ ᠤᠨ ᠴᠢᠨᠠᠷᠲᠠᠢ ᠲᠤᠰᠬᠠᠢ ᠠᠵᠢᠯᠯᠠᠭ᠎ᠠ ᠶᠢ ᠵᠤᠬᠢᠶᠠᠨ ᠪᠠᠶᠢᠭᠤᠯᠤᠨ᠂ ᠲᠠᠰᠣᠷᠠᠯᠲᠠ ᠦᠭᠡᠢ ᠴᠣᠬᠢᠯᠲᠠ ᠦᠭᠴᠦ᠂ ᠡᠯ᠎ᠡ ᠵᠠᠭᠤᠴᠢᠯᠠᠭᠤᠷ᠂ ᠰᠣᠨᠢᠨ᠂ ᠷᠠᠳᠢᠤ᠋᠂ ᠰᠦᠯᠵᠢᠶ᠎ᠠ ᠪᠠᠷ ᠪᠠᠶᠢᠩᠭᠤ ᠣᠬᠠᠭᠤᠯᠤᠨ ᠠᠷᠠᠳ ᠣᠯᠠᠨ ᠢ ᠮᠡᠬᠡᠯᠡᠭᠳᠡᠬᠦ ᠠᠴᠠ ᠵᠠᠶᠢᠯᠠᠰᠬᠢᠬᠦ ᠶᠢ  ᠰᠠᠨᠠᠭᠤᠯᠤᠭᠰᠠᠭᠠᠷ ᠢᠷᠡᠪᠡ᠃ ᠶᠠᠭᠠᠬᠢᠭᠠᠳ ᠡᠶᠢᠮᠦᠷᠬᠦ ᠬᠡᠷᠡᠭ ᠣᠯᠠᠮ ᠠᠴᠠ ᠣᠯᠠᠮ ᠣᠯᠠᠳᠠᠭᠰᠠᠨ ᠪᠣᠢ︖ ᠡᠬᠦᠨ ᠢ ᠳᠣᠣᠷᠠᠬᠢ ᠭᠤᠷᠪᠠᠨ ᠲᠠᠯ᠎ᠠ ᠪᠠᠷ ᠬᠤᠷᠢᠶᠠᠩᠭᠤᠶᠢᠯᠠᠵᠤ ᠪᠤᠯᠤᠨ᠎ᠠ᠃     1. ᠮᠡᠬᠡᠯᠡᠯ ᠤᠨ ᠬᠡᠷᠡᠭ ᠤᠨ ᠣᠯᠠᠰᠢᠷᠠᠯᠲᠠ ᠪᠤᠯ ᠠᠵᠤ ᠠᠬᠤᠢ ᠨᠡᠶᠢᠬᠡᠮ ᠤᠨ ᠬᠦᠭᠵᠢᠯᠲᠡ ᠪᠠ ᠡᠷᠡᠬᠦᠦ ᠶᠢᠨ ᠬᠡᠷᠡᠭ ᠤᠨ ᠵᠢᠮ᠎ᠠ  ᠬᠠᠤᠯᠢ ᠪᠠᠷ ᠲᠤᠭᠲᠠᠭᠠᠭᠳᠠᠳᠠᠭ᠃ ᠶᠠᠮᠠᠷᠪᠠ ᠬᠡᠷᠡᠭ ᠶᠠᠪᠤᠳᠠᠯ ᠪᠦᠬᠦᠨ ᠬᠦᠭᠵᠢᠯᠲᠡ ᠶᠢᠨ ᠶᠠᠪᠤᠴᠠ  ᠲᠠᠢ ᠪᠠᠶᠢᠳᠠᠭ᠂ ᠣᠳᠣᠬᠠᠨ ᠳᠤ ᠮᠠᠨ ᠤ ᠤᠯᠤᠰ ᠶᠠᠭ ᠠᠵᠤ ᠠᠬᠤᠢ ᠨᠠᠶᠢᠬᠡᠮ ᠤᠨ ᠬᠡᠯᠪᠡᠷᠢ ᠶᠢᠨ ᠬᠤᠪᠢᠷᠠᠭᠠᠯᠲᠠ  ᠶᠢᠨ ᠬᠤᠭᠤᠴᠠᠭᠠᠨ ᠳᠤ ᠪᠠᠶᠢᠭ᠎ᠠ ᠪᠤᠯᠬᠤᠷ ᠡᠷᠡᠬᠦᠦ ᠶᠢᠨ ᠬᠡᠷᠡᠭ ᠡᠭᠦᠰᠬᠦ ᠡᠯ᠎ᠡ ᠵᠦᠢᠯ ᠤᠨ ᠨᠠᠵᠠᠭᠠᠢ ᠡᠯᠧᠮᠧᠨ᠋ᠲ ᠶᠡᠭᠡ ᠬᠡᠮᠵᠢᠶ᠎ᠡ ᠪᠠᠷ ᠣᠷᠣᠰᠢᠵᠦ ᠪᠤᠢ᠃     2. ᠴᠢᠮᠡᠭᠡ ᠬᠤᠯᠪᠤᠭᠠᠨ ᠤ ᠮᠡᠬᠡᠯᠡᠯ ᠪᠣᠯ ᠨᠢᠭᠡ ᠵᠦᠢᠯ ᠤᠨ ᠦᠪᠡᠷ ᠤᠨ ᠦᠷᠲᠡᠭ ᠳᠣᠣᠷ᠎ᠠ᠂ ᠠᠰᠢᠭ ᠦᠨᠳᠦᠷ ᠶᠠᠯᠠᠲᠤ ᠬᠡᠷᠡᠭ ᠪᠣᠯᠣᠨ᠎ᠠ᠂ ᠮᠡᠬᠡᠯᠡᠯ ᠤᠨ ᠠᠷᠭ᠎ᠠ ᠮᠠᠶ᠋ᠢᠭ ᠨᠡᠯᠢᠶᠡᠳ ᠳᠦᠬᠦᠮ᠂ ᠠᠮᠠᠷᠬᠠᠨ ᠳᠡᠯᠭᠡᠷᠡᠵᠦ ᠳᠠᠭᠤᠷᠢᠶᠠᠭᠳᠠᠳᠠᠭ ᠨᠢᠭᠡ ᠵᠦᠢᠯ ᠤᠨ ᠳᠣᠣᠷ᠎ᠠ ᠣᠷᠣᠭᠤᠯᠣᠯᠲᠠ ᠲᠠᠢ᠂ ᠠᠰᠢᠭ ᠦᠨᠳᠦᠷ ᠶᠠᠯᠠᠲᠤ ᠬᠡᠷᠡᠭ ᠤᠨ ᠬᠡᠯᠪᠡᠷᠢ ᠶᠤᠮ᠃     3. ᠲᠠᠩᠨᠠᠨ ᠢᠯᠡᠷᠡᠬᠦᠯᠬᠦ ᠬᠦᠴᠢᠷ ᠤᠨ ᠬᠡᠮᠵᠢᠶ᠎ᠡ ᠶᠡᠭᠡ᠂ ᠶᠠᠯᠠᠲᠤ ᠡᠲᠡᠭᠡᠳ ᠦᠨᠳᠦᠰᠦᠨ ᠳᠤ ᠪᠠᠨ ᠬᠢᠯᠢ ᠶᠢᠨ ᠭᠠᠳᠠᠨ᠎ᠠ ᠪᠠᠶᠢᠳᠠᠭ᠂ ᠪᠠᠷᠢᠪᠴᠢᠯᠠᠬᠤ ᠠᠵᠢᠯ ᠲᠤᠶᠢᠯ ᠤᠨ ᠪᠡᠷᠭᠡᠰᠢᠶᠡᠯᠲᠡᠢ᠂ ᠬᠠᠤᠯᠢ ᠴᠠᠭᠠᠵᠠ ᠶᠢᠨ ᠳᠡᠮᠵᠢᠯᠭᠡ ᠶᠢᠨ ᠡᠷᠴᠢᠮ ᠬᠦᠷᠦᠯᠴᠡᠬᠦ ᠦᠭᠡᠢ᠂  ᠰᠢᠢᠳᠪᠦᠷᠢᠯᠡᠯᠲᠡ ᠬᠦᠩᠬᠡᠨ᠂ ᠳᠠᠭᠠᠭᠤᠯ ᠡᠲᠡᠭᠡᠳ ᠢ ᠪᠠᠷᠢᠪᠴᠢᠯᠠᠭᠠᠳ ᠬᠡᠳᠦᠨ ᠵᠢᠯ  ᠤᠨ ᠡᠷᠡᠬᠦᠦ ᠤᠨ ᠰᠢᠢᠳᠬᠡᠯ ᠣᠯᠣᠭᠰᠠᠨ ᠤ ᠳᠠᠷᠠᠭ᠎ᠠ ᠲᠦᠷᠭᠡᠨ ᠰᠣᠯᠠᠯᠠᠭᠳᠠᠴᠢᠬᠠᠳᠠᠭ ᠪᠣᠯᠬᠤᠷ ᠡᠨᠡ ᠵᠦᠢᠯ ᠤᠨ ᠶᠠᠯᠠᠲᠤ ᠬᠡᠷᠡᠭ ᠡᠬᠦᠰᠬᠦ ᠶᠢ ᠬᠤᠷᠢᠭᠯᠠᠬᠤ ᠳᠤ ᠠᠰᠢᠭ ᠦᠭᠡᠢ ᠪᠣᠢ᠃     2. ᠦᠷᠬᠦᠯᠵᠢ ᠳᠣᠬᠢᠶᠠᠯᠳᠣᠳᠠᠭ ᠴᠢᠮᠡᠭᠡ ᠬᠤᠯᠪᠤᠭᠠᠨ ᠤ ᠮᠡᠬᠡᠯᠡᠯ ᠤᠨ ᠬᠡᠯᠪᠡᠷᠢᠮᠡᠬᠡᠯᠡᠬᠦ ᠠᠷᠭ᠎ᠠ 1᠄ ᠲᠤᠲᠤᠭᠠᠲᠤ ᠶᠢ ᠬᠠᠮᠠᠭᠠᠯᠠᠬᠤ ᠳᠣᠪᠴᠢᠶ᠎ᠠ᠂ ᠪᠠᠶᠢᠴᠠᠭᠠᠬᠤ ᠬᠤᠷᠢᠶ᠎ᠠ᠂ ᠰᠢᠬᠦᠬᠦ ᠬᠤᠷᠢᠶ᠎ᠠ᠂ ᠪᠠᠶᠢᠭᠤᠯᠭ᠎ᠠ ᠨᠢᠭᠡᠴᠡ ᠶᠢᠨ ᠠᠵᠢᠯᠲᠠᠨ ᠢᠶᠠᠷ ᠣᠪᠯᠠᠵᠤ ᠮᠡᠬᠡᠯᠡᠳᠡᠭ᠃  TOP8     ᠬᠡᠷᠡᠭ ᠤᠨ ᠪᠣᠲᠠᠲᠤ ᠲᠦᠷᠰᠦᠯᠡᠯ     ᠴᠢᠮᠡᠭᠡ ᠬᠤᠯᠪᠤᠭᠠᠨ ᠤ ᠮᠡᠬᠡᠯᠡᠯ ᠳᠤ᠂ ᠶᠠᠯᠠᠲᠤ ᠡᠲᠡᠭᠡᠳ ᠤᠨ ᠦᠷᠬᠦᠯᠵᠢ ᠬᠡᠷᠡᠭᠯᠡᠳᠡᠭ ᠠᠷᠭ᠎ᠠ ᠮᠠᠶ᠋ᠢᠭ ᠪᠣᠯ ᠲᠤᠲᠤᠭᠠᠲᠤ ᠶᠢ ᠬᠠᠮᠠᠭᠠᠯᠠᠬᠤ ᠳᠣᠪᠴᠢᠶ᠎ᠠ᠂ ᠪᠠᠶᠢᠴᠠᠭᠠᠬᠤ ᠬᠤᠷᠢᠶ᠎ᠠ᠂ ᠰᠢᠬᠦᠬᠦ ᠬᠤᠷᠢᠶ᠎ᠠ ᠶᠢᠨ ᠠᠵᠢᠯᠲᠠᠨ ᠢᠶᠠᠷ ᠤᠪᠯᠠᠵᠦ ︽ᠬᠠᠷ᠎ᠠ ᠵᠤᠭᠤᠰ ᠢᠶᠠᠨ ᠬᠠᠤᠯᠢ ᠶᠤᠰᠤᠨ ᠤ ᠪᠣᠯᠭᠠᠭᠰᠠᠨ ᠰᠡᠵᠢᠭᠯᠡᠯ ᠳᠤ ᠣᠷᠣᠪᠠ︾᠂ ᠨᠡᠶᠢᠬᠡᠮ ᠤᠨ ᠪᠠᠲᠤᠯᠠᠭ᠎ᠠ ᠶᠢᠨ ᠲᠤᠪᠴᠢᠶ᠎ᠠ ᠶᠢᠨ ᠬᠢᠨ ᠢᠶᠠᠷ ᠣᠪᠯᠠᠵᠤ ︽ᠨᠠᠶᠢᠬᠡᠮ ᠤᠨ ᠪᠠᠲᠤᠯᠠᠭ᠎ᠠ ᠶᠢᠨ ᠳᠠᠩᠰᠠᠨ ᠡᠷᠦᠬᠡ ᠴᠢᠨᠢ ᠠᠰᠠᠭᠤᠳᠠᠯ ᠲᠠᠢ ᠪᠠᠶᠢᠨ᠎ᠠ︾᠂ ᠴᠢᠮᠡᠭᠡ ᠬᠤᠯᠪᠤᠭᠠᠨ ᠤ ᠺᠣᠮᠫᠠᠨᠢ ᠶᠢᠨ ᠬᠢᠨ ᠢᠶᠠᠷ ᠣᠪᠯᠠᠵᠤ ︽ᠵᠠᠷᠣᠳᠠᠯ ᠦᠷᠢᠲᠦᠭᠰᠡᠨ ᠢ ᠰᠠᠨᠠᠭᠤᠯᠵᠤ ᠪᠠᠶᠢᠨ᠎ᠠ︾ ᠬᠡᠬᠦ ᠮᠡᠲᠦ ᠶᠢᠨ ᠡᠯ᠎ᠡ ᠵᠦᠢᠯ ᠤᠨ ᠠᠷᠭ᠎ᠠ ᠪᠠᠰᠢᠷ ᠢᠶᠠᠷ ᠳᠠᠮᠵᠢᠭᠤᠯᠤᠨ ᠣᠷᠢᠳ ᠢᠶᠠᠷ ᠬᠤᠬᠢᠷᠠᠯ ᠠᠮᠰᠠᠭᠴᠢᠳ ᠢ ᠠᠶᠤᠯᠭᠠᠵᠤ ᠰᠦᠷᠳᠡᠭᠦᠯᠦᠨ᠂ ᠳᠠᠷᠠᠭ᠎ᠠ ᠨᠢ ᠬᠠᠮᠰᠠᠭᠠᠲᠠᠨ ᠤ ᠬᠤᠭᠤᠷᠤᠨᠲᠤᠬᠢ ᠶᠢᠨ ᠠᠵᠢᠯ ᠤᠨ ᠬᠤᠪᠢᠶᠠᠷᠢᠯᠠᠯ᠂ ᠣᠪᠯᠠᠯ ᠤᠨ ᠠᠷᠭ᠎ᠠ ᠢᠶᠠᠷ ᠬᠤᠬᠢᠷᠠᠯ ᠠᠮᠰᠠᠭᠴᠢᠳ ᠤᠨ ᠣᠲᠠᠰᠣ  ᠶᠢ ︽ᠬᠡᠷᠡᠭ ᠰᠢᠢᠳᠬᠡᠭᠴᠢ︾ ᠳᠤ ᠰᠢᠯᠵᠢᠬᠦᠯᠦᠨ᠂ ᠬᠡᠷᠡᠭ ᠰᠢᠢᠳᠬᠡᠭᠴᠢ ᠠᠴᠠ ᠠᠶᠤᠯᠭᠦᠢ ᠳᠠᠩᠰᠠᠨ ᠡᠷᠦᠬᠡ ᠬᠠᠩᠭᠠᠵᠤ᠂ ᠬᠤᠬᠢᠷᠠᠯ ᠠᠮᠰᠠᠭᠴᠢᠳ ᠢ ᠵᠣᠭᠤᠰ ᠢᠶᠠᠨ ᠰᠢᠯᠵᠢᠬᠦᠯᠦᠨ ᠣᠷᠣᠭᠤᠯᠴᠢᠬᠠᠪᠠᠯ ᠦᠨᠡᠨ ᠴᠠᠭᠠᠨ ᠢ ᠨᠢ ᠬᠡᠷᠡᠴᠢᠯᠡᠵᠦ ᠦᠭᠭᠦᠨ᠎ᠡ ᠭᠡᠳᠡᠭ᠃     ᠬᠤᠬᠢᠷᠠᠯ ᠠᠮᠰᠠᠭᠴᠢᠳ ᠢ ᠮᠡᠬᠡᠨ ᠳᠤ ᠪᠠᠨ ᠤᠷᠤᠭᠤᠯᠬᠤ ᠶᠢᠨ ᠲᠦᠯᠦᠭᠡ ᠮᠡᠬᠡᠯᠡᠭᠴᠢ ᠠᠴᠠ ᠲᠤᠰᠬᠠᠢ ᠨᠢᠭᠡ ᠲᠦᠬᠦᠷ ᠪᠠᠰᠢᠷ ᠠᠷᠭ᠎ᠠ ᠭᠠᠷᠭᠠᠨ᠂ ᠬᠤᠬᠢᠷᠠᠯ ᠠᠮᠰᠠᠭᠴᠢᠳ ᠲᠤ ᠣᠲᠠᠰᠣᠳᠠᠬᠤ ᠦᠶᠡᠰ ᠵᠠᠬᠢᠷᠤᠩᠭᠤᠢ᠂ ᠲᠦᠪ ᠴᠢᠩᠭ᠎ᠠ ᠪᠠᠶᠢᠳᠠᠯ ᠢᠶᠠᠷ ᠣᠪᠯᠠᠵᠤ ᠦᠨᠡᠨ ᠢᠶᠠᠨ ᠲᠤᠰᠢᠶᠠ ᠭᠡᠵᠦ ᠠᠶᠤᠯᠭᠠᠳᠠᠭ᠂ ᠪᠣᠲᠠᠲᠤ ᠪᠠᠶᠢᠳᠠᠯ ᠳᠣᠣᠷ᠎ᠠ ᠲᠤᠲᠤᠭᠠᠲᠤ ᠶᠢ ᠬᠠᠮᠠᠭᠠᠯᠠᠬᠤ ᠪᠠᠶᠢᠭᠤᠯᠤᠮᠵᠢ ᠣᠲᠠᠰᠣ ᠪᠠᠷ ᠳᠠᠮᠵᠢᠨ ᠬᠡᠷᠡᠭ ᠰᠢᠢᠳᠪᠦᠷᠢᠯᠡᠳᠡᠭ ᠦᠭᠡᠢ᠂ ᠲᠤᠲᠤᠭᠠᠲᠤ  ᠶᠢ ᠬᠠᠮᠠᠭᠠᠯᠠᠬᠤ ᠳᠣᠪᠴᠢᠶ᠎ᠠ᠂ ᠪᠠᠶᠢᠴᠠᠭᠠᠬᠤ ᠬᠤᠷᠢᠶ᠎ᠠ᠂ ᠰᠢᠬᠦᠬᠦ ᠬᠤᠷᠢᠶ᠎ᠠ ᠴᠤ ᠠᠳᠠᠯᠢ ᠪᠤᠰᠤ ᠰᠠᠯᠠᠭ᠎ᠠ ᠮᠦᠴᠢᠷ ᠪᠣᠯᠬᠤᠷ ᠰᠢᠭᠤᠳ ᠣᠲᠠᠰᠣ ᠳᠠᠮᠵᠢᠭᠤᠯᠤᠨ ᠵᠠᠯᠭᠠᠬᠤ ᠪᠠᠶᠢᠳᠠᠯ ᠣᠷᠣᠰᠢᠬᠤ ᠦᠭᠡᠢ᠂ ᠨᠡᠩ ᠴᠤ ︽ᠠᠶᠤᠯᠬᠦᠢ ᠳᠠᠩᠰᠠᠨ ᠡᠷᠦᠬᠡ︾ ᠬᠡᠵᠦ ᠪᠠᠶᠢᠬᠤ ᠦᠭᠡᠢ᠃     ᠦᠴᠦᠬᠡᠨ ᠰᠠᠨᠠᠭᠤᠯᠤᠮᠵᠢ᠄ ᠨᠦᠬᠦᠭᠡ ᠡᠲᠡᠭᠡᠳ ᠶᠠᠭᠤ ᠬᠡᠯᠡᠭᠰᠡᠨ ᠴᠤ ᠵᠣᠭᠤᠰ ᠰᠢᠯᠵᠢᠬᠦᠯᠵᠦ ᠪᠣᠯᠬᠤ ᠦᠭᠡᠢ᠂ ᠰᠢᠨᠤᠬᠤ ᠦᠭᠡᠢ᠂ ᠰᠣᠨᠣᠰᠬᠤ ᠦᠭᠡᠢ᠂ ᠢᠲᠡᠭᠡᠬᠦ ᠦᠭᠡᠢ ᠪᠠᠶᠢᠬᠤ ᠬᠡᠷᠡᠭᠲᠡᠢ︕ ᠬᠡᠷᠪᠡ ᠵᠤᠭᠤᠰ ᠰᠢᠯᠵᠢᠬᠦᠯᠵᠦ ᠦᠭᠭᠦ ᠰᠠᠨᠠᠭ᠎ᠠ ᠲᠠᠢ ᠪᠣᠯ ᠰᠢᠯᠵᠢᠬᠦᠯᠬᠦ ᠶᠢᠨ ᠡᠮᠦᠨ᠎ᠡ 110 ᠪᠣᠶᠣ 7621554 ᠳᠤ ᠣᠲᠠᠰᠣᠳᠠᠬᠤ ᠶᠢ ᠰᠠᠨᠠᠭᠤᠯᠤᠶ᠎ᠠ᠂ ᠣᠲᠠᠰᠣᠳᠠᠬᠤ ᠳᠤ ᠬᠤᠬᠢᠷᠠᠯ ᠭᠠᠷᠬᠤ ᠦᠭᠡᠢ ᠲᠤᠯᠠ ᠣᠲᠠᠰᠣᠳᠠᠵᠤ ᠯᠠᠪᠯᠠᠨ ᠠᠰᠠᠭᠤᠭᠠᠷᠠᠢ᠃ᠮᠡᠬᠡᠯᠡᠬᠦ ᠠᠷᠭ᠎ᠠ 2᠄ ᠣᠳᠣᠷᠢᠳᠣᠯᠭ᠎ᠠ᠂ ᠲᠠᠨᠢᠯ ᠬᠦᠮᠦᠰ ᠢᠶᠠᠷ ᠣᠪᠯᠠᠵᠤ ᠮᠡᠬᠡᠯᠡᠳᠡᠭ᠃  TOP7     ᠬᠡᠷᠡᠭ ᠤᠨ ᠪᠣᠲᠠᠲᠤ ᠲᠦᠷᠰᠦᠯᠡᠯ     ᠮᠡᠬᠡᠯᠡᠭᠴᠢ ᠬᠠᠤᠯᠢ ᠪᠣᠰᠣ ᠠᠷᠭ᠎ᠠ ᠵᠠᠮ ᠢᠶᠠᠷ ᠵᠠᠰᠠᠭ ᠤᠨ ᠣᠷᠳᠣᠨ ᠤ ᠬᠠᠮᠢᠶ᠎ᠠ ᠪᠦᠬᠦᠢ ᠲᠤᠰᠢᠶᠠᠯᠲᠠᠨ᠂ ᠠᠵᠤ ᠠᠬᠤᠶᠢᠯᠠᠯ ᠤᠨ  ᠳᠠᠭᠠᠭᠠᠮᠠᠯ᠂ ᠴᠡᠷᠢᠭ ᠠᠩᠬᠢ ᠶᠢᠨ ᠳᠠᠷᠤᠭ᠎ᠠ ᠶᠢᠨ ᠬᠡᠷᠡᠯ ᠵᠢᠷᠤᠭ ᠢ ᠣᠯᠣᠭᠠᠳ ᠲᠡᠷᠡ ᠬᠦᠮᠦᠰ  ᠢᠶᠠᠷ ᠣᠪᠯᠠᠵᠤ ᠬᠤᠬᠢᠷᠠᠯ ᠠᠮᠰᠠᠭᠴᠢᠳ ᠤᠨ ᠸᠢᠴᠠᠲ ᠪᠣᠶᠤ QQ ᠪᠠᠷ ᠬᠤᠯᠪᠤᠭ᠎ᠠ ᠠᠪᠳᠠᠭ᠃ ᠲᠤᠲᠤᠨᠤᠴᠢᠯᠠᠨ ᠶᠠᠷᠢᠯᠴᠠᠵᠤ ᠪᠠᠶᠢᠭᠠᠳ ᠢᠲᠡᠭᠡᠯ ᠢᠶᠠᠨ ᠨᠡᠮᠡᠭᠳᠡᠬᠦᠯᠵᠦ᠂ ᠳᠠᠷᠠᠭ᠎ᠠ ᠨᠢ ᠣᠳᠣᠷᠢᠳᠣᠯᠭ᠎ᠠ ᠶᠢᠨ ᠣᠪᠣᠷ ᠢᠶᠠᠷ ᠬᠤᠬᠢᠷᠠᠯ ᠠᠮᠰᠠᠭᠴᠢ ᠶᠢᠨ ᠠᠵᠣ ᠠᠬᠤᠶᠢᠯᠠᠯ ᠤᠨ ᠡᠵᠡᠩᠨᠡᠯᠲᠡ᠂ ᠠᠵᠤ ᠦᠢᠯᠡᠰ ᠪᠣᠶᠣ ᠦᠪᠡᠷ ᠤᠨ ᠬᠢᠨᠢ  ᠢᠷᠡᠭᠡᠳᠦᠢ ᠵᠡᠷᠭᠡ  ᠶᠢ ᠬᠠᠯᠠᠮᠵᠢᠯᠠᠨ᠂ ᠴᠢᠨᠠᠭᠰᠢᠯᠠᠪᠠᠯ ᠬᠤᠬᠢᠷᠠᠯ ᠠᠮᠰᠠᠭᠴᠢ ᠲᠠᠢ ᠠᠭᠤᠯᠵᠠᠬᠤ ᠪᠠᠷ ᠪᠣᠯᠵᠣᠭᠠᠳ᠂ ᠳᠠᠷᠠᠭ᠎ᠠ ᠨᠢ ᠰᠢᠯᠲᠠᠭ ᠳᠣᠷᠠᠳᠣᠨ ᠠᠭᠤᠯᠵᠠᠬᠤ ᠪᠠᠨ ᠪᠣᠯᠢᠳᠠᠭ᠃ ᠬᠤᠬᠢᠷᠠᠯ ᠠᠮᠰᠠᠭᠴᠢ ᠶᠢᠨ ᠢᠲᠡᠭᠡᠯ ᠢ ᠣᠯᠣᠭᠰᠠᠨ ᠤ ᠳᠠᠷᠠᠭ᠎ᠠ ᠶᠠᠯᠠᠲᠤ ᠡᠲᠡᠭᠡᠳ ᠲᠦᠷᠦᠯ ᠰᠠᠳᠣᠨ ᠨᠠᠶᠢᠵᠠ ᠨᠦᠬᠦᠳ ᠣᠴᠢᠷ ᠲᠠᠢ ᠪᠣᠯᠵᠣ ᠪᠣᠰᠣᠳ ᠢᠶᠠᠷ ᠬᠠᠪᠰᠣᠷᠠᠭᠤᠯᠬᠤ ᠪᠤᠶᠤ ᠳᠡᠭᠡᠳᠦ ᠱᠠᠲᠤᠨ ᠤ ᠣᠳᠣᠷᠢᠳᠣᠯᠭ᠎ᠠ ᠳᠤ ᠶᠠᠭᠤᠮ᠎ᠠ ᠬᠦᠷᠭᠡᠬᠦ ᠴᠢᠬᠤᠯᠠ ᠲᠠᠢ᠂ ᠦᠪᠡᠷ ᠢᠶᠠᠨ ᠡᠯ᠎ᠡ ᠵᠦᠢᠯ ᠤᠨ ᠰᠢᠯᠲᠠᠭᠠᠨ  ᠠᠴᠠ ᠪᠣᠯᠵᠣ ᠰᠢᠭᠤᠳ ᠵᠤᠭᠤᠰ ᠰᠢᠯᠵᠢᠬᠦᠯᠬᠦ ᠠᠷᠭ᠎ᠠ ᠦᠭᠡᠢ ᠬᠡᠵᠦ ᠰᠢᠯᠲᠠᠭᠯᠠᠨ᠂ ᠬᠤᠬᠢᠷᠠᠯ ᠠᠮᠰᠠᠭᠴᠢ ᠳᠤ ᠶᠠᠯᠠᠲᠤ ᠡᠲᠡᠭᠡᠳ ᠤᠨ ᠣᠷᠢᠳ ᠢᠶᠠᠷ ᠦᠭᠭᠦᠭᠰᠡᠨ ᠵᠤᠭᠤᠰ ᠢ ᠣᠯᠣᠭᠰᠠᠨ ᠤ ᠳᠠᠷᠠᠭ᠎ᠠ ᠣᠳᠣᠷᠢᠳᠣᠯᠭ᠎ᠠ ᠶᠢᠨ ᠲᠦᠷᠦᠯ ᠰᠠᠳᠣᠨ᠂ ᠨᠠᠶᠢᠵᠠ ᠨᠦᠬᠦᠳ ᠤᠨ ᠳᠠᠩᠰᠠᠨ ᠳᠤ ᠣᠷᠣᠭᠤᠯᠬᠤ ᠳᠤ ᠬᠠᠪᠰᠣᠷᠠᠭᠤᠯᠳᠠᠭ᠃ ᠬᠤᠬᠢᠷᠠᠯ ᠠᠮᠰᠠᠭᠴᠢ ᠶᠠᠯᠠᠲᠤ ᠡᠲᠡᠭᠡᠳ ᠤᠨ ᠰᠢᠯᠵᠢᠬᠦᠯᠦᠭᠰᠡᠨ ᠵᠤᠭᠤᠰ ᠢ ᠣᠯᠣᠭᠰᠠᠨ ᠦᠭᠡᠢ ᠭᠡᠵᠦ ᠳᠣᠷᠠᠳᠬᠤ ᠦᠶᠡᠰ᠂ ᠶᠠᠯᠠᠲᠤ ᠡᠲᠡᠭᠡᠳ ᠠᠴᠠ ᠪᠠᠩᠭᠢ ᠶᠢᠨ ᠳᠠᠩᠰᠠ ᠰᠢᠯᠵᠢᠬᠦᠯᠦᠯᠲᠡ ︵ᠬᠠᠭᠤᠷᠮᠠᠭ ᠵᠢᠷᠤᠭ ᠲᠦᠷᠰᠦ ᠳᠠᠭᠠᠯᠳᠣᠭᠤᠯᠵᠣ ᠪᠣᠢ︶ 24 ᠴᠠᠭ ᠤᠨ ᠳᠠᠷᠠᠭ᠎ᠠ ᠬᠦᠷᠦᠨ᠎ᠡ ᠬᠡᠵᠦ ᠮᠡᠬᠡᠯᠡᠵᠦ᠂ ᠬᠤᠬᠢᠷᠠᠯ ᠠᠮᠰᠠᠭᠴᠢ ᠶᠢ ᠣᠷᠢᠳ ᠢᠶᠠᠷ ᠵᠤᠭᠤᠰ ᠰᠢᠯᠵᠢᠬᠦᠯ ᠭᠡᠵᠦ ᠳᠠᠬᠢᠨ ᠲᠠᠪᠲᠠᠨ ᠮᠡᠬᠡᠯᠡᠳᠡᠭ᠃ᠮᠡᠬᠡᠯᠡᠭᠦ ᠠᠷᠭ᠎ᠠ 3᠄ ᠰᠦᠯᠵᠢᠶᠡᠨ ᠬᠤᠳᠠᠯᠳᠣᠭᠠᠨ ᠤ ᠣᠶᠢᠯᠡᠴᠢᠯᠡᠭᠡ᠃ TOP6ᠬᠡᠷᠡᠭ ᠤᠨ ᠪᠣᠲᠠᠲᠤ ᠲᠦᠷᠰᠦᠯᠡᠯ     ᠲᠣᠰ ᠲᠦᠷᠦᠯ ᠤᠨ ᠠᠷᠭ᠎ᠠ ᠶᠢ ᠲᠡᠭᠡᠷ᠎ᠡ ᠵᠢᠯ ᠤᠨ 11 ᠰᠠᠷ᠎ᠠ ᠠᠴᠠ 12 ᠰᠠᠷ᠎ᠠ ᠶᠢᠨ ᠰᠡᠭᠦᠯᠴᠢ ᠪᠣᠯᠳᠠᠯ᠎ᠠ ᠲᠦᠪᠯᠡᠷᠡᠩᠭᠦᠢ ᠬᠡᠷᠡᠭᠯᠡᠪᠡ᠂ ᠬᠡᠪᠴᠢᠶ᠎ᠡ ᠨᠢ ᠦᠷᠭᠡᠨ ᠪᠢᠰᠢ ᠪᠣᠯᠪᠠᠴᠦ ᠮᠡᠬᠡᠯᠡᠭᠳᠡᠭᠰᠡᠨ ᠵᠣᠭᠤᠰᠣᠨ ᠤ ᠬᠡᠮᠵᠢᠶ᠎ᠡ ᠶᠡᠭᠡ᠂ ᠬᠤᠬᠢᠷᠠᠯ ᠮᠠᠰᠢ ᠶᠡᠭᠡ᠃ ᠣᠯᠠᠨ ᠲᠦᠮᠡᠨ᠂ ᠺᠠᠳ᠋ᠷ ᠠᠵᠢᠯᠳᠠᠨ ᠣᠨᠴᠠᠭᠠᠶᠢᠯᠠᠨ ᠡᠳ᠋ ᠤᠨ ᠶᠠᠪᠣᠳᠠᠯ ᠤᠨ ᠠᠵᠢᠯᠳᠠᠨ ᠡᠶᠢᠮᠦᠷᠬᠦᠣ ᠮᠠᠶ᠋ᠢᠭ ᠤᠨ ᠮᠡᠬᠡᠯᠡᠯ ᠳᠤ ᠲᠣᠬᠢᠶᠠᠯᠳᠣᠪᠠᠯ ᠣᠯᠠᠨ ᠠᠷᠭ᠎ᠠ ᠵᠠᠮ ᠢᠶᠠᠷ ᠬᠢᠨᠠᠨ ᠬᠠᠷᠭᠤᠭᠤᠯᠵᠣ᠂ ᠮᠡᠭᠡᠯᠡᠭᠳᠡᠬᠦ  ᠠᠴᠠ ᠴᠢᠩᠭ᠎ᠠ ᠰᠡᠷᠭᠡᠶᠢᠯᠡᠭᠦ ᠬᠡᠷᠡᠭᠳᠡᠢ᠃ ᠬᠠᠣᠯᠢ ᠪᠣᠰᠣ ᠡᠳᠡᠭᠡᠳ ᠬᠤᠬᠢᠷᠠᠯ ᠠᠮᠰᠠᠭᠴᠢ ᠶᠢᠨ ᠪᠠᠷᠠᠭ᠎ᠠ ᠬᠤᠳᠠᠯᠳᠣᠨ ᠠᠪᠣᠭᠰᠠᠨ ᠨᠠᠷᠢᠨ ᠲᠠᠩᠰᠠ ᠶᠢ ᠣᠯᠣᠭᠰᠠᠨ ᠤ ᠲᠠᠷᠠᠭ᠎ᠠ᠂ ᠪᠠᠷᠠᠭ᠎ᠠ ᠬᠤᠳᠠᠯᠳᠣᠬᠤ ᠰᠦᠯᠵᠢᠶᠡᠨ ᠤ ᠪᠣᠷᠣᠯᠠᠭᠤᠯᠭ᠎ᠠ ᠣᠶᠢᠯᠡᠴᠢᠯᠡᠭᠡ ᠪᠠᠷ ᠣᠪᠯᠠᠵᠣ ᠬᠤᠬᠢᠷᠠᠯ ᠠᠮᠰᠠᠭᠴᠢ ᠳᠤ ᠣᠳᠠᠰᠦ ᠶᠠᠪᠣᠭᠤᠯᠣᠨ᠂ ᠬᠤᠬᠢᠷᠠᠯ ᠠᠮᠰᠠᠭᠴᠢ ᠶᠢᠨ ᠬᠤᠳᠠᠯᠳᠣᠨ ᠠᠪᠣᠭᠰᠠᠨ ᠪᠠᠷᠠᠭ᠎ᠠ ᠲᠠᠸᠠᠷ ᠤᠨ ᠴᠢᠨᠠᠷ ᠠᠰᠠᠭᠤᠳᠠᠯ ᠲᠠᠢ ᠪᠠᠶᠢᠬᠤ ᠡᠰᠡᠭᠦᠯ᠎ᠠ ᠲᠦᠷᠭᠡᠨ ᠬᠦᠷᠭᠡᠭᠴᠢ ᠪᠠᠷᠠᠭ᠎ᠠ ᠲᠠᠸᠠᠷ ᠢ ᠭᠡᠭᠡᠵᠣ ᠣᠷᠬᠢᠭᠳᠠᠭᠤᠯᠣᠭᠰᠠᠨ ᠠᠴᠠ ᠵᠣᠭᠤᠰ ᠢ ᠨᠢ ᠪᠣᠴᠠᠭᠠᠬᠤ ᠰᠢᠯᠳᠠᠭ ᠢᠶᠠᠷ ᠬᠤᠭᠢᠷᠠᠯ ᠠᠮᠰᠠᠭᠴᠢ ᠶᠢᠨ ᠸᠢᠴᠠᠲ ᠪᠣᠶᠣ qq ᠶᠢ ᠬᠤᠯᠪᠣᠵᠣ ᠪᠠᠩᠬᠢ ᠶᠢᠨ ᠺᠠᠷᠲ ᠤᠨ ᠨᠣᠮᠧᠷ᠂ ᠨᠢᠭᠤᠴᠠ ᠨᠣᠮᠧᠷ᠂ ᠰᠢᠯᠭᠠᠬᠤ ᠺᠣᠳ᠋ ᠪᠣᠶᠣ ᠵᠣᠭᠤᠰ ᠦᠭᠬᠦ ᠨᠣᠮᠧᠷ ᠰᠢᠷᠪᠢᠬᠦ ᠴᠦᠷᠬᠡᠯᠡᠭᠡ ᠢᠯᠡᠭᠡᠨ᠂ ᠬᠤᠭᠢᠷᠠᠯ ᠠᠮᠰᠠᠭᠴᠢ ᠶᠢᠨ ᠵᠣᠭᠤᠰ ᠮᠦᠩᠭᠦ ᠶᠢ ᠮᠡᠭᠡᠯᠡᠬᠦ ᠵᠣᠷᠢᠯᠭ᠎ᠠ ᠳᠤ ᠪᠠᠨ ᠬᠦᠷᠳᠡᠭ᠃ ᠡᠰᠡᠭᠦᠯ᠎ᠡ ᠬᠤᠬᠢᠷᠠᠯ ᠠᠮᠰᠠᠭᠴᠢ ᠶᠢ ᠭᠠᠷ ᠣᠳᠠᠰᠦᠨ ᠳᠤ ᠪᠠᠨ ᠬᠤᠷᠠᠯ ᠤᠨ ᠵᠦᠭᠡᠯᠡᠨ ᠲᠣᠨᠣᠭᠯᠠᠯ ᠵᠡᠷᠭᠡ ᠶᠢ ᠪᠠᠭᠤᠯᠭᠠᠬᠤ ᠶᠢ ᠱᠠᠭᠠᠷᠳᠠᠵᠣ᠂ ᠮᠡᠷᠭᠡᠵᠢᠯ ᠤᠨ ᠠᠷᠭ᠎ᠠ ᠪᠠᠷ ᠬᠤᠬᠢᠷᠠᠯ ᠠᠮᠰᠠᠭᠴᠢ ᠶᠢᠨ ᠭᠠᠷ ᠣᠳᠠᠰᠦ ᠶᠢ ᠭᠡᠳᠡᠵᠣ ᠬᠢᠨᠠᠳᠠᠭ᠃ ᠮᠡᠭᠡᠯᠡᠭᠴᠢ ᠬᠤᠬᠢᠷᠠᠯ ᠠᠮᠰᠠᠭᠴᠢ ᠶᠢᠨ ᠪᠠᠩᠬᠢ ᠶᠢᠨ ᠺᠠᠷᠲ ᠲᠡᠭᠡᠷᠡᠭᠢ ᠵᠣᠭᠤᠰᠣᠨ ᠳᠤ ᠭᠤᠷᠢᠳᠠᠬᠤ ᠪᠠᠷ ᠦᠯᠦ ᠪᠠᠷᠠᠨ ᠴᠢᠨᠠᠭᠰᠢᠳᠠ ᠡᠯᠳᠡᠪ ᠵᠣᠶᠢᠯ ᠤᠨ ᠠᠷᠭ᠎ᠠ ᠪᠠᠷ ᠵᠢᠭᠡᠯᠡᠯᠭᠡ  ᠶᠢᠨ ᠲᠠᠪᠴᠠᠩ ᠠᠴᠠ ᠵᠢᠭᠡᠯᠡᠯᠭᠡ ᠭᠤᠶᠣᠴᠢᠯᠠᠭᠤᠯᠵᠣ᠂ ᠵᠢᠭᠡᠯᠡᠯᠭᠡ ᠪᠠᠷ ᠣᠯᠣᠭᠰᠠᠨ ᠮᠦᠩᠭᠦ ᠶᠢ ᠲᠣᠭᠳᠠᠭᠰᠠᠨ ᠲᠠᠩᠰᠠ ᠡᠷᠦᠭᠡ ᠳᠤ ᠭᠤᠪᠢᠭᠤᠯᠬᠤ ᠪᠠᠷ ᠲᠠᠮᠵᠢᠨ ᠵᠣᠭᠤᠰ ᠮᠡᠬᠡᠯᠡᠳᠡᠭ᠃     ᠬᠡᠷᠪᠡ ᠰᠦᠯᠵᠢᠶᠡᠨ ᠬᠤᠳᠠᠯᠳᠣᠭᠠᠨ ᠤ ᠣᠶᠢᠯᠡᠴᠢᠯᠡᠭᠡ ᠶᠢᠨ ᠣᠳᠠᠰᠦ ᠶᠢ ᠲᠣᠰᠪᠠᠯ᠂ ᠨᠦᠭᠦᠭᠡ ᠡᠳᠡᠭᠡᠳ ᠤᠨ ᠪᠡᠶ᠎ᠡ ᠭᠠᠷᠣᠯ ᠢ ᠡᠷᠬᠡᠪᠰᠢ ᠨᠠᠷᠢᠨ ᠬᠢᠨᠠᠮᠠᠭᠠᠢ ᠬᠠᠷᠭᠤᠭᠤᠯᠵᠣ᠂ ᠰᠦᠯᠵᠢᠶᠡᠨ ᠬᠤᠳᠠᠯᠳᠣᠭᠠᠨ ᠤ ᠲᠠᠪᠴᠠᠩ ᠤᠨ ᠬᠢ  ᠲᠠᠢ ᠪᠣᠶᠣ ᠰᠦᠯᠵᠢᠶᠡᠨ ᠲᠡᠯᠭᠡᠭᠦᠷ ᠤᠨ ᠣᠶᠢᠯᠡᠴᠢᠯᠡᠭᠴᠢ ᠲᠠᠢ ᠬᠠᠷᠢᠯᠴᠠᠵᠣ ᠲᠦᠯᠦᠪᠦᠷᠢ ᠶᠢᠨ ᠲᠣᠬᠠᠢ ᠬᠡᠷᠡᠭ ᠣᠴᠢᠷ ᠪᠠ ᠣᠷᠣᠯᠠᠨ ᠭᠦᠢᠴᠡᠳᠬᠡᠬᠦ ᠣᠶᠢᠯᠡᠴᠢᠯᠡᠭᠡ ᠪᠠᠶᠢᠬᠤ ᠡᠰᠡᠬᠦ ᠶᠢ ᠲᠣᠳᠣᠷᠬᠠᠢ ᠨᠣᠳᠠᠯᠠᠬᠤ ᠬᠡᠷᠡᠭᠳᠡᠢ︔ ᠰᠦᠯᠵᠢᠶᠡᠨ ᠬᠤᠳᠠᠯᠳᠣᠭᠠᠨ ᠤ ᠠᠯᠪᠠᠨ ᠶᠣᠰᠣᠨ ᠤ ᠣᠶᠢᠯᠡᠴᠢᠯᠡᠭᠡ ᠯᠠᠪᠳᠠᠢ ᠲᠠᠨ ᠤ ᠸᠢᠴᠠᠲ ᠪᠣᠶᠣ qq ᠶᠢ ᠬᠤᠯᠪᠣᠬᠤ ᠣᠴᠢᠷ ᠦᠭᠡᠢ᠂ ᠠᠯᠢᠪᠡ ᠣᠶᠢᠯᠡᠴᠢᠯᠡᠭᠡ ᠶᠢ ᠪᠦᠷ ᠲᠠᠪᠴᠠᠩ ᠲᠡᠭᠡᠷ᠎ᠡ ᠭᠦᠢᠴᠡᠳᠬᠡᠳᠡᠭ ᠪᠣᠯᠬᠤᠷ ᠬᠤᠪᠢ ᠬᠦᠮᠦᠨ ᠤ ᠴᠢᠮᠡᠭᠡ ᠵᠠᠩᠬᠢ ᠶᠢᠨ ᠮᠡᠲ᠋ᠧᠷᠢᠶᠠᠯ᠂ ᠪᠠᠩᠬᠢ ᠶᠢᠨ ᠺᠠᠷᠲ᠂ ᠨᠢᠭᠤᠴᠠ ᠨᠣᠮᠧᠷ᠂ ᠰᠢᠯᠭᠠᠬᠤ ᠺᠣᠳ᠋ ᠢᠶᠠᠨ ᠦᠭᠡᠷ᠎ᠡ ᠪᠣᠰᠣᠳ ᠳᠤ ᠬᠦᠩᠭᠡᠨ ᠬᠠᠭᠤᠳᠠᠮ ᠢᠶᠠᠷ ᠣᠭᠳᠦ ᠦᠭᠴᠦ ᠪᠣᠯᠬᠤ ᠦᠭᠡᠢ᠂ ᠨᠡᠩ ᠴᠣ᠋ ᠢᠷᠡᠯᠳᠡ ᠲᠣᠳᠣᠷᠬᠠᠢ ᠦᠭᠡᠢ ᠴᠦᠷᠬᠡᠯᠡᠭᠡ ᠬᠤᠯᠪᠣᠭᠠᠰᠦ ᠶᠢ ᠲᠣᠶ᠋ᠢᠬᠤ ᠪᠣᠶᠣ ᠲᠠᠨᠢᠯ ᠪᠣᠰᠣ ᠬᠦᠮᠦᠨ ᠤ ᠢᠯᠡᠭᠡᠭᠰᠡᠨ ᠮᠡᠷᠭᠡᠨ ᠴᠣᠬᠤᠷ ︵ᠬᠤᠶᠠᠷ ᠬᠡᠮᠵᠢᠭᠳᠡᠯᠳᠦ ᠺᠣᠳ᠋︶   ᠢ ᠰᠢᠷᠪᠢᠵᠣ ᠪᠣᠯᠬᠤ ᠦᠭᠡᠢ᠃ᠮᠡᠬᠡᠯᠡᠭᠦ ᠠᠷᠭ᠎ᠠ 4᠄ ᠰᠦᠯᠵᠢᠶᠡᠨ ᠲᠡᠭᠡᠷ᠎ᠡ ᠦᠨᠡᠮᠯᠡᠯ ᠣᠯᠭᠤᠬᠤ ᠮᠡᠬᠡᠯᠡᠯ TOP5     ᠬᠡᠷᠡᠭ ᠤᠨ ᠪᠣᠲᠠᠲᠤ ᠲᠦᠷᠰᠦᠯᠡᠯ     ᠮᠡᠬᠡᠯᠡᠭᠴᠢ ᠠᠴᠠ ︽ᠲᠣᠰᠬᠠᠢ ᠰᠦᠯᠵᠢᠶᠡᠨ ᠲᠡᠭᠡᠷ᠎ᠡ ᠡᠯ᠎ᠡ ᠲᠦᠷᠦᠯ ᠤᠨ ᠦᠨᠡᠮᠯᠡᠯ ᠣᠷᠣᠯᠠᠨ ᠭᠦᠢᠴᠡᠳᠬᠡᠨ᠎ᠡ︔ ᠪᠦᠷᠢᠨ ᠲᠦᠬᠦᠭᠡᠷᠣᠮᠵᠢ ᠪᠠ ᠲᠣᠰᠬᠠᠢ ᠠᠵᠢᠯᠳᠠᠨ ᠲᠠᠢ︔ ᠭᠤᠷᠪᠠᠨ ᠡᠳᠦᠷ ᠤᠨ ᠲᠣᠳᠣᠷ᠎ᠠ ᠪᠠᠷᠠᠭ᠎ᠠ ᠢᠷᠡᠭᠦᠯᠦᠨ᠎ᠡ   ᠁︾ ᠵᠡᠷᠭᠡ ᠪᠠᠭ᠎ᠠ ᠪᠣᠰᠣ ᠲᠦᠷᠦᠯ ᠤᠨ ᠵᠠᠷ ᠮᠡᠳᠡᠭᠡ ᠶᠢ ᠭᠤᠳᠣᠮ ᠬᠠᠨᠠᠨ ᠳᠤ ᠨᠠᠭᠠᠭᠰᠠᠨ ᠪᠣᠶᠣ ᠰᠦᠯᠵᠢᠶ᠎ᠡ ᠨᠧᠲ ᠵᠠᠷ ᠰᠠᠴᠣᠭᠰᠠᠨ ᠪᠠᠶᠢᠳᠠᠭ᠃ ᠦᠨᠡᠮᠯᠡᠯ ᠣᠯᠭᠤᠬᠤ ᠰᠦᠯᠵᠢᠶᠡᠨ ᠨᠢᠭᠤᠷ ᠢ ᠬᠠᠶᠢᠪᠠᠯ ᠣᠯᠠᠨ ᠶᠠᠩᠵᠣ ᠶᠢᠨ ᠠᠷᠭ᠎ᠠ ᠬᠡᠷᠡᠭᠯᠡᠭᠰᠡᠨ ᠢ ᠣᠯᠵᠣ ᠦᠵᠡᠬᠦ ᠪᠦᠭᠡᠳ ᠪᠠᠰᠠ ᠵᠠᠷᠢᠮ ᠨᠢ ᠦᠨᠡᠮᠯᠡᠯ ᠣᠯᠭᠤᠬᠤ ᠰᠦᠯᠵᠢᠶᠡᠨ ᠲᠡᠭᠡᠷ᠎ᠡ ᠠᠷᠠᠯᠵᠢᠶ᠎ᠠ ᠬᠤᠳᠠᠯᠳᠣᠭᠠᠨ ᠤ ᠺᠣᠮᠫᠠᠨᠢ ᠶᠢᠨ ᠰᠦᠯᠵᠢᠶᠡᠨ ᠤ ᠵᠠᠭᠪᠣᠷ ᠢ ᠲᠠᠭᠤᠷᠢᠶᠠᠵᠣ᠂ ︽ᠺᠣᠮᠫᠠᠨᠢ ᠶᠢᠨ ᠲᠠᠨᠢᠯᠴᠠᠭᠤᠯᠭ᠎ᠠ᠂ ᠦᠯᠢᠭᠡᠷ ᠶᠠᠩᠵᠣ ᠦᠵᠡᠭᠦᠯᠬᠦ᠂ ᠭᠦᠢᠴᠡᠳᠬᠡᠬᠦ ᠲᠡᠰ ᠲᠠᠷᠠᠭ᠎ᠠ᠂ ᠠᠰᠠᠭᠤᠯᠳᠠ ᠬᠠᠷᠢᠭᠤᠯᠬᠤ᠂ ᠵᠠᠬᠢᠶᠠᠯᠠᠭ᠎ᠠ ᠶᠢᠨ ᠬᠠᠭᠤᠳᠠᠰᠦ ᠪᠠᠭᠤᠯᠭᠠᠬᠤ︾ ᠵᠡᠷᠭᠡ ᠨᠢᠭᠡ ᠰᠢᠷᠢᠰ ᠣᠶᠢᠯᠡᠴᠢᠯᠡᠭᠡ ᠬᠠᠩᠭᠠᠬᠤ ᠵᠠᠷ ᠲᠠᠯᠪᠢᠭᠰᠠᠨ ᠪᠠᠶᠢᠳᠠᠭ ᠢ ᠣᠯᠵᠣ ᠦᠵᠡᠳᠡᠭ᠃ ᠲᠠ ᠦᠨᠡᠮᠯᠡᠯ ᠠᠪᠬᠤ ᠭᠡᠪᠡᠯ ᠮᠡᠬᠡᠯᠡᠭᠴᠢ ᠲᠠᠨ ᠢᠶᠠᠷ ᠪᠠᠷᠢᠴᠠᠭᠠᠨ ᠤ ᠮᠦᠩᠭᠦ᠂ ᠲᠠᠭᠠᠳᠬᠠᠯ ᠤᠨ ᠮᠦᠩᠭᠦ ᠵᠡᠷᠭᠡ ᠡᠯᠳᠡᠪ ᠵᠣᠶᠢᠯ ᠤᠨ ᠵᠠᠷᠣᠳᠠᠯ ᠲᠣᠰᠢᠶᠠᠯᠭᠠᠬᠤ ᠨᠢ ᠯᠠᠪᠳᠠᠢ᠃ ᠴᠠᠭᠳᠠᠭᠠᠨ ᠲᠠᠯ᠎ᠠ  ᠠᠴᠠ ᠠᠩᠬᠠᠷᠣᠭᠤᠯᠬᠤ ᠨᠢ᠂ ᠡᠳᠡᠭᠡᠷ ᠮᠡᠬᠡᠯᠡᠯ ᠢ ᠣᠭᠳᠦ ᠢᠳᠡᠭᠡᠵᠣ ᠪᠣᠯᠬᠤ ᠦᠭᠡᠢ᠂ ᠵᠦᠪᠬᠡᠨ ᠵᠢᠩᠬᠢᠨᠢ ᠰᠢᠯᠭᠠᠯᠳᠠ  ᠪᠠᠷ ᠲᠠᠮᠵᠢᠨ ᠣᠯᠣᠭᠰᠠᠨ ᠦᠨᠡᠮᠯᠡᠯ ᠰᠠᠶ᠋ᠢ ᠬᠦᠴᠦᠨ ᠲᠠᠢ ᠪᠠᠶᠢᠳᠠᠭ᠂ ᠡᠰᠡ ᠲᠡᠭᠡᠪᠡᠯ ᠬᠠᠭᠤᠷᠮᠠᠭ ᠦᠨᠡᠮᠯᠡᠯ ᠠᠪᠣᠭᠰᠠᠨ ᠴᠣ᠋ ᠬᠠᠣᠯᠢ ᠵᠦᠷᠢᠴᠡᠭᠰᠡᠨ ᠠᠵᠢᠯᠯᠠᠭᠠᠨ ᠳᠤ ᠲᠣᠭᠠᠴᠠᠵᠣ᠂ ᠬᠠᠣᠯᠢ ᠴᠠᠭᠠᠵᠠ ᠶᠢᠨ ᠰᠢᠢᠳᠬᠡᠯ ᠬᠦᠯᠢᠶᠡᠬᠦ ᠶᠣᠮ᠃ᠮᠡᠬᠡᠯᠡᠭᠦ ᠮᠡᠷᠭᠡᠵᠢᠯ 5᠄ ᠬᠤᠳᠠᠯ ᠬᠠᠭᠤᠷᠮᠠᠭ ᠬᠤᠨᠵᠢᠪᠦᠷᠢᠳᠦ ᠰᠣᠭᠤᠯᠤᠭ᠎ᠠ ᠲᠠᠳᠠᠬᠤ ᠮᠡᠬᠡᠯᠡᠯ ︵ᠭᠠᠭ᠋ᠠᠢ ᠠᠯᠠᠬᠤ︶᠃ TOP4     ᠬᠡᠷᠡᠭ ᠤᠨ ᠪᠣᠲᠠᠲᠤ ᠲᠦᠷᠰᠦᠯᠡᠯ     ᠶᠠᠯ᠎ᠠ ᠬᠢᠬᠦ ᠭᠤᠣᠯ ᠠᠷᠭ᠎ᠠ ᠭᠡᠪᠡᠯ᠄ ᠮᠡᠬᠡᠳᠦ ᠡᠳᠡᠭᠡᠳ ᠰᠦᠯᠵᠢᠶᠡᠨ ᠲᠡᠭᠡᠷᠡᠭᠢ ᠬᠠᠷᠢᠯᠴᠠᠬᠤ ᠪᠠᠭᠠᠵᠢ ᠪᠠᠷ ᠬᠤᠬᠢᠷᠠᠭᠴᠢ ᠲᠠᠢ ᠡᠷᠡᠭᠳᠡᠢ ᠡᠮᠡᠭᠳᠡᠢ ᠨᠠᠶᠢᠵᠠ ᠶᠢᠨ ᠬᠠᠷᠢᠴᠠᠭ᠎ᠠ ᠲᠠᠢ ᠪᠣᠯᠬᠤ ᠪᠣᠶᠣ ᠣᠷᠤᠭ ᠢᠨᠠᠭ ᠤᠨ ᠬᠠᠷᠢᠴᠠᠭ᠎ᠠ  ᠪᠠᠷ ᠶᠠᠮᠠᠷ ᠨᠢᠭᠡᠨ ᠬᠤᠨᠵᠢᠪᠦᠷᠢᠳᠦ ᠰᠣᠭᠤᠯᠤᠭ᠎ᠠ ᠲᠠᠳᠠᠬᠤ᠂ ᠰᠦᠯᠵᠢᠶᠠᠨ ᠤ ᠰᠢᠰᠲ᠋ᠧᠮ ᠠᠯᠳᠠᠰᠢ ᠭᠠᠷᠣᠭᠰᠠᠨ ᠢᠶᠠᠷ ᠬᠤᠳᠠᠯ ᠬᠡᠯᠡᠬᠦ᠂ ᠪᠣᠰᠣᠳ ᠤᠨ ᠺᠣᠮᠫᠢᠦ᠋ᠲ᠋ᠧᠷ ᠤᠨ ᠫᠷᠦᠭᠷᠠᠮ ᠳᠤ ᠵᠦᠪᠰᠢᠶᠡᠷᠠᠯ ᠦᠭᠡᠢ ᠪᠠᠷ ᠨᠡᠪᠳᠡᠷᠡᠨ ᠣᠷᠣᠭᠴᠢ  ᠪᠠᠷ ᠣᠪᠯᠠᠬᠤ᠂ ᠲᠣᠳᠣᠭᠠᠳᠦ ᠶᠢᠨ ᠮᠡᠳᠡᠭᠡ ᠵᠠᠩᠬᠢ ᠣᠯᠬᠤ᠂ ᠲᠣᠰᠬᠠᠢ ᠵᠢᠯᠣᠭᠤᠳᠣᠭᠴᠢ ᠪᠦᠯᠬᠦᠮ ᠲᠠᠢ ᠬᠢᠬᠦ ᠵᠡᠷᠬᠡ ᠠᠷᠭ᠎ᠠ ᠪᠠᠷ ᠬᠤᠬᠢᠷᠠᠭᠴᠢ ᠶᠢ ᠬᠤᠨᠵᠢᠪᠦᠷᠢᠳᠦ ᠰᠣᠭᠤᠯᠤᠭ᠎ᠠ ᠲᠠᠳᠠᠬᠤ ᠰᠦᠯᠵᠢᠶ᠎ᠡ᠂ APP ᠳᠤ ᠣᠷᠣᠭᠤᠯᠣᠨ ᠣᠷᠢᠳᠠᠪᠠᠷ ᠬᠤᠬᠢᠷᠠᠭᠴᠢ ᠳᠤ ᠪᠠᠭ᠎ᠠ ᠬᠡᠮᠵᠢᠶᠡᠨ ᠤ ᠠᠰᠢᠭ ᠬᠤᠨᠵᠢᠪᠦᠷᠢ ᠣᠯᠭᠤᠨ ᠢᠳᠡᠭᠡᠯ ᠢ ᠨᠢ ᠣᠯᠣᠭᠰᠠᠨ ᠤ ᠲᠠᠷᠠᠭ᠎ᠠ ᠶᠡᠭᠡ ᠬᠡᠮᠵᠢᠶᠡᠨ ᠤ ᠪᠡᠯᠡ ᠮᠦᠩᠭᠦ ᠣᠷᠣᠭᠤᠯᠣᠭᠤᠯᠣᠨ᠎ᠠ᠃ ᠡᠨᠡ ᠦᠶᠡᠰ ᠣᠷᠣᠭᠤᠯᠣᠭᠰᠠᠨ ᠵᠣᠭᠤᠰ ᠢᠶᠠᠨ ᠭᠠᠷᠭᠠᠵᠣ ᠠᠪᠴᠦ ᠲᠡᠶᠢᠯᠬᠦ ᠦᠭᠡᠢ ᠪᠣᠶᠣ ᠣᠷᠣᠭᠤᠯᠬᠤ ᠶᠠᠪᠣᠴᠠ ᠳᠤ ᠪᠠᠨ ᠪᠦᠬᠦᠳᠡ ᠶᠢ ᠨᠢ ᠠᠯᠳᠠᠳᠠᠭ᠃ ︽ᠭᠠᠭ᠋ᠠᠢ ᠠᠯᠠᠬᠤ︾ ᠭᠡᠳᠡᠭ ᠨᠢ ᠮᠡᠬᠡᠯᠡᠭᠴᠢᠳ ᠤᠨ ᠦᠪᠡᠷ ᠢᠶᠠᠨ ᠦᠭᠭᠦᠭᠰᠡᠨ ᠨᠡᠷ᠎ᠡ ᠪᠣᠯᠣᠨ᠎ᠠ᠃ ᠮᠡᠬᠡᠯᠡᠭᠴᠢ ᠨᠠᠶᠢᠵᠠᠯᠠᠬᠤ ᠠᠷᠭ᠎ᠠ ᠮᠡᠭᠡ ᠪᠠᠷ ︽ᠭᠠᠭ᠋ᠠᠢ ᠶᠢᠨ ᠪᠣᠷᠳᠤᠭ᠎ᠠ︾ ᠪᠡᠯᠡᠳᠬᠡᠨ᠂ ᠨᠡᠶᠢᠭᠡᠮ ᠤᠨ ᠬᠠᠷᠢᠯᠴᠠᠭᠠᠨ ᠤ ᠲᠠᠪᠴᠠᠩ  ᠢᠶᠠᠷ ︽ᠭᠠᠭ᠋ᠠᠢ ᠶᠢᠨ ᠬᠠᠰᠢᠶ᠎ᠠ︾ ᠪᠣᠯᠭᠠᠵᠣ᠂ ᠡᠳᠡᠭᠡᠷ ᠤᠨ ᠲᠣᠮᠳᠠ ᠠᠴᠠ ᠲᠡᠳᠡᠨ ᠤ ︽ᠭᠠᠭ᠋ᠠᠢ︾ ᠪᠣᠯᠵᠣ ᠮᠡᠭᠡᠯᠡᠭᠳᠡᠬᠦ ᠡᠳᠡᠭᠡᠳ ᠢᠶᠠᠨ ᠡᠷᠢᠨ᠎ᠡ᠃ ᠢᠨᠠᠭ ᠬᠠᠶᠢᠷ᠎ᠠ ᠪᠠᠷ ᠪᠠᠮᠪᠠᠢ ᠪᠣᠯᠭᠠᠵᠣ ︽ᠭᠠᠭ᠋ᠠᠢ ᠲᠡᠵᠢᠭᠡᠭᠦ︾ ᠬᠠᠷᠢᠴᠠᠭ᠎ᠠ  ᠪᠠᠶᠢᠭᠤᠯᠣᠨ᠂ ᠬᠠᠮᠤᠭ ᠰᠡᠭᠦᠯ ᠳᠤ ᠡᠳ᠋ ᠮᠦᠩᠭᠦ ᠶᠢ ᠨᠢ ᠮᠡᠬᠡᠯᠡᠨ ︽ᠭᠠᠭ᠋ᠠᠢ ᠠᠯᠠᠬᠤ︾ ᠵᠣᠷᠢᠯᠭ᠎ᠠ ᠳᠤ ᠪᠠᠨ ᠬᠦᠷᠦᠨ᠎ᠠ᠃ ᠮᠡᠬᠡᠯᠡᠭᠦ ᠠᠷᠭ᠎ᠠ 6᠄ ᠰᠦᠯᠵᠢᠶᠡᠨ ᠤ ᠬᠤᠳᠠᠯ ᠵᠠᠬᠢᠶᠠᠯᠠᠭ᠎ᠠ ᠶᠢᠨ ᠲᠤᠭ᠎ᠠ ᠭᠦᠢᠴᠡᠳᠬᠡᠬᠦ᠂ ᠡᠭᠦᠷᠭᠡ ᠪᠡᠶᠡᠯᠡᠭᠦᠯᠦᠨ ᠵᠣᠭᠤᠰ ᠣᠯᠬᠤ᠃ TOP3     ᠬᠡᠷᠡᠭ ᠤᠨ ᠪᠣᠲᠠᠲᠤ ᠲᠦᠷᠰᠦᠯᠡᠯ     ᠣᠳᠦ ᠨᠢᠭᠡᠨᠳᠡ ᠬᠤᠳᠠᠯ ᠵᠠᠬᠢᠶᠠᠯᠠᠭ᠎ᠠ ᠬᠢᠬᠦ ᠠᠵᠢᠯ ᠲᠦᠷᠦᠯ ᠦᠭᠡᠢ ᠪᠣᠯᠪᠠ᠂ ︽ᠵᠠᠬᠢᠶᠠᠯᠠᠭ᠎ᠠ ᠭᠦᠢᠴᠡᠳᠬᠡᠬᠦ︾ ᠶᠢ ᠬᠠᠮᠢᠭ᠎ᠠ ᠠᠴᠠ ᠬᠠᠶᠢᠨ ᠡᠷᠢᠭᠰᠡᠨ ᠴᠣ᠋ ᠣᠯᠬᠤ ᠦᠭᠡᠢ᠂ ᠬᠡᠷᠪᠡ ᠣᠯᠳᠠᠪᠠᠴᠦ 100% ᠪᠠᠷ ᠮᠡᠬᠡᠯᠡᠭᠴᠢ ᠶᠢᠨ ᠨᠡᠶᠢᠳᠡᠯᠡᠭᠰᠡᠨ ᠵᠠᠷ ᠮᠡᠳᠡᠭᠡ ᠪᠣᠯᠣᠨ᠎ᠠ᠃ ᠣᠴᠢᠷ ᠨᠢ ᠬᠤᠪᠢ ᠬᠦᠮᠦᠨ ᠤ ︽ᠵᠠᠬᠢᠶᠠᠯᠠᠭ᠎ᠠ ᠭᠦᠢᠴᠡᠳᠬᠡᠬᠦ︾ ᠶᠢ ᠨᠢᠭᠡᠨᠳᠡ ᠬᠢᠵᠠᠭᠠᠷᠯᠠᠭᠰᠠᠨ ᠪᠠᠶᠢᠨ᠎ᠠ᠃ ᠵᠠᠬᠢᠶᠠᠯᠠᠭ᠎ᠠ ᠭᠦᠢᠴᠡᠳᠬᠡᠬᠦᠯᠬᠦ ᠪᠠᠷ ᠮᠡᠬᠡᠯᠡᠯ ᠤᠨ ᠬᠠᠷᠠᠯᠳᠠ ᠪᠣᠯᠳᠠᠭ ᠬᠦᠮᠦᠰ ᠪᠣᠯ ᠰᠡᠯᠡᠭᠦᠣ ᠴᠠᠭ ᠲᠠᠢ ᠮᠦᠷᠳᠡᠭᠡᠨ ᠪᠠᠭ᠎ᠠ ᠬᠡᠮᠵᠢᠶᠡᠨ ᠤ ᠣᠯᠵᠠᠪᠦᠷᠢ ᠪᠠᠷ ᠡᠳᠦᠷ ᠲᠣᠳᠣᠮ ᠤᠨ ᠠᠮᠢᠳᠣᠷᠠᠯ ᠤᠨ ᠵᠠᠷᠣᠯᠭ᠎ᠠ ᠪᠠᠨ ᠠᠷᠭᠠᠴᠠᠭᠠᠬᠤ ᠪᠠᠷ ᠪᠣᠳᠣᠯᠭ᠎ᠠ ᠪᠣᠯᠳᠠᠭ ᠬᠦᠮᠦᠰ᠂ ᠵᠢᠱᠢᠶᠡᠯᠡᠪᠡᠯ᠄ ᠭᠡᠷ ᠲᠤ ᠪᠠᠨ ᠠᠵᠢᠯ ᠬᠦᠯᠢᠶᠡᠵᠣ ᠪᠠᠶᠢᠭ᠎ᠠ ᠰᠡᠯᠡᠭᠦᠣ ᠬᠦᠮᠦᠰ ᠪᠣᠶᠣ ᠬᠡᠣᠭᠡᠳ ᠢᠶᠠᠨ ᠬᠠᠷᠠᠵᠣ ᠬᠠᠷᠭᠠᠯᠵᠠᠵᠣ ᠪᠠᠶᠢᠭ᠎ᠠ ᠡᠵᠢ ᠵᠡᠷᠭᠡ ᠬᠦᠮᠦᠰ᠃ ᠠᠷᠭ᠎ᠠ ᠮᠡᠭᠡ ︵ᠨᠢᠭᠡ︶ ᠸᠢᠴᠠᠲ ᠬᠤᠯᠪᠣᠭ᠎ᠠ᠂ QQ ᠬᠤᠯᠪᠣᠭ᠎ᠠ᠂ ᠰᠦᠯᠵᠢᠶᠡᠨ ᠵᠠᠷ ᠮᠡᠳᠡᠭᠡ ᠪᠠᠷ ᠠᠩᠬᠠᠷᠣᠯ ᠢ ᠨᠢ ᠲᠠᠳᠠᠨ᠂ ᠴᠠᠭ ᠭᠠᠵᠠᠷ ᠣᠷᠣᠨ ᠤ ᠬᠢᠵᠠᠭᠠᠷᠯᠠᠯ ᠦᠭᠡᠢ᠂ ᠲᠣᠩ ᠠᠮᠠᠷᠬᠠᠨ ᠢᠶᠠᠷ ᠡᠳᠦᠷ ᠤᠨ 300 ᠲᠦᠬᠦᠷᠢᠭ ᠣᠯᠵᠣ ᠲᠡᠶᠢᠯᠦᠨ᠎ᠡ ᠭᠡᠳᠡᠭ᠃ ︵ᠬᠤᠶᠠᠷ︶ ᠬᠤᠯᠪᠣᠭᠠᠨ ᠳᠤ ᠲᠠᠳᠠᠵᠣ ᠣᠷᠣᠭᠤᠯᠣᠭᠰᠠᠨ ᠤ ᠲᠠᠷᠠᠭ᠎ᠠ᠂ ᠬᠤᠯᠪᠣᠭᠠᠨ ᠲᠣᠳᠣᠷᠠᠬᠢ ᠬᠤᠣᠪᠢᠯᠳᠣᠭᠰᠠᠨ ᠮᠡᠬᠡᠯᠡᠭᠴᠢᠳ ᠲᠦᠷᠢ ᠲᠣᠭᠯᠠᠵᠣ᠂ ᠠᠰᠢᠭ ᠣᠯᠵᠠᠪᠦᠷᠢ ᠣᠯᠣᠭᠰᠠᠨ ᠢᠶᠠᠨ ᠭᠠᠶᠢᠬᠠᠭᠤᠯᠬᠤ᠂ ᠵᠣᠭᠤᠰ ᠬᠤᠷᠢᠶᠠᠨ ᠠᠪᠣᠭᠰᠠᠨ ᠵᠢᠷᠤᠭ ᠢᠶᠠᠨ ᠢᠯᠡᠭᠡᠵᠣ ᠬᠤᠭᠢᠷᠠᠭᠴᠢ ᠶᠢᠨ ᠢᠳᠡᠭᠡᠯ ᠢ ᠨᠢ ᠣᠯᠣᠨ᠎ᠠ᠃ ︵ᠭᠤᠷᠪᠠ︶ ᠣᠷᠢᠳᠠᠪᠡᠷ ᠪᠠᠶᠠᠷᠯᠠᠭᠤᠯᠣᠨ ᠲᠠᠷᠠᠭ᠎ᠠ ᠨᠢ ᠵᠣᠪᠠᠭᠠᠬᠤ ᠠᠷᠭ᠎ᠠ ᠪᠠᠷ ᠬᠤᠬᠢᠷᠠᠭᠴᠢ ᠶᠢ ᠵᠠᠭᠤ ᠢᠯᠡᠭᠦᠣ ᠵᠣᠭᠤᠰᠣᠨ ᠤ ᠵᠠᠬᠢᠶᠠᠯᠠᠭ᠎ᠠ ᠭᠦᠢᠴᠡᠳᠬᠡᠭᠦᠯᠦᠨ ᠬᠤᠷᠢ ᠭᠤᠴᠢᠨ ᠵᠣᠭᠤᠰᠣᠨ ᠤ ᠣᠯᠵᠠᠪᠦᠷᠢ ᠣᠯᠭᠤᠨ᠎ᠠ᠃ ︵ᠲᠦᠷᠪᠡ︶ ᠭᠤᠷᠪᠠᠳᠣᠭᠠᠷ ᠣᠳᠠᠭᠠᠨ ᠤ ᠵᠠᠬᠢᠶᠠᠯᠠᠭ᠎ᠠ ᠠᠴᠠ ᠡᠬᠢᠯᠡᠨ ᠦᠪᠡᠷ ᠤᠨ ᠦᠷᠳᠡᠭ ᠢ ᠨᠢ ᠲᠠᠰᠣᠷᠠᠯᠳᠠ ᠦᠭᠡᠢ ᠨᠡᠮᠡᠭᠳᠡᠭᠦᠯᠣᠨ᠂ ᠣᠬᠤᠷᠢᠬᠤ ᠵᠠᠮ ᠦᠭᠡᠢ ᠪᠣᠯᠭᠠᠨ᠎ᠠ᠃ ︵ᠲᠠᠪᠤ︶ ︽ᠡᠭᠦᠷᠭᠡ ᠪᠠᠨ ᠪᠡᠶᠡᠯᠡᠭᠦᠯᠵᠣ ᠲᠠᠶᠢᠯᠦᠭᠰᠡᠨ ᠦᠭᠡᠢ︾ ᠭᠡᠬᠦ ᠰᠢᠯᠳᠠᠭ ᠢᠶᠠᠷ ᠡᠬᠡ  ᠪᠡᠯᠡ ᠶᠢ ᠨᠢ ᠵᠠᠬᠢᠶᠠᠯᠠᠭ᠎ᠠ ᠬᠢᠭᠰᠡᠨ ᠢᠶᠠᠷ ᠮᠡᠬᠡᠯᠡᠨ᠎ᠡ᠃ ᠨᠢᠭᠡᠨᠳᠡ ᠶᠡᠬᠡᠪᠡᠷ ᠦᠷᠳᠡᠭ ᠣᠷᠣᠭᠤᠯᠣᠭᠰᠠᠨ ᠬᠦᠮᠦᠰ ᠢ ᠡᠨᠡ ᠦᠶᠡᠰ ᠣᠯᠠᠮ ᠰᠢᠨᠣᠬᠠᠢ ᠪᠣᠯᠭᠠᠨ᠎ᠠ᠃ ᠪᠡᠯᠡ ᠣᠷᠣᠭᠤᠯᠣᠯᠳᠠ ᠣᠯᠠᠮ ᠠᠷᠪᠢᠨ ᠪᠣᠯᠬᠤ ᠳᠤ ᠬᠤᠭᠢᠷᠠᠭᠴᠢ ᠨᠢᠭᠡᠨᠳᠡ ᠮᠡᠬᠡᠯᠡᠭᠳᠡᠭᠰᠡᠨ ᠢᠶᠠᠨ ᠣᠯᠵᠣ ᠮᠡᠳᠡᠬᠦ ᠪᠣᠯᠪᠠᠴᠣ ᠦᠪᠡᠷ ᠤᠨ ᠪᠡᠯᠡ ᠮᠦᠩᠭᠦ ᠪᠠᠨ ᠪᠣᠴᠠᠭᠠᠨ ᠠᠪᠴᠢᠷᠠᠬᠤ ᠶᠢᠨ ᠲᠦᠯᠦᠭᠡ ᠪᠠᠰᠠ ᠨᠢᠭᠡ ᠣᠳᠠᠭ᠎ᠠ ᠮᠦᠷᠦᠶᠢᠴᠡᠨ᠎ᠠ︕ ᠬᠠᠷᠢᠨ ᠮᠡᠬᠡᠯᠡᠭᠴᠢ ︽ᠡᠭᠦᠷᠭᠡ ᠪᠠᠨ ᠪᠡᠶᠡᠯᠡᠭᠦᠯᠦᠭᠰᠡᠨ ᠦᠭᠡᠢ︾᠂ ︽ᠲᠣᠰ ᠡᠳᠦᠷ ᠤᠨ ᠡᠭᠦᠷᠭᠡ ᠪᠠᠨ ᠪᠡᠶᠡᠯᠡᠭᠦᠯᠦᠭᠰᠡᠨ ᠦᠭᠡᠢ᠂ ᠰᠢᠷᠪᠢᠬᠦ ᠺᠣᠳ᠋ ᠤᠨ ᠪᠠᠭᠳᠠᠭᠠᠮᠵᠢ ᠲᠦᠭᠦᠷᠴᠦ᠂ ᠦᠨᠦᠳᠦᠷ ᠵᠣᠭᠤᠰ ᠦᠭᠴᠦ ᠲᠡᠶᠢᠯᠭᠦ ᠦᠭᠡᠢ︾ ᠭᠡᠬᠦ ᠵᠡᠷᠭᠡ ᠡᠯᠳᠡᠪ ᠵᠣᠶᠢᠯ ᠤᠨ ᠰᠢᠯᠳᠠᠭ ᠢᠶᠠᠷ ᠬᠤᠬᠢᠷᠠᠭᠴᠢ ᠶᠢᠨ ᠵᠣᠭᠤᠰ ᠢ ᠬᠤᠭᠤᠰᠣᠯᠠᠬᠤ ᠮᠦᠷᠳᠡᠭᠡᠨ ᠵᠣᠭᠤᠰ ᠵᠢᠭᠡᠯᠡᠵᠣ ᠲᠠᠶᠢᠯᠬᠦ ᠠᠷᠭ᠎ᠠ ᠦᠭᠡᠢ ᠪᠣᠯᠭᠠᠳᠠᠭ᠃ᠮᠡᠬᠡᠯᠡᠭᠦ ᠠᠷᠭ᠎ᠠ 7᠄ ᠰᠦᠯᠵᠢᠶᠡᠨ ᠲᠡᠭᠡᠷ᠎ᠡ ᠪᠡᠯᠡ ᠣᠷᠣᠭᠤᠯᠣᠨ ᠮᠦᠩᠭᠦ ᠡᠵᠡᠩᠨᠡᠭᠦᠯᠬᠦ ᠮᠡᠬᠡᠯᠡᠯ᠃ TOP2     ᠬᠡᠷᠡᠭ ᠤᠨ ᠪᠣᠲᠠᠲᠤ ᠲᠦᠷᠰᠦᠯᠡᠯ     ᠰᠦᠯᠵᠢᠶᠡᠨ ᠪᠡᠯᠡ ᠣᠷᠣᠭᠤᠯᠣᠯᠳᠠ ᠪᠠᠷ ᠮᠦᠩᠭᠦ ᠡᠵᠡᠩᠨᠡᠭᠦᠯᠬᠦ ᠮᠡᠬᠡᠯᠡᠯ ᠶᠡᠷᠦ ᠳᠤ ᠪᠠᠨ ᠸᠢᠴᠠᠲ ᠬᠤᠯᠪᠣᠭ᠎ᠠ᠂ QQ ᠬᠤᠯᠪᠣᠭ᠎ᠠ ᠲᠡᠭᠡᠷ᠎ᠡ ︽ᠬᠦᠣ ᠮᠦᠩᠭᠦ ᠮᠠᠰᠢ ᠦᠨᠳᠦᠷ᠂ ᠣᠯᠠᠭᠠᠨ ᠪᠠᠭᠯᠠᠭ᠎ᠠ ᠬᠦᠷᠭᠡᠳᠡᠭ᠂ ᠬᠤᠨᠵᠢᠬᠤ ᠠᠴᠠ ᠪᠢᠰᠢ ᠠᠯᠳᠠᠬᠤ ᠦᠭᠡᠢ︾ ᠭᠡᠬᠦ ᠵᠡᠷᠭᠡ ᠮᠡᠭᠡ ᠪᠠᠷ ᠪᠣᠰᠣᠳ ᠤᠨ ᠰᠣᠨᠢᠷᠬᠠᠯ ᠢ ᠲᠠᠳᠠᠳᠠᠭ᠃ ᠲᠡᠭᠷᠢ ᠠᠴᠠ ᠱᠠᠯᠪᠢᠩ ᠣᠨᠠᠬᠤ ᠰᠠᠶᠢᠨ ᠣᠴᠢᠷ ᠭᠡᠵᠣ ᠬᠠᠮᠢᠭ᠎ᠠ ᠪᠠᠶᠢᠬᠤ ᠪᠣᠢ᠂ ᠪᠡᠯᠡ ᠣᠷᠣᠭᠤᠯᠣᠯᠳᠠ ᠳᠤ ᠠᠶᠣᠯ ᠲᠦᠭᠰᠢᠭᠦᠷᠢ ᠪᠣᠯᠣᠨ ᠠᠰᠢᠭ ᠬᠤᠨᠵᠢᠪᠦᠷᠢ ᠬᠤᠣᠰᠯᠠᠵᠣ ᠪᠠᠶᠢᠳᠠᠭ᠃ ᠲᠦᠭᠰᠢᠭᠦᠷᠢ ᠦᠭᠡᠢ ᠶᠡᠭᠡ ᠠᠰᠢᠭ ᠬᠤᠨᠵᠢᠪᠦᠷᠢ ᠣᠯᠬᠤ ᠸᠢᠴᠠᠲ᠂ QQ ᠲᠡᠭᠡᠷᠡᠭᠢ ᠪᠡᠯᠡ ᠣᠷᠣᠭᠤᠯᠣᠯᠳᠠ ᠭᠡᠳᠡᠭ ᠨᠢ ᠪᠦᠷ ᠲᠣᠶᠢᠯ ᠤᠨ ᠨᠠᠷᠢᠯᠢᠭ ᠪᠣᠯᠪᠠᠰᠣᠷᠠᠭᠤᠯᠣᠭᠰᠠᠨ ᠭᠦᠨ ᠮᠡᠭᠡ ᠶᠣᠮ᠃     1. ᠰᠦᠯᠵᠢᠶᠡᠨ ᠲᠡᠭᠡᠷ᠎ᠡ ᠲᠠᠨᠢᠯᠴᠠᠭᠰᠠᠨ ᠨᠠᠶᠢᠵᠠ ᠴᠢᠨᠢ ᠲᠠᠨ ᠲᠠᠢ ᠵᠣᠭᠤᠰ ᠶᠠᠭᠠᠬᠢᠵᠣ ᠣᠯᠬᠤ ᠲᠣᠬᠠᠢ᠂ ᠵᠢᠱᠢᠶᠡᠯᠡᠪᠡᠯ ︽ᠡᠳ᠋ ᠢᠶᠠᠨ ᠡᠵᠡᠩᠨᠡᠯᠳᠡ ᠳᠤ ᠪᠡᠯᠡ ᠣᠷᠣᠭᠤᠯᠬᠤ︾᠂ ︽ᠬᠤᠨᠵᠢᠪᠦᠷᠢᠳᠦ ᠰᠣᠭᠤᠯᠤᠭ᠎ᠠ ᠲᠠᠳᠠᠬᠤ  ᠳᠤ ᠪᠡᠯᠡ ᠣᠷᠣᠭᠤᠯᠬᠤ︾᠂ ︽ᠲᠠᠪᠴᠠᠩ ᠤᠨ ᠠᠯᠳᠠᠰᠢ ᠶᠢ ᠠᠰᠢᠭᠯᠠᠬᠤ︾᠂ ︽ᠬᠤᠨᠵᠢᠬᠤ ᠠᠴᠠ ᠪᠢᠰᠢ ᠠᠯᠳᠠᠬᠤ ᠦᠭᠡᠢ︾ ᠭᠡᠬᠦ ᠵᠡᠷᠭᠡ ᠶᠢ ᠬᠦᠭᠡᠷᠭᠡᠳᠡᠪᠡᠯ ᠲᠡᠭᠦᠨ ᠢ ᠰᠢᠭᠤᠳ ᠵᠠᠭᠠᠯᠳᠣᠨ ᠬᠠᠰᠣᠵᠣ ᠬᠠᠶᠠᠬᠤ ᠬᠡᠷᠡᠭᠳᠡᠢ᠃     2. ᠦᠪᠡᠷ ᠪᠣᠰᠣᠳ ᠤᠨ ᠢᠯᠡᠭᠡᠭᠰᠡᠨ ᠰᠦᠯᠵᠢᠶ᠎ᠡ ᠬᠤᠯᠪᠣᠭᠠᠰᠦ ᠪᠣᠯᠣᠨ ᠮᠡᠷᠭᠡᠨ ᠴᠣᠬᠤᠷ ᠢ ᠰᠢᠷᠪᠢᠨ ᠪᠠᠭᠤᠯᠭᠠᠵᠣ ᠪᠡᠯᠡ ᠣᠷᠣᠭᠤᠯᠬᠤ ᠬᠤᠨᠵᠢᠪᠦᠷᠢᠳᠦ ᠰᠣᠭᠤᠯᠤᠭ᠎ᠠ ᠲᠠᠳᠠᠬᠤ ᠲᠣᠨᠣᠭᠯᠠᠯ ᠲᠠᠪᠴᠠᠩ ᠢ ᠨᠡᠭᠡᠭᠡᠵᠣ ᠪᠣᠯᠬᠤ ᠦᠭᠡᠢ᠂ ᠵᠣᠭᠤᠰ ᠭᠠᠷᠭᠠᠨ ᠠᠪᠴᠦ ᠪᠣᠯᠬᠤ ᠠᠰᠢᠭ ᠬᠤᠨᠵᠢᠪᠦᠷᠢ ᠨᠢ ᠵᠦᠪᠬᠡᠨ ᠠᠷᠭ᠎ᠠ ᠮᠡᠭᠡ ᠲᠡᠳᠦᠢ᠂ ᠵᠣᠷᠢᠯᠭ᠎ᠠ  ᠨᠢ ᠮᠡᠬᠡᠯᠡᠭᠳᠡᠭᠴᠢ ᠶᠢᠨ ᠪᠡᠯᠡ ᠣᠷᠣᠭᠤᠯᠣᠯᠳᠠ ᠶᠢ ᠨᠡᠩ ᠨᠡᠮᠡᠭᠳᠡᠭᠦᠯᠬᠦ ᠶᠢᠨ ᠲᠦᠯᠦᠭᠡ ᠶᠣᠮ᠃     3. ᠲᠠᠨᠢᠬᠤ ᠦᠭᠡᠢ ᠬᠦᠮᠦᠨ ᠤ ᠲᠠᠩᠰᠠ ᠡᠷᠦᠬᠡ ᠳᠤ ᠵᠣᠭᠤᠰ ᠭᠤᠪᠢᠭᠤᠯᠵᠣ ᠪᠣᠯᠬᠤ ᠦᠭᠡᠢ᠃ ᠵᠣᠭᠤᠰ ᠭᠤᠪᠢᠭᠤᠯᠣᠭᠰᠠᠨ ᠲᠠᠷᠠᠭ᠎ᠠ ᠲᠠᠪᠴᠠᠩ ᠤᠨ ᠲᠠᠩᠰᠠ ᠡᠷᠦᠬᠡᠨ ᠲᠡᠭᠡᠷᠡᠭᠢ ᠢᠯᠡᠭᠦᠣ ᠵᠣᠭᠤᠰ ᠢ ᠮᠡᠬᠡᠯᠡᠭᠴᠢ ᠪᠦᠷ ᠲᠠᠯᠳᠠᠭᠤᠷ ᠮᠡᠷᠭᠡᠵᠢᠯ ᠢᠶᠠᠷ ᠡᠵᠡᠮᠰᠢᠨ ᠵᠢᠯᠣᠭᠤᠳᠴᠦ ᠪᠠᠶᠢᠳᠠᠭ ᠠᠴᠠ ᠵᠣᠭᠤᠰ ᠢᠶᠠᠨ ᠭᠠᠷᠭᠠᠨ ᠠᠪᠴᠦ ᠲᠡᠶᠢᠯᠬᠦ ᠦᠭᠡᠢ ᠪᠣᠯᠳᠠᠭ᠃ᠮᠡᠬᠡᠯᠡᠭᠦ ᠠᠷᠭ᠎ᠠ 8᠄ ᠰᠦᠯᠵᠢᠶᠡᠨ ᠵᠢᠭᠡᠯᠡᠯᠭᠡ᠃ TOP1     ᠬᠡᠷᠡᠭ ᠤᠨ ᠪᠣᠲᠠᠲᠤ ᠲᠦᠷᠰᠦᠯᠡᠯ     ᠰᠦᠯᠵᠢᠶᠡᠨ ᠵᠢᠭᠡᠯᠡᠯᠭᠡ ᠶᠢᠨ ᠮᠡᠬᠡᠯᠡᠯ᠄ ᠨᠢᠳᠣᠨᠣᠨ ᠤ ᠲᠤᠭ᠎ᠠ ᠪᠠᠷᠢᠮᠳᠠ ᠠᠴᠠ ᠦᠵᠡᠪᠡᠯ᠂ ᠬᠠᠮᠤᠭ ᠠᠷᠪᠢᠨ ᠮᠡᠬᠡᠯᠡᠭᠳᠡᠭᠰᠡᠨ ᠠᠷᠭ᠎ᠠ ᠶᠢᠨ ᠨᠢᠭᠡ ᠨᠢ ᠶᠣᠮ᠃ ᠪᠢᠳᠠ ᠦᠷᠭᠦᠯᠵᠢ ᠠᠯᠢ ᠶᠠᠮᠠᠷ ᠮᠦᠩᠭᠦᠨ ᠭᠦᠢᠯᠭᠡᠭᠡᠨ ᠤ ᠪᠠᠶᠢᠭᠤᠯᠣᠮᠵᠢ ᠶᠢᠨ ᠣᠳᠠᠰᠦ᠂ ᠣᠬᠤᠷ ᠴᠢᠮᠡᠭᠡ ᠲᠣᠰᠴᠦ ︽ᠪᠠᠭ᠎ᠠ ᠲᠣᠭᠠᠳᠦ ᠵᠢᠭᠡᠯᠡᠯᠭᠡ᠂ ᠪᠠᠷᠢᠴᠠᠭ᠎ᠠ ᠦᠭᠡᠢ ᠵᠢᠭᠡᠯᠡᠯᠭᠡ︾᠂ ︽ᠲᠣᠰ ᠡᠳᠦᠷ ᠲᠤ ᠵᠢᠭᠡᠯᠡᠯᠭᠡ ᠲᠠᠯᠪᠢᠬᠤ︾ ᠵᠡᠷᠭᠡ ᠵᠠᠷ ᠮᠡᠳᠡᠭᠡ ᠶᠢ ᠣᠯᠵᠣ ᠦᠵᠡᠳᠡᠭ᠃ ᠡᠳᠡᠭᠡᠷ ᠰᠦᠯᠵᠢᠶᠡᠨ ᠵᠢᠭᠡᠯᠡᠯᠭᠡ ᠭᠡᠳᠡᠭ ᠨᠢ ᠮᠦᠩᠭᠦ ᠲᠦᠭᠦᠷᠢᠭ ᠢᠶᠠᠷ ᠲᠣᠳᠠᠮᠠᠭ᠂ ᠪᠠᠩᠬᠢ ᠶᠢᠨ ᠵᠢᠭᠡᠯᠡᠯᠭᠡ ᠠᠪᠴᠦ ᠲᠡᠶᠢᠯᠬᠦ ᠦᠭᠡᠢ ᠮᠦᠷᠳᠡᠭᠡᠨ ᠴᠢᠬᠤᠯᠠ ᠵᠣᠭᠤᠰᠣᠨ ᠵᠠᠷᠣᠳᠠᠯ ᠲᠠᠢ ᠬᠦᠮᠦᠰ ᠲᠤ ᠠᠪᠴᠦ ᠬᠡᠯᠡᠪᠡᠯ ᠵᠠᠶᠢᠯᠠᠰᠢ ᠦᠭᠡᠢ ᠰᠣᠩᠭᠤᠯᠳᠠ ᠪᠣᠯᠳᠠᠭ᠃ ᠶᠠᠭ ᠡᠶᠢᠮᠦ ᠰᠦᠯᠵᠢᠶᠡᠨ ᠵᠢᠭᠡᠯᠡᠯᠭᠡ ᠶᠢᠨ ᠲᠣᠬᠠᠢ ᠣᠶᠢᠯᠠᠭᠠᠯᠳᠠ ᠲᠣᠳᠠᠮᠠᠭ ᠣᠴᠢᠷ ᠠᠴᠠ ᠮᠠᠰᠢ ᠠᠷᠪᠢᠨ ᠬᠦᠮᠦᠨ ᠮᠡᠬᠡᠯᠡᠭᠴᠢ ᠶᠢᠨ ᠮᠡᠬᠡᠨ ᠳᠤ ᠣᠨᠠᠵᠣ᠂ ᠵᠣᠭᠤᠰ ᠮᠦᠩᠭᠦ ᠪᠠᠨ ᠮᠡᠬᠡᠯᠡᠭᠦᠯᠳᠡᠭ ᠪᠠᠶᠢᠨ᠎ᠠ︕     ᠰᠦᠯᠵᠢᠶᠡᠨ ᠵᠢᠭᠡᠯᠡᠯᠭᠡ ᠶᠢᠨ ᠵᠢᠩᠬᠢᠨᠢ ᠲᠠᠪᠴᠠᠩ ᠪᠠᠶᠢᠳᠠᠭ ᠪᠣᠯᠪᠠᠴᠦ᠂ ᠬᠠᠶᠢᠨ ᠡᠷᠢᠬᠦ ᠪᠣᠶᠣ ᠰᠠᠨᠠᠭᠠᠴᠢᠯᠭ᠎ᠠ  ᠠᠴᠠ ᠪᠠᠨ ᠲᠠᠨ ᠲᠠᠢ ᠬᠠᠷᠢᠯᠴᠠᠭᠰᠠᠨ ᠢ ᠶᠡᠷᠦ ᠢᠳᠡᠭᠡᠵᠣ ᠪᠣᠯᠬᠤ ᠦᠭᠡᠢ᠂ ᠡᠯᠳᠡᠪ ᠵᠣᠶᠢᠯ ᠤᠨ ᠰᠢᠯᠳᠠᠭ ᠵᠢᠭᠠᠵᠣ ᠵᠢᠭᠡᠯᠡᠯᠭᠡ ᠠᠴᠠ ᠡᠮᠦᠨ᠎ᠡ ᠣᠷᠢᠳᠠᠪᠠᠷ ᠵᠣᠭᠤᠰ ᠠᠪᠳᠠᠭ ᠨᠢ ᠴᠦᠮ ᠮᠡᠬᠡᠯᠡᠭᠴᠢ ᠪᠣᠯᠣᠨ᠎ᠠ︕ ᠡᠨᠡ ᠪᠣᠯ ᠬᠤᠳᠠᠯ ᠬᠠᠭᠤᠷᠮᠠᠭ ᠪᠠᠭ᠎ᠠ ᠲᠣᠭᠠᠳᠦ ᠵᠢᠭᠡᠯᠡᠯᠭᠡ ᠶᠢᠨ ᠮᠡᠬᠡᠯᠡᠯ ᠤᠨ ᠦᠷᠭᠦᠯᠵᠢ ᠬᠡᠷᠡᠭᠯᠡᠳᠡᠭ ᠠᠷᠭ᠎ᠠ ᠮᠡᠭᠡ ᠮᠦᠷᠳᠡᠭᠡᠨ ᠲᠠᠬᠢᠨ ᠲᠠᠪᠳᠠᠨ ᠵᠠᠷᠣᠭᠠᠳ ᠪᠠᠶᠢᠳᠠᠭ ᠠᠷᠭ᠎ᠠ ᠮᠡᠭᠡ ᠪᠣᠯᠬᠤ ᠣᠴᠢᠷ ᠠᠴᠠ ᠲᠠᠶᠠᠭᠠᠷ ᠣᠨᠴᠠᠯᠠᠨ ᠠᠩᠬᠠᠷᠬᠤ ᠬᠡᠷᠡᠭᠳᠡᠢ᠃ ︵ᠦᠨᠡᠨ ᠴᠤ ᠰᠦᠯᠵᠢᠶᠡᠨ ᠵᠢᠭᠡᠯᠡᠯᠭᠡ ᠪᠠᠶᠢᠳᠠᠭ ᠣᠴᠢᠷ ᠠᠴᠠ ᠠᠶᠣᠵᠣ ᠰᠣᠴᠢᠭᠰᠠᠨ ᠤ ᠬᠡᠷᠡᠭ ᠦᠭᠡᠢ᠂ ᠭᠡᠬᠦ ᠳᠤ  ᠪᠠᠨ ᠵᠦᠭᠡᠯᠡᠨ ᠲᠣᠨᠤᠭ ᠢ ᠡᠷᠬᠡᠪᠰᠢ ᠭᠠᠷ ᠣᠳᠠᠰᠣᠨ ᠤ ᠵᠢᠩᠬᠢᠨᠢ ᠬᠡᠷᠡᠭᠯᠡᠭᠡᠨ ᠤ ᠵᠠᠬ᠎ᠠ ᠲᠡᠯᠭᠡᠭᠦᠷ ᠠᠴᠠ ᠪᠠᠭᠤᠯᠭᠠᠬᠤ ᠬᠡᠷᠡᠭᠳᠡᠢ︶     3. ᠴᠢᠮᠡᠭᠡ ᠬᠤᠯᠪᠤᠭᠠᠨ ᠤ ᠮᠡᠬᠡᠯᠡᠯ ᠢ ᠬᠡᠷᠬᠢᠨ ᠢᠯᠭᠠᠨ ᠳᠠᠨᠢᠵᠤ ᠰᠡᠷᠬᠡᠶᠢᠯᠡᠬᠦ ᠪᠤᠢ︖     ᠴᠢᠮᠡᠭᠡ ᠬᠤᠯᠪᠤᠭᠠᠨ ᠤ ᠮᠡᠬᠡᠯᠡᠯ ᠤᠨ ᠬᠠᠮᠳᠤ ᠶᠢᠨ ᠤᠨᠴᠠᠯᠢᠭ     ᠴᠢᠮ᠎ᠠ ᠠᠴᠠ ᠯᠠᠪᠳᠠᠶᠢᠶ᠎ᠠ ᠠᠪᠬᠤ ᠵᠦᠢᠯ     ᠳᠠᠩᠰᠠ ᠰᠢᠯᠵᠢᠬᠦᠯᠵᠤ ᠵᠤᠭᠤᠰ ᠭᠤᠪᠢᠭᠤᠯᠬᠤ     ᠳᠠᠩᠰᠠᠨ ᠡᠷᠤᠬᠡ ᠶᠢᠨ ᠨᠢᠭᠤᠴᠠ ᠨᠤᠮᠧᠷ     ᠪᠠᠩᠬᠢ ᠶᠢᠨ ᠺᠡᠷᠲ ᠤᠨ ᠨᠢᠭᠤᠴᠠ ᠨᠤᠮᠧᠷ     ᠭᠠᠷ ᠤᠳᠠᠰᠤᠨ ᠤ ᠰᠢᠯᠭᠠᠬᠤ ᠺᠤᠳ᠋     ᠳᠤᠳᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠢᠯᠡᠷᠡᠬᠦᠯᠤᠨ ᠡᠪᠳᠡᠭᠰᠡᠨ ᠴᠢᠮᠡᠭᠡ ᠬᠤᠯᠪᠤᠭᠠᠨ ᠤ ᠬᠡᠷᠡᠭ ᠤᠨ ᠬᠠᠮᠳᠤ ᠶᠢᠨ ᠨᠢᠬᠡ ᠤᠨᠴᠠᠯᠢᠭ ᠪᠤᠯ ᠳᠠᠷᠤᠢ ᠮᠡᠬᠡᠯᠡᠭᠴᠢ ᠡᠳᠡᠬᠡᠤᠨ ᠶᠠᠭᠠᠬᠢᠵᠤ ᠤᠷᠠᠨ ᠦᠬᠡ ᠬᠡᠯᠡᠵᠤ᠂ ᠠᠷᠭ᠎ᠠ ᠠᠪᠴᠠᠯ ᠢᠶᠠᠨ ᠬᠡᠷᠬᠢᠨ ᠬᠤᠪᠢᠷᠠᠭᠤᠯᠤᠭᠰᠡᠨ ᠴᠤ ᠡᠴᠤᠰ ᠲᠤ ᠪᠠᠨ ᠬᠠᠰᠢᠯᠠ ᠵᠤᠭᠤᠰ ᠠᠪᠬᠤ ᠵᠤᠷᠢᠯᠭ᠎ᠠ ᠲᠠᠢ᠃ ᠡᠶᠢᠮᠤ ᠠᠴᠠ ᠠᠳᠠ ᠤᠯᠠᠨ ᠲᠦᠮᠡᠨ ᠳᠤ ᠰᠠᠨᠠᠭᠤᠯᠬᠤ ᠨᠢ᠂ ᠢᠷᠡᠯᠳᠠ ᠨᠢ ᠳᠤᠳᠤᠷᠬᠠᠢ ᠦᠬᠡᠢ ᠤᠳᠠᠰᠤ᠂ ᠤᠬᠤᠷ ᠴᠢᠮᠡᠭᠡ ᠶᠢ ᠶᠠᠭᠠᠬᠢᠭᠰᠡᠨ ᠴᠤ ᠠᠮᠠᠷᠬᠠᠨ ᠢᠳᠡᠬᠡᠵᠤ ᠪᠤᠯᠬᠤ ᠦᠬᠡᠢ᠂ ᠪᠡᠶ᠎ᠡ ᠶᠢᠨ ᠦᠨᠡᠮᠯᠡᠯ ᠪᠠ ᠪᠠᠩᠬᠢ ᠶᠢᠨ ᠺᠠᠷᠲ  ᠤᠨ ᠮᠡᠳᠡᠭᠡ ᠵᠠᠩᠬᠢ ᠪᠠᠨ ᠪᠤᠰᠤᠤᠨ ᠲᠤ ᠵᠠᠳᠠᠷᠠᠭᠤᠯᠵᠤ ᠪᠤᠯᠬᠤ ᠦᠬᠡᠢ᠂ ᠬᠡᠷᠪᠡ ᠰᠡᠵᠢᠭᠯᠡᠯ ᠲᠠᠢ ᠪᠤᠯ ᠳᠤᠳᠤᠭᠠᠳᠤ  ᠶᠢ ᠬᠠᠮᠠᠭᠠᠯᠠᠬᠤ ᠪᠠᠶᠢᠭᠤᠯᠭ᠎ᠠ ᠳᠤ ᠴᠠᠭ ᠳᠤᠬᠠᠢ ᠳᠤ ᠨᠢ ᠤᠳᠠᠰᠤᠳᠠᠬᠤ ᠪᠤᠶᠤ ᠨᠠᠭᠠᠳᠤ ᠵᠠᠬ᠎ᠠ ᠳᠤ ᠪᠠᠨ ᠲᠦᠷᠤᠯ ᠰᠠᠳᠤᠨ ᠨᠠᠶᠢᠵᠠ ᠨᠦᠬᠦᠤᠨ ᠪᠤᠶᠤ ᠨᠢᠳᠤᠨ ᠬᠠᠷᠠᠭ᠎ᠠ ᠦᠷᠬᠡᠨ ᠬᠦᠮᠤᠨ ᠠᠴᠠ ᠠᠰᠠᠭᠤᠵᠤ ᠯᠠᠪᠯᠠᠬᠤ ᠬᠡᠷᠡᠭᠳᠠᠢ᠃ᠴᠢᠮᠡᠭᠡ ᠬᠤᠯᠪᠤᠭᠠᠨ ᠤ ᠮᠡᠬᠡᠯᠡᠯ ᠢ ᠰᠡᠷᠬᠡᠶᠢᠯᠡᠬᠦ ᠠᠷᠪᠠᠨ ᠵᠠᠷᠴᠢᠮ     1. ᠭᠠᠷ ᠤᠳᠠᠰᠤᠨ ᠤ ᠤᠬᠤᠷ ᠴᠢᠮᠡᠬᠡᠨ ᠳᠠᠬᠢ ᠬᠡᠯᠬᠢᠶᠡᠰᠤ ᠶᠢ ᠪᠤᠤ ᠳᠠᠷᠤ᠃ ᠪᠠᠩᠬᠢ ᠪᠤᠶᠤ ᠵᠠᠰᠠᠭ ᠤᠨ ᠤᠷᠳᠤᠨ ᠤ ᠰᠠᠯᠠᠭ᠎ᠠ ᠮᠦᠴᠢᠷ ᠭᠠᠷ ᠤᠳᠠᠰᠤᠨ ᠤ ᠤᠬᠤᠷ ᠴᠢᠮᠡᠭᠡ ᠶᠠᠪᠤᠭᠤᠯᠬᠤ ᠳᠤ ᠪᠠᠨ ᠯᠠᠪᠳᠠᠶᠢᠶ᠎ᠠ ᠰᠦᠯᠵᠢᠶᠡᠨ ᠬᠠᠶ᠋ᠢᠭ ᠤᠨ ᠬᠡᠯᠬᠢᠶᠡᠰᠤ ᠳᠠᠭᠠᠯᠳᠤᠭᠤᠯᠬᠤ ᠦᠬᠡᠢ᠂ ᠬᠡᠷᠪᠡ ᠰᠦᠯᠵᠢᠶᠡᠨ ᠬᠡᠯᠬᠢᠶᠡᠰᠤ ᠲᠠᠢ ᠤᠬᠤᠷ ᠴᠢᠮᠡᠭᠡ ᠳᠤᠰᠪᠠᠯ ᠶᠠᠭᠠᠬᠢᠭᠰᠡᠨ ᠴᠤ ᠳᠤᠶ᠋ᠢᠵᠤ ᠪᠤᠯᠬᠤ ᠦᠬᠡᠢ᠂ ᠭᠠᠷ ᠤᠳᠠᠰᠤᠨ ᠤ ᠸᠢᠷᠦ᠋ᠰ ᠬᠠᠯᠳᠠᠪᠤᠷᠢᠯᠠᠬᠤ ᠪᠤᠶᠤ ᠰᠦᠯᠵᠢᠶᠡᠨ ᠤ ᠬᠦᠬᠢᠳᠠᠨ ᠮᠡᠬᠡᠯᠡᠬᠦ ᠠᠴᠠ ᠰᠡᠷᠬᠡᠶᠢᠯᠡᠨ᠎ᠡ᠃     2. ︽ᠤᠬᠤᠷ ᠴᠢᠮᠡᠬᠡᠨ ᠳᠠᠬᠢ ᠰᠢᠯᠭᠠᠬᠤ ᠺᠤᠳ᠋︾ ᠢ ᠠᠪᠬᠤ ᠬᠡᠵᠤ ᠪᠠᠶᠢᠪᠡᠯ ᠪᠦᠷ ᠮᠡᠬᠡᠯᠡᠯ᠃ᠪᠠᠩᠬᠢ᠂ ᡁᠢ ᠹᠦ᠋ ᠪᠣᠣ ᠳᠠᠪᠴᠠᠩ ᠵᠡᠷᠬᠡ ᠠᠴᠠ ᠢᠷᠡᠬᠦᠯᠦᠭᠰᠡᠨ ︽ᠤᠬᠤᠷ ᠴᠢᠮᠡᠬᠡᠨ ᠳᠠᠬᠢ ᠰᠢᠯᠭᠠᠬᠤ ᠺᠤᠳ᠋︾ ᠪᠤᠯ ᠳᠤᠶᠢᠯ ᠤᠨ ᠨᠢᠭᠤᠴᠠᠬᠠᠢ ᠵᠠᠬᠢᠶ᠎ᠠ ᠪᠤᠯᠬᠤ ᠮᠦᠷᠳᠡᠬᠡᠨ ᠬᠡᠳᠤᠨ ᠮᠢᠨᠦ᠋ᠲ ᠤᠨ ᠳᠠᠷᠠᠭ᠎ᠠ ᠦᠪᠡᠷᠳᠡᠬᠡᠨ ᠬᠦᠴᠤᠨ ᠦᠬᠡᠢ ᠪᠤᠯᠴᠢᠬᠠᠳᠠᠭ᠂ ᠡᠶᠢᠮᠤ ᠠᠴᠠ ᠶᠠᠮᠠᠷᠪᠡ ᠬᠤᠪᠢ ᠬᠦᠮᠤᠨ ᠪᠤᠶᠤ ᠪᠠᠶᠢᠭᠤᠯᠤᠮᠵᠢ ᠳᠤ ᠳᠤᠰ ᠮᠡᠳᠡᠭᠡ ᠵᠠᠩᠬᠢ ᠶᠢ ᠮᠡᠳᠡᠭᠳᠡᠵᠤ ᠪᠤᠯᠬᠤ ᠦᠬᠡᠢ᠃     3. ᠤᠨᠴᠠᠭᠠᠢ ᠤᠳᠠᠰᠤᠨ ᠨᠤᠮᠧᠷ ᠢᠯᠡᠷᠡᠪᠡᠯ ᠭᠠᠷᠴᠠᠭ᠎ᠠ ᠦᠬᠡᠢ ᠮᠡᠬᠡᠯᠡᠯ ᠮᠦᠨ᠃ ᠤᠳᠠᠰᠤ᠂ ᠴᠢᠮᠡᠭᠡ ᠳᠤᠰᠬᠤ ᠳᠤ ᠤᠳᠠᠰᠤᠨ ᠨᠤᠮᠧᠷ ᠢ ᠡᠷᠬᠡᠪᠰᠢ ᠬᠢᠨᠠᠨ ᠬᠠᠷᠭᠤᠭᠤᠯᠬᠤ ᠬᠡᠷᠡᠭᠳᠠᠢ᠂ ᠵᠠᠷᠢᠮ ᠮᠡᠬᠡᠯᠡᠭᠴᠢ ᠡᠳᠡᠬᠡᠤᠨ ᠵᠦᠬᠡᠯᠡᠨ ᠳᠤᠨᠤᠭᠯᠠᠯ ᠢᠶᠠᠷ ᠤᠳᠠᠰᠤᠨ ᠨᠤᠮᠧᠷ ᠤᠨ ᠬᠠᠶ᠋ᠢᠭ ᠢ ᠵᠠᠰᠠᠵᠤ ᠴᠢᠳᠠᠳᠠᠭ᠂ ᠬᠡᠪᠡᠴᠤ ᠤᠯᠠᠩᠬᠢ ᠨᠢ ᠴᠢᠳᠠᠬᠤ ᠦᠬᠡᠢ ᠪᠤᠯᠬᠤᠷ ᠬᠠᠶ᠋ᠢᠭ ᠨᠢ ᠦᠷᠬᠦᠯᠵᠢ ᠰᠢᠶᠠᠩᠭᠠᠩ᠂ ᠤᠷᠤᠰ᠂ ᠠᠮᠧᠷᠢᠺᠠ ᠵᠡᠷᠬᠡ ᠭᠠᠵᠠᠷ  ᠢᠶᠠᠷ ᠢᠯᠡᠷᠡᠳᠡᠭ᠂ ᠡᠩ ᠤᠨ ᠬᠦᠮᠤᠨ ᠤ ᠶᠠᠪᠤᠯᠴᠠᠭ᠎ᠠ ᠬᠠᠷᠢᠯᠴᠠᠭ᠎ᠠ ᠶᠡᠷᠤ ᠳᠤ ᠪᠠᠨ ᠳᠠᠶᠢᠮᠤ ᠦᠷᠬᠡᠨ ᠪᠤᠰᠤ ᠤᠴᠢᠷ  ᠠᠴᠠ ᠭᠠᠳᠠᠷ ᠭᠠᠵᠠᠷ ᠪᠤᠶᠤ ᠦᠬᠡᠷ᠎ᠡ ᠤᠯᠤᠰ ᠠᠴᠠ ᠤᠳᠠᠰᠤ ᠢᠷᠡᠪᠡᠯ ᠪᠤᠯᠭᠤᠮᠵᠢᠯᠠᠬᠤ ᠬᠡᠷᠡᠭᠳᠠᠢ᠃     4. ᠺᠠᠷᠲ ᠤᠨ ᠨᠤᠮᠧᠷ ᠪᠠ ᠨᠢᠭᠤᠴᠠ ᠨᠤᠮᠧᠷ ᠢᠶᠠᠨ ᠪᠤᠰᠤᠤᠨ ᠲᠤ ᠬᠡᠯᠡᠬᠦ ᠦᠬᠡᠢ᠃ ᠤᠳᠠᠰᠤ᠂ ᠴᠢᠮᠡᠭᠡ᠂ QQ᠂ ᠸᠢᠴᠠᠲ ᠵᠡᠷᠬᠡ ᠳᠠᠪᠴᠠᠩ ᠳᠤ ᠪᠠᠩᠬᠢ ᠶᠢᠨ ᠺᠠᠷᠲ ᠤᠨ ᠨᠤᠮᠧᠷ᠂ ᠨᠢᠭᠤᠴᠠ ᠨᠤᠮᠧᠷ᠂ ᠪᠡᠶ᠎ᠡ ᠶᠢᠨ ᠦᠨᠡᠮᠯᠡᠯ ᠤᠨ ᠨᠤᠮᠧᠷ᠂ ᠡᠮ ᠡᠮᠴᠢᠯᠡᠬᠡᠨ ᠤ ᠳᠠᠭᠠᠤᠨᠬᠠᠯ ᠤᠨ ᠺᠠᠷᠲ ᠤᠨ ᠨᠤᠮᠧᠷ ᠵᠡᠷᠬᠡ ᠰᠤᠷᠠᠭ ᠵᠠᠩᠬᠢ  ᠪᠠᠨ ᠳᠤᠷᠠᠤᠨᠴᠤ ᠪᠤᠯᠬᠤ ᠦᠬᠡᠢ᠂ ᠮᠡᠬᠡᠯᠡᠭᠴᠢ ᠡᠳᠡᠬᠡᠤᠨ ᠲᠤ ᠠᠰᠢᠭᠯᠠᠭᠳᠠᠬᠤ ᠠᠴᠠ ᠰᠡᠷᠬᠡᠶᠢᠯᠡᠨ᠎ᠡ᠃     5. ︽ᠳᠤᠰᠤᠭᠰᠡᠨ ᠤᠳᠠᠰᠤ︾ ᠶᠢ ᠢᠳᠡᠬᠡᠵᠤ ᠪᠤᠯᠬᠤ ᠦᠬᠡᠢ᠂ ︽ᠨᠤᠮᠧᠷᠳᠠᠭᠰᠡᠨ ᠤᠳᠠᠰᠤ︾ ᠪᠠᠨ ᠢᠳᠡᠬᠡᠬᠦ ᠬᠡᠷᠡᠭᠳᠠᠢ᠃ ᠪᠠᠩᠬᠢ ᠵᠡᠷᠬᠡ ᠤᠶᠢᠯᠡᠴᠢᠯᠡᠬᠡᠨ ᠤ ᠪᠠᠶᠢᠭᠤᠯᠤᠮᠵᠢ ᠶᠢᠨ ᠨᠤᠮᠧᠷ ᠢ ᠳᠠᠭᠤᠷᠢᠶᠠᠵᠤ ᠮᠡᠬᠡᠯᠡᠬᠦ ᠠᠴᠠ ᠰᠡᠷᠬᠡᠶᠢᠯᠡᠬᠦ ᠶᠢᠨ ᠲᠦᠯᠤᠬᠡ᠂ ᠦᠯᠤ ᠮᠡᠳᠡᠬᠦ ᠤᠳᠠᠰᠤ ᠢᠷᠡᠪᠡᠯ ᠳᠤᠰᠬᠤ ᠦᠬᠡᠢ᠂ ᠦᠪᠡᠷᠳᠡᠬᠡᠨ ᠳᠠᠬᠢᠨ ᠬᠠᠮᠢᠶ᠎ᠠ ᠪᠦᠬᠦᠢ ᠤᠳᠠᠰᠤ ᠳᠤ ᠤᠳᠠᠰᠤᠳᠠᠪᠠᠯ ︵ᠪᠤᠴᠠᠭᠠᠨ ᠨᠤᠮᠧᠷᠳᠠᠵᠤ ᠪᠤᠯᠬᠤ ᠦᠬᠡᠢ︶ ᠨᠤᠮᠧᠷ ᠤᠨ ᠤᠨᠤᠪᠴᠢᠳᠤ ᠴᠢᠨᠠᠷ ᠢ ᠪᠠᠳᠤᠯᠠᠵᠤ ᠴᠢᠳᠠᠨ᠎ᠠ᠃     6. ᠵᠤᠭᠤᠰ ᠮᠦᠩᠬᠦ ᠵᠦᠪᠬᠡᠨ ᠤᠷᠤᠵᠤ ᠪᠤᠯᠬᠤ ᠠᠴᠠ ᠭᠠᠷᠴᠤ ᠪᠤᠯᠬᠤ ᠦᠬᠡᠢ᠃ ᠴᠠᠭᠳᠠᠭ᠎ᠠ ᠠᠴᠠ ᠰᠠᠨᠠᠭᠤᠯᠬᠤ ᠨᠢ᠂ ᠵᠤᠭᠤᠰ ᠭᠤᠪᠢᠭᠤᠯᠬᠤ ᠱᠠᠭᠠᠷᠳᠠᠯᠭ᠎ᠠ ᠲᠠᠢ ᠵᠦᠢᠯ ᠳᠤ ᠠᠩᠬᠠᠷᠤᠯ ᠳᠠᠯᠪᠢᠵᠤ᠂ ᠵᠤᠭᠤᠰ ᠭᠤᠪᠢᠭᠤᠯᠬᠤ ᠴᠢᠬᠤᠯᠠᠳᠠᠢ ᠪᠤᠯ ᠪᠠᠩᠬᠢ ᠳᠤ ᠬᠦᠷᠴᠤ ᠭᠤᠪᠢᠭᠤᠯᠤᠨ᠎ᠠ᠂ ᠬᠡᠷᠪᠡ ᠰᠡᠵᠢᠭ ᠲᠠᠢ ᠪᠤᠯ ᠪᠠᠩᠬᠢ  ᠶᠢᠨ ᠠᠵᠢᠯᠳᠠᠤᠨ ᠠᠴᠠ ᠠᠰᠠᠭᠤᠨ ᠯᠠᠪᠯᠠᠵᠤ ᠪᠤᠯᠤᠨ᠎ᠠ᠃     7.  ᠳᠠᠨᠢᠯ ᠪᠤᠰᠤ ᠬᠡᠷᠡᠴᠢ ᠳᠡᠮᠳᠡᠭ ᠢ ᠪᠤᠤ ᠢᠳᠡᠭᠡ᠃ ᠬᠤᠪᠢ ᠶᠢᠨ ᠨᠢᠭᠤᠴᠠ ᠵᠠᠳᠠᠷᠠᠵᠤ ᠪᠠᠶᠢᠭ᠎ᠠ ᠴᠠᠭ ᠲᠤ᠂ ᠮᠡᠬᠡᠯᠡᠭᠴᠢ ᠡᠳᠡᠬᠡᠤᠨ ᠦᠷᠬᠦᠯᠵᠢ ᠬᠡᠷᠡᠭᠯᠡᠭᠴᠢᠤᠨ ᠤᠨ ᠵᠠᠷᠢᠮ ᠬᠤᠪᠢ ᠬᠦᠮᠤᠨ ᠤ ᠰᠤᠷᠠᠭ ᠵᠠᠩᠬᠢ ᠶᠢ ᠡᠵᠡᠮᠳᠡᠵᠤ ᠬᠡᠷᠡᠴᠢ ᠪᠤᠯᠭᠠᠨ ᠬᠡᠷᠡᠭᠯᠡᠭᠴᠢᠤᠨ ᠤᠨ ᠢᠳᠡᠬᠡᠯ ᠢ ᠤᠯᠳᠠᠭ ᠪᠤᠯᠬᠤᠷ ᠳᠠᠨᠢᠯ ᠪᠤᠰᠤ ᠬᠦᠮᠤᠨ ᠢ ᠠᠮᠠᠷᠬᠠᠨ ᠢᠳᠡᠬᠡᠵᠤ ᠪᠤᠯᠬᠤ ᠦᠬᠡᠢ᠂ ᠨᠠᠶᠢᠵᠠ ᠨᠦᠬᠦᠤᠨ ᠲᠦᠷᠤᠯ ᠰᠠᠳᠤᠨ ᠪᠠᠶᠢᠭᠰᠡᠨ ᠴᠤ ᠰᠦᠯᠵᠢᠶᠡᠨ ᠳᠡᠬᠡᠷ᠎ᠡ ᠠᠮᠠᠷᠬᠠᠨ ᠢᠳᠡᠬᠡᠵᠤ ᠪᠤᠯᠬᠤ ᠦᠬᠡᠢ᠃     8. ᠬᠦᠬᠢᠳᠠᠨ ᠮᠡᠬᠡᠯᠡᠬᠦ ᠰᠦᠯᠵᠢᠶ᠎ᠡ ᠶᠢ ᠰᠡᠷᠬᠡᠶᠢᠯᠡᠨ᠎ᠡ᠃ᠦᠵᠡᠬᠦ ᠳᠤ ᠠᠯᠪᠠᠨ ᠰᠦᠯᠵᠢᠶ᠎ᠡ ᠲᠠᠢ ᠠᠳᠠᠯᠢ ᠪᠤᠯᠪᠠᠴᠤ ᠬᠦᠬᠢᠳᠠᠨ ᠮᠡᠬᠡᠯᠡᠳᠡᠭ ᠰᠦᠯᠵᠢᠶ᠎ᠡ ᠶᠢ ᠠᠮᠠᠷᠬᠠᠨ ᠢᠳᠡᠬᠡᠵᠤ ᠪᠤᠯᠬᠤ ᠦᠬᠡᠢ᠂ ᠸᠢᠷᠦ᠋ᠰ ᠫᠷᠦᠭᠷᠡᠮ ᠬᠠᠯᠳᠠᠪᠤᠷᠢᠯᠠᠬᠤ ᠮᠦᠷᠳᠡᠬᠡᠨ ᠵᠤᠭᠤᠰ ᠮᠦᠩᠬᠦ ᠶᠢ ᠴᠢᠨᠢ ᠰᠢᠭᠤᠤᠨ ᠮᠡᠬᠡᠯᠡᠨ ᠠᠪᠬᠤ ᠪᠤᠯᠤᠯᠴᠠᠭ᠎ᠠ ᠲᠠᠢ ᠪᠤᠯᠬᠤᠷ ᠪᠠᠩᠬᠢ ᠵᠡᠷᠬᠡ ᠴᠢᠬᠤᠯᠠ ᠰᠦᠯᠵᠢᠶᠡᠨ ᠳᠤ ᠭᠠᠷᠬᠤ ᠦᠶᠡᠰ ᠰᠦᠯᠵᠢᠶᠡᠨ ᠤ ᠴᠠᠷᠠᠭᠠᠨ ᠬᠠᠶ᠋ᠢᠭ᠂ ᠰᠦᠯᠵᠢᠶᠡᠨ ᠬᠠᠶ᠋ᠢᠭ ᠶᠢ ᠬᠠᠷᠭᠤᠭᠤᠯᠬᠤ ᠳᠠᠤᠨᠬᠠᠯ ᠲᠠᠢ ᠪᠤᠯᠬᠤ ᠬᠡᠷᠡᠭᠳᠠᠢ᠃     9. ᠰᠢᠨ᠎ᠠ ᠰᠡᠪᠡᠬᠦᠨ ᠬᠡᠷᠡᠭ ᠲᠤ ᠠᠩᠬᠠᠷᠤᠮᠵᠢ ᠲᠠᠢ ᠪᠠᠶᠢᠬᠤ ᠬᠡᠷᠡᠭᠳᠠᠢ᠃ ᠮᠡᠬᠡᠯᠡᠭᠴᠢ ᠡᠳᠡᠬᠡᠤᠨ ᠦᠷᠬᠦᠯᠵᠢ ᠴᠠᠭ ᠦᠶ᠎ᠡ ᠶᠢᠨ ᠬᠠᠮᠤᠭ ᠰᠢᠨ᠎ᠠ ᠬᠠᠯᠠᠮᠰᠢᠯ ᠮᠡᠳᠡᠭᠡ᠂ ᠵᠢᠱᠢᠶᠡᠯᠡᠪᠡᠯ ᠬᠡᠷ ᠬᠦᠷᠤᠩᠬᠡ ᠶᠢᠨ ᠭᠠᠶᠢᠯᠢ ᠪᠤᠴᠠᠭᠠᠬᠤ᠂ ᠬᠠᠯᠠᠮᠰᠢᠯ ᠲᠧᠯᠸᠢᠰ ᠫᠷᠦᠭᠷᠡᠮ ᠵᠡᠷᠬᠡ ᠶᠢ ᠠᠰᠢᠭᠯᠠᠨ ᠮᠡᠬᠡᠯᠡᠯ ᠤᠨ ᠠᠭᠤᠯᠭ᠎ᠠ  ᠪᠠᠨ ᠪᠤᠯᠭᠠᠳᠠᠭ᠂ ᠬᠡᠷᠪᠡ ᠤᠳᠠᠰᠤ ᠪᠠᠷ ᠶᠡᠷᠤ ᠳᠤ ᠪᠠᠨ ᠬᠦᠷᠤᠯᠴᠡᠵᠤ ᠦᠩᠬᠡᠷᠡᠭᠡ ᠦᠬᠡᠢ ᠰᠢᠨ᠎ᠠ ᠰᠡᠪᠡᠬᠦᠨ ᠵᠦᠢᠯ ᠳᠤᠷᠠᠤᠨᠴᠤ ᠪᠠᠶᠢᠪᠠᠯ ᠪᠤᠤ ᠠᠮᠠᠷᠬᠠᠨ ᠢᠳᠡᠭᠡ᠃     10. ᠦᠨᠡᠨ ᠬᠤᠳᠠᠯ ᠢ ᠢᠯᠭᠠᠵᠤ ᠳᠠᠶᠢᠯᠬᠦ ᠦᠬᠡᠢ ᠪᠤᠯ 110 ᠳᠤ ᠤᠳᠠᠰᠤᠳᠠᠭᠠᠷᠠᠢ᠃ᠬᠡᠷᠪᠡ ᠮᠠᠳᠠᠭ ᠲᠠᠢ ᠤᠴᠢᠷ ᠳᠤᠬᠢᠶᠠᠯᠳᠤᠪᠠᠯ 110 ᠳᠤ ᠤᠳᠠᠰᠤᠳᠠᠵᠤ ᠠᠰᠠᠭᠤᠨ ᠯᠠᠪᠯᠠᠬᠤ ᠨᠢ ᠬᠠᠮᠤᠭ ᠤᠨ ᠳᠤᠬᠢᠷᠠᠮᠵᠢᠳᠠᠢ᠂ ᠴᠠᠭᠳᠠᠭ᠎ᠠ ᠲᠦᠪᠡᠭ ᠠᠴᠠ ᠵᠤᠪᠠᠭ᠋ᠤ ᠦᠬᠡᠢ᠂ ᠤᠴᠢᠷ ᠪᠠᠶᠢᠪᠠᠯ ᠤᠳᠠᠰᠤᠳᠠᠭᠠᠷᠠᠢ᠃ᠴᠢᠮᠡᠭᠡ ᠬᠤᠯᠪᠤᠭᠠᠨ ᠤ ᠮᠡᠬᠡᠯᠡᠯ ᠢ ᠰᠡᠷᠬᠡᠶᠢᠯᠡᠬᠦ ᠶᠢᠨ ᠳᠠᠪᠤᠨ ᠪᠤᠯᠬᠤ ᠦᠬᠡᠢ ᠵᠦᠢᠯ     1. ᠦᠯᠤ ᠮᠡᠳᠡᠬᠦ ᠡᠳᠡᠬᠡᠤᠨ ᠪᠠ ᠮᠠᠳᠠᠭ ᠲᠠᠢ ᠴᠢᠮᠡᠭᠡ ᠶᠢ ᠠᠮᠠᠷᠬᠠᠨ ᠢᠳᠡᠬᠡᠵᠤ ᠪᠤᠯᠬᠤ ᠦᠬᠡᠢ᠃     2. ᠦᠴᠤᠬᠡᠨ ᠠᠰᠢᠭ ᠤᠨ ᠲᠦᠯᠤᠬᠡ ᠬᠠᠤᠯᠢ ᠲᠦᠷᠢᠮ ᠢ ᠵᠦᠷᠢᠴᠡᠭᠰᠡᠨ ᠴᠢᠮᠡᠭᠡ ᠶᠢᠨ ᠲᠦᠬᠡᠷᠢᠭᠳᠡᠯ ᠳᠤ ᠤᠷᠤᠵᠤ ᠪᠤᠯᠬᠤ ᠦᠬᠡᠢ᠃     3. ᠤᠬᠤᠷ ᠴᠢᠮᠡᠬᠡᠨ ᠳᠠᠬᠢ ᠦᠯᠤ ᠮᠡᠳᠡᠬᠦ ᠨᠤᠮᠧᠷ ᠲᠤ ᠤᠳᠠᠰᠤᠳᠠᠵᠤ ᠪᠤᠯᠬᠤ ᠦᠬᠡᠢ᠃     4.  ᠳᠠᠨᠢᠯ ᠪᠤᠰᠤ ᠬᠦᠮᠤᠨ ᠳᠤ ᠵᠤᠭᠤᠰ ᠭᠤᠪᠢᠭᠤᠯᠵᠤ᠂ ᠳᠠᠩᠰᠠ ᠰᠢᠯᠵᠢᠬᠦᠯᠵᠤ ᠪᠤᠯᠬᠤ ᠦᠬᠡᠢ᠃     5. ᠬᠤᠪᠢ ᠬᠦᠮᠤᠨ ᠤ ᠰᠤᠷᠠᠭ ᠵᠠᠩᠬᠢ᠂ ᠤᠨᠴᠠᠭᠠᠶᠢᠯᠠᠨ ᠪᠠᠩᠬᠢ ᠶᠢᠨ ᠺᠠᠷᠲ ᠤᠨ ᠰᠤᠷᠠᠭ ᠵᠠᠩᠬᠢ ᠪᠠᠨ ᠪᠤᠰᠤᠤᠨ ᠲᠤ ᠵᠠᠳᠠᠷᠠᠭᠤᠯᠵᠤ ᠪᠤᠯᠬᠤ ᠦᠬᠡᠢ᠃     3. ᠮᠡᠬᠡᠯᠡᠭᠳᠡᠭᠰᠡᠨ ᠤ ᠳᠠᠷᠠᠭᠠᠬᠢ ᠠᠪᠤᠷᠠᠬᠤ ᠠᠷᠭ᠎ᠠ ᠠᠪᠴᠠᠯᠳᠠᠪᠤᠨ ᠠᠪᠤᠷᠠᠬᠤ ᠠᠷᠭ᠎ᠠ ᠠᠪᠴᠠᠯ     ᠠᠪᠤᠷᠠᠬᠤ ᠠᠷᠭ᠎ᠠ ᠠᠪᠴᠠᠯ᠄ ᠰᠡᠷᠬᠡᠶᠢᠯᠡᠬᠦ ᠪᠠᠷ ᠦᠨᠳᠤᠰᠤ ᠪᠤᠯᠭᠠᠨ᠎ᠠ     ᠴᠢᠮᠡᠭᠡ ᠬᠤᠯᠪᠤᠭᠠᠨ ᠤ ᠮᠡᠬᠡᠯᠡᠯ ᠤᠨ ᠬᠡᠷᠡᠭ ᠢ ᠳᠠᠩᠨᠠᠨ ᠢᠯᠡᠷᠡᠬᠦᠯᠬᠦ ᠳᠤ ᠳᠤᠩ ᠬᠦᠴᠢᠷᠳᠠᠢ᠂ ᠳᠠᠩᠨᠠᠨ ᠢᠯᠡᠷᠡᠬᠦᠯᠦᠭᠰᠡᠨ ᠴᠤ ᠵᠤᠭᠤᠰ ᠮᠦᠩᠬᠦ ᠶᠢ ᠪᠤᠴᠠᠭᠠᠨ ᠠᠪᠴᠢᠷᠠᠬᠤ ᠳᠤ ᠳᠤᠩ ᠪᠡᠷᠬᠡ ᠲᠠᠢ ᠤᠴᠢᠷ ᠠᠴᠠ ᠰᠡᠷᠬᠡᠶᠢᠯᠡᠯᠳᠠ ᠶᠢᠨ ᠠᠵᠢᠯ ᠢ ᠰᠠᠶᠢᠨ ᠬᠢᠬᠦ ᠪᠤᠯ ᠬᠠᠮᠤᠭ ᠦᠨᠳᠤᠰᠤᠨ ᠠᠷᠭ᠎ᠠ ᠪᠤᠯᠤᠨ᠎ᠠ᠂ ᠬᠡᠷᠪᠡ ᠨᠢᠬᠡᠨᠳᠠ ᠮᠡᠬᠡᠯᠡᠭᠳᠡᠭᠰᠡᠨ ᠪᠤᠯ ᠬᠠᠮᠤᠭ ᠴᠢᠷᠮᠠᠶᠢᠯᠭ᠎ᠠ ᠪᠠᠷ ᠬᠤᠬᠢᠷᠠᠯ ᠢᠶᠠᠨ ᠪᠠᠭᠠᠰᠬᠠᠨ᠎ᠠ᠃ ᠬᠤᠬᠢᠷᠠᠭᠴᠢ ᠬᠠᠮᠤᠭ ᠳᠡᠷᠢᠬᠦᠨ ᠳᠤ 110 ᠳᠤ ᠤᠳᠠᠰᠤᠳᠠᠨ ᠬᠡᠷᠡᠭ ᠢᠶᠠᠨ ᠮᠡᠳᠡᠬᠦᠯᠵᠤ᠂ ᠳᠤᠤᠷᠠᠬᠢ ᠵᠦᠢᠯ ᠢ ᠴᠠᠭᠳᠠᠭ᠎ᠠ ᠳᠤ ᠬᠠᠩᠭᠠᠨ᠎ᠠ᠄     1. ᠬᠤᠬᠢᠷᠠᠭᠴᠢ ᠶᠢᠨ ᠤᠪᠤᠭ ᠨᠡᠷ᠎ᠡ ᠵᠢᠴᠢ ᠪᠡᠶ᠎ᠡ ᠶᠢᠨ ᠦᠨᠡᠮᠯᠡᠯ ᠤᠨ ᠨᠤᠮᠧᠷ︔     2. ᠬᠤᠬᠢᠷᠠᠭᠴᠢ ᠶᠢᠨ ᠵᠤᠭᠤᠰ ᠰᠢᠯᠵᠢᠬᠦᠯᠦᠭᠰᠡᠨ ᠺᠠᠷᠲ ᠶᠢᠨ ᠳᠠᠩᠰᠠᠨ ᠨᠤᠮᠧᠷ ᠵᠢᠴᠢ ᠳᠠᠩᠰᠠ ᠪᠠᠶᠢᠭᠤᠯᠤᠭᠰᠡᠨ ᠪᠠᠩᠬᠢ ᠶᠢᠨ ᠨᠡᠷᠡᠶᠢᠳᠤᠯ︔     3. ᠳᠠᠩᠰᠠ ᠰᠢᠯᠵᠢᠬᠦᠯᠦᠭᠰᠡᠨ ᠤᠨᠤᠪᠴᠢᠳᠠᠢ ᠵᠤᠭᠤᠰᠤᠨ ᠳᠤᠭ᠎ᠠ ᠪᠠ ᠴᠠᠭ ᠬᠤᠭᠤᠴᠠᠭ᠎ᠠ︔     4. ᠮᠡᠬᠡᠯᠡᠭᠴᠢ ᠡᠳᠡᠬᠡᠤᠨ ᠤᠨ ᠳᠠᠩᠰᠠᠨ ᠨᠤᠮᠧᠷ᠂ ᠳᠠᠩᠰᠠᠨ ᠨᠤᠮᠧᠷ ᠤᠨ ᠬᠡᠷᠡᠭᠯᠡᠭᠴᠢ ᠶᠢᠨ ᠨᠡᠷ᠎ᠡ ᠪᠠ ᠳᠠᠩᠰᠠ ᠪᠠᠶᠢᠭᠤᠯᠤᠭᠰᠡᠨ ᠪᠠᠩᠬᠢ ᠶᠢᠨ ᠨᠡᠷᠡᠶᠢᠳᠤᠯ ︵ᠪᠠᠩᠬᠢ ᠪᠤᠶᠤ ᠬᠡᠷᠡᠭᠯᠡᠭᠴᠢ ᠳᠤ ᠤᠶᠢᠯᠡᠴᠢᠯᠡᠬᠦ ᠤᠳᠠᠰᠤ ᠪᠠᠷ ᠪᠦᠷ ᠪᠠᠶᠢᠴᠠᠭᠠᠨ ᠤᠯᠵᠤ ᠳᠠᠶᠢᠯᠤᠨ᠎ᠠ︔︶     5. ᠵᠤᠭᠤᠰ ᠭᠤᠪᠢᠭᠤᠯᠤᠭᠰᠡᠨ ᠬᠡᠷᠡᠴᠢ ᠪᠤᠶᠤ ᠡᠯᠧᠲᠷᠤᠨ ᠬᠡᠷᠡᠴᠢ ᠶᠢᠨ ᠵᠢᠷᠤᠭ ᠰᠡᠬᠦᠳᠡᠷ︔ ᠬᠤᠬᠢᠷᠠᠭᠴᠢ ᠠᠴᠠ ᠪᠦᠳᠤᠮᠵᠢᠳᠠᠢ ᠪᠦᠷᠢᠨ ᠰᠤᠷᠠᠭ ᠵᠠᠩᠬᠢ ᠬᠠᠩᠭᠠᠪᠠᠯ᠂ ᠴᠠᠭᠳᠠᠭᠠᠨ ᠳᠠᠯ᠎ᠠ ᠶᠢᠨ ᠬᠢᠨ ᠡᠳᠡᠬᠡᠷ ᠰᠤᠷᠠᠭ ᠵᠠᠩᠬᠢ ᠶᠢ ᠠᠰᠢᠭᠯᠠᠨ ᠰᠢᠨ᠎ᠠ ᠳᠠᠪᠴᠠᠩ ᠤᠨ ︽ᠵᠤᠭᠤᠰ ᠭᠤᠪᠢᠭᠤᠯᠬᠤ ᠶᠢ ᠲᠦᠷᠬᠡᠨ ᠵᠤᠭᠰᠤᠭᠠᠬᠤ︾ ᠳᠤᠭᠳᠠᠴᠠ ᠪᠠᠷ ᠰᠡᠵᠢᠭᠯᠡᠯ ᠲᠠᠢ ᠡᠳᠡᠬᠡᠤᠨ ᠤᠨ ᠪᠠᠩᠬᠢ ᠶᠢᠨ ᠳᠠᠩᠰᠠᠨ ᠨᠤᠮᠧᠷ ᠲᠤ ᠵᠤᠭᠤᠰ ᠤᠷᠤᠬᠤ ᠶᠢ ᠪᠠᠴᠢᠮ ᠵᠤᠭᠰᠤᠭᠠᠵᠤ᠂ ᠬᠤᠬᠢᠷᠠᠭᠴᠢ ᠶᠢᠨ ᠮᠡᠬᠡᠯᠡᠭᠳᠡᠭᠰᠡᠨ ᠵᠤᠭᠤᠰ ᠮᠦᠩᠬᠦ ᠶᠢ ᠬᠠᠮᠤᠭ ᠶᠡᠭᠡ ᠴᠢᠷᠮᠠᠶᠢᠯᠭ᠎ᠠ ᠪᠠᠷ ᠬᠠᠮᠠᠭᠠᠯᠠᠨ᠎ᠠ᠃ ᠬᠤᠬᠢᠷᠠᠯ ᠢᠶᠠᠨ ᠠᠯᠢ ᠲᠦᠷᠬᠡᠨ ᠵᠤᠭᠰᠤᠭᠠᠬᠤ ᠶᠢᠨ ᠲᠦᠯᠤᠬᠡ᠂ ᠬᠡᠷᠪᠡ ᠮᠡᠬᠡᠯᠡᠭᠳᠡᠪᠡᠯ 30 ᠮᠢᠨᠦ᠋ᠲ ᠤᠨ ᠳᠤᠳᠤᠷ᠎ᠠ ᠳᠡᠬᠡᠷᠡᠬᠢ ᠵᠦᠢᠯ ᠢ ᠪᠡᠶᠡᠯᠡᠬᠦᠯᠬᠦ ᠬᠡᠷᠡᠭᠳᠠᠢ᠃     ᠢᠷᠠᠯᠳᠠ ᠨᠢ ᠳᠤᠳᠤᠷᠬᠠᠢ ᠪᠤᠰᠤ ᠤᠳᠠᠰᠤ ᠶᠢ ᠪᠤᠤ ᠢᠳᠡᠬᠡᠷᠡᠢ     ᠵᠤᠭᠤᠰ ᠭᠤᠪᠢᠭᠤᠯᠬᠤ ᠮᠡᠬᠡᠯᠡᠯ ᠳᠤ ᠪᠤᠯᠭᠤᠮᠵᠢᠳᠠᠢ ᠪᠠᠶᠢᠭᠠᠷᠠᠢ     ᠰᠡᠷᠬᠡᠶᠢᠯᠡᠬᠦ ᠤᠬᠠᠮᠰᠠᠷ ᠢᠶᠠᠨ ᠳᠡᠬᠡᠭᠰᠢᠯᠡᠬᠦᠯᠵᠤ ᠪᠠᠶᠢᠭᠠᠷᠠᠢ     ᠴᠢᠮᠡᠭᠡ ᠬᠤᠯᠪᠤᠭᠠᠨ ᠤ ᠮᠡᠬᠡᠯᠡᠯ ᠠᠴᠠ ᠬᠤᠯᠠ ᠪᠠᠶᠢᠭᠠᠷᠠᠢ     ᠬᠦᠯᠢᠶᠡᠨ ᠦᠵᠡᠭᠰᠡᠨ ᠳᠤ ᠪᠠᠶᠠᠷᠯᠠᠯ᠎ᠠ︕               ᠤᠳᠤᠭ ᠤᠨ ᠡᠮᠤᠨᠡᠳᠤ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠳᠤᠪᠴᠢᠶ᠎ᠠ ᠶᠢᠨ               ᠡᠷᠡᠬᠦᠤ ᠶᠢᠨ ᠳᠠᠩᠨᠠᠯᠳᠠ ᠶᠢᠨ ᠶᠡᠭᠡ ᠠᠩᠬᠢ ᠶᠢᠨ ᠮᠡᠬᠡᠯᠡᠯ ᠢ ᠡᠰᠡᠷᠬᠦᠴᠡᠬᠦ ᠲᠦᠪ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号