ᠵᠠᠯᠠᠭᠤᠴᠤᠤᠨ ᠪᠠᠭᠠᠴᠤᠤᠨ ᠨᠢᠳᠤ ᠪᠠᠨ ᠬᠡᠷᠡᠭᠯᠡᠬᠦ ᠰᠠᠶᠢᠨ ᠳᠠᠤᠨᠬᠠᠯ ᠲᠠᠢ ᠪᠤᠯᠵᠤ᠂ ᠤᠶᠢᠷ᠎ᠠ ᠬᠠᠷᠠᠭ᠎ᠠ ᠶᠢᠨ ᠡᠬᠦᠰᠬᠦ ᠪᠠ ᠬᠦᠭᠵᠢᠬᠦ ᠠᠴᠠ ᠰᠡᠷᠬᠡᠶᠢᠯᠡᠶ᠎ᠡ
ᠨᠡᠶᠢᠲᠡᠯᠡᠭᠰᠡᠨ ᠴᠠᠭ᠄
2022/7/15
      ᠡᠷᠡᠬᠦᠯ ᠬᠠᠮᠠᠭᠠᠯᠠᠯ ᠤᠨ ᠶᠠᠮᠤᠨ ᠪᠤᠯᠤᠨ ᠰᠤᠷᠭᠠᠨ ᠬᠦᠮᠤᠵᠢᠯ ᠤᠨ ᠶᠠᠮᠤᠨ ᠤ ᠬᠢᠭᠰᠡᠨ ᠨᠢᠬᠡᠨ ᠰᠤᠳᠤᠯᠭᠠᠨ  ᠢᠶᠠᠷ᠂ ᠮᠠᠨ ᠤ ᠤᠯᠤᠰ ᠤᠨ ᠪᠠᠭ᠎ᠠ ᠰᠤᠷᠭᠠᠭᠤᠯᠢ ᠶᠢᠨ ᠬᠡᠤᠬᠡᠤᠨ ᠤᠨ ᠤᠶᠢᠷ᠎ᠠ ᠬᠠᠷᠠᠭ᠎ᠠ ᠲᠠᠢ ᠶᠢᠨ ᠨᠤᠷᠮ᠎ᠠ 40%  ᠳᠤ ᠬᠦᠷᠴᠤ᠂ ᠳᠤᠮᠳᠠᠳᠤ ᠰᠤᠷᠭᠠᠭᠤᠯᠢ ᠶᠢᠨ ᠬᠡᠤᠬᠡᠤᠨ ᠤᠨ ᠤᠶᠢᠷ᠎ᠠ ᠬᠠᠷᠠᠭ᠎ᠠ ᠲᠠᠢ ᠶᠢᠨ ᠨᠤᠷᠮ᠎ᠠ 70% ᠳᠤ ᠬᠦᠷᠴᠠᠢ᠃ ᠡᠨᠡ ᠨᠢ ᠮᠠᠨ ᠤ ᠤᠯᠤᠰ ᠤᠨ ᠺᠤᠮᠫᠢᠦ᠋ᠲ᠋ᠧᠷ ᠪᠤᠯᠤᠨ ᠲᠧᠯᠸᠢᠰ ᠲᠦᠬᠡᠮᠡᠯᠵᠢᠭᠰᠡᠨ᠂ ᠰᠤᠷᠤᠭᠴᠢ ᠶᠢᠨ ᠳᠠᠷᠤᠭᠠᠰᠤ ᠬᠦᠨᠳᠤᠳᠡᠭᠰᠡᠨ᠂ ᠬᠤᠳᠠᠵᠢᠯᠠᠯᠳᠠ ᠲᠦᠷᠬᠡᠳᠦᠭᠰᠡᠨ ᠵᠡᠷᠬᠡ ᠲᠠᠢ ᠨᠢᠭᠳᠠ ᠬᠤᠯᠪᠤᠭ᠎ᠠ ᠲᠠᠢ ᠬᠡᠵᠤ ᠮᠡᠷᠬᠡᠵᠢᠯᠳᠠᠤᠨ ᠦᠵᠡᠵᠤ ᠪᠤᠢ᠃ ᠡᠶᠢᠮᠤ ᠠᠴᠠ ᠰᠤᠷᠭᠠᠭᠤᠯᠢ᠂ ᠬᠡᠷ ᠪᠦᠯᠢ ᠬᠡᠤᠬᠡᠤᠨ ᠤᠨ ᠬᠠᠷᠠᠭᠠᠨ ᠳᠤ ᠰᠠᠶᠢᠨ ᠤᠷᠴᠢᠨ ᠢ ᠪᠦᠷᠢᠳᠤᠬᠦᠯᠤᠨ ᠦᠭᠴᠤ᠂ ᠤᠶᠢᠷ᠎ᠠ ᠬᠠᠷᠠᠭ᠎ᠠ ᠶᠢᠨ ᠡᠬᠦᠰᠬᠦ ᠪᠠ ᠬᠦᠭᠵᠢᠬᠦ ᠠᠴᠠ ᠰᠡᠷᠬᠡᠶᠢᠯᠡᠬᠦ ᠨᠢ ᠴᠢᠬᠤᠯᠠ ᠪᠠᠶᠢᠨ᠎ᠠ᠃       ᠤᠶᠢᠷ᠎ᠠ ᠬᠠᠷᠠᠭ᠎ᠠ ᠲᠠᠢ ᠪᠤᠯᠬᠤ ᠶᠢᠨ ᠭᠤᠤᠯ ᠰᠢᠯᠳᠠᠭᠠᠨ ᠨᠢ ᠲᠦᠷᠤᠯᠬᠢ ᠶᠢᠨ ᠪᠤᠰᠤ ᠤᠷᠴᠢᠨ ᠳᠤᠭᠤᠷᠢᠨ  ᠤ ᠡᠯᠧᠮᠧᠨ᠋ᠲ ᠶᠤᠮ᠂ ᠳᠡᠬᠦᠨ ᠠᠴᠠ ᠬᠠᠮᠤᠭ ᠭᠤᠤᠯ ᠨᠢ ᠨᠢᠳᠤ ᠪᠠᠨ ᠳᠤᠬᠢᠷᠠᠮᠵᠢ ᠦᠬᠡᠢ ᠬᠡᠷᠡᠭᠯᠡᠭᠰᠡᠨ ᠳᠤ ᠪᠤᠢ᠃ ᠤᠶᠢᠷ᠎ᠠ ᠵᠠᠢ ᠲᠠᠢ ᠶᠠᠭᠤᠮ᠎ᠠ ᠦᠵᠡᠬᠦ ᠬᠤᠭᠤᠴᠠᠭ᠎ᠠ ᠨᠢ ᠳᠡᠭᠳᠡᠬᠦᠤ ᠤᠷᠳᠤ᠂ ᠬᠡᠷ ᠤᠨ ᠭᠠᠳᠠᠨᠠᠬᠢ ᠬᠦᠳᠡᠯᠬᠡᠬᠡᠨ ᠪᠤᠯᠤᠨ ᠳᠠᠮᠢᠷ ᠤᠨ ᠪᠤᠯᠪᠠᠰᠤᠷᠠᠯ ᠢᠶᠠᠷ ᠳᠤᠳᠠᠮᠠᠭ ᠪᠤᠯᠪᠠᠯ ᠬᠢᠯᠪᠡᠷᠬᠠᠨ ᠤᠶᠢᠷ᠎ᠠ ᠬᠠᠷᠠᠭ᠎ᠠ ᠲᠠᠢ ᠪᠤᠯᠳᠠᠭ᠃ ᠵᠢᠱᠢᠶᠡᠯᠡᠪᠡᠯ ᠪᠢᠴᠢᠵᠤ ᠤᠩᠰᠢᠬᠤ ᠳᠠᠭᠠᠨ ᠳᠡᠩᠳᠡᠬᠦᠤ ᠤᠶᠢᠷᠠᠬᠠᠨ ᠠᠴᠠ ᠬᠠᠷᠠᠪᠠᠯ ᠨᠢᠳᠤᠨ ᠤ ᠳᠤᠬᠢᠷᠠᠭᠤᠯᠭ᠎ᠠ ᠶᠡᠬᠡᠤᠨᠴᠤ ᠠᠮᠠᠷᠬᠠᠨ ᠶᠠᠳᠠᠷᠠᠳᠠᠭ᠃ ᠬᠡᠪᠳᠡᠭᠡ ᠪᠠᠷ ᠢᠶᠠᠨ ᠨᠤᠮ ᠦᠵᠡᠬᠦ᠂ ᠰᠤᠷᠤᠯᠴᠠᠬᠤ ᠤᠷᠴᠢᠨ ᠳᠡᠩᠳᠡᠬᠦᠤ ᠪᠦᠳᠡᠬᠢ᠂ ᠳᠡᠩᠳᠡᠬᠦᠤ ᠬᠤᠷᠴᠠ ᠬᠡᠷᠡᠯ᠂ ᠢᠯᠠᠩᠭᠤᠶ᠎ᠠ ᠨᠠᠷᠠᠨ ᠤ ᠰᠢᠭᠤᠤᠨ ᠳᠤᠰᠤᠯᠳᠠ ᠳᠤᠤᠷ᠎ᠠ ᠨᠤᠮ ᠦᠵᠡᠬᠦ᠂ ᠤᠷᠳᠤ ᠬᠤᠭᠤᠴᠠᠭ᠎ᠠ ᠵᠦᠪ ᠪᠤᠰᠤ ᠪᠠᠷ ᠲᠧᠯᠸᠢᠰ ᠦᠵᠡᠬᠦ᠂ ᠺᠤᠮᠫᠢᠦ᠋ᠲ᠋ᠧᠷ ᠳᠡᠬᠡᠷ᠎ᠡ ᠳᠡᠩᠳᠡᠬᠦᠤ ᠤᠷᠳᠤ ᠬᠤᠭᠤᠴᠠᠭ᠎ᠠ ᠰᠠᠭᠤᠬᠤ ᠵᠡᠷᠬᠡ ᠨᠢ ᠴᠦᠮ ᠨᠢᠳᠤ ᠶᠢ ᠶᠡᠭᠡ ᠶᠠᠳᠠᠷᠠᠭᠠᠳᠠᠭ᠃       ᠰᠤᠷᠤᠭᠴᠢ ᠶᠡᠬᠡᠩᠬᠢ ᠴᠠᠭ ᠢᠶᠠᠨ ᠬᠢᠴᠢᠶᠡᠯ ᠤᠨ ᠬᠡᠷ ᠲᠡᠭᠡᠨ ᠦᠩᠬᠡᠷᠡᠬᠡᠳᠡᠭ᠂ ᠤᠯᠤᠰ ᠤᠨ ︽ᠳᠤᠮᠳᠠᠳᠤ ᠪᠠᠭ᠎ᠠ ᠰᠤᠷᠭᠠᠭᠤᠯᠢ ᠶᠢᠨ ᠬᠢᠴᠢᠶᠡᠯ ᠤᠨ ᠬᠡᠷ ᠤᠨ ᠬᠡᠷᠡᠯ ᠤᠷᠤᠭᠤᠯᠬᠤ ᠪᠠ ᠬᠡᠷᠡᠯᠳᠤᠬᠦᠯᠬᠡ ᠶᠢᠨ ᠡᠷᠡᠬᠦᠯ ᠬᠠᠮᠠᠭᠠᠯᠠᠯ  ᠤᠨ ᠪᠠᠷᠢᠮᠵᠢᠶ᠎ᠠ︾ ᠶᠢ ᠦᠨᠳᠤᠰᠤᠯᠡᠪᠡᠯ᠂ ᠬᠢᠴᠢᠶᠡᠯ ᠤᠨ ᠬᠡᠷ ᠤᠨ ᠬᠡᠷᠡᠯ ᠤᠷᠤᠭᠤᠯᠬᠤ ᠪᠠ ᠬᠡᠷᠡᠯᠳᠤᠬᠦᠯᠬᠡ ᠶᠢ ᠰᠠᠶᠢᠵᠢᠷᠠᠭᠤᠯᠬᠤ ᠪᠤᠯ ᠤᠶᠢᠷ᠎ᠠ ᠬᠠᠷᠠᠭ᠎ᠠ ᠶᠢ ᠰᠡᠷᠬᠡᠶᠢᠯᠡᠬᠦ ᠴᠢᠬᠤᠯᠠ ᠨᠦᠬᠦᠴᠡᠯ ᠪᠤᠯᠤᠨ᠎ᠠ᠃ ᠨᠢᠳᠤ ᠪᠠᠨ ᠬᠡᠷᠡᠭᠯᠡᠬᠦ ᠰᠠᠶᠢᠨ ᠳᠠᠤᠨᠬᠠᠯ ᠢ ᠪᠤᠢ ᠪᠤᠯᠭᠠᠬᠤ᠂ ᠰᠤᠷᠤᠯᠭ᠎ᠠ ᠶᠢᠨ ᠳᠠᠷᠤᠭᠠᠰᠤ ᠶᠢ ᠬᠦᠩᠬᠡᠯᠡᠬᠦ᠂ ᠰᠤᠷᠤᠯᠴᠠᠯᠭ᠎ᠠ ᠳᠤ ᠨᠢᠳᠤ ᠪᠠᠨ ᠬᠡᠷᠡᠭᠯᠡᠬᠦ ᠬᠤᠭᠤᠴᠠᠭ᠎ᠠ ᠶᠢ ᠪᠤᠭᠤᠨᠢᠰᠬᠠᠬᠤ ᠨᠢ ᠬᠠᠷᠠᠭ᠎ᠠ ᠪᠠᠨ ᠬᠠᠮᠠᠭᠠᠯᠠᠬᠤ ᠬᠦᠴᠤᠳᠠᠢ ᠠᠷᠭ᠎ᠠ ᠶᠤᠮ᠂ ᠵᠢᠱᠢᠶᠡᠯᠡᠪᠡᠯ ᠤᠩᠰᠢᠵᠤ ᠪᠢᠴᠢᠬᠦ ᠳᠡᠭᠡᠨ ᠲᠦᠪ ᠰᠠᠭᠤᠨ᠂ ᠳᠤᠯᠤᠭᠠᠢ ᠪᠠᠨ ᠳᠠᠯᠵᠢᠢᠯᠭᠠᠬᠤ ᠪᠤᠶᠤ ᠬᠡᠪᠳᠡᠭᠡ ᠪᠠᠷ ᠤᠩᠰᠢᠵᠤ ᠪᠢᠴᠢᠬᠦ ᠦᠬᠡᠢ᠂ ᠨᠠᠩ ᠴᠤ ᠪᠦᠳᠡᠬᠢ ᠭᠠᠵᠠᠷ ᠪᠤᠶᠤ ᠳᠡᠷᠬᠡᠨ ᠳᠡᠬᠡᠷ᠎ᠡ ᠶᠠᠪᠤᠵᠤ ᠪᠠᠶᠢᠭᠠᠤᠨ ᠨᠤᠮ ᠦᠵᠡᠬᠦ ᠦᠬᠡᠢ᠂ ᠶᠠᠪᠤᠭ᠎ᠠ  ᠪᠠᠷ ᠢᠶᠠᠨ ᠨᠤᠮ ᠦᠵᠡᠬᠦ ᠦᠬᠡᠢ᠂ ᠵᠠᠯᠭᠠᠭ᠎ᠠ ᠪᠢᠴᠢᠵᠤ ᠤᠩᠰᠢᠬᠤ ᠬᠤᠭᠤᠴᠠᠭ᠎ᠠ ᠶᠢ 50 ᠮᠢᠨᠦ᠋ᠲ ᠠᠴᠠ ᠬᠡᠳᠤᠷᠡᠬᠦᠯᠬᠦ ᠦᠬᠡᠢ ᠪᠠᠶᠢᠬᠤ︔ ᠰᠤᠷᠤᠭᠴᠢ ᠬᠦᠮᠤᠨ ᠨᠢᠳᠤᠨ ᠤ ᠳᠠᠮᠢᠷ ᠢ ᠪᠠᠷᠢᠮᠳᠠᠯᠠᠨ ᠬᠢᠵᠤ ᠠᠮᠤᠰᠬᠢᠬᠦ ᠶᠢ ᠬᠢᠴᠢᠶᠡᠬᠦ᠂ ᠵᠢᠱᠢᠶᠡᠯᠡᠪᠡᠯ ᠨᠢᠳᠤ ᠪᠠᠨ ᠠᠨᠢᠵᠤ ᠰᠡᠤᠨᠬᠢᠯ ᠢᠶᠠᠨ ᠠᠮᠠᠷᠠᠭᠠᠬᠤ᠂ ᠴᠤᠩᠬᠤ ᠪᠠᠷ ᠬᠤᠯᠠ ᠶᠢ ᠬᠠᠷᠠᠬᠤ᠂ ᠭᠠᠳᠠᠨ᠎ᠠ ᠭᠠᠷᠴᠤ ᠳᠠᠮᠢᠷ ᠤᠨ ᠬᠦᠳᠡᠯᠬᠡᠬᠡᠨ ᠳᠤ ᠢᠯᠡᠬᠦᠤ ᠤᠷᠤᠯᠴᠠᠬᠤ ᠵᠡᠷᠬᠡ ᠨᠢ ᠨᠢᠳᠤᠨ ᠤ ᠶᠠᠳᠠᠷᠠᠭ᠎ᠠ ᠶᠢ ᠳᠠᠶᠢᠯᠳᠠᠭ᠃ ᠲᠧᠯᠸᠢᠰ ᠦᠵᠡᠬᠦ᠂ ᠺᠤᠮᠫᠢᠦ᠋ᠲ᠋ᠧᠷ ᠢᠶᠠᠷ ᠠᠵᠢᠯᠯᠠᠬᠤ᠂ ᠳᠤᠭᠯᠠᠭᠠᠮ ᠤᠨ ᠮᠠᠰᠢᠨ ᠢᠶᠠᠷ ᠨᠠᠭᠠᠤᠨᠬᠤ ᠴᠠᠭ  ᠢ ᠵᠤᠬᠢᠬᠤ ᠬᠡᠮᠵᠢᠶ᠎ᠡ ᠪᠠᠷ ᠬᠢᠵᠠᠭᠠᠷᠯᠠᠪᠠᠯ ᠰᠠᠶᠢᠨ᠃ 1 ᠴᠠᠭ ᠲᠧᠯᠸᠢᠰ ᠦᠵᠡᠬᠡᠤᠨ 10 ᠮᠢᠨᠦ᠋ᠲ ᠠᠮᠠᠷᠠᠪᠠᠯ ᠵᠤᠬᠢᠨ᠎ᠠ᠂ ᠺᠤᠮᠫᠢᠦ᠋ᠲ᠋ᠧᠷ ᠢᠶᠠᠷ ᠠᠵᠢᠯᠯᠠᠬᠤ ᠳᠠᠭᠠᠨ ᠴᠤ ᠠᠳᠠᠯᠢ᠃       ᠤᠩᠰᠢᠵᠤ ᠪᠢᠴᠢᠬᠦ ᠳᠡᠭᠡᠨ ᠪᠡᠶ᠎ᠡ ᠪᠠᠨ ᠡᠪᠳᠡᠢ ᠪᠠᠶᠢᠯᠭᠠᠬᠤ ᠬᠡᠷᠡᠭᠳᠠᠢ᠃ ᠳᠤᠯᠤᠭᠠᠢ ᠪᠠᠨ ᠳᠠᠯᠵᠢᠢᠯᠭᠠᠬᠤ ᠦᠬᠡᠢ᠂ ᠬᠤᠶᠠᠷ ᠬᠠᠷᠠᠭ᠎ᠠ ᠪᠠᠨ ᠳᠡᠭᠰᠢᠬᠡᠨ ᠬᠠᠷᠠᠵᠤ᠂ ᠬᠤᠶᠠᠷ ᠮᠦᠷᠤ ᠪᠠᠨ ᠳᠡᠭᠰᠢ ᠪᠠᠶᠢᠯᠭᠠᠨ᠂ ᠨᠢᠳᠤ ᠨᠤᠮ ᠬᠤᠶᠠᠷ ᠤᠨ ᠵᠠᠢ ᠶᠢ ᠨᠢᠬᠡ ᠳᠤᠬᠤᠢ ︵ᠪᠠᠷᠤᠭ 33 ᠰᠠᠨᠲ᠋ᠢᠮᠧᠲᠷ︶ ᠪᠠᠶᠢᠯᠭᠠᠨ᠎ᠠ᠃ ᠪᠢᠷ ᠤᠨ ᠦᠵᠤᠬᠦᠷ ᠠᠴᠠ ᠨᠢᠬᠡ ᠢᠮᠠᠬᠤ ︵ᠪᠠᠷᠤᠭ 3 ᠰᠡᠨᠲ᠋ᠢᠮᠧᠲᠷ︶ ᠶᠢᠨ ᠵᠠᠢ ᠲᠠᠢ ᠬᠢᠷᠢ ᠠᠴᠠ ᠪᠢᠷ ᠢᠶᠠᠨ ᠪᠠᠷᠢᠬᠤ᠂ ᠴᠡᠬᠡᠵᠢ ᠪᠠᠨ ᠰᠢᠷᠡᠬᠡᠨ  ᠠᠴᠠ ᠨᠢᠬᠡ ᠨᠢᠳᠤᠷᠭ᠎ᠠ ᠵᠠᠢ ᠲᠠᠢ ᠪᠠᠶᠢᠯᠭᠠᠨ᠎ᠠ᠃       ᠬᠡᠷᠪᠡ ᠤᠶᠢᠷ᠎ᠠ ᠬᠠᠷᠠᠭ᠎ᠠ ᠲᠠᠢ ᠪᠤᠯᠪᠠᠯ ᠲᠦᠷᠢᠮᠵᠢᠭᠰᠡᠨ ᠡᠮᠨᠡᠯᠬᠡ ᠶᠢᠨ ᠨᠢᠳᠤᠨ ᠤ ᠰᠠᠯᠠᠭ᠎ᠠ ᠳᠤ ᠦᠵᠡᠬᠦᠯᠵᠤ ᠨᠢᠳᠤᠨ ᠰᠢᠯ ᠳᠠᠭᠠᠷᠠᠭᠤᠯᠤᠭᠠᠷᠠᠢ᠃ ᠨᠢᠳᠤᠨ ᠤ ᠰᠢᠯ ᠳᠠᠭᠠᠷᠠᠭᠤᠯᠬᠤ ᠠᠴᠠ ᠡᠮᠤᠨ᠎ᠡ ᠬᠡᠤᠬᠡᠨ ᠬᠠᠷᠠᠭ᠎ᠠ ᠳᠤᠮᠤᠷᠠᠭᠤᠯᠬᠤ ᠬᠠᠷᠠᠭ᠎ᠠ ᠶᠢᠨ ᠰᠢᠯᠭᠠᠯᠳᠠ ᠬᠢᠯᠬᠡᠨ᠂ ᠤᠶᠢᠷ᠎ᠠ ᠬᠠᠷᠠᠭ᠎ᠠ ᠪᠤᠯᠤᠨ ᠬᠠᠷᠠᠭ᠎ᠠ ᠶᠢᠨ ᠰᠠᠷᠨᠢᠯ ᠤᠨ ᠤᠨᠤᠴᠠᠳᠠᠢ ᠭᠷᠠᠳᠦ᠋ᠰ ᠢ ᠮᠡᠳᠡᠬᠦ ᠴᠢᠬᠤᠯᠠᠳᠠᠢ᠃ ᠰᠢᠯ ᠳᠠᠭᠠᠷᠠᠭᠤᠯᠵᠤ ᠵᠡᠬᠦᠭᠰᠡᠨ ᠤ ᠳᠠᠷᠠᠭ᠎ᠠ ᠳᠤᠭᠳᠠᠮᠠᠯ ᠬᠤᠭᠤᠴᠠᠭ᠎ᠠ ᠲᠠᠢ ᠬᠠᠷᠠᠭ᠎ᠠ ᠪᠠᠨ ᠰᠢᠯᠭᠠᠭᠤᠯᠤᠨ᠎ᠠ᠃ ᠰᠢᠯ ᠵᠡᠬᠦᠭᠰᠡᠨ ᠤ ᠳᠡᠷᠠᠭ᠎ᠠ ᠶᠡᠬᠡᠪᠴᠢᠯᠡᠨ ᠬᠠᠭᠠᠰ ᠵᠢᠯ ᠪᠤᠯᠬᠤ ᠪᠦᠷᠢ ᠬᠠᠷᠠᠭ᠎ᠠ ᠪᠠᠨ ᠨᠢᠬᠡ ᠰᠢᠯᠭᠠᠭᠤᠯᠵᠤ᠂ 1 — 2 ᠵᠢᠯ ᠪᠤᠯᠬᠤ ᠪᠦᠷᠢ ᠤᠶᠢᠷ᠎ᠠ ᠬᠠᠷᠠᠭ᠎ᠠ ᠶᠢᠨ ᠬᠡᠮᠵᠢᠶ᠎ᠡ ᠶᠢ ᠰᠢᠯᠭᠠᠭᠤᠯᠤᠨ᠎ᠠ᠃ ᠬᠡᠷᠪᠡ ᠬᠠᠷᠠᠭ᠎ᠠ ᠦᠷᠬᠦᠯᠵᠢᠯᠡᠨ ᠮᠠᠭᠤᠳᠠᠵᠤ ᠪᠠᠶᠢᠪᠠᠯ ᠭᠷᠠᠳᠦ᠋ᠰ ᠢ ᠨᠢ ᠰᠢᠨ᠎ᠠ ᠪᠠᠷ ᠳᠤᠬᠢᠷᠠᠭᠤᠯᠤᠨ ᠰᠢᠯ ᠰᠤᠯᠢᠵᠤ ᠳᠠᠭᠠᠷᠠᠭᠤᠯᠪᠠᠯ ᠵᠤᠬᠢᠨ᠎ᠠ᠃
 
ᠢᠷᠡᠯᠲᠡ᠄ ᠡᠷᠡᠬᠦᠯ ᠮᠠᠨᠳᠤ ᠶᠢᠨ 66 ᠵᠤᠷᠪᠤᠰ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号